2022-01-06 10:05:45
ᠬᠢᠲᠠᠳ ᠨᠡᠷ᠎ᠡ᠄ 新媒体
ᠠᠩᠭᠯᠢ ᠨᠡᠷ᠎ᠡ᠄ new media
ᠱᠢᠨᠡᠵᠠᠭᠤᠴᠢᠯᠠᠭᠤᠷ ᠨᠢ ᠳᠤᠭᠠᠴᠢᠯᠠᠭ᠍ᠰᠠᠨ ᠮᠡᠷᠭᠡᠵᠢᠯ᠎ᠢ ᠠᠱᠢᠭ᠍ᠯᠠᠨ᠂ ᠺᠣᠮᠫᠢᠦ᠋ᠲ᠋ᠧᠷ ᠰᠦᠯᠵᠢᠶ᠎ᠡ᠂ ᠤᠲᠠᠰᠦᠬᠦᠢ ᠴᠢᠮᠡᠬᠡ ᠬᠤᠯᠪᠤᠭᠠᠨ᠎ᠤ ᠰᠦᠯᠵᠢᠶ᠎ᠡ᠂ ᠳᠠᠭᠠᠭᠤᠯᠢᠤᠳᠤ ᠵᠡᠷᠭᠡ ᠵᠠᠮ ᠰᠤᠪᠠᠭ ᠵᠢᠴᠢ ᠺᠣᠮᠫᠢᠦ᠋ᠲ᠋ᠧᠷ᠂ ᠭᠠᠷ ᠤᠲᠠᠰᠤ᠂ ᠳᠤᠭᠠᠴᠢᠯᠠᠭ᠍ᠰᠠᠨ ᠲᠧᠯᠸᠢᠰ ᠵᠡᠷᠭᠡ ᠦᠵᠦᠭᠦᠷᠯᠢᠭᠢᠶᠡᠷᠳᠠᠮᠵᠢᠭᠤᠯᠤᠨ ᠬᠡᠷᠡᠭ᠌ᠯᠡᠭ᠌ᠴᠢᠳ᠎ᠲᠦ ᠮᠡᠳᠡᠭᠡ ᠵᠠᠩᠭᠢ ᠪᠠ ᠦᠢᠯᠡᠴᠢᠯᠡᠭᠡ ᠬᠠᠩᠭᠠᠳᠠᠭ᠃ ᠣᠷᠣᠨ ᠵᠠᠶᠶᠢᠨᠲᠠᠯᠠᠠᠴᠠ ᠠᠪᠴᠤ᠌ ᠦᠵᠡᠪᠡᠯ᠂ 《ᠱᠢᠨ᠎ᠡ ᠵᠠᠭᠤᠴᠢᠯᠠᠭᠤᠷ》 ᠭᠡᠳᠡᠭ ᠨᠢᠣᠳᠣᠬᠠᠨᠳᠤ《ᠤᠯᠠᠮᠵᠢᠯᠠᠯᠲᠤ ᠵᠠᠭᠤᠴᠢᠯᠠᠭᠤᠷ》᠎ᠲᠠᠢ ᠬᠠᠷᠠᠭᠠᠯᠵᠠᠬᠰᠠᠨ᠂ ᠲᠣᠭᠠᠨ᠎ᠤ ᠠᠪᠴᠢᠭᠤᠯᠤᠯ ᠪᠠ ᠤᠲᠠᠰᠤ ᠥᠬᠡᠶ ᠰᠦᠯᠵᠢᠶᠡᠨᠦᠮᠡᠷᠭᠡᠵᠢᠯᠳᠤ ᠲᠦᠰᠢᠭᠯᠡᠵᠦ᠂ ᠲᠡᠲᠡᠭᠡᠷ᠎ᠤᠨ ᠲᠤᠮᠤ ᠪᠠᠭ᠍ᠲᠠᠭᠠᠮᠵᠢᠲᠤ ᠴᠢᠨᠠᠷ᠂ ᠴᠠᠭ ᠲᠤᠬᠠᠢᠴᠢ ᠴᠢᠨᠠᠷᠪᠠ ᠰᠡᠯᠭᠦᠭᠡ ᠴᠢᠨᠠᠷ᠎ᠢ ᠠᠱᠢᠭ᠍ᠯᠠᠨ᠂ ᠭᠠᠵᠠᠷ ᠵᠦᠶ᠎ᠶᠢᠨ ᠬᠢᠵᠠᠭᠠᠷ᠎ᠢ ᠳᠠᠪᠠᠵᠤ ᠡᠴᠦᠰ ᠲᠡᠭᠡᠨᠳᠡᠯᠡᠬᠡᠢᠵᠢᠯᠳᠠ ᠵᠢ ᠪᠡᠶᠡᠯᠡᠭᠦᠯᠵᠦ᠍ ᠴᠢᠳᠠᠬᠤ ᠵᠠᠭᠤᠴᠢᠯᠠᠭᠤᠷ᠎ᠢ ᠵᠢᠭᠠᠵᠤ ᠪᠠᠢᠨ᠎ᠠ᠃
ᠲᠠᠮᠵᠢᠭᠤᠯᠬᠤᠵᠠᠮ ᠰᠤᠪᠠᠭ᠄ ᠺᠤᠮᠫᠢᠦ᠋ᠲᠧᠷ ᠰᠦᠯᠵᠢᠶ᠎ᠡ᠂ ᠤᠲᠠᠰᠦᠬᠦᠢ ᠴᠢᠮᠡᠬᠡ ᠬᠤᠯᠪᠤᠭᠠᠨ᠎ᠤ ᠰᠦᠯᠵᠢᠶ᠎ᠠ ᠵᠡᠷᠭᠡ
ᠬᠠᠷᠢᠶᠠᠯᠠᠬᠲᠠᠬᠤᠬᠦᠷᠢᠶᠡ ᠬᠡᠪᠴᠢᠶ᠎ᠡ᠄ ᠺᠤᠮᠫᠢᠦ᠋ᠲᠧᠷ᠎ᠤᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ
ᠡᠬᠦᠰᠦᠯ
