2022-01-05 10:34:56
ᠬᠢᠲᠠᠳ ᠨᠡᠷᠡ ᠄ 卡通

ᠺᠠᠷᠲ᠋ᠤᠨ ( Carton) ᠪᠤᠯᠬᠦᠳᠡᠯᠭᠡᠭᠡᠨᠤ ᠤᠷᠠᠯᠢᠭ ᠪᠠᠢ᠌ᠵᠦ᠍᠂ ᠬᠦᠳᠡᠯᠭᠡᠭᠡᠨ ᠨᠢ ᠺᠠᠷᠲ᠋ᠤᠨᠤ ᠮᠦᠨ ᠴᠢᠨᠠᠷ ᠪᠤᠯᠤᠨᠡ᠃ ᠲᠡᠤᠬᠡᠨᠲᠡᠭᠡᠷᠡ ᠺᠠᠷᠲ᠋ᠤᠨᠢ ᠡᠭᠦᠳᠦᠨ ᠪᠦᠲᠦᠭᠡᠭ᠌ᠰᠡᠨ ᠴᠠᠭ ᠨᠢ ᠺᠢᠨᠣ᠋ ᠪᠠ ᠲᠸᠯᠸᠢᠰ ᠡᠴᠡ ᠡᠷᠳᠡ ᠪᠠᠢ᠌ᠳᠠᠭ᠃ ᠺᠤᠮᠫᠢᠦ᠋ᠲᠸᠷᠤᠨᠺᠠᠷᠲ᠋ᠤᠨ ᠮᠡᠷᠭᠡᠵᠢᠯ ᠨᠢ ᠡᠯᠸᠺᠲ᠋ᠷᠤᠨ ᠪᠠ ᠰᠦᠯᠵᠢᠶᠡᠨᠤ ᠲᠤᠭ᠍ᠯᠠᠭᠠᠮ ᠲᠡᠷᠡᠴᠢᠯᠡᠨ ᠺᠢᠨᠣ᠋ ᠵᠢᠨ ᠤᠨᠴᠠᠮᠡᠷᠭᠡᠵᠢᠯ ᠪᠠ ᠺᠠᠷᠲ᠋ᠤᠨᠤ ᠦᠢᠯᠡᠳᠦᠨ ᠪᠦᠲᠦᠭᠡᠬᠦ᠌ ᠲᠠᠯᠡᠳᠦ ᠱᠢᠢᠳᠪᠦᠷᠢᠯᠡᠬᠦ᠌ ᠦᠢᠯᠡᠳᠦᠯᠦᠵᠡᠬᠦᠯᠵᠦ᠍ ᠪᠠᠢ᠌ᠳᠠᠭ᠃ ᠺᠠᠷᠲ᠋ᠤᠨᠢ ᠺᠢᠨᠣ᠋ ᠲᠸᠯᠸᠢᠰ ᠺᠠᠷᠲ᠋ᠤᠨ ᠪᠠ ᠰᠦᠯᠵᠢᠶᠡᠨ ᠺᠠᠷᠲ᠋ᠤᠨ ᠭᠡᠵᠦ᠍ᠬᠤᠶᠠᠷ ᠲᠦᠷᠦᠯᠳᠤ ᠬᠤᠪᠢᠶᠠᠵᠦ᠍᠂ ᠰᠤᠨᠢᠨ ᠮᠡᠳᠡᠭᠡᠨᠤ ᠬᠦᠷᠢᠶᠡ ᠬᠡᠪᠴᠢᠶᠡᠨᠳᠦᠬᠡᠷᠡᠭ᠌ᠯᠡᠭ᠌ᠳᠡᠬᠦ᠌ᠳᠦ ᠡᠭᠦᠳᠦᠨ ᠪᠦᠲᠦᠭᠡᠯᠴᠢ ᠴᠢᠨᠠᠷ᠂ ᠭᠤᠤᠯ ᠰᠡᠲᠦᠪᠲᠦ ᠴᠢᠨᠠᠷ᠂ ᠰᠤᠨᠢᠨ ᠮᠡᠳᠡᠭᠡᠴᠢᠱᠢᠨᠵᠢ᠂ ᠮᠡᠷᠭᠡᠵᠢᠯᠤᠨ ᠱᠢᠨᠵᠢ᠂ ᠲᠠᠮᠵᠢᠭᠤᠯᠭᠠ ᠵᠢᠨ ᠱᠢᠨᠵᠢ᠂ ᠱᠢᠯᠵᠢᠶᠡ ᠱᠢᠨᠵᠢ ᠵᠡᠷᠭᠡᠤᠨᠴᠠᠯᠢᠭ ᠲᠠᠢ ᠪᠤᠯᠳᠠᠭ ᠃
