ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠤᠭᠠᠯᠵᠠ

2026-01-07 11:28:22

ᠵᠣᠬᠢᠶᠠᠭ᠍ᠴᠢ᠄ ᠰᠣᠷᠭᠣᠭ ᠣᠩᠱᠢᠭ᠍ᠰᠠᠨ ᠣᠳᠠᠭ᠎ᠠ᠄ 3

ᠵᠡᠭᠦᠨ ᠦᠵᠦᠮᠦᠴᠢᠨ ᠬᠣᠰᠢᠭᠤᠨ᠎ᠤ ᠡᠵᠢᠨᠠᠭᠤᠷ ᠪᠠᠯᠭᠠᠰᠤᠨ᠎ᠤ ᠰᠠᠢᠨ᠌ᠤ᠋ᠰᠤ ᠭᠠᠴᠠᠭᠠᠨ ᠎ᠤ ᠮᠠᠯᠴᠢᠨ ᠠᠯᠲᠠᠨᠲᠣᠭᠣᠰ ᠱᠠᠭ᠎ᠠ ᠎ᠶᠢᠨ ᠬᠡᠯᠪᠡᠷᠢ ᠎ᠲᠠᠢ ᠴᠣᠺᠤᠯᠠᠳ᠋ ᠬᠢᠵᠦ ᠪᠣᠷᠣᠯᠠᠭᠤᠯᠤᠭᠠᠳ ᠰᠠᠷ᠎ᠠ᠎ᠶᠢᠨ 2 ᠲᠦᠮᠡ ᠭᠠᠷᠤᠢ ᠲᠥᠭᠥᠷᠢᠭ᠎ᠦᠨ ᠣᠷᠣᠯᠭ᠎ᠠ ᠡᠭᠦᠳᠦᠨ᠎ᠡ᠃

ᠠᠯᠲᠠᠨᠲᠣᠭᠣᠰ 2025 ᠤᠨ᠎ᠤ 8 ᠰᠠᠷ᠎ᠠ᠎ᠡᠴᠡ ᠡᠬᠢᠯᠡᠨ ᠬᠥᠳᠡᠭᠡ ᠭᠡᠷ᠎ᠲᠡᠬᠡᠨ 《ᠴᠣᠺᠤᠯᠠᠳ᠋ ᠱᠠᠭ᠎ᠠ》 ᠬᠢᠵᠦ᠂ ᠭᠣᠣᠯᠳᠠᠭᠤ ᠵᠢᠷᠬᠢᠶ᠎ᠠ ᠵᠢᠨ ᠲᠠᠪᠴᠠᠩ ᠪᠣᠯᠣᠨ ᠴᠤᠤᠷᠢᠶ᠎ᠠ ᠲᠠᠪᠴᠠᠩ ᠎ᠤᠨ ᠵᠠᠬᠢᠶᠠᠯᠠᠭ᠎ᠠ ᠲᠤᠰᠴᠤ᠂ ᠲᠦᠷᠭᠡᠨ ᠭᠤᠪᠢᠭᠤᠯᠭ᠎ᠠ ᠎ᠪᠠᠷ ᠭᠠᠳᠠᠭ᠍ᠰᠢ᠎ᠪᠠᠨ ᠪᠣᠷᠣᠯᠠᠭᠤᠯᠳᠠᠭ᠃ ᠳᠡᠷᠡ ᠪᠡᠷ ᠲᠤᠰᠬᠠᠢ ᠴᠣᠺᠤᠯᠠᠳ᠋ ᠬᠤᠳᠠᠯᠳᠤᠳᠠᠭ ᠳᠡᠯᠭᠡᠭᠦᠷ᠎ᠡᠴᠡ ᠪᠠᠷᠠᠭ᠎ᠠ ᠪᠠᠨ ᠣᠷᠣᠭᠤᠯᠤᠭᠠᠳ ᠴᠠᠭᠠᠨ ᠴᠣᠺᠤᠯᠠᠳ᠋᠂ ᠴᠠᠭᠠᠨ ᠠᠯᠠᠭ ᠴᠣᠺᠤᠯᠠᠳ᠋᠂ ᠵᠢᠮᠢᠰ᠎ᠦᠨ ᠬᠠᠲᠠᠭᠠᠮᠠᠯ᠎ᠲᠠᠢ ᠴᠣᠺᠤᠯᠠᠳ᠋ ᠵᠡᠷᠭᠡ 3 ᠲᠥᠷᠥᠯ᠎ᠦᠨ 《ᠴᠣᠺᠣᠯᠠᠳ᠋ ᠱᠠᠭ᠎ᠠ》 ᠎ᠶ᠋ᠢᠨ ᠪᠦᠲᠦᠭᠡᠭᠳᠡᠬᠦᠨ ᠬᠢᠵᠦ᠂ ᠲᠤᠰ ᠲᠤᠰ 20᠂ 30᠂ 35 ᠲᠥᠭᠥᠷᠢᠭ ᠎ᠢᠶᠡᠷ ᠬᠤᠳᠠᠯᠳᠤᠵᠤ᠂ ᠰᠠᠷ᠎ᠠ᠎ᠶᠢᠨ 800 ᠬᠠᠢᠷᠴᠠᠭ ᠬᠤᠳᠠᠯᠳᠤᠳᠠᠭ᠃

