ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠤᠭᠠᠯᠵᠠ

2021-11-17 11:15:15

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠡᠯᠧᠺᠲᠷᠤᠨ ᠬᠡᠪᠯᠡᠭᠳᠡᠬᠦᠨ

(电子文献,电子出版物)


图片3.png


ᠬᠡᠪᠯᠡᠭᠳᠡᠬᠦᠨ᠎ᠤ ᠨᠢᠬᠡ ᠵᠦᠢᠯ᠂ 《ᠪᠢᠴᠢᠭ᠎ᠤᠨ ᠪᠤᠰᠤ ᠮᠠᠲᠧᠷᠢᠶᠠᠯ》᠎ᠳᠤ ᠬᠠᠷᠢᠶᠠᠯᠠᠬᠲᠠᠨ᠎ᠠ᠃ ᠲᠡᠷᠡ ᠨᠢ ᠲᠠᠭᠤ᠂ ᠦᠰᠦᠭ᠂ ᠵᠢᠷᠤᠭ ᠵᠡᠷᠭᠡ ᠮᠡᠳᠡᠭᠡ ᠵᠠᠡᠭᠭᠢ᠎ᠶᠢ ᠴᠠᠬᠢᠯᠭᠠᠨ ᠬᠤᠯᠪᠤᠭ᠎ᠠ᠎ᠶᠢᠨ ᠲᠡᠮᠳᠡᠭ ᠪᠤᠯᠭᠠᠨ ᠰᠤᠯᠢᠭᠠᠳ ᠲᠠᠢᠫ᠂ ᠵᠦᠬᠡᠯᠡᠨ ᠰᠤᠷᠢᠨᠵᠢᠨ ᠲᠠᠪᠠᠭ ᠪᠤᠯᠤᠨ ᠯᠠᠢᠰᠧᠷ ᠲᠠᠪᠠᠭ ᠲᠦ᠍ ᠲᠡᠮᠳᠡᠭᠯᠡᠵᠦ᠂ ᠺᠤᠮᠫᠢᠦ᠋ᠲᠧᠷ᠎ᠶ᠋ᠢᠡᠷ ᠲᠠᠮᠵᠢᠭᠤᠯᠤᠨ ᠭᠡᠷᠡᠭᠴᠡᠭᠡ ᠲᠠᠢ ᠮᠡᠳᠡᠭᠡ ᠵᠠᠡᠭᠭᠢ᠎ᠶᠢ ᠦᠵᠡᠬᠦᠯᠦᠬᠦᠷ ᠲᠡᠭᠡᠷ᠎ᠡ ᠢᠯᠡᠷᠡᠬᠦᠯᠬᠦ ᠪᠤᠯᠤᠨ᠎ᠠ᠃