ᠴᠠᠬ ᠦᠶᠡ ᠪᠠ ᠱᠢᠨᠵᠢᠯᠡᠬᠦ᠌ ᠤᠬᠠᠭᠠᠨ ᠲᠸᠭᠨᠢᠢᠡ᠋ ᠮᠡᠷᠭᠡᠵᠢᠯᠤᠨᠬᠦᠭ᠌ᠵᠢᠯᠲᠡ ᠵᠢ ᠲᠠᠭᠠᠯᠳᠤᠨ ᠺᠠᠷᠲ᠋ᠤᠨ ᠨᠢ ᠡᠯᠪᠡᠭ ᠪᠠᠶᠠᠯᠢᠭ ᠢᠯᠡᠷᠡᠭᠦᠯᠬᠦ᠌ ᠠᠷᠭᠠ ᠠᠪᠴᠠᠯ ᠡᠴᠡ ᠪᠡᠨᠪᠤᠯᠵᠦ᠍᠂ ᠰᠤᠨᠢᠨ ᠮᠡᠳᠡᠭᠡ ᠲᠠᠮᠵᠢᠭᠤᠯᠭᠠ ᠵᠢᠨ ᠤᠬᠠᠭᠠᠨᠤ ᠲᠤᠬᠠᠢ᠌ᠯᠠᠬ᠍ᠰᠠᠨ ᠠᠵᠢᠯ ᠪᠠ ᠡᠷᠲᠡᠮᠱᠢᠨᠵᠢᠯᠡᠭᠡᠨᠤ ᠬᠦᠷᠢᠶᠡ ᠴᠠᠷᠠᠭᠠᠳᠦ ᠡᠳᠦᠷ ᠢᠷᠡᠬᠦᠶᠡ ᠦᠷᠭᠡᠨ ᠵᠢᠡᠷ ᠬᠡᠷᠡᠭ᠌ᠯᠡᠭ᠌ᠳᠡᠬᠦ᠌ᠪᠤᠯᠵᠠᠢ᠃ ᠰᠤᠨᠢᠨ ᠰᠡᠳᠭᠦᠯ ᠲᠡᠭᠡᠷᠡ ᠺᠠᠷᠲ᠋ᠤᠨ ᠨᠢ ᠱᠤᠭ ᠵᠢᠷᠤᠭᠤᠨ ᠬᠡᠯᠪᠡᠷᠢ ᠪᠠᠷ ᠢᠯᠡᠷᠡᠵᠦ᠍᠂ᠲᠸᠯᠸᠢᠰ ᠪᠠ ᠰᠦᠯᠵᠢᠶᠡᠨ ᠵᠠᠭᠤᠴᠢᠯᠠᠭᠤᠷ ᠲᠦ᠍ ᠭᠤᠤᠯᠳᠠᠭᠤ ᠺᠠᠷᠲ᠋ᠤᠨᠦ ᠬᠡᠯᠪᠡᠷᠢ ᠵᠢ ᠬᠡᠷᠡᠭ᠌ᠯᠡᠳᠡᠭᠪᠠᠢ᠌ᠨᠡ᠃ ᠤᠨᠴᠠᠭᠠᠢ᠌ᠯᠠᠨ ᠱᠢᠨᠡ ᠵᠠᠭᠤᠴᠢᠯᠠᠭᠤᠷᠤᠨ ᠨᠢᠰᠭᠦ ᠮᠡᠲᠦ ᠬᠦᠭ᠌ᠵᠢᠯᠲᠡ ᠵᠢ ᠲᠠᠭᠠᠯᠳᠦᠨᠺᠠᠷᠲ᠋ᠤᠨ ᠨᠢ ᠮᠠᠰᠢ ᠴᠢᠬᠤᠯᠠ ᠲᠦᠷᠢ ᠵᠢ ᠲᠤᠭ᠍ᠯᠠᠬᠤ ᠪᠤᠯᠵᠠᠢ᠃ ᠲᠡᠷᠡ ᠨᠢ ᠰᠤᠨᠢᠨ ᠮᠡᠳᠡᠭᠡᠨᠤᠮᠡᠳᠡᠭᠡᠯᠡᠯᠳᠦ ᠬᠠᠪᠰᠤᠷᠤᠮᠵᠢ ᠵᠢᠨ ᠦᠢᠯᠡᠲᠦᠯ ᠦᠵᠡᠬᠦᠯᠬᠦ᠌ ᠵᠢᠨ ᠬᠠᠮᠲᠦ ᠬᠡᠢ᠌ᠰᠪᠦᠷᠢ ᠠᠭᠤᠯᠭᠠ ᠵᠢᠪᠤᠳᠠᠳᠠᠢ᠌ᠵᠢᠭᠤᠯᠤᠨ ᠲᠠᠮᠵᠢᠭᠤᠯᠭᠠ ᠵᠢᠨ ᠴᠢᠨᠠᠷ ᠴᠢᠨᠰᠠᠭᠠ ᠵᠢ ᠲᠡᠭᠡᠭ᠌ᠰᠢᠯᠡᠬᠦᠯᠵᠦ᠍᠂ ᠰᠤᠨᠢᠨᠮᠡᠳᠡᠭᠡᠨᠤ ᠲᠤᠰᠭᠠᠢ ᠬᠡᠯᠪᠡᠷᠢ ᠪᠤᠯᠳᠠᠭ᠃ ᠤᠯᠠᠨ ᠵᠦᠢᠯᠤᠨ ᠲᠠᠮᠵᠢᠭᠤᠯᠭᠠ ᠵᠢᠨ ᠠᠷᠭᠠ ᠠᠪᠴᠠᠯᠢᠨᠢᠭᠡᠳᠭᠡᠭ᠌ᠰᠡᠨ ᠺᠠᠷᠲ᠋ᠤᠨᠢ ᠰᠤᠨᠢᠨ ᠮᠡᠳᠡᠭᠡᠨᠦ ᠮᠡᠳᠡᠭᠡᠯᠡᠯᠳᠦ ᠬᠡᠷᠡᠭ᠌ᠯᠡᠬᠦ᠌ ᠨᠢ ᠤᠳᠤᠬᠠᠨᠤᠲᠤᠭᠠᠴᠢᠯᠠᠬ᠍ᠰᠠᠨ ᠵᠠᠭᠤᠴᠢᠯᠠᠭᠤᠷᠤᠨ ᠡᠷᠢᠨᠦ ᠴᠢᠬᠤᠯᠠ ᠨᠢᠭᠡᠨ ᠬᠠᠨᠲᠤᠰᠢ ᠪᠤᠯᠤᠭ᠍ᠰᠠᠨ ᠪᠠᠢ᠌ᠨᠡ ᠃
ᠺᠠᠷᠲ᠋ᠤᠨᠨᠢ ᠤᠢ᠍ᠢᠷᠡ ᠵᠢᠨ ᠵᠢᠯᠳᠦ ᠮᠤᠩᠭᠤᠯ ᠰᠤᠨᠢᠨᠮᠡᠳᠡᠭᠡᠨᠤ ᠲᠤᠬᠠᠢ᠌ᠯᠠᠭ᠍ᠰᠠᠨ ᠠᠵᠢᠯᠤᠨ ᠬᠦᠷᠢᠶᠡ ᠴᠠᠷᠠᠭᠠᠨᠳᠦ ᠦᠷᠭᠡᠨ ᠵᠢᠡᠷ ᠬᠡᠷᠡᠭ᠌ᠯᠡᠭ᠌ᠳᠡᠵᠠᠢ᠃ᠮᠤᠩᠭᠤᠯ ᠰᠤᠨᠢᠨ ᠨᠢ ᠤᠯᠠᠩᠬᠢᠳᠠᠭᠠᠨ ᠱᠤᠭ ᠵᠢᠷᠤᠭᠤᠨ ᠬᠡᠯᠪᠡᠷᠢ ᠵᠢ ᠬᠡᠷᠡᠭ᠌ᠯᠡᠵᠦ᠍᠂ ᠦᠪᠤᠷᠮᠤᠡᠭᠭᠤᠯᠤᠨ ᠮᠤᠩᠭᠤᠯ ᠤᠳᠤᠨ ᠲᠸᠯᠸᠢᠰ ᠲᠦ᠍ ᠭᠤᠤᠯᠳᠠᠭᠤ ᠺᠠᠷᠲ᠋ᠤᠨᠦ ᠬᠡᠯᠪᠡᠷᠢ ᠵᠢ ᠬᠡᠷᠡᠭ᠌ᠯᠡᠵᠦ᠍᠂ᠮᠤᠩᠭᠤᠯ ᠱᠢᠨᠡ ᠵᠠᠭᠤᠴᠢᠯᠠᠭᠤᠷ ᠲᠦ᠍ ᠤᠷᠲᠦ ᠵᠢᠷᠤᠭ᠂ ᠵᠢᠷᠤᠮᠠᠯ ᠵᠢᠷᠤᠭ᠂ H5 ᠂ᠺᠠᠷᠲ᠋ᠤᠨ ᠵᠡᠷᠭᠡ ᠵᠢ ᠬᠠᠮᠲᠤᠷᠠᠭᠤᠯᠤᠨ ᠬᠡᠷᠡᠭ᠌ᠯᠡᠵᠦ᠍ ᠪᠠᠢ᠌ᠨᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