ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠤᠭᠠᠯᠵᠠ

2026-01-07 11:29:44

ᠵᠣᠬᠢᠶᠠᠭ᠍ᠴᠢ᠄ ᠰᠠᠷᠠᠭᠤᠯᠬᠠᠨ ᠴᠤᠪᠤᠭᠣ᠌ ᠣᠩᠱᠢᠭ᠍ᠰᠠᠨ ᠣᠳᠠᠭ᠎ᠠ᠄ 3

ᠰᠤᠤᠳᠠᠨ ᠬᠠᠮᠳᠤᠯᠢᠭ᠋᠎ᠤᠨ 《ᠳᠡᠭᠷᠢ ᠵᠢᠨ ᠬᠠᠶᠠᠭᠠᠨ᠎ᠤ ᠴᠤᠤᠷᠢᠶ᠎ᠠ》 ᠰᠢᠨ᠎ᠠ ᠴᠤᠮᠤᠭ᠎ᠤᠨ᠎ᠲᠠᠷᠬᠠᠭᠠᠬᠤ ᠶᠤᠰᠤᠯᠠᠯ 2025 ᠤᠨ ᠎ᠤ12 ᠰᠠᠷ᠎ᠠ᠎ᠶᠢᠨ 23᠎ᠦ ᠡᠲᠤᠷ ᠬᠦᠬᠡᠬᠤᠲᠡ᠎ᠳᠦ ᠠᠮᠵᠢᠯᠳᠡ ᠲᠠᠢ ᠶᠠᠪᠤᠬ᠍ᠳᠠᠯ᠎ᠠ ᠃

ᠰᠤᠤᠳᠠᠨ ᠬᠠᠮᠳᠤᠯᠢᠭ᠋ ᠨᠢ 《ᠬᠤᠨ ᠭᠠᠯᠠᠭᠤ》᠂ 《ᠯᠤᠨᠳᠤᠨ ᠬᠠᠷ᠎ᠠ ᠠᠷᠢᠬᠢ》᠂ 《ᠰᠠᠪᠠᠷᠳᠠᠩ》᠂ 《 ᠰᠢᠨ᠎ᠠ ᠶᠤᠬᠤᠷ》 ᠵᠡᠷᠬᠡ ᠤᠯᠤᠰ᠎ᠤᠨ ᠲᠤᠳᠤᠭᠠᠳᠤ ᠭᠠᠳᠠᠭᠠᠳᠤ ᠳ᠋ᠤ᠌ ᠦᠷᠬᠡᠨ ᠬᠡᠪᠴᠢᠶ᠎ᠡ ᠳᠠᠢ ᠤᠯᠠᠮᠵᠢᠯᠠᠭᠳᠠᠭᠰᠠᠨ ᠮᠤᠩᠭᠤᠯ ᠦᠨᠳᠦᠰᠦᠳᠡᠨ᠎ᠦ 8 ᠰᠤᠩᠭᠤᠳᠠᠭ ᠳᠠᠭᠤᠤ ᠪᠠ ᠠᠷᠡᠳ᠎ᠤᠨ ᠳᠠᠭᠤᠤ ᠨᠤᠭᠤᠳ ᠲᠦ᠍ ᠤᠷᠢᠳ ᠡᠮᠦᠨ᠎ᠡ ᠪᠠᠢᠭ᠎ᠠ ᠦᠬᠡᠢ ᠰᠢᠨᠡᠴᠢᠯᠡᠯᠳᠡ ᠬᠢᠵᠦ ᠴᠤᠮᠤᠭ᠎ᠢᠶᠡᠨ ᠭᠠᠷᠭᠠᠵᠡᠢ᠃ 《ᠬᠤᠨ ᠭᠠᠯᠠᠭᠤ》᠂ 