ᠬᠢᠲᠠᠳᠬᠡᠯᠡᠨᠦ 《ᠱᠢᠨ᠎ᠡ ᠵᠠᠭᠤᠴᠢᠯᠠᠭᠤᠷ》 ᠭᠡᠳᠡᠭ ᠦᠭᠡ ᠪᠣᠯᠠᠨᠭ᠌ᠭ᠌ᠯᠢ ᠬᠡᠯᠡᠨ᠎ᠦ 《New Media》᠎ᠶᠢᠨ ᠱᠢᠭᠤᠳ ᠣᠷᠴᠢᠭᠤᠯᠭ᠎ᠠ ᠪᠣᠯᠤᠨ᠎ᠠ᠂ ᠡᠢᠮᠦ᠍᠎ᠡᠴᠡ 《ᠱᠢᠨ᠎ᠡ ᠵᠠᠭᠤᠴᠢᠯᠠᠭᠤᠷ》᠎ᠤᠨ ᠡᠭᠦᠰᠦᠯᠢᠣᠢᠯᠠᠭᠠᠬᠤᠳᠤ 《New Media》 ᠭᠡᠳᠡᠭᠦᠭᠡᠶᠢᠨ ᠢᠷᠡᠯᠲᠡ᠎ᠡᠴᠡ ᠶᠠᠷᠢᠬᠤ ᠬᠡᠷᠡᠭ᠌ᠲᠡᠶ᠃ ᠶᠡᠷᠦ᠍᠎ᠳᠡᠭᠡᠨ 《ᠱᠢᠨ᠎ᠡ ᠵᠠᠭᠤᠴᠢᠯᠠᠭᠤᠷ》 ᠨᠢᠲᠠᠮᠵᠢᠭᠤᠯᠭᠠᠶᠢᠨ ᠵᠠᠭᠤᠴᠢ᠎ᠶᠢᠨ ᠲᠤᠰᠭᠠᠶ ᠨᠡᠷ᠎ᠡ ᠲᠣᠮᠢᠶ᠎ᠠ ᠪᠣᠯᠤᠭ᠍ᠰᠠᠨ᠎ᠤ ᠬᠤᠪᠢ᠎ᠳᠤ᠂ ᠬᠠᠮᠤᠭᠤᠨᠡᠷᠲᠡᠳᠡᠭᠡᠨ ᠠᠮᠧᠷᠢᠺᠠ᠎ᠶᠢᠨ ᠨᠢᠭᠡᠨ P.ᠭᠧᠦ᠋ᠳ᠋ᠮᠠᠷᠺ ( Peter Carl Goldmark) ᠭᠡᠳᠡᠭ ᠬᠥᠮᠦᠨ ᠳᠤᠷᠠᠳᠴᠤ᠌ ᠭᠠᠷᠭᠠᠭ᠍ᠰᠠᠨ ᠶᠤᠮ᠃ ᠲᠡᠷᠡ 1967 ᠣᠨ᠎ᠳᠤ EVR ᠲᠠᠸᠠᠷ ᠨᠡᠭᠡᠭᠡᠨ ᠠᠱᠢᠭ᠍ᠯᠠᠬᠤ ᠲᠥᠯᠥᠪᠯᠡᠭᠡ ᠨᠡᠢᠲᠡᠯᠡᠵᠦ᠍᠂ ᠡᠨᠡᠲᠥᠯᠥᠪᠯᠡᠭᠡᠳᠡᠭᠡᠨ 《ᠱᠢᠨ᠎ᠡ ᠵᠠᠭᠤᠴᠢᠯᠠᠭᠤᠷ》 ᠭᠡᠬᠦ᠌ ᠦᠭᠡ᠎ᠶᠢ ᠠᠩᠬ᠎ᠠ ᠳᠤᠷᠠᠳᠤᠭ᠍ᠰᠠᠨ᠎ᠤ ᠳᠠᠷᠠᠭ᠎ᠠ᠂ᠠᠮᠧᠷᠢᠺᠠᠶᠢᠨᠳᠠᠮᠵᠢᠭᠤᠯᠭᠠᠶᠢᠨ ᠲᠥᠷᠥ᠎ᠶᠢᠨ ᠪᠣᠳᠣᠯᠭ᠎ᠠ᠎ᠶᠢᠨ ᠶᠡᠷᠦᠩᠬᠡᠢᠯᠡᠭ᠌ᠴᠢ᠎ᠶᠢᠨ ᠣᠨᠴᠠᠭᠠᠶ ᠵᠥᠪᠯᠡᠯᠦᠨᠲᠡᠷᠢᠭᠦᠯᠡᠭ᠌ᠴᠢ ᠪᠠᠢᠬᠰᠠᠨ E ᠷᠤᠰᠲ᠋ᠤ᠋ (E Rostow ) ᠭᠡᠳᠡᠭ ᠬᠥᠮᠦᠨ 1969 ᠣᠨ᠎ᠳᠤ ᠲᠤᠬᠠᠢ᠎ᠶᠢᠨ ᠦᠶᠡᠶᠢᠨᠠᠮᠧᠷᠢᠺᠠᠶᠢᠨ ᠶᠡᠷᠦᠩᠬᠡᠢᠯᠡᠭ᠌ᠴᠢ ᠨᠢᠺᠰᠦᠨᠳᠤ ᠳᠡᠪᠱᠢᠭᠦᠯᠦᠭ᠌ᠰᠡᠨ ᠮᠡᠳᠡᠭᠦᠯᠦᠯᠲᠡᠶᠢᠨᠪᠢᠴᠢᠭᠲᠡᠬᠡᠨ ᠪᠠᠰᠠ ᠮᠠᠰᠢ ᠤᠯᠠᠨ ᠤᠲᠠᠭ᠎ᠠ 《New Media》 ( ᠱᠢᠨ᠎ᠡ ᠵᠠᠭᠤᠴᠢᠯᠠᠭᠤᠷ ) ᠭᠡᠬᠦ᠌ ᠦᠭᠡᠶᠢᠬᠡᠷᠡᠭ᠌ᠯᠡᠵᠡᠢ᠃
ᠡᠬᠦᠨ᠎ᠡᠴᠡ ᠰᠡᠬᠦᠯᠡᠷ᠂ 《ᠱᠢᠨ᠎ᠡ ᠵᠠᠭᠤᠴᠢᠯᠠᠭᠤᠷ》 ᠭᠡᠬᠦ᠌ ᠦᠭᠡᠠᠮᠧᠷᠢᠺᠠᠶᠢᠨ ᠨᠡᠢᠭᠡᠮ᠎ᠳᠦ ᠳᠡᠯᠭᠡᠷᠡᠭᠰᠡᠨ ᠪᠦᠬᠡᠳ ᠪᠦᠬᠦ᠌ ᠳᠡᠯᠡᠬᠡᠢ᠎ᠳᠦ ᠤᠯᠠᠮᠵᠢᠯᠠᠭ᠍ᠳᠠᠵᠤ᠂ ᠠᠭᠠᠵᠢᠮᠢᠶᠠᠷᠪᠦᠬᠦ᠌ ᠳᠡᠯᠡᠬᠡᠢ᠎ᠶᠢᠨ ᠬᠠᠯᠠᠮᠱᠢᠯ ᠰᠡᠳᠦᠪ ᠪᠣᠯᠪᠠ᠃