ᠲᠡᠬᠦᠨ᠎ᠤ ᠭᠤᠤᠯ ᠬᠡᠯᠪᠡᠷᠢ ᠨᠢ᠄ ᠺᠤᠮᠫᠢᠦ᠋ᠲᠧᠷ᠎ᠤᠨ ᠮᠠᠰᠢᠨ ᠤᠨᠭᠰᠢᠯᠭᠠᠲᠦ ᠲᠠᠢᠫ᠃ 20᠎ᠳᠤᠭᠠᠷ ᠵᠠᠭᠤᠨ᠎ᠤ ᠵᠢᠷᠠᠭᠠᠳ ᠤᠨ᠎ᠤ ᠰᠡᠬᠦᠯᠴᠢ᠂ ᠲᠠᠯᠠᠭᠠᠳ ᠤᠨ᠎ᠤ ᠡᠬᠢ ᠪᠡᠷ ᠡᠬᠦᠰᠴᠦ᠂ ᠮᠡᠳᠡᠭᠡ ᠵᠠᠡᠭ᠌ᠬᠢ᠎ᠶᠢ ᠲᠠᠢᠫ ᠲᠡᠭᠡᠷ᠎ᠡ ᠲᠡᠮᠳᠡᠭᠯᠡᠨ᠎ᠡ᠃ ᠲᠡᠬᠦᠨ᠎ᠤ ᠲᠠᠪᠠᠭᠤᠯᠢᠭ ᠲᠠᠯ᠎ᠠ ᠪᠤᠯ ᠨᠦᠬᠡᠴᠡᠯᠡᠬᠦ ᠬᠡᠮᠵᠢᠶ᠎ᠡ ᠨᠡᠯᠢᠶᠡᠳ ᠶᠡᠬᠡ ᠪᠠᠢᠲᠠᠭ ᠲᠦ᠍ ᠤᠷᠤᠰᠢᠨ᠎ᠡ᠃ ᠬᠡᠪᠡᠴᠦ ᠲᠤᠮᠲᠠ ᠶᠡᠬᠡ ᠬᠡᠯᠪᠡᠷᠢ᠎ᠶᠢᠨ ᠮᠠᠰᠢᠨ ᠭᠡᠷᠡᠭᠯᠡᠬᠦ ᠲᠤᠯᠠ ᠪᠠᠬᠠᠨ ᠦᠨᠡᠳᠡᠢ ᠪᠠᠢᠲᠠᠭ᠃

k ᠵᠦᠬᠡᠯᠡᠨ ᠰᠤᠷᠢᠨᠵᠢᠨ ᠲᠠᠪᠠᠭ᠃ ᠮᠠᠰᠢᠨ ᠤᠨᠭᠰᠢᠯᠭᠠᠲᠦ ᠰᠤᠷᠢᠨᠵᠢᠨ ᠲᠠᠢᠫ᠎ᠤᠨ ᠲᠠᠷᠠᠭ᠎ᠠ ᠦᠨᠭᠭᠡᠷᠡᠭᠰᠡᠨ ᠵᠠᠭᠤᠨ᠎ᠤ ᠨᠠᠶᠠᠭᠠᠳ ᠤᠨ᠎ᠳᠤ ᠪᠤᠢ ᠪᠤᠯᠤᠬᠰᠠᠨ ᠡᠯᠧᠺᠲᠷᠤᠨ ᠬᠡᠪᠯᠡᠭᠳᠡᠬᠦᠨ ᠪᠤᠯᠤᠨ᠎ᠠ᠃ ᠡᠵᠡᠯᠡᠬᠦᠨ ᠨᠢ ᠪᠠᠭ᠎ᠠ᠂ ᠵᠢᠩ ᠨᠢ ᠬᠦᠨᠭᠭᠡᠨ᠂ ᠭᠡᠷᠡᠭᠯᠡᠬᠦ᠎ᠳᠤ ᠲᠦᠬᠦᠮ ᠵᠡᠷᠭᠡ ᠲᠠᠪᠠᠭᠤᠯᠢᠭ ᠲᠠᠯ᠎ᠠ ᠲᠠᠢ᠂ ᠪᠢᠴᠢᠯ ᠺᠤᠮᠫᠢᠦ᠋ᠲᠧᠷ ᠲᠦ᠍ ᠭᠡᠷᠡᠭᠯᠡᠬᠦ᠎ᠳᠤ ᠲᠤᠬᠢᠷᠠᠨ᠎ᠠ᠃


