2024-08-09 10:41:52
ᠲᠦᠷᠦᠭᠦᠬᠡᠨ ᠰᠢᠨ᠎ᠡ ᠨᠢᠭᠡ ᠬᠤᠭᠤᠴᠠᠭᠠᠨ᠎ᠤ ᠳᠤᠮᠳᠠᠳᠤ ᠤᠯᠤᠰ᠎ᠤᠨ ᠤᠯᠤᠰ᠎ᠤᠨ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ᠎ᠳᠦ ᠰᠣᠩᠭᠣᠭᠳᠠᠭᠰᠠᠨ ᠲᠠᠮᠢᠷᠴᠢᠳ᠎ᠤᠨ ᠨᠡᠷᠡᠰ᠎ᠢ ᠨᠡᠢᠲᠡᠯᠡᠵᠦ᠂ ᠤᠷᠭᠤᠮᠠᠯ ᠳᠠᠬᠢᠨᠲᠠ ᠤᠯᠤᠰ᠎ᠤᠨ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ᠎ᠳᠤ ᠰᠣᠩᠭᠣᠭᠳᠠᠭᠰᠠᠨ ᠪᠠᠢᠨ᠎ᠠ᠃

ᠤᠷᠭᠤᠮᠠᠯ ᠤᠯᠠᠭᠠᠨᠬᠠᠳᠠ ᠬᠤᠲᠠ ᠵᠢᠨ ᠪᠠᠭᠠᠷᠢᠨ ᠪᠠᠷᠠᠭᠤᠨ ᠬᠣᠰᠢᠭᠤᠨ᠎ᠤ ᠪᠤᠷᠤᠠᠤᠰᠤ ᠪᠠᠯᠭᠠᠰᠤ ᠪᠡᠷ ᠨᠤᠲᠤᠭ᠎ᠲᠠᠢ᠃ ᠡᠭᠡᠯ ᠵᠢᠷ᠎ᠤᠨ ᠮᠠᠯᠴᠢᠨ ᠠᠢᠯ᠎ᠳᠦ ᠵᠠᠶᠠᠭᠠᠭᠰᠠᠨ ᠲᠡᠷᠡ ᠪᠡᠷ ᠬᠤᠷᠠᠭ᠎ᠠ ᠲᠤᠭᠤᠯ ᠵᠢᠡᠨ ᠬᠠᠷᠢᠭᠤᠯᠵᠤ᠂ ᠬᠥᠳᠡᠭᠡ ᠭᠠᠳᠠᠭᠤᠷ ᠬᠥᠯ ᠬᠥᠩᠭᠡᠨ ᠭᠦᠶᠦᠵᠦ ᠥᠰᠦᠭᠰᠡᠨ ᠬᠡᠦᠬᠡᠳ ᠶᠤᠮ᠃ ᠪᠠᠭ᠎ᠠ ᠰᠤᠷᠭᠠᠭᠤᠯᠢ᠎ᠳᠦ ᠣᠷᠣᠭᠰᠠᠨ᠎ᠤ ᠪᠡᠡ ᠳᠠᠷᠠᠭ᠎ᠠ ᠬᠥᠯ ᠪᠥᠮᠪᠥᠭᠡᠨ᠎ᠳᠦ ᠤᠡᠴᠠᠭᠠᠢ ᠪᠠᠬ᠎ᠠ ᠲᠠᠢ ᠪᠣᠯᠵᠤ᠂ ᠬᠥᠯ ᠪᠥᠮᠪᠥᠭᠡ᠎ᠶᠢ ᠡᠷᠡᠭᠲᠡᠢ ᠰᠤᠷᠤᠡᠡᠴᠢᠳᠠᠴᠠ ᠢᠯᠡᠭᠦᠦ ᠰᠠᠢᠬᠠᠨ ᠲᠣᠭᠯᠠᠳᠠᠭ ᠪᠠᠢᠵᠠᠢ᠃ 2009 ᠣᠨ᠎ᠳᠦ 12 ᠨᠠᠰᠤᠲᠠᠢ ᠤᠷᠭᠤᠮᠠᠯ ᠭᠦᠭᠡᠬᠤᠲᠠ ᠵᠢᠨ ᠮᠣᠩᠭᠣᠯ ᠦᠨᠳᠦᠰᠦᠲᠡᠨ᠎ᠤ ᠰᠤᠷᠭᠠᠭᠤᠯᠢ ᠵᠢᠨ ᠬᠥᠯ ᠪᠥᠮᠪᠥᠭᠡᠨ ᠠᠩᠭᠢ ᠵᠢᠨ ᠰᠤᠷᠭᠠᠭ᠍ᠴᠢ ᠪᠠᠭ᠍ᠰᠢ᠎ᠳᠦ ᠲᠣᠭᠣᠭᠳᠠᠵᠤ᠂ ᠭᠦᠭᠡᠬᠤᠲᠠ ᠵᠢᠨ ᠮᠣᠩᠭᠣᠯ ᠦᠨᠳᠦᠰᠦᠲᠡᠨ᠎ᠤ ᠰᠤᠷᠭᠠᠭᠤᠯᠢ᠎ᠶᠢᠨ ᠬᠥᠯ ᠪᠥᠮᠪᠥᠭᠡ ᠵᠢᠨ ᠠᠩᠭᠢ᠎ᠳᠦ ᠬᠦᠷᠴᠦ᠂ ᠲᠤᠰᠬᠠᠢ ᠪᠣᠯᠪᠠᠰᠤᠷᠠᠯ ᠬᠦᠷᠲᠡᠵᠦ ᠡᠬᠢᠯᠡᠵᠡᠢ᠃ ᠤᠷᠭᠤᠮᠠᠯ ᠭᠦᠭᠡᠬᠤᠲᠠ ᠵᠢᠨ ᠮᠣᠩᠭᠣᠯ ᠦᠨᠳᠦᠰᠦᠲᠡᠨ᠎ᠤ ᠰᠤᠷᠭᠠᠭᠤᠯᠢ᠎ᠶᠢᠨ ᠬᠥᠯ ᠪᠥᠮᠪᠥᠭᠡᠨ ᠠᠩᠭᠢ᠎ᠳᠤ ᠪᠠᠢᠬᠤ ᠬᠤᠭᠤᠴᠠᠭᠠᠨ᠎ᠳᠤ ᠪᠥᠮᠪᠥᠭᠡᠨ ᠠᠩᠭᠢ ᠪᠡᠡ ᠳᠠᠭᠠᠵᠤ ᠤᠯᠠᠨ ᠤᠷᠤᠯᠳᠤᠭᠠᠨ ᠲᠡᠮᠡᠴᠡᠭᠡᠨ᠎ᠳᠦ ᠣᠷᠣᠯᠴᠠᠨ ᠰᠢᠯᠢᠳᠡᠭ ᠬᠢᠷᠢ ᠪᠦᠳᠤᠮᠵᠢ ᠣᠯᠣᠭᠰᠠᠨ ᠪᠠᠢᠨ᠎ᠠ᠃
ᠣᠨᠴᠠᠭᠠᠢᠷᠠᠭᠰᠠᠨ ᠪᠥᠮᠪᠥᠭᠡᠨ ᠮᠡᠷᠭᠡᠵᠢᠯ᠂ ᠠᠪᠢᠶᠠᠰᠯᠢᠭ᠋ ᠬᠥᠳᠡᠯᠦᠯ ᠪᠠᠷᠢᠯ᠂ ᠰᠢᠷᠭᠠᠭᠤ ᠴᠢᠷᠮᠠᠢᠯᠭ᠎ᠠ ᠨᠢ ᠲᠡᠭᠦᠨ᠎ᠢ ᠡᠳᠦᠷ ᠡᠴᠨ ᠡᠳᠦᠷ ᠥᠨᠳᠥᠷ ᠲᠦᠪᠰᠢᠨ᠎ᠳᠦ ᠬᠦᠷᠭᠡᠵᠦ᠂ 2015 ᠣᠨ᠎ᠳᠦ ᠲᠢᠶᠠᠨᠵᠢᠨ᠎ᠤ ᠬᠤᠢ ᠰᠧᠨ ᠡᠮᠡᠭᠲᠡᠢ ᠵᠢᠨ ᠬᠥᠯ ᠪᠥᠮᠪᠥᠭᠡᠨ ᠺᠯᠥ᠋ᠪ᠎ᠲᠤ ᠰᠣᠩᠭᠣᠭᠳᠠᠵᠤ᠂ 2018 ᠣᠨ᠎ᠤ ᠡᠬᠢ ᠪᠡᠷ ᠴᠠᠩᠴᠦ᠋ᠨᠦ ᠳᠠ ᠵᠦᠡᠭ ᠵᠦᠸᠧ ᠶᠤᠸᠠᠢ ᠬᠥᠯ ᠪᠥᠮᠪᠥᠭᠡᠨ ᠺᠯᠥ᠋ᠪ᠎ᠲᠦ ᠰᠢᠯᠵᠢᠵᠡᠢ᠃ ᠨᠡᠨᠭ ᠴᠦ᠍ 2019 ᠣᠨ᠎ᠳᠤ ᠤᠯᠤᠰ᠎ᠤᠨ ᠰᠢᠷ᠎ᠠ ᠠᠩᠭᠢ (ᠬᠣᠶᠠᠳᠤᠭᠠᠷ ᠠᠩᠭᠢ)᠎ᠳᠦ ᠰᠣᠩᠭᠣᠭᠳᠠᠵᠤ᠂ ᠤᠯᠤᠰ᠎ᠦᠨ ᠬᠥᠯ ᠪᠥᠮᠪᠥᠭᠡ᠎ᠶᠢᠨ ᠠᠩᠭᠢ᠎ᠶᠢᠨ ᠠᠩᠬᠠᠳᠠᠭ᠍ᠴᠢ ᠮᠣᠩᠭᠣᠯ ᠲᠠᠮᠢᠷᠴᠢᠨ ᠪᠣᠯᠪᠠ᠃ 2021 ᠣᠨ᠎ᠳᠦ ᠲᠣᠣᠺᠢᠤ᠋᠎ᠶᠢᠨ ᠣᠯᠢᠮᠫᠢᠺ᠎ᠤᠨ ᠳᠤᠮᠳᠠᠳᠤ ᠤᠯᠤᠰ᠎ᠤᠨ ᠲᠥᠯᠥᠭᠡᠯᠡᠭᠴᠢ ᠵᠢᠨ ᠳᠤᠭᠤᠢᠯᠠᠩ᠎ᠤᠨ ᠬᠥᠯ ᠪᠥᠮᠪᠥᠭᠡᠨ ᠠᠩᠭᠢ ᠵᠢᠨ ᠲᠠᠮᠢᠷᠴᠢᠳ᠎ᠤᠨ ᠨᠡᠷᠡᠰ᠎ᠤᠨ ᠪᠦᠷᠢᠳᠬᠡᠯ᠎ᠳᠦ ᠵᠢᠭ᠍ᠰᠠᠭᠠᠭᠳᠠᠵᠤ᠂ ᠲᠣᠣᠺᠢᠤ᠋᠎ᠶᠢᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠣᠷᠣᠯᠴᠠᠪᠠ᠃ ᠲᠠᠭᠢᠪᠠᠯ᠂ 2023 ᠣᠨ᠎ᠤ 9 ᠰᠠᠷ᠎ᠠ᠎ᠳᠦ ᠤᠷᠭᠤᠮᠠᠯ ᠬᠠᠩᠵᠧᠦ ᠵᠢᠨ 19 ᠳ᠋ᠦ᠍ᠭᠡᠷ ᠬᠤᠭᠤᠴᠠᠭᠠᠨ᠎ᠤ ᠠᠽᠢᠶ᠎ᠠ ᠲᠢᠪ᠎ᠤᠨ ᠪᠡᠶ᠎ᠡ ᠵᠢᠨ ᠲᠠᠮᠢᠷ᠎ᠤᠨ ᠴᠤᠭᠯᠠᠭᠠᠨ᠎ᠳᠤ ᠠᠩᠭᠢ᠎ᠶᠢᠨ ᠨᠥᠬᠥᠳ ᠲᠠᠢ ᠪᠡᠡ ᠬᠠᠮᠲᠤ ᠣᠷᠣᠯᠴᠠᠨ᠂ 16᠄ 0᠎ᠤᠨ ᠰᠢᠯᠢᠳᠡᠭ ᠪᠦᠲᠦᠮᠵᠢ ᠪᠡᠷ ᠮᠣᠩᠭᠣᠯ ᠤᠯᠤᠰ᠎ᠤᠨ ᠬᠥᠯ ᠪᠥᠮᠪᠥᠭᠡᠨ ᠠᠩᠭᠢ ᠶ᠋ᠢ ᠢᠯᠠᠵᠤ᠂ 10 ᠰᠠᠷ᠎ᠠ᠎ᠳᠦ ᠨᠢ 7᠄ 0᠎ᠢᠶᠡᠷ ᠦᠽᠪᠸᠺᠰᠲ᠋ᠠᠨ᠎ᠤ ᠬᠥᠯ ᠪᠥᠮᠪᠥᠭᠡᠨ ᠠᠩᠭᠢ ᠶ᠋ᠢ ᠢᠯᠠᠵᠤ᠂ ᠭᠤᠲᠠᠭᠠᠷ ᠪᠠᠢᠷᠢ ᠵᠢᠨ ᠰᠢᠯᠢᠳᠡᠭ ᠬᠢᠷᠢ ᠪᠦᠳᠤᠮᠵᠢ᠎ᠶᠢ ᠲᠡᠮᠡᠴᠡᠨ ᠣᠯᠵᠠᠢ᠃
ᠤᠷᠭᠤᠮᠠᠯ ᠬᠦᠴᠢᠷ ᠡᠴᠨ ᠵᠢᠷᠦᠬᠡᠰᠢᠶᠡᠬᠦ ᠦᠭᠡᠢ ᠬᠠᠲᠠᠭᠤ ᠵᠣᠷᠢᠭ᠋ ᠵᠢᠡᠷ ᠵᠢᠡᠨ ᠤᠷᠤᠭ᠍ᠰᠢ ᠲᠡᠮᠡᠦᠯᠵᠦ᠂ 2023 ᠣᠨ᠎ᠤ 9 ᠰᠠᠷ᠎ᠠ᠎ᠳᠦ ᠠᠦ᠋ᠰᠲᠷᠠᠯᠢᠶ᠎ᠠ ᠵᠢᠨ ᠡᠮᠡᠭᠲᠡᠢ᠎ᠶᠢᠨ ᠬᠥᠯ ᠪᠥᠮᠪᠥᠭᠡ᠎ᠶᠢᠨ ᠤᠷᠤᠯᠳᠤᠭᠠᠨ᠎ᠤ ᠲᠥᠪ᠎ᠦᠨ ᠲᠠᠯᠠᠢ᠎ᠶᠢᠨ ᠭᠦᠪᠡᠭᠡ᠎ᠶᠢᠨ ᠤᠰᠤᠴᠢᠨᠤ ᠠᠩᠭᠢ᠎ᠳᠤ ᠡᠯᠰᠡᠭᠳᠡᠵᠦ᠂ ᠲᠤᠰ ᠤᠷᠤᠯᠳᠤᠭᠠᠨ᠎ᠤ ᠤᠯᠠᠷᠢᠯ᠎ᠳᠤ ᠨᠡᠢᠲᠡ 25 ᠲᠠᠯᠠᠪᠠᠢ ᠤᠷᠤᠯᠳᠤᠭᠠᠨ᠎ᠳᠦ ᠤᠷᠤᠯᠴᠠᠵᠤ᠂ 