《ᠯᠤᠨᠳᠤᠨ ᠬᠠᠷ᠎ᠠ ᠠᠷᠢᠬᠢ》᠂ 《ᠱᠠᠩᠬᠠᠢ ᠬᠢᠴᠡ ᠲᠠᠢ ᠪᠠᠨᠲᠤᠤᠲ》᠂ 《ᠴᠢᠩ ᠴᠠᠭᠠᠨ ᠭᠠᠯᠠᠭᠤ》 ᠵᠡᠷᠭᠡ ᠲᠦᠷᠪᠠᠨ ᠲᠠᠭᠤᠤ᠎ᠶᠢ ᠠᠩᠭ᠌ᠯᠢ ᠬᠡᠯᠡᠨ ᠲᠡᠭᠡᠷ᠎ᠡ ᠤᠷᠴᠢᠭᠤᠯᠤᠨ ᠲᠠᠭᠤᠯᠠᠬ᠍ᠰᠠᠨ ᠨᠢ ᠳᠤᠰ ᠴᠤᠮᠤᠭ᠎ᠤᠨ ᠲᠤᠲᠣ᠌᠎ᠡᠴᠡ ᠲᠤᠳᠤ ᠤᠨᠴᠠᠯᠢᠭ᠋ ᠪᠣᠯᠪᠠ᠃ ᠰᠤᠤᠳᠠᠨ ᠬᠠᠮᠳᠤᠯᠢᠭ᠋ ᠦᠪᠡᠷ᠎ᠦᠨ᠎ᠢᠶᠡᠨ ᠤᠨᠴᠠᠯᠢᠭ᠋᠎ᠢᠶᠠᠨ ᠦᠷᠭᠦᠯᠵᠢᠯᠡᠨ ᠪᠠᠳᠠᠷᠠᠭᠤᠯᠵᠤ᠂ ᠨᠠᠢᠷᠵᠢᠨ ᠭᠦᠭᠵᠢᠮ᠎ᠪᠠ ᠬᠢᠲ᠋ᠠᠷ᠎ᠤᠨ ᠤᠨᠴᠠᠯᠢᠭ᠋᠂ ᠳᠠᠭᠤᠯᠠᠯᠳᠠ ᠪᠠ ᠦᠬᠦᠯᠡᠯᠳᠡ ᠵᠢᠨ ᠤᠨᠴᠠᠯᠢᠭ᠋᠎ᠢ ᠰᠤᠯᠪᠢᠴᠠᠭᠤᠯᠤᠨ ᠠᠭᠤᠰᠤᠯᠴᠠᠭᠤᠯᠵᠤ᠂ 《ᠯᠤᠨᠳᠤᠨ ᠬᠠᠷ᠎ᠠ ᠠᠷᠢᠬᠢ》 ᠳ᠋ᠡᠬᠢ ᠳᠠᠯ᠎ᠠ ᠨᠤᠳᠤᠭ᠎ᠤᠨ ᠬᠤᠷᠢᠮ ᠨᠠᠢᠷ᠎ᠢ ᠠᠢᠵᠡᠮ᠎ᠤᠨ ᠲᠤᠮᠳᠠ ᠬᠦᠭᠵᠢᠬᠡᠵᠦ᠂ 《ᠰᠠᠪᠠᠷᠳᠠᠩ》 ᠪᠦᠵᠢᠭ᠎ᠦᠨ ᠤᠷᠠᠨ ᠨᠠᠬᠢᠯᠵᠠᠭᠠᠨ᠎ᠢ ᠠᠶ᠎ᠠ ᠳᠠᠭᠤᠤ ᠳ᠋ᠤ᠌ ᠠᠭᠤᠰᠬᠠᠵᠤ᠂ ᠨᠡᠩ ᠴᠦ᠍《ᠲᠦᠷᠪᠡᠨ ᠤᠯᠠᠷᠢᠯ》 ᠳ᠋ᠡᠬᠢ ᠳᠠᠯ᠎ᠠ ᠨᠤᠳᠤᠭ᠎ᠤᠨ ᠴᠠᠭ᠎ᠤᠨ ᠥᠩᠭᠡ᠎ᠶᠢ ᠳᠠᠭᠤᠤ ᠬᠦᠭᠵᠢᠮ᠎ᠦᠨ ᠪᠤᠳᠠᠳᠤ ᠲᠦᠷᠢ ᠪᠡᠷ ᠢᠯᠡᠷᠡᠬᠦᠯᠦᠭᠰᠡᠨ ᠪᠠᠢᠭ᠎ᠠ ᠶᠤᠮ ᠃