ᠠᠭᠤᠯᠤᠬᠲᠠᠬᠤᠨ
ᠳᠡᠯᠭᠡᠷᠡᠩᠭᠦᠶᠤᠳᠭᠠᠶᠢᠨ ᠱᠢᠨ᠎ᠡ ᠵᠠᠭᠤᠴᠢᠯᠠᠭᠤᠷ᠎ᠲᠤ ᠬᠣᠶᠠᠷ ᠶᠡᠬᠡ ᠲᠥᠷᠥᠯ᠎ᠢ ᠪᠠᠭ᠍ᠲᠠᠭᠠᠨ᠎ᠠ᠄
ᠨᠢᠭᠡ᠎ᠳᠦ᠂ᠮᠡᠷᠭᠡᠵᠢᠯ᠎ᠦᠨ ᠳᠠᠪᠱᠢᠯᠲᠠ᠎ᠳᠤ ᠰᠠᠭᠤᠷᠢᠯᠠᠬᠰᠠᠨ ᠵᠠᠭᠤᠴᠢᠯᠠᠭᠤᠷ᠎ᠤᠨ ᠬᠡᠯᠪᠡᠷᠢ᠎ᠶᠢᠨ ᠬᠤᠪᠢᠰᠤᠯᠲᠠ᠂ᠢᠯᠠᠩᠭᠤᠶ᠎ᠠ ᠤᠲᠠᠰᠦᠬᠦᠢ ᠴᠢᠮᠡᠬᠡ ᠬᠤᠯᠪᠤᠭᠠᠨ᠎ᠤ ᠮᠡᠷᠭᠡᠵᠢᠯ ᠪᠠ ᠰᠦᠯᠵᠢᠶᠡᠨ᠎ᠦ ᠮᠡᠷᠭᠡᠵᠢᠯᠳᠦᠰᠠᠭᠤᠷᠢᠯᠠᠭ᠍ᠰᠠᠨ ᠵᠠᠭᠤᠴᠢᠯᠠᠭᠤᠷ᠎ᠤᠨ ᠬᠡᠯᠪᠡᠷᠢ᠎ᠶᠢ ᠵᠢᠭᠠᠨ᠎ᠠ᠂ ᠵᠢᠱ᠌ᠢᠶᠡᠯᠡᠪᠡᠯ᠂ ᠲᠣᠭᠠᠴᠢᠯᠠᠭ᠍ᠰᠠᠨ ᠲᠧᠯᠸᠢᠰ᠂ IPTV ( ᠰᠡᠯᠬᠦᠬᠡᠬᠡᠯᠪᠡᠷᠢᠶᠢᠨ ᠰᠦᠯᠵᠢᠶᠡᠨ᠎ᠦ ᠲᠧᠯᠸᠢᠰ )᠂ ᠭᠠᠷ ᠤᠲᠠᠰᠤ ᠵᠡᠷᠭᠡ᠃
ᠬᠣᠶᠠᠷ᠎ᠲᠤ᠂ ᠠᠮᠢᠳᠤᠷᠠᠯ᠎ᠤᠨ ᠠᠷᠭ᠎ᠠ ᠮᠠᠢᠭ᠎ᠤᠨ ᠬᠤᠪᠢᠷᠠᠬᠤ᠎ᠶᠢ ᠳᠠᠭᠠᠯᠳᠤᠨ᠂ ᠥᠩᠭᠡᠷᠡᠭ᠌ᠰᠡᠨ᠎ᠳᠦ ᠨᠢᠭᠡᠨᠲᠡᠣᠷᠣᠱᠢᠵᠤ ᠪᠠᠢᠭ᠍ᠰᠠᠨ ᠪᠤᠯᠪᠠᠴᠦ ᠣᠳᠣ ᠰᠠᠶᠢ ᠮᠡᠳᠡᠭᠡ ᠵᠠᠩᠭᠢ ᠳᠠᠮᠵᠢᠭᠤᠯᠬᠤ᠎ᠳᠤ ᠠᠰᠢᠬᠯᠠᠬᠰᠠᠨᠠᠴᠢᠶᠠᠯᠠᠬᠴᠢᠶᠢ ᠵᠢᠭᠠᠨ᠎ᠠ᠃ ᠵᠢᠱ᠌ᠢᠶᠡᠯᠡᠪᠡᠯ᠂ ᠠᠰᠠᠷ ᠲᠠᠭ᠍ᠲᠤ᠎ᠶᠢᠨ ᠲᠧᠯᠸᠢᠰ᠂ ᠲᠡᠷᠭᠡᠨ ᠳᠡᠭᠡᠷᠡᠬᠢᠲᠧᠯᠸᠢᠰ ᠵᠡᠷᠭᠡ᠃ ᠢᠪᠴᠦᠦ ᠤᠳᠭ᠎ᠠ᠎ᠶᠢᠨ ᠱᠢᠨ᠎ᠡ ᠵᠠᠭᠤᠴᠢᠯᠠᠭᠤᠷ ᠭᠡᠳᠡᠭ ᠨᠢ ᠵᠥᠪᠬᠡᠨ ᠲᠡᠭᠡᠷᠡᠬᠢᠨᠢᠭᠡᠳᠦᠭᠡᠷ ᠲᠥᠷᠥᠯ᠎ᠦᠨ ᠵᠠᠭᠤᠴᠢᠯᠠᠭᠤᠷ᠂ ᠲᠠᠷᠤᠢ ᠮᠡᠷᠭᠡᠵᠢᠯ᠎ᠦᠨ ᠳᠠᠪᠱᠢᠯᠲᠠ᠎ᠳᠤ ᠰᠠᠭᠤᠷᠢᠯᠠᠨᠡᠭᠦᠰᠦᠭ᠌ᠰᠡᠨ ᠵᠠᠭᠤᠴᠢᠯᠠᠭᠤᠷ᠎ᠤᠨ ᠬᠡᠯᠪᠡᠷᠢ᠎ᠶᠢ ᠵᠢᠭᠠᠵᠤ ᠪᠠᠢᠨ᠎ᠠ᠃
ᠳᠤᠤᠷᠠᠬᠢᠳᠥᠷᠪᠡᠨ ᠳᠠᠪᠬᠤᠷᠭ᠎ᠠ᠎ᠠᠴᠠ ᠱᠢᠨ᠎ᠡ ᠵᠠᠭᠤᠴᠢᠯᠠᠭᠤᠷ᠎ᠤᠨ ᠤᠬᠠᠭ᠍ᠳᠠᠬᠤᠨ᠎ᠢ ᠣᠢᠯᠠᠭᠠᠵᠤ ᠪᠣᠯᠤᠨ᠎ᠠ᠄
ᠮᠡᠷᠭᠡᠵᠢᠯᠦᠨᠳᠠᠪᠬᠤᠷᠭᠠ᠄ ᠲᠣᠭᠠᠴᠢᠯᠠᠭ᠍ᠰᠠᠨ ᠮᠡᠷᠭᠡᠵᠢᠯ᠂ ᠰᠦᠯᠵᠢᠶᠡᠨ᠎ᠦ ᠮᠡᠷᠭᠡᠵᠢᠯ ᠪᠠᠱᠢᠯᠵᠢᠮᠡᠯ ᠬᠣᠯᠪᠣᠭᠠᠨ᠎ᠤ ᠮᠡᠷᠭᠡᠵᠢᠯ᠎ᠢ ᠠᠱᠢᠭ᠍ᠯᠠᠨ᠎ᠠ ;
ᠵᠠᠮᠰᠤᠪᠠᠭᠤᠨ ᠳᠠᠪᠬᠤᠷᠭ᠎ᠠ᠄ ᠢᠨᠲ᠋ᠸᠷ ᠰᠦᠯᠵᠢᠶ᠎ᠡ᠂ ᠥᠷᠭᠡᠨ ᠪᠦᠰᠡᠲᠦ ᠬᠡᠰᠡᠭᠬᠡᠪᠴᠢᠶᠡᠨᠦ ᠰᠦᠯᠵᠢᠶ᠎ᠡ᠂ ᠤᠲᠠᠰᠦᠬᠦᠶ ᠴᠢᠮᠡᠬᠡ ᠬᠣᠯᠪᠣᠭᠠᠨ᠎ᠤ ᠰᠦᠯᠵᠢᠶ᠎ᠡ ᠪᠠ ᠳᠠᠭᠠᠭᠤᠯᠢ ᠣᠲᠣ ᠵᠡᠷᠭᠡᠵᠠᠮ ᠰᠤᠪᠠᠭ᠎ᠢᠶᠠᠷ ᠳᠠᠮᠵᠢᠭᠤᠯᠤᠨ᠎ᠠ ;
ᠦᠵᠦᠭᠦᠷᠯᠢᠭᠦᠨᠳᠠᠪᠬᠤᠷᠭᠠ᠄ ᠲᠧᠯᠸᠢᠰ᠂ ᠺᠣᠮᠫᠢᠦ᠋ᠲ᠋ᠧᠷ ᠪᠠ ᠭᠠᠷ ᠤᠲᠠᠰᠤ ᠵᠡᠷᠭᠡ᠎ᠪᠡᠷ ᠦᠵᠦᠭᠦᠷᠯᠢᠭᠪᠣᠯᠭᠠᠨᠠ ︔
ᠦᠶ᠋ᠯᠡᠴᠢᠯᠡᠭᠡᠨᠦᠲᠠᠪᠬᠤᠷᠭᠠ᠄ ᠬᠡᠷᠡᠭ᠌ᠯᠡᠭ᠌ᠴᠢᠳ᠎ᠲᠦ ᠸᠢᠳᠢᠣ᠋᠂ ᠠᠦ᠋ᠳᠢᠣ᠋᠂ ᠠᠪᠢᠶᠠᠨᠤᠲᠣᠭᠠ ᠪᠠᠷᠢᠮᠲᠠ᠎ᠶᠢᠨ ᠦᠶ᠋ᠯᠡᠴᠢᠯᠡᠭᠡ᠂ ᠠᠯᠤᠰ ᠡᠵᠡᠮᠱᠢᠯᠲᠦ ᠰᠤᠷᠭᠠᠨ ᠬᠥᠮᠦᠵᠢᠯ ᠵᠡᠷᠭᠡ ᠬᠤᠷᠠᠮᠠᠯᠮᠡᠳᠡᠭᠡ ᠵᠠᠩᠭᠢ ᠪᠠ ᠵᠤᠭ᠎ᠠ ᠴᠡᠩᠭᠡᠯ᠎ᠦᠨ ᠦᠶ᠋ᠯᠡᠴᠢᠯᠡᠭᠡ ᠬᠠᠩᠭᠠᠨ᠎ᠠ᠃
ᠤᠨᠴᠠᠯᠢᠭ
ᠲᠣᠭᠠᠴᠢᠯᠠᠭ᠍ᠰᠠᠨᠮᠡᠷᠭᠡᠵᠢᠯᠢᠶᠡᠷ ᠲᠥᠯᠥᠭᠡᠯᠡᠭᠦᠯᠦᠭ᠌ᠰᠡᠨ ᠱᠢᠨ᠎ᠡ ᠵᠠᠭᠤᠴᠢᠯᠠᠭᠤᠷ᠎ᠤᠨ ᠬᠠᠮᠤᠭ᠎ᠤᠨ ᠶᠡᠬᠡ ᠣᠨᠴᠠᠯᠢᠭ ᠪᠣᠯᠵᠠᠭᠤᠴᠢᠯᠠᠭᠤᠷᠤᠨ ᠬᠣᠭᠣᠷᠣᠨᠳᠣᠬᠢ ᠪᠡᠬᠢᠯᠡᠯᠲᠡ᠎ᠶᠢ ᠡᠪᠳᠡᠵᠦ᠍᠂ ᠵᠠᠭᠤᠴᠢᠯᠠᠭᠤᠷ᠎ᠤᠨ ᠬᠣᠭᠣᠷᠣᠨᠳᠣᠬᠢ᠂ᠭᠠᠵᠠᠷ ᠣᠷᠣᠨ᠂ ᠵᠠᠰᠠᠭ ᠵᠠᠬᠢᠷᠭᠠᠨ᠎ᠤ ᠬᠣᠭᠣᠷᠣᠨᠳᠣᠬᠢ᠂ ᠴᠠᠭᠠᠰᠢᠯᠠᠪᠠᠯ ᠤᠯᠠᠮᠵᠢᠯᠠᠭ᠍ᠴᠢ ᠪᠣᠯᠤᠨᠬᠦᠯᠢᠶᠡᠨ ᠠᠪᠤᠭ᠍ᠴᠢ᠎ᠶᠢᠨ ᠬᠣᠭᠣᠷᠣᠨᠳᠣᠬᠢ ᠵᠠᠭᠠᠭ᠎ᠢ ᠪᠠᠯᠠᠷᠬᠠᠢᠰᠢᠭᠤᠯᠤᠬᠰᠠᠨ ᠶᠠᠪᠤᠳᠠᠯ ᠪᠣᠯᠤᠨ᠎ᠠ᠃
