ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠬᠡ

2026-08-28 10:51:08

ᠵᠣᠬᠢᠶᠠᠭ᠍ᠴᠢ᠄ ᠰ·ᠰᠠᠷᠠᠨᠴᠢᠮᠡᠭ ᠤᠷᠠᠨᠴᠡᠴᠡᠭ ᠣᠩᠱᠢᠭ᠍ᠰᠠᠨ ᠣᠳᠠᠭ᠎ᠠ᠄ 3

ᠪᠠᠷᠭᠤ ᠤᠷᠳᠤ ᠵᠢᠨ ᠳᠠᠭᠤᠤ ᠵᠢᠨ ᠷᠢᠳᠢ ᠰᠢᠳᠢ᠎ᠶᠢᠨ ᠲᠤᠬᠠᠢ ᠰᠢᠭᠤᠳ ᠬᠡᠯᠡᠬᠦ᠎ᠳᠤ᠂ ᠠᠭᠤᠯᠠ ᠤᠰᠤᠨ᠎ᠠᠴᠠ᠂ ᠮᠢᠩᠭᠠᠨ ᠴᠡᠴᠡᠭᠡᠰ᠎ᠡᠴᠡ᠂ ᠣᠩᠭᠣᠨ ᠬᠥᠷᠥᠰᠥᠨ᠎ᠡᠴᠡ᠂ ᠤᠯᠠᠮᠵᠢᠯᠠᠯ ᠨᠡᠭᠦᠳᠡᠯ᠎ᠡᠴᠡ ᠁ ᠢᠷᠡᠯ ᠳᠠᠢ ᠪᠢᠯᠡ᠃

ᠰᠢᠨ᠎ᠠ ᠪᠠᠷᠭᠤ ᠵᠡᠬᠦᠨ ᠬᠤᠰᠢᠭᠤ ᠭᠡᠵᠦ ᠬᠠᠷᠠᠭᠰᠠᠨ ᠪᠦᠬᠦᠨ ᠳᠠᠭᠤ ᠠᠯᠳᠠᠮᠠᠷ ᠭᠤᠶᠤ ᠪᠠᠢᠭᠠᠯᠢ᠎ᠲᠠᠢ ᠪᠥᠭᠡᠳ ᠬᠥᠮᠥᠨ ᠨᠢ ᠴᠦ᠍ ᠪᠠᠢᠭᠠᠯᠢ᠎ᠪᠠᠨ ᠳᠠᠭᠤᠷᠢᠶᠠᠵᠤ ᠤᠷᠭᠤᠭᠰᠠᠨ ᠳᠤᠯᠠ ᠤᠷᠳᠦ ᠵᠢᠨ ᠳᠠᠭᠤᠴᠢᠳ ᠨᠢ ᠶᠡᠬᠡ ᠤᠨᠴᠠᠭᠠᠢ ᠪᠠᠢᠳᠠᠭ ᠬᠡᠯᠳᠡᠢ᠃ ᠳᠠᠭᠤᠴᠢᠳ ᠨᠢ ᠴᠠᠨᠭᠬᠢᠨᠡᠮ᠎ᠠ ᠳᠠᠭᠤᠨ ᠬᠦᠭ ᠳᠠᠢ᠂ ᠬᠣᠭᠣᠯᠠᠢ ᠵᠢᠨ ᠴᠠᠷᠠᠭ᠎ᠠ ᠶᠡᠬᠡᠲᠡᠢ᠂ ᠳᠤᠷᠭᠠᠨ ᠥᠩᠭᠡ᠎ᠲᠠᠢ᠃ ᠤᠷᠳᠦ ᠵᠢᠨ ᠳᠠᠭᠤᠤ ᠨᠢ ᠶᠠᠩᠵᠤ᠎ᠶᠢᠨ ᠨᠤᠭᠤᠯᠤᠭ᠎ᠠ ᠳᠠᠢ᠂ ᠨᠣᠮᠢᠨ ᠨᠣᠭᠣᠭᠠᠨ ᠬᠥᠷᠥᠰᠥ᠎ᠪᠡᠨ ᠳᠠᠭᠤᠷᠢᠶᠠᠵᠤ ᠵᠥᠭᠡᠯᠡᠨ ᠮᠢᠨᠳᠠᠰᠤ ᠰᠢᠭ᠋ ᠤᠶᠠᠬᠠᠨ ᠡᠬᠡᠰᠢᠭ ᠳᠡᠢ᠂ ᠨᠤᠲᠯᠠᠬᠤ᠎ᠶᠢᠨ ᠠᠷᠭ᠎ᠠ ᠦᠭᠡᠢ ᠳᠡᠭᠵᠢᠨ ᠬᠠᠶᠠᠯᠠᠭ᠎ᠠ ᠴᠠᠢᠷᠠᠭᠤᠯᠭ᠎ᠠ ᠳᠠᠢ ᠪᠠᠢᠳᠠᠭ ᠵᠢᠡᠷ ᠵᠢᠡᠨ ᠬᠥᠮᠥᠨ ᠪᠠᠢᠭᠠᠯᠢ᠎ᠶᠢᠨ ᠰᠣᠳᠣᠨ ᠭᠠᠢᠬᠠᠮᠰᠢᠭ᠋᠎ᠢ ᠭᠠᠢᠬᠠᠭᠤᠯᠤᠨ ᠰᠤᠨᠤᠷᠳᠠᠭᠤᠯᠳᠠᠭ ᠶᠤᠮ᠃ ᠪᠡᠶ᠎ᠡ ᠪᠡᠶ᠎ᠡ᠎ᠪᠡᠨ ᠨᠠᠯᠠᠨ ᠥᠨᠳᠡᠢᠵᠦ ᠲᠠᠯ᠎ᠠ᠎ᠶᠢᠨ ᠴᠡᠭᠡᠯ᠎ᠳᠦ ᠰᠦᠷᠯᠢᠭᠬᠡᠨ ᠰᠡᠬᠦᠢᠭᠰᠡᠨ ᠬᠥᠬᠡ ᠴᠡᠩᠬᠡᠷ ᠠᠭᠤᠯᠠᠰ ᠨᠢ ᠮᠠᠯᠴᠢᠨ ᠬᠥᠮᠥᠨ᠎ᠦ ᠵᠣᠷᠢᠭ᠋ ᠰᠥᠰᠥ᠂ ᠣᠮᠣᠭᠯᠠᠩ ᠲᠥᠷᠬᠦ᠎ᠶᠢ ᠲᠠᠭᠠᠮᠠᠭᠯᠠᠨ ᠪᠠᠢᠬᠤ᠎ᠳᠤ ᠡᠨᠡ ᠨᠤᠲᠤᠭ᠎ᠤᠨ ᠠᠷᠠᠳ᠎ᠤᠨ ᠳᠠᠭᠤᠤ ᠨᠢ ᠴᠤ᠌ ᠲᠠᠢᠪᠤᠩ ᠲᠠᠯ᠎ᠠ᠎ᠳᠠᠭᠠᠨ ᠲᠣᠷᠭᠠᠨ ᠨᠠᠮᠢᠶ᠎ᠠ᠎ᠲᠠᠢ ᠭᠠᠩᠬᠤᠵᠤ ᠪᠠᠢᠭᠰᠠᠨ᠎ᠢᠶᠠᠨ ᠭᠡᠨᠡᠳᠲᠡ ᠠᠢᠵᠠᠮ ᠬᠦᠭ ᠨᠢ ᠡᠷᠬᠦᠨ ᠴᠢᠩᠭᠠᠷᠠᠵᠤ᠂ ᠲᠡᠷᠡᠴᠢᠯᠡᠨ ᠴᠠᠩᠭᠢᠨᠠᠨ ᠬᠦᠩᠭᠢᠨᠡᠨ ᠴᠤᠤᠷᠢᠶᠠᠳᠤᠳᠠᠭ ᠨᠢ ᠮᠠᠯᠴᠢᠨ ᠬᠥᠮᠥᠨ᠎ᠦ ᠣᠮᠣᠭ᠎ᠢ ᠲᠤᠩᠬᠠᠭᠯᠠᠨ ᠰᠦᠯᠳᠠᠯᠡᠵᠦ᠂ ᠵᠢᠷᠦᠬᠡᠨ ᠳᠤᠯᠳᠤ ᠵᠢ ᠡᠷᠬᠡ ᠦᠬᠡᠢ ᠠᠷᠭᠠᠮᠵᠢᠨ᠎ᠠ᠃

ᠪᠠᠷᠭᠤ ᠤᠷᠲᠤ᠎ᠶᠢᠨ ᠳᠠᠭᠤᠤ ᠦᠨᠡᠬᠡᠷ ᠬᠥᠮᠥᠨ ᠪᠠᠢᠭᠠᠯᠢ ᠬᠣᠶᠠᠷ᠎ᠠᠴᠠ᠎ᠪᠠᠨ ᠠᠮᠢᠯᠠᠨ ᠤᠷᠭᠤᠵᠠᠢ᠃ ᠮᠢᠩᠭ᠎ᠠ ᠮᠢᠩᠭᠠᠨ ᠭᠠᠵᠠᠷ ᠰᠠᠷᠠᠭᠤᠯᠬᠠᠨ ᠲᠡᠨᠢᠢᠭᠰᠡᠨ ᠪᠠᠷᠭᠤ᠎ᠶᠢᠨ ᠲᠠᠯ᠎ᠠ᠎ᠪᠠᠨ ᠳᠠᠭᠤᠷᠢᠶᠠᠵᠤ᠂ ᠳᠠᠭᠤᠤ ᠪᠡᠨ ᠳᠠᠭᠤᠯᠠᠬᠤ᠎ᠳᠤ ᠴᠤᠤᠷᠢᠶ᠎ᠠ ᠨᠢ ᠬᠤᠯᠠ ᠬᠦᠴᠦᠲᠡᠢ ᠳᠤᠰᠳᠠᠭ᠃ ᠲᠠᠯ᠎ᠠ᠎ᠵᠢᠨ ᠮᠠᠯᠴᠢᠳ᠎ᠤᠨ ᠳᠠᠭᠤᠯᠠᠬᠤᠢ ᠵᠢᠨ ᠠᠷᠭ᠎ᠠ ᠲᠸᠭᠨᠢᠭ ᠨᠢ ᠥᠨᠳᠥᠷ ᠲᠦᠪᠰᠢᠨ᠎ᠦ ᠠᠮᠢᠰᠬᠤᠭ᠎ᠠ᠎ᠶᠢᠨ ᠪᠣᠯᠪᠠᠰᠤᠷᠠᠯ᠎ᠲᠠᠢ ᠪᠠᠢᠵᠦ᠂ ᠲᠡᠷᠲᠡᠭᠡ ᠪᠠᠢᠭ᠎ᠠ ᠮᠠᠯ᠎ᠠᠬᠤᠢ ᠪᠡᠨ ᠡᠷᠬᠢᠬᠦᠯᠬᠦ᠎ᠳ᠋ᠡᠬᠡᠨ ᠳᠤᠤᠭᠠᠷᠳᠠᠭ ᠳᠠᠭᠤ ᠠᠶᠠᠯᠭᠤ ᠨᠢ ᠴᠤ᠌ ᠬᠣᠭᠣᠯᠠᠢ᠎ᠶᠢᠨ ᠴᠢᠳᠠᠯ᠎ᠢ ᠨᠢ ᠬᠦᠢᠴᠡᠳ ᠢᠯᠡᠷᠬᠡᠢᠯᠡᠴᠢᠬᠡᠭᠰᠡᠨ ᠠᠵᠢ᠃