ᠮᠤᠩᠭᠤᠯ ᠳᠠᠭᠤᠤ ᠵᠢᠨ ᠦᠬᠡ ᠵᠢᠨ ᠤᠤᠯ ᠤᠳᠬ᠎ᠠ᠎ᠶᠢ ᠤᠨᠤᠪᠴᠢᠲᠠᠢ ᠪᠡᠷ ᠠᠩᠭ᠌ᠯᠢ ᠬᠡᠯᠡᠨ ᠳ᠋ᠤ᠌ ᠤᠷᠴᠢᠭᠤᠯᠵᠤ᠂ ᠤᠯᠠᠨ ᠤᠯᠤᠰ᠎ᠤᠨ ᠴᠢᠨᠠᠷᠳᠠᠢ ᠬᠡᠯᠡᠨ᠎ᠦ ᠠᠨᠢᠰᠤ᠎ᠶᠢ ᠳᠠᠢᠯᠤᠨ ᠰᠢᠨ᠎ᠠ ᠵᠠᠮ ᠎ᠢ ᠨᠡᠭᠡᠭᠡᠭᠰᠡᠨ ᠶᠠᠪᠤᠳᠠᠯ ᠨᠢ ᠶᠡᠬᠡᠬᠡᠨ ᠤᠳᠬ᠎ᠠ ᠠᠭᠤᠯᠭ᠎ᠠ ᠲᠠᠢ ᠪᠢᠯᠡ᠃ ᠳᠤᠰ ᠦᠬᠡᠷᠡᠴᠢᠯᠡᠯᠳᠡ ᠨᠢ ᠦᠨᠳᠦᠰᠦᠳᠡᠨ᠎ᠦ ᠬᠦᠭᠵᠢᠮ ᠪᠠ ᠤᠳᠤ ᠦᠶ᠎ᠡ ᠵᠢᠨ ᠳᠠᠭᠤᠤ ᠬᠦᠭᠵᠢᠮ ᠎ᠢ ᠠᠭᠤᠰᠬᠠᠬᠤ ᠪᠤᠯᠪᠠᠰᠤᠷᠠᠩᠭᠤᠢ ᠳᠤᠷᠰᠢᠯᠭ᠎ᠠ ᠶ᠋ᠢ ᠦᠷᠬᠦᠯᠵᠢᠯᠡᠬᠦᠯᠦᠭᠰᠡᠨ ᠵᠢᠡᠷ ᠪᠠᠷᠠᠬᠤ ᠦᠬᠡᠢ᠂ ᠨᠡᠩ ᠴᠦ᠍ ᠨᠠᠢᠷᠵᠢᠨ ᠬᠦᠭᠵᠢᠮ᠂ ᠬᠦᠬᠡᠮᠡᠢ ᠵᠡᠷᠬᠡ ᠪᠤᠳᠠᠰ᠎ᠤᠨ ᠪᠤᠰᠤ ᠰᠤᠶᠤᠯ᠎ᠤᠨ ᠦᠪ᠎ᠦᠨ ᠤᠷᠠᠯᠢᠭ᠋᠎ᠢ ᠳᠡᠯᠡᠬᠡᠢ ᠳ᠋ᠤ᠌ ᠬᠠᠨᠳᠤᠭᠤᠯᠬᠤ ᠴᠠᠭ ᠦᠶ᠎ᠡ ᠵᠢᠨ ᠱᠠᠭᠠᠷᠳᠠᠯᠭ᠎ᠠ ᠳ᠋ᠤ᠌ ᠨᠡᠢᠴᠡᠬᠦᠯᠵᠦ᠂ ᠰᠢᠨ᠎ᠡ ᠲᠤᠷᠰᠢᠴᠡ᠎ᠪᠡᠷ᠎ᠢᠶᠡᠨ ᠬᠤᠰᠢᠭᠤᠷᠡᠨ ᠳᠤᠳᠤᠷᠠᠭᠰᠠᠨ ᠪᠠᠢᠨ᠎ᠠ᠃