ᠣᠳᠣ᠌ 《ᠴᠣᠺᠤᠯᠠᠳ᠋ ᠱᠠᠭ᠎ᠠ》 ᠎ᠪᠠᠨ ᠦᠪᠦᠷ ᠮᠤᠨᠭᠭᠤᠯ ᠣᠷᠣᠨ᠎ᠤ ᠡᠯ᠎ᠡ ᠠᠢᠮᠠᠭ ᠬᠤᠲᠠ ᠡᠴᠡ ᠭᠠᠳᠠᠨ᠎ᠠ ᠪᠡᠭᠡᠵᠢᠩ᠂ ᠭᠠᠨᠰᠤ᠂ ᠰᠢᠨᠵᠢᠶᠠᠩ᠂ ᠱᠠᠩᠬᠠᠢ᠂ ᠮᠦᠭᠳᠡᠨ ᠵᠡᠷᠭᠡ ᠭᠠᠵᠠᠷ ᠵᠢᠡᠷ ᠭᠤᠪᠢᠭᠤᠯᠵᠦ ᠪᠠᠢᠨ᠎ᠠ᠃ ᠠᠯᠲᠠᠨᠲᠣᠭᠣᠰ᠄ 《ᠮᠣᠩᠭᠣᠯᠴᠤᠳ ᠮᠠᠯ᠎ᠤᠨ ᠱᠠᠭ᠎ᠠ᠎ᠶᠢ ᠶᠡᠬᠡᠳᠡ ᠡᠷᠬᠢᠮᠯᠡᠨ ᠳᠡᠭᠡᠳᠦᠯᠡᠳᠡᠭ ᠡᠴᠡ ᠴᠣᠺᠤᠯᠡᠳ᠋᠎ᠢ ᠱᠠᠭ᠎ᠠ᠎ᠶᠢᠨ ᠬᠡᠪ ᠶᠠᠩᠵᠤ᠎ᠪᠠᠷ ᠬᠢᠪᠡᠯ ᠰᠣᠨᠢᠷᠬᠠᠯ᠎ᠲᠠᠢ ᠪᠠᠢᠬᠤ ᠭᠡᠵᠦ ᠪᠣᠳᠤᠭᠰᠠᠨ᠃ ᠪᠢ ᠪᠦᠲᠦᠭᠡᠭᠳᠡᠬᠦᠨ ᠎ᠦ᠎ᠪᠡᠨ ᠰᠢᠨ᠎ᠡ ᠰᠣᠷᠭᠣᠭ᠂ ᠦᠨᠦᠷ ᠠᠮᠲᠠ᠂ ᠴᠢᠨᠠᠷ ᠴᠢᠨᠰᠠᠭ᠎ᠠ ᠎ᠶᠢ ᠨᠢᠭᠡᠳᠦᠭᠡᠷ ᠲᠤ᠌ ᠲᠠᠯᠪᠢᠵᠤ᠂ ᠪᠣᠭᠣᠳᠠᠯ ᠪᠠᠭᠯᠠᠭ᠎ᠠ᠎ᠪᠠᠨ ᠰᠢᠨᠡᠴᠢᠯᠡᠬᠦ᠎ᠶᠢ ᠴᠦ᠍ ᠶᠡᠬᠡ ᠠᠩᠬᠠᠷᠳᠠᠭ᠃ ᠬᠣᠵᠢᠮ ᠪᠦᠲᠦᠭᠡᠭᠳᠡᠬᠦᠨ᠎ᠦ᠎ᠪᠡᠨ ᠲᠥᠷᠥᠯ ᠵᠦᠢᠯ᠎ᠢ ᠡᠯᠪᠡᠭᠵᠢᠭᠦᠯᠦᠨ᠎ᠡ》 ᠭᠡᠵᠦ ᠤᠷᠮᠠᠲᠠᠢᠬᠠᠨ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面