2025-01-03 15:01:40
— ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ᠎ᠦᠨ 《ᠤᠮᠠᠷᠠᠳᠤ ᠬᠢᠯᠢ᠎ᠶᠢᠨ ᠰᠤᠶᠤᠯ》 ᠰᠢᠷᠢᠰ ᠨᠡᠪᠳᠡᠷᠡᠭᠦᠯᠭᠡ᠎ᠵᠢᠨ ᠲᠤᠬᠠᠢ ᠲᠡᠮᠳᠡᠭᠯᠡᠯ
ᠪᠤᠭᠤᠳᠤ ᠬᠤᠳᠠ᠎ᠶᠢᠨ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠨᠢ ᠳᠠᠯᠠᠨ ᠬᠠᠷ᠎ᠠ᠎ᠶᠢᠨ ᠠᠷᠤ ᠦᠨᠳᠦᠷᠯᠢᠭ᠎ᠲᠦ ᠪᠠᠢᠷᠢᠰᠢᠵᠦ᠂ ᠡᠮᠦᠨ᠎ᠡ ᠲᠠᠯ᠎ᠠ ᠪᠠᠷ᠎ᠢᠶᠠᠨ ᠬᠦᠬᠡᠬᠤᠳᠠ᠂ ᠪᠠᠷᠠᠭᠤᠨ ᠵᠡᠭᠦᠨ ᠪᠡᠶ᠎ᠡ᠎ᠪᠡᠷ᠎ᠢᠶᠡᠨ ᠪᠠᠶᠠᠠᠨᠠᠭᠤᠷ᠂ ᠤᠯᠠᠭᠠᠨᠴᠠᠪ ᠬᠤᠳᠠ ᠲᠠᠢ ᠬᠦᠷᠰᠢᠯᠡᠨ᠂ ᠬᠤᠢᠳᠤ ᠵᠠᠬ᠎ᠠ᠎ᠪᠠᠷ᠎ᠢᠶᠠᠨ ᠮᠤᠩᠭᠤᠯ ᠤᠯᠤᠰ᠎ᠤᠨ ᠲᠤᠷᠤᠨᠠᠭᠤᠪᠢ ᠠᠢᠮᠠᠭ ᠲᠠᠢ ᠵᠠᠯᠭᠠᠯᠳᠤᠳᠠᠭ᠃ ᠦᠪᠦᠷ ᠮᠤᠩᠭᠤᠯ᠎ᠤᠨ 23 ᠮᠠᠯᠵᠢᠬᠤ ᠬᠤᠰᠢᠭᠤ ᠰᠢᠶᠠᠨ᠎ᠤ ᠨᠢᠭᠡ᠂ 19 ᠬᠢᠯᠢ ᠬᠢᠵᠠᠭᠠᠷ᠎ᠤᠨ ᠬᠤᠰᠢᠭᠤ ᠨᠤᠳᠤᠭ᠎ᠤᠨ ᠨᠢᠭᠡ ᠪᠤᠯᠬᠤ ᠶᠤᠮ᠃ ᠰᠢᠨ᠎ᠡ ᠲᠤᠮᠳᠠᠳᠤ ᠤᠯᠤᠰ ᠪᠠᠢᠭᠤᠯᠤᠬ᠍ᠳᠠᠬᠤᠳᠤ ᠳᠠᠷᠬᠠᠨ ᠮᠤᠤᠮᠢᠩᠭᠠᠨᠤ ᠠᠷᠠᠳ ᠲᠦᠮᠡᠨ ᠬᠤᠪᠢᠰᠬᠠᠯ᠎ᠤᠨ ᠢᠯᠴᠢ ᠭᠡᠷᠡᠯ᠎ᠢ ᠮᠡᠳᠡᠷᠡᠨ ᠰᠠᠢᠨ ᠳᠤᠷ᠎ᠠ ᠡᠴᠡ ᠪᠠᠨ ᠪᠠᠶᠠᠷᠯᠠᠨ ᠤᠬ᠍ᠳᠤᠵᠤ᠂ 1950 ᠤᠨ᠎ᠳᠤ ᠳᠠᠷᠬᠠᠨ ᠬᠤᠰᠢᠭᠤ ᠪᠠᠢᠭᠤᠯᠤᠬ᠍ᠳᠠᠨ᠂ 1952 ᠤᠨ᠎ᠳᠤ ᠤᠤᠯ᠎ᠤᠨ ᠮᠤᠤᠮᠢᠩᠭᠠᠨ ᠬᠤᠰᠢᠭᠤ ᠲᠠᠢ ᠨᠡᠢᠯᠡᠵᠦ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠪᠤᠯᠤᠬ᠍ᠰᠠᠨ ᠪᠢᠯᠡ᠃ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠨᠢ ᠤᠤᠯ ᠡᠴᠡ ᠪᠠᠨ ᠬᠤᠪᠢᠰᠬᠠᠯ᠎ᠤᠨ ᠰᠠᠭᠤᠷᠢᠨ ᠭᠠᠵᠠᠷ ᠪᠠᠢᠵᠤ᠂ ᠶᠡᠫᠦᠨ ᠡᠵᠡᠷᠭᠡᠭ ᠲᠦᠷᠢᠮᠡᠭᠡᠢᠳᠡᠨᠢ ᠡᠰᠡᠷᠭᠦᠴᠡᠨ ᠲᠡᠮᠡᠴᠡᠭᠰᠡᠨ ᠠᠩᠬᠠᠨ᠎ᠤ ᠫᠤᠤ᠎ᠶᠢᠨ ᠲᠠᠭᠤᠨ ᠪᠤᠯᠤᠬ᠍ᠰᠠᠨ 《ᠪᠠᠳᠤᠬᠠᠭᠠᠯᠭ᠎ᠠ᠎ᠶᠢᠨ ᠪᠤᠰᠤᠯᠭ᠎ᠠ》 ᠨᠢ ᠡᠨᠳᠡ ᠡᠭᠦᠰᠦᠭᠰᠡᠨ ᠪᠢᠯᠡ᠃ ᠴᠢᠯᠦᠭᠡᠯᠡᠭᠳᠡᠭᠰᠡᠨᠦ ᠳᠠᠷᠠᠭ᠎ᠠ ᠡᠬᠡ ᠤᠯᠤᠰ᠎ᠢᠶᠠᠨ ᠴᠤᠬ᠍ᠴᠠᠯᠠᠨ ᠪᠠᠢᠭᠤᠯᠬᠤ ᠤᠷᠢᠶ᠎ᠠ ᠪᠤᠯᠤᠬ᠍ᠰᠠᠨ 《ᠲᠠᠯ᠎ᠠ ᠨᠤᠳᠤᠭ᠎ᠤᠨ ᠦᠷᠯᠦᠭᠡ᠎ᠶᠢᠨ ᠤᠶᠠᠩᠭ᠎ᠠ》 ᠲᠠᠭᠤᠤ᠂ 《ᠪᠠᠭᠠᠳᠤᠷ᠎ᠤᠨ ᠭᠠᠷ》᠂ 《ᠭᠠᠯ ᠱᠤᠩᠬᠤᠷ᠎ᠤᠨ ᠲᠠᠭᠤᠯᠠᠯ》 ᠵᠡᠷᠭᠡ ᠬᠤᠪᠢᠰᠬᠠᠯᠳᠤ ᠵᠤᠬᠢᠶᠠᠯ ᠪᠦᠳᠦᠭᠡᠯ ᠨᠢ ᠳᠠᠷᠬᠠᠨ ᠮᠤᠤᠮᠢᠩᠭᠠᠨᠦ ᠠᠷᠠᠳ ᠲᠦᠮᠡᠨ᠎ᠦ ᠪᠠᠭᠠᠳᠤᠷᠯᠢᠭ᠋ ᠦᠢᠯᠡ ᠠᠵᠢᠯᠯᠠᠭ᠎ᠠ᠎ᠶᠢ ᠮᠠᠬ᠍ᠳᠠᠨ ᠲᠠᠭᠤᠯᠠᠬ᠍ᠰᠠᠨ ᠪᠢᠯᠡ᠃

2023 ᠤᠨ᠎ᠤ ᠵᠢᠯ᠎ᠦᠨ ᠰᠡᠭᠦᠯᠴᠢ ᠡᠴᠡ ᠡᠬᠢᠯᠡᠨ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ 《ᠤᠮᠠᠷᠠᠳᠤ ᠬᠢᠯᠢ᠎ᠶᠢᠨ ᠰᠤᠶᠤᠯ》 ᠰᠢᠷᠢᠰ ᠨᠡᠪᠳᠡᠷᠡᠭᠦᠯᠭᠡ᠎ᠪᠡᠨ ᠵᠤᠬᠢᠶᠠᠨ ᠪᠦᠳᠦᠭᠡᠵᠦ᠂ ᠦᠤᠭᠡ ᠲᠡᠤᠭᠡ ᠵᠤᠵᠠᠭᠠᠨ ᠲᠠᠢ ᠳᠠᠷᠬᠠᠨ ᠮᠤᠤᠮᠢᠩᠭᠠᠨᠤ ᠪᠠᠨ ᠰᠤᠶᠤᠯ ᠲᠡᠤᠭᠡ᠎ᠶᠢ ᠲᠡᠯᠭᠡᠨ ᠬᠠᠷᠠᠭᠤᠯᠵᠤ᠂ ᠬᠤᠪᠢᠰᠬᠠᠯ᠎ᠤᠨ ᠰᠤᠶᠤᠯ᠂ ᠲᠠᠯ᠎ᠠ ᠨᠤᠳᠤᠭ᠎ᠤᠨ ᠰᠤᠶᠤᠯ᠂ ᠤᠷᠳᠤ ᠴᠠᠭᠠᠨ ᠬᠡᠷᠡᠮ᠎ᠦᠨ ᠰᠤᠶᠤᠯ᠂ ᠲᠠᠷᠢᠶᠠᠯᠠᠩ᠎ᠤᠨ ᠰᠤᠶᠤᠯ ᠵᠡᠷᠭᠡ ᠰᠤᠶᠤᠯ᠎ᠤᠨ ᠬᠦᠷᠢᠶ᠎ᠡ ᠴᠠᠷᠠᠭᠠᠨ᠎ᠳᠠᠬᠢ ᠮᠠᠨ᠎ᠤ ᠨᠤᠳᠤᠭ᠎ᠤᠨ ᠦᠨ᠎ᠡ ᠴᠠᠨ᠎ᠠ ᠲᠠᠢ ᠤᠯᠠᠮᠵᠢᠯᠠᠯᠳᠤ ᠰᠤᠶᠤᠯ ᠲᠡᠤᠭᠡ᠂ ᠮᠠᠬ᠍ᠳᠠᠨ ᠲᠠᠭᠤᠯᠠᠭᠤᠰᠢᠳᠠᠢ ᠬᠤᠪᠢᠰᠬᠠᠯ᠎ᠤᠨ ᠦᠯᠢᠭᠡᠷ ᠵᠢᠱ᠌ᠢᠶ᠎ᠡ᠂ ᠨᠠᠢᠷ ᠨᠠᠭᠠᠳᠤᠮ᠂ ᠲᠠᠭᠤᠤ ᠰᠢᠯᠦᠭ ᠵᠡᠷᠭᠡ ᠰᠤᠶᠤᠯ ᠤᠷᠠᠯᠢᠭ᠋᠎ᠤᠨ ᠠᠵᠢᠯᠯᠠᠭ᠎ᠠ᠂ ᠮᠠᠨ᠎ᠤ ᠬᠤᠰᠢᠭᠤᠨ᠎ᠤ ᠲᠠᠷᠢᠶᠠᠯᠠᠩ ᠦᠢᠯᠡᠳᠪᠦᠷᠢᠯᠡᠯ᠎ᠦᠨ ᠬᠦᠭᠵᠢᠯᠳᠡ ᠬᠤᠪᠢᠰᠤᠯᠳᠠ ᠵᠡᠷᠭᠡ ᠦᠷᠭᠡᠨ ᠬᠦᠷᠢᠶᠡᠨ᠎ᠳᠦ ᠨᠡᠪᠳᠡᠷᠡᠭᠦᠯᠭᠡ ᠪᠠᠨ ᠪᠡᠯᠡᠳᠭᠡᠵᠦ᠂ ᠵᠢᠯ ᠭᠠᠷᠤᠢ᠎ᠶᠢᠨ ᠲᠤᠷᠰᠢ ᠬᠤᠷᠢ ᠰᠢᠬᠠᠭᠤ ᠬᠤᠭᠤᠴᠠᠭᠠᠨ᠎ᠤ ᠰᠢᠷᠢᠰ ᠨᠡᠪᠳᠡᠷᠡᠭᠦᠯᠭᠡ᠎ᠶᠢ ᠵᠤᠬᠢᠶᠠᠨ ᠦᠢᠯᠡᠳᠴᠦ ᠦᠵᠡᠭᠴᠢ ᠤᠯᠠᠨ᠎ᠳᠤ ᠪᠠᠨ ᠲᠡᠪᠰᠢᠭᠦᠯᠦᠭᠰᠡᠨ ᠪᠠᠢᠨ᠎ᠠ᠃
ᠪᠢᠳᠠ ᠬᠤᠪᠢᠰᠬᠠᠯ᠎ᠤᠨ ᠰᠤᠶᠤᠯ᠎ᠤᠨ ᠲᠠᠯ᠎ᠠ ᠪᠡᠷ ᠪᠠᠲᠤᠬᠠᠭᠠᠯᠭ᠎ᠠ᠎ᠶᠢᠨ ᠶᠠᠫᠤᠨ᠎ᠢ ᠡᠰᠡᠷᠭᠦᠴᠡᠬᠦ ᠵᠡᠪᠰᠡᠭᠲᠦ ᠪᠣᠰᠣᠯᠭ᠎ᠠ᠎ᠶᠢᠨ ᠳᠤᠷᠠᠰᠬᠠᠯ᠎ᠤᠨ ᠦᠵᠡᠭᠦᠯᠭᠡ᠎ᠶᠢᠨ ᠲᠢᠩᠬᠢᠮ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠳᠤᠳᠬᠠᠬᠤ ᠬᠥᠮᠦᠵᠢᠯ ᠦᠢᠯᠡᠳᠦᠯᠭᠡ᠎ᠶᠢᠨ ᠰᠠᠭᠤᠷᠢᠨ ᠭᠠᠵᠠᠷ᠂ ᠤᠮᠠᠷᠠᠲᠤ᠎ᠶᠢᠨ ᠬᠤᠪᠢᠰᠬᠠᠯ᠎ᠤᠨ ᠬᠥᠮᠦᠵᠢᠯ ᠦ᠋ᠨ ᠰᠠᠭᠤᠷᠢᠨ ᠵᠡᠷᠭᠡ ᠨᠢᠭᠡ ᠪᠦᠯᠦᠭ ᠢᠯᠡ ᠲᠣᠳᠣ᠌ ᠣᠨᠴᠠᠯᠢᠭ᠋ ᠲᠠᠢ ᠨᠠᠮᠴᠢ ᠴᠢᠨᠠᠷ᠎ᠤᠨ ᠬᠥᠮᠦᠵᠢᠯ᠎ᠦᠨ ᠰᠠᠭᠤᠷᠢᠨ ᠭᠠᠵᠠᠷ᠎ᠢ 《ᠪᠠᠲᠤᠬᠠᠭᠠᠯᠭ᠎ᠠ᠎ᠶᠢᠨ ᠶᠡᠫᠦᠨᠢ ᠡᠰᠡᠷᠭᠦᠴᠡᠭᠰᠡᠨ ᠵᠡᠪᠰᠡᠭᠳᠦ ᠪᠤᠰᠤᠯᠭ᠎ᠠ᠎ᠶᠢᠨ ᠳᠤᠷᠠᠰᠬᠠᠯ᠎ᠤᠨ ᠬᠦᠰᠢᠶ᠎ᠡ》᠂ 《ᠦᠯᠢᠭᠡᠷ ᠲᠡᠤᠭᠡ ᠬᠦᠦᠷᠨᠢᠭᠰᠡᠨ ᠦᠨᠳᠦᠰᠦᠨ ᠱᠠᠳᠤᠨ᠎ᠤ ᠬᠤᠪᠢᠰᠬᠠᠯ᠎ᠤᠨ ᠬᠦᠮᠦᠵᠢᠯ᠎ᠦᠨ ᠰᠠᠭᠤᠷᠢᠨ ᠭᠠᠵᠠᠷ》 ᠵᠡᠷᠭᠡ ᠨᠡᠪᠳᠡᠷᠡᠭᠦᠯᠭᠡᠪᠡᠷᠢᠶᠡᠨ ᠲᠠᠨᠢᠯᠴᠠᠭᠤᠯᠤᠨ ᠬᠦᠷᠭᠡᠵᠦ᠂ 《ᠲᠠᠯ᠎ᠠ ᠨᠤᠳᠤᠭ᠎ᠤᠨ ᠪᠢᠴᠢᠬᠠᠨ ᠪᠠᠭᠠᠳᠤᠷ ᠡᠭᠡᠴᠢ ᠥᠬᠢᠨ ᠲᠡᠭᠦᠦ᠎ᠶᠢᠨ ᠬᠠᠭᠤᠴᠢᠨ ᠰᠠᠭᠤᠴᠠ》 ᠨᠡᠪᠳᠡᠷᠡᠭᠦᠯᠭᠡᠪᠡᠷᠢᠶᠡᠨ ᠮᠠᠨ᠎ᠤ ᠨᠤᠳᠤᠭ᠎ᠤᠨ ᠯᠦᠩ ᠮᠧᠢ ᠢᠤᠢ ᠷᠦᠩ ᠡᠭᠡᠴᠢ ᠥᠬᠢᠨ ᠲᠡᠬᠦᠦ ᠬᠤᠶᠠᠷ᠎ᠤᠨ ᠬᠠᠮᠳᠤ ᠨᠡᠢᠲᠡ᠎ᠶᠢᠨ ᠡᠳ᠋ ᠬᠦᠷᠦᠩᠭᠡ᠎ᠶᠢ ᠬᠠᠮᠠᠭᠠᠯᠠᠬ᠍ᠰᠠᠨ ᠪᠠᠭᠠᠳᠤᠷᠯᠢᠭ᠋ ᠦᠢᠯᠡ ᠠᠵᠢᠯᠯᠠᠭ᠎ᠠ᠎ᠶᠢ ᠠᠬᠢᠨ ᠨᠢᠭᠡ ᠤᠳᠠᠭ᠎ᠠ ᠲᠡᠯᠭᠡᠨ ᠶᠠᠷᠢᠵᠤ᠂ ᠮᠠᠰᠢ ᠤᠯᠠᠨ ᠦᠵᠡᠭᠴᠢ ᠰᠤᠨᠤᠰᠤᠬ᠍ᠴᠢᠶᠢᠨ ᠬᠠᠯᠠᠭᠤᠨ ᠬᠦᠷᠢᠶᠡᠯᠡᠯ᠂ ᠦᠨᠳᠦᠷ ᠦᠨᠡᠯᠡᠭᠡ ᠶ᠋ᠢ ᠤᠯᠵᠤ᠂ 《ᠤᠷᠳᠤ ᠴᠠᠭᠠᠨ ᠬᠡᠷᠡᠮ᠎ᠤᠨ ᠰᠤᠶᠤᠯ》 ᠨᠡᠪᠳᠡᠷᠡᠭᠦᠯᠭᠡ᠎ᠪᠡᠷ ᠮᠠᠨ᠎ᠤ ᠬᠤᠰᠢᠭᠤᠨ᠎ᠤ ᠬᠡᠪᠴᠢᠶᠡᠨ᠎ᠳᠦ ᠪᠠᠢᠭ᠎ᠠ ᠬᠠᠨ ᠤᠯᠤᠰ᠂ ᠤᠮᠠᠷᠠᠳᠤ ᠸᠸᠢ ᠤᠯᠤᠰ᠂ ᠠᠯᠳᠠᠨ ᠤᠯᠤᠰ᠎ᠤᠨ ᠦᠶ᠎ᠡ᠎ᠶᠢᠨ ᠲᠠᠪᠤᠨ ᠭᠡᠰᠡᠭ ᠤᠷᠳᠤ ᠴᠠᠭᠠᠨ ᠬᠡᠷᠡᠮ᠎ᠦᠨ ᠦᠯᠢᠭᠡᠷ ᠲᠡᠤᠭᠡ᠎ᠶᠢ ᠲᠠᠨᠢᠯᠴᠠᠭᠤᠯᠤᠨ ᠬᠦᠷᠭᠡᠬᠦ᠎ᠶᠢᠨ ᠬᠠᠮᠳᠤ ᠲᠡᠤᠭᠡ᠎ᠶᠢᠨ ᠲᠤᠷᠠᠰᠬᠠᠯᠳᠤ ᠵᠤᠢᠯᠡᠰ᠎ᠢᠶᠠᠨ ᠬᠠᠢᠷᠠᠯᠠᠨ ᠬᠠᠮᠠᠭᠠᠯᠠᠬᠤ ᠲᠤᠬᠠᠢ ᠲᠡᠤᠭᠡ ᠰᠤᠳᠤᠯᠤᠭᠠᠴᠢ ᠰᠤᠶᠤᠯᠳᠤ ᠭᠤᠸᠠᠢ ᠲᠠᠢ ᠬᠠᠯᠠᠭᠤᠨ ᠳᠤᠯᠠᠭᠠᠨ ᠶᠠᠷᠢᠯᠴᠠᠵᠤ᠂ ᠮᠠᠨ᠎ᠤ ᠨᠤᠳᠤᠭ᠎ᠤᠨ ᠨᠡᠷ᠎ᠡ᠎ᠶᠢᠨ ᠬᠠᠭᠤᠳᠠᠰᠤ ᠪᠤᠯᠤᠬ᠍ᠰᠠᠨ 《ᠬᠠᠳᠠᠨ ᠵᠢᠷᠤᠭ》᠎ᠤᠨ ᠲᠤᠬᠠᠢ ᠨᠡᠪᠳᠡᠷᠡᠭᠦᠯᠭᠡᠪᠡᠷᠢᠶᠡᠨ ᠮᠠᠨ᠎ᠤ ᠨᠤᠳᠤᠭ᠎ᠤᠨ ᠬᠠᠭᠤᠴᠢ ᠰᠤᠳᠤᠯᠤᠭᠠᠴᠢ᠂ ᠲᠡᠳ᠋ ᠫᠷᠤᠹᠸᠰᠰᠤᠷ ᠲᠡᠷᠢᠬᠦᠨᠪᠠᠶᠠᠷᠢ ᠰᠤᠷᠪᠤᠯᠵᠢᠯᠠᠨ ᠬᠠᠳᠠᠨ ᠵᠢᠷᠤᠭ᠎ᠤᠨ ᠲᠠᠯ᠎ᠠ ᠪᠡᠷ ᠬᠢ ᠰᠤᠳᠤᠯᠤᠭ᠎ᠠ ᠰᠢᠨᠵᠢᠯᠡᠭᠡᠨ᠎ᠦ ᠲᠤᠬᠠᠢ ᠶᠠᠷᠢᠯᠴᠠᠭ᠎ᠠ ᠦᠷᠨᠢᠭᠦᠯᠵᠡᠢ᠃
ᠦᠨᠢ ᠡᠷᠲᠡᠨ᠎ᠦ ᠲᠡᠤᠭᠡ ᠰᠤᠶᠤᠯ᠎ᠤᠨ ᠠᠯᠳᠠᠨ ᠮᠦᠷ ᠲᠠᠢ ᠲᠠᠯ᠎ᠠ ᠨᠤᠳᠤᠭ᠎ᠤᠨ ᠰᠤᠶᠤᠯ᠎ᠤᠨ ᠲᠠᠯ᠎ᠠ ᠪᠡᠷ ᠮᠠᠨ᠎ᠤ ᠨᠤᠳᠤᠭ᠎ᠤᠨ ᠲᠡᠤᠭᠡᠨ᠎ᠳᠠᠬᠢ ᠭᠠᠷᠮᠠᠭᠠᠢ ᠬᠤᠷᠳᠤᠨ ᠬᠦᠯᠦᠭ᠎ᠤᠳ ᠡᠴᠡ ᠲᠠᠨᠢᠯᠴᠠᠭᠤᠯᠤᠨ ᠬᠦᠷᠭᠡᠵᠦ᠂ ᠠᠳᠤᠭᠤᠨ ᠰᠤᠶᠤᠯ᠎ᠤᠨ ᠦᠨᠢᠷ ᠶᠡᠭᠡ ᠦᠪ ᠰᠠᠩ ᠡᠴᠡ ᠨᠤᠳᠤᠭ ᠤᠷᠤᠨ᠎ᠤ ᠪᠠᠨ ᠤᠮᠤᠬ᠍ᠰᠢᠯ ᠪᠤᠯᠤᠬ᠍ᠰᠠᠨ ᠨᠡᠷᠡᠳᠦ ᠬᠤᠷᠳᠤᠨ ᠬᠦᠯᠦᠭᠦᠳᠢ ᠠᠬᠠᠮᠠᠳ ᠪᠤᠭᠤᠷᠤᠯᠴᠤᠳ᠎ᠤᠨ ᠶᠠᠷᠢᠶᠠᠨ᠎ᠠᠴᠠ ᠲᠠᠶᠠᠭᠠᠷ ᠤᠯᠠᠨ᠎ᠳᠤ ᠪᠠᠨ ᠰᠤᠨᠤᠰᠬᠠᠵᠤ᠂ 《ᠮᠤᠩᠭᠤᠯ ᠮᠤᠷᠢᠨ᠎ᠤ ᠵᠤᠷᠢᠭ᠋ ᠰᠠᠨᠠᠭ᠎ᠠ ᠵᠢᠴᠢ ᠠᠳᠤᠭᠤᠨ ᠰᠤᠶᠤᠯ᠎ᠤᠨ ᠦᠵᠡᠭᠦᠯᠭᠡ》᠎ᠶᠢᠨ ᠲᠢᠩᠬᠢᠮ ᠨᠡᠪᠳᠡᠷᠡᠭᠦᠯᠭᠡ ᠨᠢ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠮᠦᠽᠧᠢ᠎ᠶᠢᠨ 《ᠮᠤᠩᠭᠤᠯ ᠮᠤᠷᠢᠨ᠎ᠤ ᠮᠠᠬ᠍ᠲᠠᠭᠤ᠂ ᠦᠪᠦᠷ ᠮᠤᠩᠭᠤᠯ᠎ᠤᠨ ᠠᠳᠤᠭᠤᠨ ᠰᠤᠶᠤᠯ᠎ᠤᠨ ᠦᠵᠡᠭᠦᠯᠭᠡ》ᠵᠢᠨ ᠲᠢᠩᠬᠢᠮ ᠵᠢᠴᠢ ᠮᠤᠷᠢᠨ᠎ᠤ ᠡᠳ᠋ᠯᠡᠯ ᠬᠡᠷᠡᠭᠰᠡᠯ᠎ᠦᠨ ᠴᠢᠬᠤᠯᠠ ᠪᠦᠷᠢᠯᠳᠦᠬᠦᠨ ᠬᠡᠰᠡᠭ ᠪᠤᠯᠤᠬ᠍ᠰᠠᠨ ᠡᠮᠡᠭᠡᠯ᠎ᠦᠨ ᠲᠤᠬᠠᠢ ᠲᠠᠨᠢᠯᠴᠠᠭᠤᠯᠤᠬ᠍ᠰᠠᠨ ᠮᠠᠰᠢ ᠰᠤᠳᠤᠨ ᠨᠡᠪᠳᠡᠷᠡᠭᠦᠯᠭᠡ ᠪᠤᠯᠵᠤ᠂ ᠮᠠᠨ᠎ᠤ ᠬᠤᠰᠢᠭᠤᠨ᠎ᠤ ᠮᠦᠽᠧᠢ᠎ᠶᠢᠨ ᠬᠢᠯᠡᠰ ᠴᠡᠭ ᠪᠤᠯᠤᠬ᠍ᠰᠠᠨ ᠠᠳᠤᠭᠤᠨ ᠰᠤᠶᠤᠯ᠎ᠤᠨ ᠦᠵᠡᠭᠦᠯᠭᠡ᠎ᠶᠢᠨ ᠲᠢᠩᠬᠢᠮ ᠨᠢ ᠨᠡᠢᠭᠡᠮ᠎ᠦᠨ ᠤᠯᠠᠨ ᠬᠦᠮᠦᠰ ᠪᠤᠯᠤᠨ ᠮᠡᠳᠡᠭᠡ ᠵᠠᠭᠤᠴᠢᠯᠠᠭᠤᠷ᠎ᠤᠨ ᠠᠩᠬᠠᠷᠤᠯ᠎ᠢ ᠲᠠᠳᠠᠬ᠍ᠰᠠᠨ ᠪᠠᠢᠨ᠎ᠠ᠃ ᠮᠠᠨ᠎ᠤ ᠬᠤᠰᠢᠭᠤᠨ᠎ᠤ ᠮᠢᠩᠭ᠎ᠠ ᠶᠢᠰᠦᠨ ᠵᠠᠭᠤ ᠬᠤᠷᠢ ᠭᠤᠴᠢᠭᠠᠳ ᠤᠨ ᠡᠴᠡ ᠡᠬᠢᠯᠡᠨ 34 ᠵᠢᠯ᠎ᠤᠨ ᠤᠷᠳᠤ ᠠᠶᠠᠨ᠎ᠢ ᠲᠤᠭᠤᠯᠤᠭᠰᠠᠨ ᠬᠤᠰᠢᠭᠤ ᠨᠠᠭᠠᠳᠤᠮ᠎ᠤᠨ ᠶᠡᠭᠡ ᠬᠤᠷᠠᠯ᠎ᠤᠨ ᠲᠤᠬᠠᠢ ᠵᠠᠭᠤᠭᠠᠳ ᠵᠢᠯ᠎ᠢ ᠡᠷᠬᠢᠴᠡᠭᠦᠯᠦᠭᠰᠡᠨ ᠰᠠᠢᠬᠠᠨ ᠨᠡᠪᠳᠡᠷᠡᠭᠦᠯᠭᠡ᠎ᠶᠢ ᠦᠵᠡᠭᠴᠢ᠎ᠶᠢᠨ ᠲᠠᠭᠠᠰᠢᠶᠠᠯ᠎ᠳᠤ ᠬᠦᠷᠭᠡᠵᠦ᠂ ᠤᠯᠤᠰ᠎ᠤᠨ ᠬᠡᠤᠬᠡᠳ᠎ᠤᠨ ᠲᠠᠯ᠎ᠠ ᠪᠡᠷ ᠬᠢ 《ᠤᠯᠤᠰ᠎ᠤᠨ ᠭᠡᠤᠭᠡᠳ ᠤᠶᠠᠩᠭ᠎ᠠ ᠬᠠᠢᠷ᠎ᠠ᠎ᠶᠢᠨ ᠡᠭᠡᠰᠢᠭ᠎ᠢᠶᠡᠷ ᠲᠠᠯ᠎ᠠ ᠨᠤᠳᠤᠭ᠎ᠢᠶᠠᠨ ᠲᠠᠭᠤᠯᠠᠵᠤ ᠪᠠᠢᠨ᠎ᠠ》 ᠭᠡᠬᠦ ᠨᠡᠪᠳᠡᠷᠡᠭᠦᠯᠬᠡ ᠪᠡᠷ᠎ᠢᠶᠠᠨ ᠬᠤᠶᠠᠳᠠᠬ᠍ᠴᠢ ᠠᠮᠢ ᠨᠠᠰᠤ᠎ᠶᠢ ᠤᠯᠭᠤᠬ᠍ᠰᠠᠨ ᠡᠬᠡ ᠨᠤᠳᠤᠭ᠂ ᠡᠵᠢ ᠠᠪᠤ᠎ᠶᠢᠨ᠎ᠢᠶᠡᠨ ᠡᠨᠡᠷᠢᠯ ᠬᠠᠢᠷ᠎ᠠ᠎ᠶᠢ ᠮᠠᠬ᠍ᠳᠠᠨ ᠲᠠᠭᠤᠯᠠᠬ᠍ᠰᠠᠨ ᠨᠡᠪᠳᠡᠷᠡᠭᠦᠯᠭᠡ ᠦᠢᠯᠡᠳᠴᠦ᠂ ᠮᠠᠨ᠎ᠤ ᠨᠤᠳᠤᠭ᠎ᠲᠤ 20 ᠳ᠋ᠤᠭᠠᠷ ᠵᠠᠭᠤᠨ᠎ᠤ ᠲᠠᠪᠢᠭᠠᠳ ᠤᠨ᠎ᠳᠤ ᠪᠤᠯᠤᠬ᠍ᠰᠠᠨ ᠰᠤᠪᠤᠳ ᠵᠡᠷᠭᠡ 《ᠤᠯᠤᠰ᠎ᠤᠨ ᠭᠡᠤᠭᠡᠳ》᠎ᠤᠨ ᠦᠨᠡᠨ ᠪᠤᠳᠠᠳᠠᠢ ᠦᠯᠢᠭᠡᠷ ᠵᠢᠱ᠌ᠢᠶ᠎ᠡ᠎ᠶᠢ ᠲᠡᠯᠭᠡᠨ ᠶᠠᠷᠢᠭ᠍ᠰᠠᠨ ᠨᠢ ᠤᠯᠠᠨ ᠬᠦᠮᠦᠰ᠎ᠦᠨ ᠲᠠᠭᠠᠰᠢᠶᠠᠯ᠎ᠢ ᠤᠯᠤᠭᠰᠠᠨ ᠪᠠᠢᠨ᠎ᠠ᠃