ᠰᠤᠤᠳᠠᠨ ᠬᠠᠮᠳᠤᠯᠢᠭ᠋ ᠨᠢ ᠦᠨᠳᠦᠰᠦᠳᠡᠨ᠎ᠦ ᠤᠨᠴᠠᠯᠢᠭᠳᠤ ᠷᠤᠺ ᠬᠠᠮᠳᠤᠯᠢᠭ᠋ ᠪᠠᠢᠵᠦ᠂ 2013 ᠣᠨ᠎ᠳᠤ ᠪᠠᠢᠭᠤᠯᠤᠬ᠍ᠳᠠᠨ᠂ ᠨᠠᠢᠷᠵᠢᠨ ᠬᠦᠭᠵᠢᠮᠴᠢᠨ᠂ ᠬᠦᠬᠡᠮᠡᠢᠴᠢᠨ ᠪᠠᠶᠠᠨ᠂ ᠭᠣᠣᠯ ᠲᠠᠭᠤᠴᠢᠨ ᠮᠦᠩᠬᠡᠳᠤᠩᠭᠠᠯᠠᠭ᠂ ᠬᠢᠲ᠋ᠠᠷᠴᠢᠨ ᠭᠠᠩᠭᠠᠩ ᠪᠠ ᠲᠦᠪᠰᠢᠨᠵᠠᠶᠠᠭ᠎ᠠ᠂ ᠪᠦᠮᠪᠤᠷᠴᠢᠨ ᠮᠦᠷᠡᠨ ᠨᠡᠷ ᠠᠵᠢᠯᠯᠠᠳᠠᠭ᠃ ᠳᠤᠰ ᠬᠠᠮᠲᠤᠯᠢᠭ᠋ ᠎ᠨᠢ 2017 ᠣᠨ᠎ᠳᠤ 《 ᠮᠤᠩᠭᠤᠯ ᠡᠷ᠎ᠡ ᠭᠦᠮᠤᠨ》 ᠴᠤᠮᠤᠭ᠂ 2019 ᠣᠨ᠎ᠳᠤ 《ᠨᠠᠷᠠ ᠮᠤᠷᠢ ᠤᠨᠤᠵᠤ ᠶᠠᠪᠤᠬᠤ᠎ᠪᠠᠷ ᠪᠠᠢᠨ᠎ᠠ》 ᠬᠡᠬᠦ ᠴᠤᠮᠤᠭ᠎ᠢᠶᠡᠨ ᠲᠠᠷᠬᠠᠭᠠᠪᠠ᠃ 2024 ᠣᠨ᠎ᠳᠤ ᠰᠥᠯᠵᠢᠶᠠᠨ ᠳᠡᠭᠡᠷ᠎ᠡ 《ᠭᠠᠷ᠎ᠢᠶᠠᠨ ᠳᠡᠭᠡᠭᠰᠢ》᠂ 《up to now》᠂ 《ᠪᠢᠲᠡᠨ᠎ᠦ ᠠᠮᠢᠲᠤᠷᠡᠯ》᠂ 《ᠡᠵᠡᠨ ᠰᠠᠩ》᠂ 《ᠡᠷᠬᠡ ᠴᠢᠯᠦᠭᠡ》᠂ 《ᠰᠢᠨ᠎ᠡ ᠶᠤᠬᠤᠷ》᠂ 《ᠴᠢᠨ᠋ᠸ᠎ᠠ ᠲᠤᠲᠸᠮ》᠂ 《ᠲᠦᠷᠪᠡᠨ ᠤᠯᠡᠷᠢᠯ》 ᠵᠡᠷᠬᠡ ᠲᠠᠭᠤᠤ᠎ᠪᠠᠨ ᠨᠡᠢᠳᠡᠯᠡᠵᠤ ᠦᠨᠭᠭᠡᠷᠡᠵᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面