ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠬᠡ

2022-11-04 17:55:00

ᠵᠣᠬᠢᠶᠠᠭ᠍ᠴᠢ᠄ ᠡᠷᠳᠡᠨᠢᠠᠠᠭᠤᠯᠠ ᠡᠷᠳᠡᠨᠢᠬᠦᠦ ᠣᠩᠱᠢᠭ᠍ᠰᠠᠨ ᠣᠳᠠᠭ᠎ᠠ᠄ 3

ᠠᠯᠠᠱᠠ ᠵᠡᠬᠦᠨ ᠬᠤᠱᠢᠭᠤᠨ᠎ᠤ ᠳᠠᠩᠰᠠ ᠡᠪᠬᠡᠮᠡᠯ ᠤᠷᠤᠨ ᠨᠤᠳᠤᠭ᠎ᠤᠨ ᠤᠢᠯᠠᠯᠭ᠎ᠠ ᠎ᠶ᠋ᠢᠨ ᠳᠤᠪᠴᠢᠶᠠᠨ ᠎ᠳᠤ ᠠᠵᠢᠯᠯᠠᠵᠦ᠍ ᠪᠠᠢᠭ᠎ᠠ ᠵᠠᠮᠠᠭ ᠠᠵᠢᠯ᠎ᠳᠤ ᠤᠷᠤᠭ᠍ᠰᠠᠨ᠎ᠠᠴᠠ᠎ᠪᠠᠨ ᠨᠠᠭᠠᠱᠢᠬᠢ ᠳᠦᠷᠪᠡᠨ ᠵᠢᠯ᠎ᠤᠨ ᠳᠤᠷᠰᠢ ᠮᠠᠨᠵᠦ᠍ ᠴᠢᠩ ᠤᠯᠤᠰ ᠎ᠤᠨ ᠦᠶ᠎ᠠ ᠎ᠶ᠋ᠢᠨ ᠳᠡᠤᠬᠡᠨ ᠪᠢᠴᠢᠭ ᠮᠠᠲ᠋ᠧᠷᠢᠶᠠᠯ᠎ᠢ ᠡᠮᠬᠢᠳᠭᠡᠨ ᠳᠠᠩᠰᠠᠯᠠᠬᠤ ᠠᠵᠢᠯ᠎ᠤᠨ ᠳᠤᠮᠳᠠ᠎ᠪᠠᠨ ᠮᠠᠨᠵᠦ᠍ ᠦᠰᠦᠭ᠎ᠢᠶᠠᠷ ᠪᠢᠴᠢᠭ᠌ᠳᠡᠭ᠌ᠰᠡᠨ 1000 ᠭᠠᠷᠤᠢ ᠬᠠᠭᠤᠴᠢ ᠮᠠᠲ᠋ᠧᠷᠢᠶᠠᠯ᠎ᠢ ᠬᠢᠳᠠᠳ ᠮᠤᠩᠭᠤᠯ ᠪᠢᠴᠢᠭ ᠎ᠢᠶᠠᠷ ᠠᠭᠤᠯᠭ᠎ᠠ ᠎ᠶ᠋ᠢᠨ ᠳᠤᠪᠴᠢ᠎ᠶ᠋ᠢ ᠰᠡᠢᠷᠡᠭᠦᠯᠦᠨ ᠭᠠᠷᠭᠠᠵᠤ᠂ ᠤᠤᠯ᠎ᠳᠠᠭᠠᠨ ᠵᠦᠪᠬᠡᠨ 《ᠮᠠᠨᠵᠦ᠍ ᠬᠡᠯᠡᠨ᠎ᠤ ᠳᠠᠩᠰᠠ ᠡᠪᠬᠡᠮᠡᠯ》 ᠬᠡᠰᠡᠨ ᠨᠡᠷᠡᠢᠳᠤᠯ᠎ᠲᠠᠢ ᠬᠡᠨ ᠴᠤ᠌ ᠶᠠᠭᠤ ᠪᠢᠴᠢᠵᠦ᠍ ᠪᠠᠢᠭ᠍ᠰᠠᠨ᠎ᠢ᠎ᠨᠢ ᠣᠢᠯᠠᠭᠠᠬᠤ ᠦᠭᠡᠢ ᠵᠥᠪᠬᠡᠨ ᠤᠷᠪᠠᠭᠤᠯᠤᠭᠠᠳ ᠯᠠ ᠥᠩᠭᠡᠷᠡᠳᠡᠭ ᠪᠠᠢᠭ᠍ᠰᠠᠨ 《ᠲᠡᠤᠬᠡᠨ ᠪᠠᠷᠢᠮᠲᠠ》 ᠎ᠤᠳ ᠦᠪᠡᠷ ᠦᠪᠠᠷ᠎ᠤᠨ 《ᠲᠣᠪᠴᠢ ᠲᠠᠢᠯᠪᠤᠷᠢ》 ᠎ᠲᠠᠢ ᠪᠤᠯᠤᠭᠰᠠᠨ ᠪᠠᠢᠨ᠎ᠠ᠃


QQ截图20221104174636.png


ᠵᠠᠮᠠᠭ 2015 ᠤᠨ᠎ᠳᠤ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠳᠡᠤᠬᠡ᠎ᠶ᠋ᠢᠨ ᠰᠠᠯᠪᠤᠷᠢ᠎ᠳᠤ ᠰᠤᠳᠤᠯᠤᠨ ᠰᠤᠷᠤᠭ᠍ᠴᠢ᠎ᠪᠠᠷ ᠰᠤᠷᠤᠯᠴᠠᠵᠦ᠍ ᠪᠠᠢᠬᠤ ᠦᠶ᠎ᠠ᠎ᠳᠤ ᠪᠠᠨ ᠨᠢᠬᠡ ᠵᠢᠯ ᠮᠠᠨᠵᠦ᠍ ᠬᠡᠯᠡ ᠰᠤᠷᠤᠯᠴᠠᠭ᠍ᠰᠠᠨ ᠪᠠᠢᠵᠡᠢ᠃ ᠳᠡᠷᠡ 2018 ᠤᠨ᠎ᠳᠤ ᠠᠯᠠᠱᠠ ᠵᠡᠬᠦᠨ ᠬᠤᠱᠢᠭᠤᠨ᠎ᠤ ᠳᠠᠩᠰᠠ ᠡᠪᠬᠡᠮᠡᠯ ᠤᠷᠤᠨ ᠨᠤᠳᠤᠭ᠎ᠤᠨ ᠤᠢᠯᠠᠯᠭ᠎ᠠ᠎ᠶ᠋ᠢᠨ ᠳᠤᠪᠴᠢᠶᠠᠨ᠎ᠳᠤ ᠱᠢᠯᠭᠠᠭ᠍ᠳᠠᠨ ᠤᠷᠤᠬᠤ ᠦᠶ᠎ᠠ᠎ᠳᠤ ᠶᠠᠭ ᠰᠠᠢᠬᠠᠨ ᠪᠠᠢᠭᠤᠯᠭ᠎ᠠ᠎ᠨᠢ ᠬᠠᠭᠤᠴᠢ ᠳᠠᠩᠰᠠ ᠡᠪᠬᠡᠮᠡᠯ᠎ᠢ ᠳᠠᠬᠢᠵᠦ᠍ ᠭᠠᠷᠴᠠᠭ᠍ᠯᠠᠨ ᠳᠡᠬᠦᠯᠳᠡᠷᠵᠢᠬᠦᠯᠵᠦ᠍ ᠺᠤᠮᠫᠢᠦ᠋ᠲ᠋ᠧᠷ ᠎ᠲᠤ ᠤᠷᠤᠭᠤᠯᠬᠤ ᠠᠵᠢᠯ ᠎ᠢ ᠡᠬᠢᠯᠡᠬᠦᠯᠦᠭ᠌ᠰᠡᠨ ᠪᠠᠢᠵᠡᠢ᠃ ᠵᠠᠮᠠᠭ᠄ 《ᠬᠠᠮᠤᠭ ᠶᠡᠭᠡ ᠬᠦᠴᠢᠷᠳᠡᠯ ᠳᠤᠯᠭᠠᠷᠠᠭ᠍ᠰᠠᠨ ᠎ᠨᠢ ᠴᠢᠩ ᠤᠯᠤᠰ ᠎ᠤᠨ ᠦᠶ᠎ᠠ᠎ᠶ᠋ᠢᠨ ᠠᠯᠪᠠᠨ ᠪᠠᠢᠭᠤᠯᠭ᠎ᠠ᠎ᠶ᠋ᠢᠨ ᠨᠡᠷᠡᠢᠳᠤᠯ ᠪᠠᠢᠭ᠍ᠰᠠᠨ ᠶᠤᠮ᠂ ᠬᠢᠳᠠᠳ ᠮᠤᠩᠭᠤᠯ ᠬᠡᠯᠡᠨ᠎ᠳᠤ ᠤᠨᠤᠭᠠᠵᠦ᠍ ᠤᠷᠴᠢᠭᠤᠯᠬᠤ᠎ᠳᠤ ᠶᠡᠬᠡᠬᠡᠨ ᠬᠦᠴᠦ᠍ ᠤᠷᠤᠵᠤ ᠬᠠᠮᠢᠶ᠎ᠠ ᠪᠦᠬᠦᠢ ᠨᠤᠮ ᠪᠢᠴᠢᠭ᠎ᠢ ᠤᠩᠱᠢᠵᠦ᠍ ᠳᠡᠷᠡ ᠦᠶ᠎ᠠ᠎ᠶ᠋ᠢᠨ ᠨᠡᠷᠡᠢᠳᠦᠯ᠎ᠢ ᠤᠯᠬᠤ ᠬᠡᠵᠦ᠍ ᠴᠢᠷᠮᠠᠢᠭ᠍ᠰᠠᠨ ᠪᠢᠯᠡ᠃ ᠳᠡᠦᠬᠡ ᠰᠤᠷᠤᠭ᠍ᠰᠠᠨ ᠮᠢᠨᠤ ᠬᠤᠪᠢ᠎ᠳᠤ ᠡᠷᠳᠡᠨ᠎ᠤ ᠮᠤᠩᠭᠤᠯ ᠪᠢᠴᠢᠭ᠎ᠤᠨ ᠬᠡᠯᠡᠨ ᠵᠦᠢ᠂ ᠪᠢᠴᠢᠯᠬᠡ ᠵᠢᠷᠤᠯᠭ᠎ᠠ᠂ ᠳᠤᠰᠤᠯ ᠴᠡᠭ᠂ ᠳᠠᠭᠠᠪᠤᠷᠢ ᠬᠡᠳ ᠰᠤᠷᠴᠦ᠍ ᠬᠢᠴᠢᠶᠡᠬᠦ᠌ ᠵᠦᠢᠯ ᠪᠠᠰᠠ ᠤᠯᠠᠨ ᠳᠤᠬᠢᠶᠠᠯᠳᠤᠯ᠎ᠠ᠃ ᠪᠢᠳᠠᠨ᠎ᠤ ᠤᠳᠤᠬᠢ ᠠᠵᠢᠯ ᠪᠤᠯ ᠦᠨᠡᠨ᠎ᠳᠡᠭᠡᠨ ᠴᠢᠯᠦᠬᠡᠯᠡᠭ᠌ᠳᠡᠭ᠌ᠰᠡᠨ᠎ᠠᠴᠠ ᠨᠠᠭᠠᠱᠢᠬᠢ ᠬᠡᠳᠦᠨ ᠦᠶ᠎ᠠ᠎ᠶ᠋ᠢᠨ ᠳᠠᠩᠰᠠ ᠡᠪᠬᠡᠮᠡᠯ᠎ᠤᠨ ᠠᠵᠢᠯᠳᠠᠳ᠎ᠤᠨ ᠱᠢᠷᠭᠠᠭᠤ ᠴᠢᠷᠮᠠᠢᠯᠭ᠎ᠠ᠎ᠶ᠋ᠢᠨ ᠰᠠᠭᠤᠷᠢᠨ ᠳᠡᠬᠡᠷ᠎ᠠ ᠶᠠᠪᠤᠭ᠍ᠳᠠᠵᠦ᠍᠂ ᠳᠡᠳᠡᠨ᠎ᠤ ᠡᠮᠬᠢᠳᠭᠡᠵᠦ᠍ ᠳᠡᠪᠳᠡᠷᠯᠡᠬᠡᠳ ᠭᠠᠷ᠎ᠢᠶᠠᠷ ᠪᠢᠴᠢᠭ᠌ᠰᠡᠨ ᠭᠠᠷᠴᠠᠭ᠎ᠢ ᠺᠤᠮᠫᠢᠦ᠋ᠲ᠋ᠧᠷ᠎ᠲᠤ ᠤᠷᠤᠭᠤᠯᠬᠤ ᠠᠵᠢᠯ ᠪᠠᠢᠭ᠍ᠰᠠᠨ᠂ ᠡᠨᠡ ᠤᠳᠠᠭ᠎ᠠ ᠬᠡᠳᠦ ᠤᠬᠤᠷ ᠳᠦᠬᠦᠮ ᠪᠢᠴᠢᠭ᠌ᠰᠡᠨ ᠭᠠᠷᠴᠠᠭ᠎ᠢ ᠨᠠᠷᠢᠯᠢᠭ ᠳᠠᠢᠯᠪᠤᠷᠢᠯᠠᠵᠤ ᠪᠢᠴᠢᠬᠦ᠂ ᠮᠠᠨᠵᠦ᠍ ᠦᠰᠦᠭ᠎ᠢᠶᠠᠷ ᠪᠢᠴᠢᠭ᠌ᠳᠡᠭ᠌ᠰᠡᠨ ᠮᠠᠲ᠋ᠧᠷᠢᠶᠠᠯ᠎ᠢ ᠠᠭᠤᠯᠭ᠎ᠠ᠎ᠶ᠋ᠢᠨ ᠳᠤᠪᠴᠢ᠎ᠪᠠᠷ᠎ᠨᠢ ᠭᠠᠷᠴᠠᠭ᠍ᠯᠠᠬᠤ᠂ ᠭᠠᠷᠴᠠᠭ ᠪᠤᠯᠤᠨ ᠡᠯᠧᠺᠲᠷᠦᠨ ᠱᠢᠷᠪᠢᠯᠳᠠ ᠬᠢᠭ᠌ᠰᠡᠨ ᠵᠢᠷᠤᠭ᠎ᠤᠨ ᠳᠠᠩᠰᠠ᠎ᠶ᠋ᠢᠨ ᠳ᠋ᠤᠭᠠᠷ᠎ᠢ ᠬᠠᠷᠭᠤᠭᠤᠯᠤᠨ ᠳᠡᠮᠳᠡᠭ᠌ᠯᠡᠵᠦ᠍ ᠳ᠋ᠤᠭᠠᠷᠯᠠᠬᠤ ᠮᠡᠳᠦ᠍᠎ᠪᠠᠷ ᠨᠡᠮᠡᠵᠦ᠍ ᠠᠵᠢᠯᠯᠠᠭ᠍ᠰᠠᠨ》 ᠬᠡᠵᠦ᠍ ᠶᠠᠷᠢᠵᠦ᠍ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠨᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面