ᠱᠢᠨᠡᠵᠠᠭᠤᠴᠢᠯᠠᠭᠤᠷ ᠲᠦ᠍ ᠪᠠᠰᠠ ᠳᠤᠤᠷᠠᠬᠢ ᠬᠡᠳᠦᠨ ᠣᠨᠴᠠᠯᠢᠭ ᠲᠠᠢ ᠄
( ᠨᠢᠭᠡ) ᠵᠠᠭᠤᠴᠢᠯᠠᠭᠤᠷ᠎ᠤᠨ ᠤᠨᠴᠠᠯᠢᠭ ᠲᠣᠪᠣᠢᠮ᠎ᠠ
ᠮᠡᠷᠭᠡᠵᠢᠯ᠎ᠦᠨ ᠱᠢᠯᠲᠠᠭᠠᠨᠠᠴᠠᠪᠣᠯᠵᠤ᠂ ᠥᠩᠭᠡᠷᠡᠭ᠌ᠰᠡᠨ᠎ᠳᠦ ᠠᠯᠢᠪᠠ ᠵᠠᠭᠤᠴᠢᠯᠠᠭᠤᠷ ᠪᠦᠷ ᠣᠯᠠᠨ ᠲᠦᠮᠡᠨᠴᠢᠯᠡᠭ᠌ᠰᠡᠨ ᠤᠨᠴᠠᠯᠢᠭ ᠲᠠᠢᠪᠠᠢᠵᠠᠢ᠃ ᠬᠠᠷᠢᠨ ᠱᠢᠨ᠎ᠡ ᠵᠠᠭᠤᠴᠢᠯᠠᠭᠤᠷ ᠨᠢ ᠨᠠᠩ ᠨᠠᠷᠢᠨ ᠬᠤᠪᠢᠶᠠᠷᠢᠯᠠᠬᠰᠠᠨ ᠭᠥᠯᠢᠶᠡᠨ ᠠᠪᠤᠭ᠍ᠴᠢᠳᠲᠤᠬᠠᠨᠳᠤᠭᠤᠯᠵᠤ ᠂ ᠬᠤᠪᠢ ᠬᠥᠮᠦᠨ᠎ᠳᠦ ᠬᠠᠨᠳᠤᠭᠤᠯᠤᠬᠰᠠᠨ ᠤᠨᠴᠠᠯᠢᠭ ᠲᠠᠢ ᠪᠠᠢᠵᠦ ᠂ ᠬᠤᠪᠢ ᠬᠥᠮᠦᠨ ᠨᠢᠱᠢᠨᠡ ᠵᠠᠭᠤᠴᠢᠯᠠᠭᠤᠷ᠎ᠢᠶᠠᠷ ᠳᠠᠮᠵᠢᠭᠤᠯᠤᠨ ᠥᠪᠡᠷ᠎ᠦᠨ ᠬᠡᠷᠡᠭ᠌ᠰᠡᠬᠦ᠌ ᠰᠣᠨᠢᠨ ᠮᠡᠳᠡᠭᠡᠪᠡᠨᠲᠣᠭ᠍ᠲᠠᠭᠠᠵᠤ ᠪᠣᠯᠤᠨ᠎ᠠ᠃ ᠥᠭᠡᠷ᠎ᠡ᠎ᠪᠡᠷ ᠬᠡᠯᠡᠪᠡᠯ᠂ ᠱᠢᠨ᠎ᠡ ᠵᠠᠭᠤᠴᠢᠯᠠᠭᠤᠷ᠎ᠤᠨ ᠬᠦᠯᠢᠶᠡᠨᠠᠪᠤᠭ᠍ᠴᠢᠳᠤᠨ ᠭᠠᠷ᠎ᠲᠠᠬᠢ ᠬᠠᠮᠤᠭ᠎ᠤᠨ ᠡᠴᠦᠰ᠎ᠦᠨ ᠬᠦᠯᠢᠶᠡᠨ ᠠᠪᠤᠭ᠍ᠰᠠᠨ ᠮᠡᠳᠡᠭᠡ ᠵᠠᠩᠭᠢᠶᠢᠨᠠᠭᠤᠯᠭᠠ ᠨᠢ ᠠᠳᠠᠯᠢ ᠪᠠᠢᠵᠤ ᠪᠣᠯᠤᠨ᠎ᠠ ᠂ ᠪᠦᠷᠢᠮᠦᠰᠦᠨ ᠠᠳᠠᠯᠢ ᠪᠤᠰᠤ ᠴᠤ᠌ ᠪᠠᠢᠵᠦ ᠪᠣᠯᠤᠨ᠎ᠠ᠃ᠤᠯᠠᠮᠵᠢᠯᠠᠯᠲᠤ ᠵᠠᠭᠤᠴᠢᠯᠠᠭᠤᠷ ᠨᠢ ᠬᠦᠯᠢᠶᠡᠨ ᠠᠪᠤᠭ᠍ᠴᠢᠳ᠎ᠢ ᠤᠲᠤᠷᠢᠲᠤᠨ ᠲᠠᠭᠠᠭᠤᠯᠲᠠᠭ ᠪᠤᠯ᠂ ᠰᠢᠨᠡᠵᠠᠭᠤᠴᠢᠯᠠᠭᠤᠷᠢ ᠪᠤᠯ ᠬᠦᠯᠢᠶᠡᠨ ᠠᠪᠤᠬᠴᠢᠳ ᠤᠲᠤᠷᠢᠲᠤᠨ ᠲᠠᠭᠠᠭᠤᠯᠲᠠᠭ᠃
(ᠬᠣᠶᠠᠷ) ᠬᠦᠯᠢᠶᠡᠨ ᠠᠪᠤᠭ᠍ᠴᠢᠳ᠎ᠤᠨ ᠰᠣᠩᠭᠣᠯᠲᠠ ᠨᠡᠮᠡᠭᠳᠡᠪᠡ
ᠮᠡᠷᠭᠡᠵᠢᠯᠦᠨᠲᠠᠯᠠᠠᠴᠠ ᠠᠪᠴᠤ᠌ ᠬᠡᠯᠡᠪᠡᠯ᠂ ᠱᠢᠨ᠎ᠡ ᠵᠠᠭᠤᠴᠢᠯᠠᠭᠤᠷ᠎ᠤᠨ ᠴᠠᠭ ᠦᠶ᠎ᠡ᠎ᠳᠤ ᠬᠥᠮᠦᠨ ᠪᠣᠯᠭᠠᠨ ᠮᠡᠳᠡᠭᠡᠵᠠᠩᠭᠢ᠎ᠶᠢ ᠭᠥᠯᠢᠶᠡᠨ ᠠᠪᠴᠤ᠌ ᠪᠣᠯᠤᠨ᠎ᠠ᠂ ᠬᠥᠮᠦᠨ ᠪᠣᠯᠭᠠᠨ ᠮᠡᠳᠡᠭᠡ ᠵᠠᠩᠭᠢ᠎ᠶᠢᠨ ᠨᠡᠢᠲᠡᠯᠡᠭ᠌ᠴᠢᠪᠣᠯᠵᠣ ᠪᠣᠯᠤᠨ᠎ᠠ᠂ ᠬᠡᠷᠡᠭ᠌ᠯᠡᠭ᠌ᠴᠢ ᠨᠢᠭᠡ ᠲᠠᠯ᠎ᠠ᠎ᠪᠠᠷ ᠲᠧᠯᠸᠢᠰ ᠫᠷᠤᠭ᠌ᠷᠠᠮ ᠦᠵᠡᠵᠦ᠍᠂ ᠨᠥᠭᠥᠭᠡᠲᠠᠯᠠᠪᠠᠷ ᠳᠠᠭᠤᠤ ᠬᠥᠭ᠌ᠵᠢᠮ ᠰᠤᠨᠤᠰᠴᠦ ᠪᠣᠯᠤᠨ᠎ᠠ᠂ ᠪᠠᠰᠠ ᠫᠷᠤᠭ᠌ᠷᠠᠮ᠎ᠳᠤ ᠪᠢᠯᠧᠲ ᠦᠭᠴᠦ ᠪᠣᠯᠤᠨ᠎ᠠ᠂ᠮᠡᠳᠡᠭᠡ ᠵᠠᠩᠭᠢ ᠴᠦ᠍ ᠡᠷᠢᠵᠦ᠍ ᠪᠣᠯᠤᠨ᠎ᠠ᠃ ᠡᠳᠡᠭᠡᠷ ᠨᠢ ᠰᠣᠨᠢᠨ ᠮᠡᠳᠡᠭᠡᠨ᠎ᠦ ᠪᠠᠢᠭᠤᠯᠤᠮᠵᠢ ᠰᠠᠶᠢᠰᠣᠨᠢᠨ ᠮᠡᠳᠡᠭᠡ ᠨᠡᠢᠲᠡᠯᠡᠵᠦ ᠪᠤᠯᠲᠠᠭ ᠬᠢᠵᠠᠭᠠᠷᠯᠠᠯ᠎ᠢ ᠡᠪᠳᠡᠪᠡ᠃
( ᠭᠤᠷᠪᠠ ) ᠢᠯᠡᠷᠡᠬᠦᠯᠬᠦᠬᠡᠯᠪᠡᠷᠢ ᠨᠢ ᠤᠯᠡᠠ ᠶᠠᠩᠵᠤ᠎ᠶᠢᠨ ᠪᠤᠯᠪᠠ
ᠱᠢᠨᠡᠵᠠᠭᠤᠴᠢᠯᠠᠭᠤᠷᠤᠨ ᠬᠡᠯᠪᠡᠷᠢ ᠣᠯᠠᠨ ᠶᠠᠩᠵᠤ᠎ᠶᠢᠨ ᠪᠠᠢᠵᠤ᠂ ᠢᠯᠡᠷᠡᠬᠦᠯᠬᠦ ᠬᠡᠯᠪᠡᠷᠢ ᠨᠢ ᠴᠦ᠍ ᠤᠯᠠᠨᠶᠠᠨᠭᠵᠦᠶᠢᠨ ᠪᠠᠢᠲᠠᠭ᠂ ᠦᠰᠦᠭ ᠪᠢᠴᠢᠭ᠂ ᠠᠦᠳᠢᠤ᠋᠂ ᠵᠢᠷᠤᠭ ᠳᠦᠷᠰᠦ᠎ᠶᠢ ᠠᠭᠤᠰᠭᠠᠨ᠂ ᠠᠭᠤᠯᠭ᠎ᠠ ᠶᠢ ᠴᠠᠭᠲᠤᠬᠠᠶᠳᠤᠨᠢ᠂ ᠬᠢᠵᠠᠭᠠᠷ ᠦᠭᠡᠶ ᠥᠷᠭᠡᠳᠭᠡᠭᠡᠳ ᠂ ᠠᠭᠤᠯᠭ᠎ᠠ᠎ᠶᠢ ᠨᠡᠩ ᠠᠮᠢᠲᠤᠯᠢᠭ ᠪᠣᠯᠭᠠᠳᠠᠭ᠃
(ᠳᠥᠷᠪᠡ) ᠮᠡᠳᠡᠭᠡ ᠵᠠᠩᠭᠢ᠎ᠶᠢ ᠴᠠᠭ ᠲᠤᠬᠠᠢ᠎ᠳᠤ ᠨᠡᠢᠳᠡᠯᠡᠳᠡᠭ᠃
ᠷᠠᠳᠢᠣ᠋᠂ ᠲᠧᠯᠸᠢᠰ᠎ᠲᠡᠶ ᠬᠠᠷᠢᠴᠠᠭᠤᠯᠪᠠᠯ᠂ ᠱᠢᠨ᠎ᠡ ᠵᠠᠭᠤᠴᠢᠯᠠᠭᠤᠷ ᠯᠠ ᠰᠠᠶᠢ ᠦᠨᠡᠨᠬᠦ᠌ ᠴᠠᠭ᠎ᠤᠨ ᠬᠢᠵᠠᠭᠠᠷᠯᠠᠯᠥᠬᠡᠶ ᠪᠠᠢᠵᠦ᠂ ᠴᠠᠭ ᠢᠮᠠᠭ᠍ᠲᠠ ᠮᠡᠳᠡᠭᠡ ᠵᠠᠡᠭᠭᠢ᠎ᠶᠢ ᠪᠣᠯᠪᠠᠰᠤᠷᠠᠭᠤᠯᠤᠨ ᠨᠡᠢᠲᠡᠯᠡᠵᠦ᠍ ᠪᠣᠯᠲᠠᠭ᠃ᠱᠢᠨ᠎ᠡ ᠵᠠᠭᠤᠴᠢᠯᠠᠭᠤᠷ ᠨᠢ ᠬᠦᠴᠦᠷᠬᠡᠭ ᠶᠡᠬᠡ ᠵᠥᠭᠡᠯᠡᠨ ᠲᠣᠨᠣᠭ ᠪᠠ ᠰᠦᠯᠵᠢᠶᠡᠨ ᠬᠠᠭᠤᠳᠠᠰᠤᠪᠠᠷᠠᠭᠤᠯᠭᠠᠪᠠᠨ ᠢᠯᠡᠷᠡᠭᠦᠯᠵᠦ᠍᠂ ᠭᠡᠷᠡᠭᠯᠡᠭᠴᠢᠳ ᠭᠡᠷᠡᠭᠳᠡᠢ ᠮᠡᠳᠡᠭᠡ ᠪᠠᠨ 24ᠴᠠᠭ ᠲᠦ᠍ ᠰᠦᠯᠵᠢᠶᠡᠨ ᠡᠴᠡ ᠴᠢᠯᠦᠭᠡᠳᠡᠢ ᠡᠷᠢᠵᠦ ᠪᠤᠯᠤᠨ᠎ᠠ᠃
