ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠤᠭᠠᠯᠵᠠ

2025-02-06 16:52:42

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠤᠢᠷ᠎ᠠ᠎ᠳᠤ᠂ ᠪᠠᠭᠠᠷᠢᠨ ᠪᠠᠷᠠᠭᠤᠨ ᠬᠣᠰᠢᠭᠤᠨ᠎ᠤ ᠰᠣᠶᠣᠯ ᠵᠢᠭᠤᠯᠴᠢᠯᠡᠯ᠎ᠪᠡᠶ᠎ᠡ᠎ᠶᠢᠨ ᠲᠠᠮᠢᠷ᠎ᠤᠨ ᠲᠣᠪᠴᠢᠶ᠎ᠡ᠎ᠠᠴᠠ ᠭᠣᠣᠯᠯᠠᠨ ᠡᠷᠬᠢᠯᠡᠭᠰᠡᠨ ᠠᠯᠳᠠᠷᠲᠤ ᠵᠣᠬᠢᠶᠠᠯᠴᠢ ᠠ᠊·ᠤᠳᠽᠠᠷ ᠪᠣᠯᠤᠨ ᠠᠯᠳᠠᠷᠲᠤ ᠰᠢᠯᠤᠭ᠌ᠴᠢ ᠴᠢᠮᠡᠳᠳᠤᠷᠵᠢ᠎ᠶᠢᠨ ᠵᠣᠬᠢᠶᠠᠯ ᠪᠦᠲᠦᠭᠡᠯ᠎ᠢ ᠶᠠᠷᠢᠯᠴᠠᠬᠤ ᠬᠣᠷᠠᠯ ᠠᠮᠵᠢᠯᠲᠠ ᠲᠦᠭᠦᠷᠡᠩ ᠪᠣᠯᠪᠠ᠃

ᠪᠠᠭᠠᠷᠢᠨ ᠪᠠᠷᠠᠭᠤᠨ ᠬᠣᠰᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠲᠡᠳ᠋ ᠳᠠᠷᠤᠭ᠎ᠠ ᠤᠮᠤᠭᠲᠤ᠎ᠠᠴᠠ ᠠᠯᠳᠠᠷᠲᠤ ᠵᠣᠬᠢᠶᠠᠯᠴᠢ ᠠ᠊·ᠤᠳᠽᠠᠷ᠂ ᠨᠡᠷᠡᠳᠦ ᠰᠢᠯᠦᠭᠴᠢ ᠴᠢᠮᠡᠳᠳᠤᠷᠵᠢ᠎ᠶᠢᠨ ᠵᠣᠬᠢᠶᠠᠯ ᠪᠦᠲᠦᠭᠡᠯ᠎ᠦᠨ ᠲᠤᠬᠠᠢ ᠡᠷᠬᠢᠴᠡᠭᠦᠯᠵᠦ᠂ ᠵᠠᠯᠠᠭᠤ ᠨᠢᠭᠡ ᠦᠶ᠎ᠠ᠎ᠶᠢᠨ ᠬᠢᠨ᠎ᠢ ᠠᠬᠠᠮᠠᠳ ᠵᠣᠬᠢᠶᠠᠯᠴᠢᠳ᠎ᠤᠨ ᠠᠮᠵᠢᠯᠲᠠ ᠪᠦᠲᠦᠬᠡᠯ᠎ᠢᠶᠠᠷ ᠳᠠᠭᠤᠷᠢᠶᠠᠯ ᠪᠣᠯᠭᠠᠵᠤ᠂ ᠰᠣᠶᠣᠯ ᠤᠷᠠᠯᠢᠭ᠋᠎ᠤᠨ ᠬᠥᠭ᠌ᠵᠢᠯᠲᠠ ᠳ᠋ᠤ᠌ ᠬᠦᠴᠤᠨ ᠵᠢᠳᠭᠦᠯ ᠦᠵᠡᠭᠦᠯᠬᠦ᠎ᠶᠢ ᠬᠦᠰᠡᠬᠦ ᠎ᠶᠢᠨ ᠬᠠᠮᠲᠤ ᠬᠤᠷᠠᠯ ᠳ᠋ᠤ᠌ ᠤᠷᠤᠯᠴᠠᠭᠰᠠᠳ᠎ᠢ ᠲᠣᠰ ᠬᠤᠷᠠᠯ᠎ᠢᠶᠠᠷ ᠠᠵᠠ ᠲᠣᠬᠢᠶᠠᠯ ᠪᠣᠯᠭᠠᠵᠤ᠂ ᠠᠯᠳᠠᠷᠲᠤ ᠵᠣᠬᠢᠶᠡᠯᠴᠢᠳ᠎ᠤᠨ ᠡᠷᠬᠢᠮ ᠲᠡᠭᠡᠳᠣ᠌ ᠵᠣᠷᠢᠭ᠋ ᠰᠠᠨᠠᠭ᠎ᠠ᠎ᠶᠢ ᠨᠡᠩ ᠬᠦᠨᠵᠡᠭᠡᠢ ᠰᠤᠷᠤᠯᠴᠠᠨ᠂ ᠤᠯᠠᠮᠵᠢᠯᠠᠨ ᠪᠠᠲᠠᠷᠠᠭᠤᠯᠵᠤ᠂ ᠠᠷᠠᠳ ᠲᠦᠮᠡᠨ᠎ᠢᠶᠠᠷ ᠭᠣᠣᠯ ᠪᠣᠯᠭᠠᠭᠰᠠᠨ ᠤᠷᠠᠨ ᠪᠦᠲᠦᠭᠡᠯ ᠲᠤᠭᠤᠷᠪᠢᠬᠤ᠎ᠶᠢ ᠪᠠᠷᠢᠮᠳᠠᠯᠠᠵᠤ᠂ ᠪᠠᠭᠠᠷᠢᠨ ᠪᠠᠷᠠᠭᠤᠨ ᠬᠣᠰᠢᠭᠤᠨ᠎ᠤ ᠰᠣᠶᠣᠯ ᠤᠷᠠᠯᠢᠭ᠋ ᠎ᠤᠨ ᠦᠢᠯᠠᠰ᠎ᠤᠨ ᠬᠥᠭ᠌ᠵᠢᠯᠲᠠ᠎ᠶᠢ ᠲᠠᠰᠤᠷᠠᠯᠲᠠ ᠦᠭᠡᠢ ᠠᠬᠢᠭᠤᠯᠬᠤ᠎ᠶᠢ ᠬᠦᠰᠡᠭᠰᠡᠨ ᠪᠠᠢᠨ᠎ᠠ᠃

ᠬᠤᠷᠠᠯ᠎ᠳᠤ ᠣᠷᠣᠯᠴᠠᠭᠰᠠᠳ᠎ᠠᠴᠠ ᠠ᠊·ᠤᠳᠽᠠᠷ᠂ ᠴᠢᠮᠡᠳᠳᠤᠷᠵᠢ᠎ᠶᠢᠨ ᠵᠣᠬᠢᠶᠠᠯ ᠪᠦᠲᠦᠭᠡᠯ᠎ᠤᠨ ᠠᠮᠵᠢᠯᠲᠡ᠎ᠶᠢ ᠡᠷᠬᠢᠴᠡᠭᠦᠯᠵᠦ᠂ ᠲᠡᠲᠠᠨ᠎ᠤ ᠵᠠᠷᠢᠮ ᠵᠣᠬᠢᠶᠠᠯ ᠪᠦᠲᠦᠭᠡᠯ ᠳ᠋ᠡᠬᠢ ᠤᠷᠠᠨ ᠵᠣᠬᠢᠶᠠᠯ᠎ᠤᠨ ᠬᠢᠨᠢ ᠭᠣᠣᠯ ᠪᠠᠭᠠᠳᠤᠷ᠎ᠤᠨ ᠡᠷᠬᠢᠮ ᠨᠠᠨᠳᠢᠨ ᠵᠠᠩ ᠴᠢᠨᠠᠷ᠎ᠠᠴᠠ ᠬᠦᠮᠥᠵᠢᠯ ᠬᠦᠷᠳᠡᠵᠤ ᠶᠠᠪᠤᠭᠰᠠᠨ ᠪᠠ ᠲᠡᠷᠡ ᠬᠦ᠌ ᠵᠣᠬᠢᠶᠠᠯ᠎ᠤᠨ ᠭᠣᠣᠯ ᠪᠠᠭᠠᠳᠤᠷ᠎ᠢᠶᠠᠨ ᠠᠮᠢᠳᠤᠷᠡᠯ᠎ᠤᠨ ᠦᠨᠡᠨ ᠲᠠᠢ ᠦᠪᠡᠷᠮᠢᠴᠠ ᠣᠨᠴᠠᠯᠢᠭ᠋ ᠲᠠᠢ ᠪᠢᠴᠢᠵᠦ ᠪᠠᠢᠭᠰᠠᠨ ᠵᠡᠷᠭᠡ ᠠᠮᠵᠢᠯᠲᠡ᠎ᠶᠢ ᠨᠢ ᠪᠢᠰᠢᠷᠡᠨ᠂ ᠥᠪᠡᠷ ᠥᠪᠡᠷ᠎ᠦᠨ ᠦᠵᠡᠯ ᠪᠣᠳᠣᠯ ᠤ᠋ᠨ ᠲᠣᠭᠤᠷᠢᠨ᠎ᠳᠤ ᠬᠠᠯᠠᠭᠤᠨ ᠶᠠᠷᠢᠯᠴᠠᠭ᠎ᠠ ᠦᠷᠨᠢᠭᠦᠯᠵᠠᠢ᠃ ᠠᠯᠲᠠᠷᠲᠤ ᠵᠤᠬᠢᠶᠠᠯᠴᠢ ᠠ᠊·ᠤᠳᠽᠠᠷ᠂ ᠴᠢᠮᠡᠳᠳᠤᠷᠵᠢ ᠵᠢᠨ ᠮᠠᠰᠢ ᠤᠯᠠᠨ ᠪᠦᠲᠦᠭᠡᠯ᠎ᠦᠳ ᠨᠢ ᠦᠰᠴᠦ ᠲᠦᠷᠥᠭᠰᠡᠨ ᠠᠭᠤᠯᠠ ᠤᠰᠤᠨ᠎ᠤ ᠬᠢᠨᠢ ᠦᠩᠭᠡ ᠦᠵᠡᠮᠵᠢ ᠪᠣᠯᠣᠨ ᠡᠴᠢᠨ᠎ᠡ ᠳᠠᠯᠲᠠ᠎ᠶᠢᠨ ᠤᠳᠬ᠎ᠠ ᠪᠦᠬᠦᠢ ᠦᠯᠢᠭᠡᠷ ᠲᠣᠮᠤᠭ ᠲᠠᠢ ᠪᠠᠭ᠎ᠠ ᠨᠠᠰᠤ ᠲᠠᠢ ᠨᠢ ᠬᠣᠯᠪᠣᠭ᠎ᠠ ᠲᠠᠢ ᠪᠠᠢᠵᠤ᠂ ᠪᠠᠭ᠎ᠠ ᠨᠠᠰᠤᠨ᠎ᠤ ᠬᠢᠨᠢ ᠪᠠᠯᠴᠢᠷ ᠣᠶᠣᠨ᠎ᠳᠤ ᠪᠡᠯᠡᠷᠠᠰᠢ ᠦᠭᠡᠢ ᠭᠦᠨ ᠢᠮ ᠲᠠᠮᠠᠭ᠎ᠠ ᠪᠣᠯᠣᠭᠰᠠᠨ᠎ᠠ᠋ᠴᠠ ᠬᠣᠵᠢᠮ ᠨᠢ ᠶᠡᠭᠡ ᠵᠣᠬᠢᠶᠡᠯᠴᠢ ᠪᠣᠯᠬᠤ᠎ᠳᠤᠨᠢ ᠠᠭᠤᠳᠠᠯᠵᠤ ᠬᠡᠷᠡᠭᠯᠡᠭᠡᠳ ᠪᠠᠷᠡᠰᠢ ᠦᠭᠡᠢ ᠦᠪᠡᠷᠮᠢᠴᠠ ᠭᠣᠢᠳᠠ ᠤᠷᠠᠨ ᠰᠠᠨᠠᠭ᠎ᠠ ᠪᠣᠯᠣᠨ ᠳᠦᠷᠢ ᠳᠦᠷᠰᠤᠯᠠᠯ ᠤᠷᠭᠤᠭᠤᠯᠵᠠᠢ ᠬᠡᠮᠡᠨ ᠬᠦᠮᠥᠰ ᠶᠠᠷᠢᠳᠠᠭ᠃

ᠪᠠᠭᠠᠷᠢᠨ ᠪᠠᠷᠠᠭᠤᠨ ᠬᠣᠰᠢᠭᠤᠨ᠎ᠤ ᠨᠠᠮ᠎ᠤᠨ ᠬᠣᠷᠢᠶᠠᠨ᠎ᠤ ᠪᠠᠢᠩᠭᠤ᠎ᠶᠢᠨ ᠭᠡᠰᠢᠭᠦᠨ᠂ ᠤᠬᠠᠭᠤᠯᠬᠤ ᠬᠡᠯᠳᠡᠰ᠎ᠤᠨ ᠳᠠᠷᠤᠭ᠎ᠠ ᠫᠸᠩ ᠬᠤᠩ ᠶᠠᠨ ᠳ᠋ᠦᠩᠨᠡᠯᠲᠠ᠎ᠶᠢᠨ ᠶᠠᠷᠢᠶ᠎ᠠ ᠲᠠᠯᠪᠢᠵᠤ᠂ ᠠ᠊·ᠤᠳᠽᠠᠷ ᠴᠢᠮᠡᠳᠳᠤᠷᠵᠢ ᠵᠡᠷᠭᠡ ᠠᠯᠳᠠᠷᠲᠤ ᠵᠣᠬᠢᠶᠠᠯᠴᠢᠳ᠎ᠤᠨ ᠪᠠᠭᠠᠷᠢᠨ ᠪᠠᠷᠠᠭᠤᠨ ᠬᠣᠰᠢᠭᠤᠨ᠎ᠤ ᠰᠣᠶᠣᠯ᠎ᠤᠨ ᠦᠢᠯᠡᠰ᠎ᠲᠤ ᠦᠵᠡᠭᠦᠯᠤᠭ᠌ᠰᠡᠨ ᠯᠤᠲᠤ ᠶᠡᠭᠡ ᠬᠤᠪᠢ ᠨᠡᠮᠡᠷᠢ᠎ᠶᠢ ᠳᠡᠭᠡᠲᠤ ᠬᠡᠮᠵᠢᠶ᠎ᠡ ᠎ᠪᠠᠷ ᠦᠨᠡᠯᠡᠭᠰᠡᠨ ᠪᠠ ᠬᠤᠷᠠᠯ ᠳ᠋ᠤ᠌ ᠣᠷᠣᠯᠴᠠᠭᠰᠠᠳ᠎ᠢ ᠡᠭᠦᠷᠭᠡ ᠬᠠᠷᠢᠭᠤᠴᠠᠯᠭ᠎ᠠ᠎ᠪᠠᠨ ᠬᠦᠢᠴᠡᠳ ᠲᠠᠨᠢᠵᠤ᠂ ᠬᠣᠶᠠᠷ ᠪᠠᠭ᠍ᠰᠢ᠎ᠶᠢ ᠪᠠᠭᠲᠠᠭᠠᠭᠰᠠᠨ ᠠᠬᠠᠮᠠᠳ ᠨᠢᠭᠡ ᠦᠶ᠎ᠡ᠎ᠶᠢᠨ ᠤᠳᠬ᠎ᠠ ᠤᠷᠠᠯᠢᠭ᠋᠎ᠤᠨ ᠨᠡᠷᠠᠲᠤ ᠬᠦᠮᠥᠰ᠎ᠠᠴᠠ ᠰᠤᠷᠤᠯᠴᠠᠵᠤ᠂ ᠲᠡᠳᠡᠨ᠎ᠤ ᠤᠯᠤᠰ ᠎ᠢᠶᠠᠨ ᠬᠠᠢᠷᠠᠯᠠᠬᠤ ᠰᠠᠳᠬᠢᠯᠭᠡ ᠎ᠪᠠᠷ ᠳᠠᠭᠤᠷᠢᠶᠠᠯ ᠪᠣᠯᠭᠠᠵᠤ᠂ ᠤᠭ ᠰᠠᠨᠠᠭ᠎ᠠ᠎ᠪᠠᠨ ᠦᠯᠦ ᠮᠠᠷᠳᠠᠵᠤ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠠᠵᠤ᠂ ᠢᠮᠠᠭᠳᠠ ᠬᠦᠰᠡᠯᠠᠩ ᠲᠠᠢ ᠢᠲᠡᠭᠡᠯ ᠲᠠᠢ ᠪᠠᠢᠬᠤ ᠵᠢ ᠤᠷᠢᠶᠡᠯᠡᠪᠡ᠃