《ᠤᠮᠠᠷᠠᠳᠤ ᠬᠢᠯᠢ᠎ᠶᠢᠨ ᠰᠤᠶᠤᠯ》 ᠰᠢᠷᠢᠰ ᠨᠡᠪᠳᠡᠷᠡᠭᠦᠯᠭᠡ ᠨᠢ ᠪᠦᠬᠦᠯᠢ ᠨᠢᠭᠡ ᠵᠢᠯ᠎ᠦᠨ ᠲᠤᠷᠰᠢ ᠶᠠᠪᠤᠬ᠍ᠳᠠᠬᠤ᠎ᠳᠤ ᠪᠠᠨ ᠳᠠᠷᠬᠠᠨ ᠮᠤᠤᠮᠢᠩᠭᠠᠨᠤ ᠦᠵᠡᠰᠭᠦᠯᠡᠩᠳᠦ ᠰᠠᠢᠬᠠᠨ ᠲᠠᠯ᠎ᠠ ᠨᠤᠳᠤᠭ᠎ᠤᠨ᠎ᠢᠶᠠᠨ ᠦᠩ ᠰᠢᠮᠡᠯᠢᠭ ᠠᠭᠤᠯᠠ ᠤᠰᠤ᠂ ᠦᠨᠢᠷ ᠰᠠᠢᠬᠠᠨ ᠪᠠᠢᠭᠠᠯᠢ ᠨᠤᠳᠤᠭ᠂ ᠤᠴᠠᠷᠠᠯ ᠢᠷᠦᠭᠡᠯᠳᠦ ᠬᠦᠮᠦᠨ ᠠᠷᠠᠳ᠎ᠤᠨ᠎ᠢᠶᠠᠨ ᠳᠤᠬᠠᠢ ᠤᠯᠠᠨ ᠰᠠᠢᠬᠠᠨ ᠨᠡᠪᠳᠡᠷᠡᠭᠦᠯᠭᠡ᠎ᠶᠢ ᠬᠢᠭᠰᠡᠨ ᠪᠦᠭᠡᠳ ᠬᠤᠪᠢᠰᠬᠠᠯᠳᠤ ᠲᠠᠯ᠎ᠠ ᠨᠤᠳᠤᠭ᠂ ᠲᠤᠮᠳᠠᠳᠤ ᠤᠯᠤᠰ᠎ᠤᠨ ᠴᠢᠭᠤᠯᠭ᠎ᠠ ᠬᠤᠯᠪᠤᠭᠠᠨ᠎ᠤ ᠰᠤᠶᠤᠯ᠎ᠤᠨ ᠦᠯᠦᠭᠡᠢ᠂ ᠬᠢᠯᠢ ᠨᠤᠳᠤᠭ᠎ᠤᠨ ᠤᠨᠴᠠᠯᠢᠭ᠋ ᠵᠡᠷᠭᠡ᠎ᠳᠦ ᠪᠠᠨ ᠳᠤᠬᠢᠷᠠᠭᠤᠯᠤᠨ ᠳᠤᠰᠬᠠᠢ ᠰᠡᠳᠤᠪ ᠰᠤᠩᠭᠤᠯᠳᠠ ᠬᠢᠵᠦ᠂ 《ᠲᠠᠯ᠎ᠠ ᠨᠤᠳᠤᠭ᠎ᠤᠨ ᠬᠠᠢᠷ᠎ᠠ ᠤᠷᠠᠯᠢᠭ᠋᠎ᠤᠨ ᠪᠦᠯᠬᠦᠮ》᠂ 《ᠡᠭᠡᠯ ᠵᠢᠷ᠎ᠦᠨ ᠬᠢᠯᠢ᠎ᠶᠢᠨ ᠮᠠᠯᠴᠢᠨ᠎ᠤ ᠬᠢᠯᠢ ᠨᠤᠳᠤᠭ᠎ᠢᠶᠠᠨ ᠰᠠᠬᠢᠨ ᠬᠠᠷᠠᠬ᠍ᠰᠠᠨ 40 ᠵᠢᠯ᠎ᠦᠨ ᠦᠨᠡᠳᠦ ᠪᠠᠷᠢᠮᠳᠠᠯᠠᠯ》᠂ 《ᠢᠵᠠᠭᠤᠷ ᠤᠷᠠᠯᠢᠭ᠋ ᠬᠦᠭᠡᠮᠡᠢ》 ᠵᠡᠷᠭᠡ ᠨᠠᠨᠳᠢᠨ ᠰᠠᠢᠬᠠᠨ ᠦᠯᠢᠭᠡᠷ ᠤᠴᠠᠷᠠᠯ᠎ᠢ ᠠᠯᠢ ᠤᠯᠠᠨ ᠲᠠᠯ᠎ᠠ ᠡᠴᠡ ᠲᠡᠯᠬᠡᠨ ᠶᠠᠷᠢᠵᠤ᠂ 《ᠮᠤᠩᠭᠤᠯ ᠦᠨᠳᠦᠰᠦᠳᠡᠨ᠎ᠦ ᠠᠯᠳᠠᠷᠳᠤ ᠲᠠᠭᠤᠤᠷᠢᠯᠢᠬ᠍ᠴᠢᠨ ᠲᠤᠷᠵᠢᠷᠢᠨᠴᠢᠨ》᠂ 《ᠰᠤᠶᠤᠯ ᠤᠷᠠᠯᠢᠭ᠋᠎ᠤᠨ ᠵᠢᠳᠭᠦᠯᠳᠡᠨ ᠳᠠᠸᠠ᠎ᠶᠢᠨ ᠪᠦᠭᠡᠴᠢᠯᠠᠭᠤ》 ᠵᠡᠷᠭᠡ ᠮᠠᠨ᠎ᠤ ᠨᠤᠳᠤᠭ᠎ᠤᠨ ᠰᠤᠳᠤᠨ ᠬᠦᠮᠦᠰ᠎ᠢ ᠰᠤᠷᠪᠤᠯᠵᠢᠯᠠᠵᠤ᠂ ᠲᠡᠳᠡᠨ᠎ᠦ ᠨᠡᠷᠡᠳᠦ ᠪᠦᠳᠦᠭᠡᠯ 《ᠴᠢᠨᠳᠠᠭᠠᠨ ᠴᠠᠭᠠᠨ ᠮᠤᠷᠢᠨ᠎ᠤ ᠴᠤᠯᠠ (ᠲᠤᠷᠵᠢᠷᠢᠨᠴᠢᠨ)》᠂ 《ᠰᠠᠢᠬᠠᠨ ᠮᠤᠩᠭᠤᠯ ᠤᠷᠤᠨ (ᠳᠠᠸᠠ᠎ᠶᠢᠨ ᠪᠦᠭᠡᠴᠢᠯᠠᠭᠤ)》 ᠵᠡᠷᠭᠡ᠎ᠶᠢ ᠨᠢ ᠦᠵᠡᠭᠴᠢ ᠤᠯᠠᠨ᠎ᠤ ᠲᠠᠭᠠᠰᠢᠶᠠᠯ᠎ᠳᠤ ᠬᠦᠷᠭᠡᠨ᠂ ᠠᠬᠠᠮᠠᠳ ᠨᠢᠭᠡ ᠦᠶ᠎ᠡ᠎ᠶᠢᠨ ᠤᠷᠠᠯᠢᠬ᠍ᠴᠢᠳ᠎ᠤᠨ ᠶᠠᠪᠤᠵᠤ ᠦᠩᠭᠡᠷᠡᠭᠦᠯᠦᠭᠰᠡᠨ ᠦᠩᠭᠡ ᠭᠡᠷᠡᠯᠳᠦᠮ᠎ᠡ ᠵᠠᠮ ᠮᠦᠷ᠎ᠢ ᠰᠤᠷᠪᠤᠯᠵᠢᠯᠠᠭ᠎ᠠ ᠶᠠᠷᠢᠯᠴᠠᠭ᠎ᠠ᠂ ᠦᠪᠡᠷ᠎ᠦᠨ ᠬᠢᠨᠢ ᠲᠤᠷᠠᠰᠤᠮᠵᠢ ᠬᠦᠦᠷᠨᠢᠯ᠎ᠢᠶᠡᠷ ᠳᠡᠯᠭᠡᠨ ᠬᠠᠷᠠᠭᠤᠯᠵᠤ᠂ ᠦᠵᠡᠭᠴᠢ ᠤᠯᠠᠨ᠎ᠳᠤ ᠪᠠᠨ ᠨᠤᠳᠤᠭ ᠤᠰᠤ ᠪᠠᠨ ᠬᠠᠢᠷᠠᠯᠠᠬᠤ᠂ ᠤᠯᠠᠮᠵᠢᠯᠠᠯᠳᠤ ᠰᠤᠶᠤᠯ ᠲᠡᠤᠭᠡ᠎ᠪᠠᠨ ᠨᠠᠨᠳᠢᠩᠨᠠᠨ ᠬᠠᠳᠠᠭᠠᠯᠠᠬᠤ᠂ ᠨᠤᠳᠤᠭ᠎ᠤᠨ ᠰᠤᠳᠤᠨ ᠬᠦᠮᠦᠰᠢᠶᠡᠷᠢᠶᠡᠨ ᠪᠠᠬᠠᠷᠬᠠᠬᠤ ᠤᠶᠤᠨ᠎ᠤ ᠬᠦᠷᠳᠡᠭᠡᠯ ᠬᠠᠩᠭᠠᠬ᠍ᠰᠠᠨ ᠪᠠᠢᠨ᠎ᠠ᠃
《ᠤᠮᠠᠷᠠᠳᠤ ᠬᠢᠯᠢ᠎ᠶᠢᠨ ᠰᠤᠶᠤᠯ》 ᠰᠢᠷᠢᠰ ᠨᠡᠪᠳᠡᠷᠡᠭᠦᠯᠭᠡ ᠨᠢ ᠦᠪᠡᠷᠳᠡᠭᠡᠨ ᠵᠠᠰᠠᠬᠤ ᠤᠷᠤᠨ ᠦ ᠨᠠᠮ᠎ᠤᠨ ᠬᠤᠷᠢᠶ᠎ᠠ ᠶᠡᠷᠦᠩᠭᠡᠢ ᠱᠦᠵᠢ ᠰᠢ ᠵᠢᠨ ᠫᠢᠩ᠎ᠦᠨ ᠦᠪᠦᠷ ᠮᠤᠩᠭᠤᠯ᠎ᠤᠨ ᠲᠤᠬᠠᠢ ᠴᠢᠬᠤᠯᠠ ᠵᠢᠭᠠᠪᠤᠷᠢ᠎ᠶᠢᠨ ᠵᠤᠷᠢᠭ᠋ ᠰᠠᠨᠠᠭ᠎ᠠ᠎ᠶᠢ ᠬᠦᠨᠵᠡᠭᠡᠢ ᠲᠤᠭᠤᠰᠢᠯᠠᠭᠤᠯᠵᠤ᠂ ᠰᠢ ᠵᠢᠨ ᠫᠢᠩ᠎ᠦᠨ ᠰᠤᠶᠤᠯ᠎ᠤᠨ ᠦᠵᠡᠯ ᠰᠠᠨᠠᠭ᠎ᠠ ᠪᠡᠷ ᠶᠡᠷᠦᠩᠬᠡᠢᠯᠡᠨ ᠵᠢᠯᠤᠭᠤᠳᠤᠭᠤᠯᠵᠤ᠂ ᠲᠡᠤᠭᠡ᠎ᠶᠢᠨ ᠰᠢᠨ᠎ᠡ ᠭᠠᠷᠤᠭ᠎ᠠ ᠲᠡᠭᠡᠷ᠎ᠡ ᠡᠴᠡ ᠰᠤᠶᠤᠯ᠎ᠤᠨ ᠴᠡᠴᠡᠭᠯᠡᠯ ᠬᠦᠭᠵᠢᠯ᠎ᠢ ᠦᠷᠭᠦᠯᠵᠢᠯᠡᠨ ᠠᠬᠢᠭᠤᠯᠬᠤ᠂ ᠰᠤᠶᠤᠯ᠎ᠤᠨ ᠬᠦᠴᠦᠷᠭᠡᠭ ᠤᠯᠤᠰ᠎ᠢ ᠪᠦᠳᠦᠭᠡᠨ ᠪᠠᠢᠭᠤᠯᠬᠤ᠂ ᠲᠤᠮᠳᠠᠳᠤ᠎ᠶᠢᠨ ᠦᠨᠳᠦᠰᠦᠳᠡᠨ ᠦ ᠤᠳᠤ ᠦᠶ᠎ᠡ᠎ᠶᠢᠨ ᠪᠤᠯᠪᠠᠰᠤᠨ᠎ᠢ ᠪᠠᠢᠭᠤᠯᠬᠤ ᠡᠨᠡ ᠬᠦ᠌ ᠰᠤᠶᠤᠯ᠎ᠤᠨ ᠰᠢᠨ᠎ᠡ ᠡᠬᠦᠷᠭᠡ᠎ᠶᠢᠨ ᠲᠤᠭᠤᠷᠢᠨ᠎ᠳᠤ᠂ ᠰᠤᠶᠤᠯ᠎ᠤᠨ ᠲᠠᠯ᠎ᠠ ᠪᠡᠷ ᠦᠪᠡᠷ᠎ᠢ ᠪᠠᠨ ᠬᠦᠴᠦᠷᠭᠡᠭᠵᠢᠬᠦᠯᠬᠦ᠎ᠶᠢ ᠪᠠᠳᠤᠳᠬᠠᠵᠤ᠂ ᠰᠤᠶᠤᠯ᠎ᠤᠨ ᠬᠦᠭᠵᠢᠯᠳᠡ᠎ᠶᠢᠨ ᠵᠢᠮ᠎ᠡ ᠶᠤᠰᠤ᠎ᠶᠢ ᠡᠵᠡᠮᠳᠡᠵᠦ᠂ ᠪᠤᠳᠠᠳᠤ ᠪᠠᠢᠳᠠᠯ ᠲᠠᠢ ᠪᠠᠨ ᠨᠢᠬ᠍ᠳᠠ ᠤᠶᠠᠯᠳᠤᠭᠤᠯᠵᠤ᠂ ᠤᠮᠠᠷᠠᠳᠤ ᠬᠢᠯᠢ᠎ᠶᠢᠨ ᠰᠤᠶᠤᠯ᠎ᠤᠨ ᠲᠦᠷᠦᠯ ᠲᠡᠮᠳᠡᠭ᠎ᠢ ᠡᠭᠦᠳᠴᠦ᠂ ᠲᠤᠮᠳᠠᠳᠤ᠎ᠶᠢᠨ ᠦᠨᠳᠦᠰᠦᠳᠡᠨ᠎ᠦ ᠤᠳᠤ ᠦᠶ᠎ᠡ᠎ᠶᠢᠨ ᠪᠤᠯᠪᠠᠰᠤᠨᠦ ᠦᠪᠦᠷ ᠮᠤᠩᠭᠤᠯ᠎ᠤᠨ ᠬᠠᠭᠤᠳᠠᠰᠤ᠎ᠶᠢ ᠴᠢᠷᠮᠠᠢᠨ ᠪᠢᠴᠢᠭᠯᠡᠨ᠎ᠡ ᠭᠡᠵᠦ ᠳᠤᠷᠠᠳᠤᠬ᠍ᠰᠠᠨ ᠠᠭᠤᠯᠤᠬ᠍ᠳᠠᠬᠤᠨ᠎ᠳᠤ ᠦᠨᠳᠦᠰᠦᠯᠡᠨ ᠮᠡᠳᠡᠭᠡᠯᠡᠯ᠎ᠦᠨ ᠴᠢᠭ ᠱᠤᠭᠤᠮ᠎ᠢᠶᠠᠨ ᠲᠤᠬ᠍ᠳᠠᠭᠠᠵᠤ᠂ ᠮᠠᠨ᠎ᠤ ᠬᠤᠰᠢᠭᠤᠨ᠎ᠤ᠎ᠪᠡᠨ ᠰᠤᠶᠤᠯ ᠲᠡᠤᠭᠡ᠎ᠶᠢᠨ ᠪᠤᠳᠠᠳᠤ ᠪᠠᠢᠳᠠᠯ᠎ᠳᠤ ᠰᠠᠭᠤᠷᠢᠯᠠᠨ ᠨᠡᠪᠳᠡᠷᠡᠭᠦᠯᠭᠡ ᠪᠠᠨ ᠰᠤᠷᠪᠤᠯᠵᠢᠯᠠᠭ᠎ᠠ ᠶᠠᠷᠢᠯᠴᠠᠭ᠎ᠠ᠂ ᠵᠢᠷᠤᠭ ᠰᠡᠭᠦᠳᠡᠷ᠂ ᠦᠰᠦᠭ ᠪᠢᠴᠢᠭ ᠵᠡᠷᠭᠡ ᠤᠯᠠᠨ ᠬᠡᠯᠪᠡᠷᠢ᠎ᠪᠠᠷ ᠰᠢᠩᠭᠡᠭᠡᠨ ᠦᠢᠯᠡᠳᠴᠦ᠂ ᠮᠠᠨ᠎ᠤ ᠨᠤᠳᠤᠭ᠎ᠤᠨ ᠡᠷᠳᠡᠮᠳᠡᠨ ᠮᠡᠷᠭᠡᠳ᠂ ᠰᠤᠶᠤᠯ᠎ᠤᠨ ᠵᠢᠳᠭᠦᠯᠳᠡᠨ᠂ ᠨᠤᠳᠤᠭ᠎ᠤᠨ ᠠᠬᠠᠮᠠᠳ ᠪᠤᠭᠤᠷᠤᠯᠴᠦᠳ᠂ ᠤᠷᠠᠯᠢᠭ᠋ ᠰᠤᠶᠤᠯ᠎ᠤᠨ ᠠᠵᠢᠯᠳᠠᠨ ᠵᠡᠷᠭᠡ ᠤᠯᠠᠨ ᠬᠦᠮᠦᠰ᠎ᠦᠨ ᠬᠠᠯᠠᠭᠤᠨ ᠲᠡᠮᠵᠢᠯᠭᠡ᠎ᠪᠡᠷ ᠮᠠᠨ᠎ᠤ ᠰᠢᠷᠢᠰ ᠨᠡᠪᠳᠡᠷᠡᠭᠦᠯᠭᠡ ᠨᠢ ᠢᠯᠭᠤᠮ ᠤᠷᠤᠬ᠍ᠰᠢᠳᠠᠢ ᠶᠠᠪᠤᠬ᠍ᠳᠠᠬ᠍ᠰᠠᠨᠢ ᠡᠨᠳᠡ ᠤᠴᠢᠷᠯᠠᠨ ᠦᠬᠦᠯᠡᠬᠦ᠎ᠳᠦ ᠲᠠᠭᠠᠳᠠᠢ ᠪᠠᠢᠨ᠎ᠠ᠃
ᠤᠨ ᠰᠤᠯᠢᠬ᠍ᠳᠠᠬᠤ ᠡᠨᠡ ᠠᠯᠳᠠᠨ ᠮᠦᠴᠡ᠎ᠪᠡᠷ ᠬᠢᠵᠦ ᠪᠦᠳᠦᠭᠡᠭᠰᠡᠨ ᠠᠵᠢᠯ᠎ᠢᠶᠠᠨ ᠳ᠋ᠦᠩᠨᠡᠵᠦ᠂ ᠠᠯᠳᠠᠭ᠎ᠠ ᠤᠨᠤᠭ᠎ᠠ ᠪᠠᠨ ᠰᠢᠭᠦᠵᠦ ᠰᠠᠭᠤᠬᠤ᠎ᠳᠤ 《ᠤᠮᠠᠷᠠᠳᠤ ᠬᠢᠯᠢ᠎ᠶᠢᠨ ᠰᠤᠶᠤᠯ》 ᠰᠢᠷᠢᠰ ᠨᠡᠪᠳᠡᠷᠡᠭᠦᠯᠭᠡ ᠮᠢᠨᠢ ᠴᠠᠯ ᠵᠠᠯᠠᠭᠤᠬᠠᠨ ᠪᠦᠰᠡᠭᠦᠢ ᠬᠦᠮᠦᠨ᠎ᠦ ᠲᠦᠷᠢ ᠪᠡᠷ ᠰᠡᠳᠬᠢᠯ᠎ᠳᠦ ᠮᠢᠨᠢ ᠢᠯᠡᠷᠡᠵᠦ᠂ ᠲᠡᠷᠡ ᠠᠯᠬᠤᠵᠤ ᠦᠩᠭᠡᠷᠡᠭᠰᠡᠨ ᠵᠠᠮ ᠮᠦᠷᠲᠦ ᠪᠠᠨ ᠴᠡᠴᠡᠭ ᠤᠷᠭᠤᠭᠤᠯᠤᠨ᠂ ᠬᠦᠰᠡᠨ ᠬᠦᠯᠢᠶᠡᠵᠦ ᠪᠤᠢ ᠢᠷᠡᠬᠦ ᠡᠳᠦᠷ᠎ᠦᠳ᠎ᠲᠦ ᠪᠠᠨ ᠪᠠᠰᠠ ᠯᠡ ᠦᠵᠡᠭᠴᠢ ᠲᠦᠮᠡᠨ᠎ᠦ ᠪᠠᠨ ᠦᠵᠡᠨ ᠪᠠᠬᠠᠷᠬᠠᠬᠤ ᠲᠤᠷᠠᠳᠠᠢ 《ᠰᠤᠶᠤᠯ》᠎ᠤᠨ ᠴᠡᠴᠡᠭᠡᠰ᠎ᠢ ᠲᠡᠷᠢᠬᠤ᠎ᠪᠠᠷ ᠵᠤᠷᠢᠭ᠋ ᠰᠢᠯᠤᠭᠤᠬᠠᠨ ᠠᠯᠬᠤᠯᠠᠬ᠍ᠰᠠᠭᠠᠷ ᠪᠠᠢᠨ᠎ᠠ…

ᠬᠣᠶᠠᠷ ᠬᠡᠮᠵᠢᠯᠲᠦ ᠺᠣᠲᠢ ᠱᠢᠷᠪᠢᠵᠦ᠍ ᠨᠠᠷᠢᠨ ᠠᠭᠤᠯᠭ᠎ᠠ᠎ᠶ᠋ᠢ ᠦᠵᠡᠭᠡᠷᠡᠢ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