ᠲᠦᠷᠦᠯᠵᠦᠢᠯ
(ᠨᠢᠭᠡ) ᠭᠠᠷ ᠤᠲᠠᠰᠤᠨ᠎ᠤ ᠵᠠᠭᠤᠴᠢᠯᠠᠭᠤᠷ
ᠭᠠᠷᠤᠲᠠᠰᠤᠨᠤ ᠵᠠᠭᠤᠴᠢᠯᠠᠭᠤᠷ ᠪᠣᠯ ᠭᠠᠷ ᠤᠲᠠᠰᠤ᠎ᠶᠢ ᠠᠱᠢᠭ᠍ᠯᠠᠨ ᠮᠡᠳᠡᠭᠡ ᠵᠠᠩᠭᠢ ᠳᠠᠮᠵᠢᠭᠤᠯᠬᠤ ᠪᠠᠭᠠᠵᠢᠮᠦᠨ᠃ ᠴᠢᠮᠡᠬᠡ ᠬᠣᠯᠪᠣᠭᠠᠨ᠎ᠤ ᠮᠡᠷᠭᠡᠵᠢᠯ (ᠵᠢᠱ᠌ᠢᠶᠡᠯᠡᠪᠡᠯ 5 G)ᠪᠠᠺᠣᠮᠫᠢᠦ᠋ᠲ᠋ᠧᠷᠦᠨ ᠮᠡᠷᠭᠡᠵᠢᠯ᠎ᠦᠨ ᠬᠥᠭ᠌ᠵᠢᠯᠲᠡ ᠪᠠ ᠲᠦᠭᠡᠮᠡᠯᠵᠢᠯᠳᠠ ᠵᠢ ᠳᠠᠭᠠᠯᠳᠤᠵᠦ᠂ ᠭᠠᠷ ᠤᠲᠠᠰᠤ ᠨᠢᠠᠭᠠᠵᠢᠮᠢᠶᠠᠷ ᠮᠡᠳᠡᠭᠡ ᠬᠣᠯᠪᠣᠭᠠᠨ᠎ᠤ ᠴᠢᠳᠠᠮᠵᠢ᠎ᠲᠠᠶ ᠪᠢᠴᠢᠯ ᠺᠣᠮᠫᠢᠦ᠋ᠲ᠋ᠧᠷ ᠪᠤᠯᠵᠠᠢ᠃ ᠭᠠᠷᠤᠲᠠᠰᠤᠨᠤ ᠵᠠᠭᠤᠴᠢᠯᠠᠭᠤᠷ ᠪᠣᠯ ᠰᠦᠯᠵᠢᠶᠡᠨ᠎ᠦ ᠵᠠᠭᠤᠴᠢᠯᠠᠭᠤᠷ᠎ᠤᠨ ᠦᠷᠭᠦᠯᠵᠢᠯᠡᠯ ᠪᠠᠢᠵᠦ᠂ ᠲᠡᠷᠡ ᠨᠢᠰᠦᠯᠵᠢᠶᠡᠨᠦ ᠵᠠᠭᠤᠴᠢᠯᠠᠭᠤᠷ᠎ᠤᠨ ᠳᠠᠪᠠᠭᠤᠯᠢᠭ ᠪᠠᠢᠬᠤ᠎ᠠᠴᠠ ᠭᠠᠳᠠᠨ᠎ᠠ ᠪᠠᠰᠠ ᠠᠪᠴᠤ᠌ ᠶᠠᠪᠤᠬᠤᠳᠤᠳᠥᠭᠥᠮ ᠵᠡᠷᠭᠡ ᠣᠨᠴᠠᠯᠢᠭ᠎ᠲᠠᠶ᠃
( ᠬᠣᠶᠠᠷ) ᠲᠣᠭᠠᠴᠢᠯᠠᠭ᠍ᠰᠠᠨ ᠲᠧᠯᠸᠢᠰ
ᠲᠣᠭᠠᠴᠢᠯᠠᠬᠰᠠᠨᠲᠧᠯᠸᠢᠰ ᠪᠣᠯ ᠨᠡᠪᠲᠡᠷᠡᠭᠦᠯᠬᠦ᠌ ᠲᠡᠰᠦᠬ᠎ᠠᠴᠠ ᠰᠠᠴᠤᠷᠠᠭᠤᠯᠬᠤ᠂ ᠳᠠᠮᠵᠢᠭᠤᠯᠬᠤ᠂ ᠬᠤᠷᠢᠶᠠᠬᠤ ᠬᠦᠷᠲᠡᠯᠡᠬᠢᠪᠦᠬᠦ᠌ ᠭᠣᠭ᠍ᠴᠣᠭ᠎ᠠ ᠨᠢ ᠪᠦᠷ ᠲᠣᠭᠠᠴᠢᠯᠠᠬᠰᠠᠨ ᠲᠧᠯᠸᠢᠰ᠎ᠦᠨ ᠲᠤᠬᠢᠶ᠎ᠠ᠎ᠶᠢ ᠬᠡᠷᠡᠭ᠌ᠯᠡᠳᠡᠭ ᠪᠤᠶᠤ ᠲᠤᠰᠱᠢᠰᠲ᠋ᠧᠮᠦᠨ ᠪᠤᠢ ᠪᠦᠬᠦᠢ ᠲᠤᠬᠢᠶ᠎ᠠ᠎ᠶᠢ ᠳᠠᠮᠵᠢᠭᠤᠯᠬᠤ᠎ᠳᠤ ᠪᠦᠷ 0 ᠪᠠ1 ᠬᠡᠮᠡᠬᠦᠲᠣᠭᠠᠨᠤ ᠬᠡᠯᠬᠢᠶ᠎ᠡ᠎ᠪᠡᠷ ᠪᠦᠷᠢᠯᠲᠦᠭᠰᠡᠨ ᠲᠣᠭᠠᠴᠢᠯᠠᠬᠰᠠᠨ ᠬᠦᠶᠦᠳᠡᠯ᠎ᠢᠶᠡᠷ ᠲᠡᠮᠵᠢᠭᠤᠯᠬᠤ ᠲᠧᠯᠸᠢᠰᠦᠨᠲᠦᠷᠦᠯ ᠪᠤᠯᠤᠨ᠎ᠠ᠃
(ᠭᠤᠷᠪᠠ) ᠢᠨᠲ᠋ᠸᠷ ᠰᠦᠯᠵᠢᠶᠡᠨ᠎ᠦ ᠱᠢᠨ᠎ᠡ ᠵᠠᠭᠤᠴᠢᠯᠠᠭᠤᠷ