8 ᠤᠳᠠᠭ᠎ᠠ ᠪᠥᠮᠪᠥᠭᠡ ᠣᠷᠣᠭᠤᠯᠤᠨ᠂ ᠲᠤᠰ ᠠᠩᠭᠢ᠎ᠳᠠᠭᠠᠨ ᠬᠠᠮᠤᠭ ᠡᠴᠨ ᠤᠯᠠᠨ ᠪᠥᠮᠪᠥᠭᠡ ᠣᠷᠣᠭᠤᠯᠤᠭᠰᠠᠨ ᠲᠠᠮᠢᠷᠴᠢᠨ ᠪᠣᠯᠵᠠᠢ᠃ ᠤᠷᠭᠤᠮᠠᠯ ᠪᠠ ᠲᠡᠭᠦᠨ᠎ᠦ ᠠᠩᠭᠢ᠎ᠶᠢᠨ ᠨᠥᠬᠥᠳ᠎ᠤᠨ ᠬᠠᠮᠲᠤ᠎ᠶᠢᠨ ᠴᠢᠷᠮᠠᠢᠯᠭ᠎ᠠ ᠪᠡᠷ ᠲᠤᠰ ᠪᠥᠮᠪᠥᠭᠡᠨ ᠠᠩᠭᠢ ᠨᠢ ᠶᠡᠷᠦᠩᠬᠡᠢ ᠨᠡᠷᠡᠰ᠎ᠦᠨ ᠵᠢᠭ᠍ᠰᠠᠭᠠᠯᠲᠠ᠎ᠳᠦ ᠲᠠᠪᠤᠳᠤᠭᠠᠷ᠎ᠲᠦ ᠰᠢᠯᠭᠠᠷᠠᠵᠤ᠂ ᠳᠠᠷᠠᠭ᠎ᠠ ᠡᠭᠡᠯᠵᠢ ᠵᠢᠨ ᠰᠢᠭᠰᠢᠯᠲᠡ ᠵᠢᠨ ᠤᠷᠤᠯᠳᠤᠭᠠᠨ᠎ᠳᠦ ᠣᠷᠤᠯᠴᠠᠬᠤ ᠡᠷᠬᠡ᠎ᠶᠢ ᠣᠯᠵᠠᠢ᠃ ᠤᠷᠭᠤᠮᠠᠯ ᠴᠤ᠌ ᠪᠥᠮᠪᠥᠭᠡᠨ ᠪᠠᠬᠠᠲᠠᠳ᠎ᠤᠨ ᠰᠣᠩᠭᠣᠯᠲᠠ ᠪᠡᠷ 2023 - 2024 ᠣᠨ᠎ᠤ ᠤᠷᠤᠯᠳᠤᠭᠠᠨ᠎ᠤ ᠤᠯᠠᠷᠢᠯ᠎ᠤᠨ ᠰᠢᠯᠢᠳᠡᠭ ᠬᠥᠯ ᠪᠥᠮᠪᠥᠭᠡᠨ ᠲᠠᠮᠢᠷᠴᠢᠨ ᠵᠢᠡᠷ ᠲᠣᠳᠣᠷᠠᠵᠤ᠂ ᠶᠡᠬᠡ ᠳᠠᠯᠠᠢ ᠵᠢᠨ ᠲᠢᠪ᠎ᠲᠦ ᠡᠬᠡ ᠤᠯᠤᠰ᠎ᠤᠨ ᠵᠢᠡᠨ ᠨᠡᠷ᠎ᠡ ᠠᠯᠳᠠᠷ᠎ᠢ ᠮᠠᠨᠳᠤᠭᠤᠯᠵᠤ᠂ ᠡᠵᠢ ᠠᠪᠤ ᠡᠯᠢᠭᠡᠨ ᠰᠠᠳᠤᠨ ᠵᠢᠡᠨ ᠪᠠᠶᠠᠰᠬᠠᠭᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