ᠪᠠᠭᠠᠷᠢᠨ ᠪᠠᠷᠠᠭᠤᠨ ᠬᠣᠰᠢᠭᠤ ᠨᠢ ᠰᠤᠶᠤᠯ᠎ᠤᠷᠠᠯᠢᠭ᠎ᠤᠨ ᠬᠦᠨ ᠳᠠᠪᠠᠭᠤᠯᠢᠭ᠋᠎ᠲᠠᠭᠠᠨ ᠰᠠᠭᠤᠷᠢᠯᠠᠨ᠂ 《ᠤᠮᠠᠷᠠᠲᠤ ᠬᠢᠯᠢ᠎ᠶᠢᠨ ᠰᠣᠶᠣᠯ᠎ᠤᠨ ᠪᠦᠲᠦᠭᠡᠨ ᠪᠠᠢᠭᠤᠯᠤᠯᠲᠠ》 ᠵᠢ ᠠᠬᠢᠭᠤᠯᠬᠤ᠂ ᠰᠣᠶᠣᠯ ᠤᠷᠠᠯᠢᠭ᠋᠎ᠤᠨ ᠠᠵᠢᠯ᠎ᠢ ᠠᠬᠢᠭᠤᠯᠬᠤ ᠪᠥᠬᠦ ᠶᠠᠪᠤᠴᠠ᠎ᠳᠤ ᠲᠤᠭᠤᠰᠢᠯᠠᠭᠤᠯᠵᠤ᠂ ᠰᠣᠶᠣᠯ ᠤᠷᠠᠯᠢᠭ᠋᠎ᠤᠨ ᠠᠵᠢᠯ᠎ᠤᠨ ᠬᠠᠮᠳᠤᠷᠠᠯ᠎ᠤᠨ ᠬᠦᠴᠦᠨ᠎ᠢ ᠪᠠᠲᠠᠷᠠᠭᠤᠯᠬᠤ᠎ᠶᠢ ᠪᠠᠷᠢᠮᠳᠠᠯᠠᠨ᠂ ᠡᠯ᠎ᠡ ᠵᠦᠢᠯ᠎ᠤᠨ ᠤᠳᠬ᠎ᠠ ᠤᠷᠠᠯᠢᠭ᠋ ᠎ᠤᠨ ᠠᠵᠢᠯᠯᠠᠭ᠎ᠠ᠎ᠶᠢ ᠨᠠᠷᠢᠨ ᠨᠢᠮᠪᠡᠢ ᠰᠦᠪᠡᠭ᠌ᠴᠢᠯᠠᠵᠤ᠂ ᠤᠳᠬ᠎ᠠ ᠤᠷᠠᠯᠢᠭ᠋᠎ᠤᠨ ᠰᠤᠳᠤᠨ ᠪᠦᠲᠦᠭᠡᠯ᠎ᠢ ᠵᠣᠬᠢᠶᠠᠨ ᠪᠦᠳᠦᠭᠡᠵᠦ᠂ ᠣᠷᠣᠨ ᠨᠤᠲᠤᠭ᠎ᠤᠨ ᠣᠨᠴᠠᠯᠢᠭ᠋᠎ᠢ ᠢᠯᠡᠷᠡᠭᠦᠯᠣᠭ᠌ᠰᠡᠨ ᠤᠳᠬ᠎ᠠ ᠤᠷᠠᠯᠢᠭ᠋᠎ᠤᠨ ᠠᠵᠢᠯᠯᠠᠭ᠎ᠠ᠎ᠶᠢ ᠦᠷᠨᠢᠭᠦᠯᠦᠨ᠂ ᠬᠤᠰᠢᠭᠤ ᠨᠤᠳᠤᠭ ᠎ᠤᠨ ᠵᠢᠡᠨ ᠰᠣᠶᠣᠯ᠎ᠤᠨ ᠦᠢᠯᠡᠰ᠎ᠤᠨ ᠴᠡᠴᠡᠭᠯᠡᠨ ᠬᠥᠭᠵᠢᠬᠦ᠎ᠶᠢ ᠠᠬᠢᠭᠤᠯᠤᠭᠰᠠᠭᠠᠷ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面