图片4.png


ᠢᠭᠴᠤᠷᠠᠯ ᠬᠡᠯᠪᠡᠷᠢ᠎ᠶᠢᠨ ᠵᠦᠪᠭᠡᠨ ᠤᠨᠭᠰᠢᠬᠤ ᠯᠠᠢᠰᠧᠷ ᠲᠠᠪᠠᠭ᠃ 20᠎ᠳᠤᠭᠠᠷ ᠵᠠᠭᠤᠨ᠎ᠤ ᠨᠠᠶᠠᠭᠠᠳ ᠤᠨ᠎ᠳᠤ ᠪᠤᠢ ᠪᠤᠯᠤᠬᠰᠠᠨ ᠨᠢᠬᠡ ᠵᠦᠢᠯ᠎ᠤᠨ ᠰᠢᠨ᠎ᠡ ᠮᠠᠶ᠍ᠢᠭ᠎ᠤᠨ ᠡᠯᠧᠺᠲᠷᠤᠨ ᠬᠡᠪᠯᠡᠭᠳᠡᠬᠦᠨ᠂ ᠳ᠋ᠢᠶᠠᠮᠧᠲᠷ ᠨᠢ 12 ᠰᠡᠨᠲ᠋ᠢᠮᠧᠲᠷ ᠪᠦᠬᠦᠢ ᠲᠡᠮᠦᠷᠯᠢᠭ ᠲᠤᠭᠤᠷᠢᠭ ᠲᠠᠪᠠᠭ᠂ ᠵᠦᠪᠭᠡᠨ ᠤᠨᠭᠰᠢᠵᠦ ᠪᠤᠯᠬᠤ ᠡᠴᠡ ᠪᠢᠰᠢ᠂ ᠪᠢᠴᠢᠵᠦ ᠦᠯᠦ ᠪᠤᠯᠤᠨ᠎ᠠ᠃ ᠲᠡᠬᠦᠨ᠎ᠤ ᠮᠡᠳᠡᠭᠡ ᠵᠠᠡᠭᠭᠢ᠎ᠶᠢᠨ ᠬᠡᠮᠵᠢᠶ᠎ᠡ ᠨᠢ ᠶᠡᠬᠡ᠂ ᠤᠨᠭᠰᠢᠬᠤ ᠬᠤᠷᠲᠤᠴᠠ ᠨᠢ ᠲᠦᠷᠭᠡᠨ᠂ ᠡᠷᠢᠯᠳᠡ᠎ᠶᠢᠨ ᠨᠤᠷᠮ᠎ᠠ ᠨᠢ ᠦᠨᠲᠦᠷ᠂ ᠦᠪᠡᠷ᠎ᠤᠨ ᠦᠷᠳᠡᠭ ᠨᠢ ᠲᠤᠤᠷ᠎ᠠ ᠪᠠ ᠭᠡᠷᠡᠭᠯᠡᠬᠦ᠎ᠳᠤ ᠲᠦᠬᠦᠮ ᠵᠡᠷᠭᠡ ᠲᠠᠪᠠᠭᠤᠯᠢᠭ ᠲᠠᠯ᠎ᠠ ᠲᠠᠢ᠃ ᠡᠲᠦᠬᠡ ᠦᠬᠡ᠎ᠶᠢᠨ ᠲᠤᠯᠢ᠂ ᠲᠤᠮᠤ ᠬᠡᠯᠪᠡᠷᠢ᠎ᠶᠢᠨ ᠨᠤᠮ ᠪᠢᠴᠢᠭ᠂ ᠵᠠᠰᠠᠭ᠎ᠤᠨ ᠤᠷᠲᠤᠨ᠎ᠤ ᠬᠡᠪᠯᠡᠭᠳᠡᠬᠦᠨ ᠪᠤᠯᠤᠨ ᠵᠤᠬᠢᠶᠠᠯ᠎ᠤᠨ ᠱᠦᠬᠦᠮᠡᠭ᠂ ᠮᠤᠨᠭᠭᠤᠯ ᠰᠤᠨᠢᠨ ᠰᠡᠳᠬᠦᠯ ᠵᠡᠷᠭᠡ ᠬᠡᠪᠯᠡᠭᠳᠡᠬᠦᠨ᠎ᠳᠤ ᠦᠷᠭᠡᠨ᠎ᠶ᠋ᠢᠡᠷ ᠬᠡᠷᠡᠭᠯᠡᠭᠳᠡᠵᠦ ᠪᠤᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄
兼容浏览器的HTML页面