ᠢᠨᠲ᠋ᠧᠷᠰᠦᠯᠵᠢᠶᠡᠨᠦ ᠱᠢᠨ᠎ᠡ ᠵᠠᠭᠤᠴᠢᠯᠠᠭᠤᠷ᠎ᠲᠤ᠄ ᠰᠦᠯᠵᠢᠶᠡᠨ᠎ᠦ ᠲᠧᠯᠸᠢᠰ᠂ ᠪᠦᠷᠭᠡ ᠂ ᠸᠢᠳᠢᠣ᠋ ᠂ ᠡᠯᠧᠺᠲᠷᠣᠨᠰᠡᠳᠬᠦᠯ ᠵᠡᠷᠭᠡ ᠪᠠᠭ᠍ᠲᠠᠨ᠎ᠠ᠃
( ᠳᠥᠷᠪᠡ) ᠭᠡᠷ᠎ᠦᠨ ᠭᠠᠳᠠᠨᠠᠬᠢ ᠱᠢᠨ᠎ᠡ ᠵᠠᠭᠤᠴᠢᠯᠠᠭᠤᠷ
ᠭᠡᠷᠦᠨᠭᠠᠳᠠᠨᠠᠬᠢ ᠱᠢᠨ᠎ᠡ ᠵᠠᠭᠤᠴᠢᠯᠠᠭᠤᠷ ᠪᠣᠯ ᠱᠢᠨ᠎ᠡ᠎ᠪᠡᠷ ᠪᠤᠶ ᠪᠣᠯᠤᠭ᠍ᠰᠠᠨ᠂ ᠤᠯᠠᠮᠵᠢᠯᠠᠯᠲᠤ ᠭᠡᠷᠦᠨᠭᠠᠳᠠᠨᠠᠬᠢ ᠵᠠᠭᠤᠴᠢᠯᠠᠭᠤᠷ᠎ᠤᠨ ᠬᠡᠯᠪᠡᠷᠢ (ᠵᠠᠷ ᠮᠡᠳᠡᠭᠡ᠎ᠶᠢᠨ ᠫᠠᠢᠰᠠ᠂ ᠳ᠋ᠧᠩ᠎ᠦᠨ ᠬᠠᠢᠷᠴᠠᠭ᠂ ᠮᠠᠰᠢᠨᠲᠡᠷᠭᠡ ᠵᠡᠷᠭᠡ)᠎ᠡᠴᠡ ᠢᠯᠭᠠᠭ᠍ᠳᠠᠬᠤ ᠱᠢᠨ᠎ᠡ ᠮᠠᠢᠭ᠎ᠤᠨ ᠭᠡᠷ᠎ᠦᠨ ᠭᠠᠳᠠᠨᠠᠬᠢ ᠵᠠᠭᠤᠴᠢᠯᠠᠭᠤᠷᠪᠣᠯᠤᠨᠠ᠃ ᠬᠡᠷ᠎ᠦᠨ ᠭᠠᠳᠠᠨᠠᠬᠢ ᠱᠢᠨ᠎ᠡ ᠵᠠᠭᠤᠴᠢᠯᠠᠭᠤᠷ ᠨᠢ ᠱᠢᠩᠭᠡᠨ ᠲᠠᠯᠠᠰᠲᠤ ᠲᠧᠯᠸᠢᠰᠢᠶᠡᠷᠠᠴᠢᠶᠠᠯᠠᠭ᠍ᠴᠢ ᠪᠣᠯᠭᠠᠳᠠᠭ᠂ ᠵᠢᠱ᠌ᠢᠶᠡᠯᠡᠪᠡᠯ᠂ ᠠᠰᠠᠷ ᠲᠠᠭ᠍ᠲᠤ᠎ᠶᠢᠨ ᠲᠧᠯᠸᠢᠰ᠂ ᠨᠡᠢᠲᠡ᠎ᠶᠢᠨ ᠵᠠᠮᠬᠠᠷᠢᠯᠴᠠᠭᠠᠨᠤ ᠲᠧᠯᠸᠢᠰ᠂ ᠵᠢᠮᠲᠦ ᠲᠡᠮᠦᠷ ᠵᠠᠮ᠎ᠤᠨ ᠲᠧᠯᠸᠢᠰ᠂ ᠭᠠᠯᠲᠤ ᠲᠡᠷᠭᠡᠨ᠎ᠦ ᠲᠧᠯᠸᠢᠰ᠂ ᠠᠭᠠᠷᠠᠶᠠᠯᠠᠯᠤᠨ ᠲᠧᠯᠸᠢᠰ᠂ ᠲᠣᠮᠣ ᠬᠡᠯᠪᠡᠷᠢ᠎ᠶᠢᠨ LED ᠳᠡᠯᠭᠡᠴᠡ ᠵᠡᠷᠭᠡᠪᠠᠬᠲᠠᠨᠠ᠃ ᠡᠳᠡᠭᠡᠷ ᠨᠢ ᠭᠤᠤᠯᠳᠠᠭᠤ ᠱᠢᠨ᠎ᠡ ᠮᠠᠲ᠋ᠧᠷᠢᠶᠠᠯ᠂ ᠱᠢᠨ᠎ᠡ ᠮᠡᠷᠭᠡᠵᠢᠯ᠂ ᠱᠢᠨᠡᠵᠠᠭᠤᠴᠢᠯᠠᠭᠤᠷ᠂ ᠱᠢᠨ᠎ᠡ ᠲᠥᠬᠥᠭᠡᠷᠦᠮᠵᠢ᠎ᠶᠢᠨ ᠬᠡᠷᠡᠭ᠌ᠯᠡᠯᠲᠡ ᠪᠤᠶᠤ ᠤᠯᠠᠮᠵᠢᠯᠠᠯᠲᠤ ᠬᠡᠷᠦᠨᠭᠠᠳᠠᠨᠠᠬᠢ ᠵᠠᠭᠤᠴᠢᠯᠠᠭᠤᠷ᠎ᠤᠨ ᠬᠡᠯᠪᠡᠷᠢᠲᠡᠶ ᠤᠶᠠᠯᠳᠤᠵᠤ᠂ ᠤᠯᠠᠮᠵᠢᠯᠠᠯᠲᠤ ᠬᠡᠷ᠎ᠦᠨ ᠭᠠᠳᠠᠨᠠᠬᠢᠵᠠᠭᠤᠴᠢᠯᠠᠭᠤᠷᠤᠨ ᠬᠡᠯᠪᠡᠷᠢ᠎ᠶᠢ ᠴᠢᠨᠠᠷ᠎ᠤᠨ ᠳᠡᠭᠡᠭ᠌ᠰᠢᠯᠡᠯᠲᠡ᠎ᠲᠡᠶ ᠪᠣᠯᠭᠠᠬᠰᠠᠨ ᠪᠠᠢᠲᠠᠭ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