ᠳᠠᠭᠤᠤ ᠭᠡᠳᠡᠭ ᠰᠡᠳᠬᠢᠯ᠎ᠤᠨ ᠠᠶᠠᠰ᠎ᠢᠶᠡᠷ ᠨᠤᠲᠯᠠᠭᠳᠠᠵᠤ ᠪᠠᠢᠳᠠᠭ ᠪᠣᠯᠬᠣᠷ ᠪᠠᠷᠭᠤ ᠠᠷᠠᠳ᠎ᠤᠨ ᠳᠠᠭᠤᠤ ᠪᠠᠶᠠᠷ ᠵᠢᠷᠭᠠᠯ᠎ᠢᠶᠡᠨ᠂ ᠭᠤᠨᠢᠭ᠋ ᠡᠮᠭᠡᠨᠢᠯ᠎ᠢᠶᠡᠨ ᠳᠠᠭᠤᠤ᠎ᠪᠠᠷ᠎ᠢᠶᠠᠨ ᠲᠡᠮᠳᠡᠭᠯᠡᠵᠦ ᠦᠯᠡᠳᠡᠭᠡᠳᠡᠭ᠃ ᠪᠠᠢᠭᠠᠯᠢ ᠣᠷᠴᠢᠨ᠎ᠢᠶᠠᠨ ᠬᠠᠢᠷᠠᠯᠠᠬᠤ ᠥᠷᠥᠪᠴᠢᠬᠡᠨ ᠴᠠᠭᠠᠨ ᠰᠡᠳᠬᠢᠯ᠎ᠤᠨ ᠪᠡᠯᠭᠡᠳᠡᠯ ᠪᠣᠯᠤᠭᠰᠠᠨ 《ᠪᠦᠵᠦᠩᠬᠡᠨ ᠲᠠᠤᠯᠠᠢ》 ᠭᠡᠳᠡᠭ ᠪᠠᠷᠭᠤ ᠠᠷᠠᠳ᠎ᠤᠨ ᠳᠠᠭᠤᠤ ᠨᠢ ᠮᠠᠯᠴᠢᠨ ᠬᠥᠮᠥᠨ᠎ᠦ ᠠᠷᠢᠭᠤᠨ ᠴᠠᠭᠠᠨ ᠰᠡᠳᠬᠢᠯ ᠵᠢᠡᠷ ᠬᠠᠲᠠᠭᠤ ᠰᠡᠳᠬᠢᠯᠲᠦ ᠠᠩᠴᠢᠨ᠎ᠤ ᠠᠮᠢ ᠬᠤᠷᠤᠭᠠᠯᠳᠠ ᠵᠢ ᠬᠣᠷᠢᠵᠤ ᠠᠷᠭᠠᠳᠠᠭᠰᠠᠨ ᠠᠶᠠᠰ ᠳᠠᠢ ᠪᠠᠢᠵᠦ᠂ ᠦᠶ᠎ᠡ ᠳᠠᠮᠵᠢᠨ ᠰᠤᠷᠭᠠᠯ ᠪᠣᠯᠵᠤ ᠤᠯᠠᠮᠵᠢᠯᠠᠭᠳᠠᠵᠠᠢ᠃ 《ᠦᠬᠡᠷᠲᠦ ᠬᠦᠢᠲᠡᠨ ᠬᠣᠶᠠᠷ》 ᠭᠡᠳᠡᠭ ᠡᠮᠭᠡᠨᠢᠯᠲᠦ ᠤᠴᠠᠷᠠᠯ᠎ᠤᠨ ᠲᠡᠦᠬᠡᠲᠦ ᠳᠠᠭᠤᠤ᠎ᠳᠤ ᠵᠢᠷᠦᠬᠡᠨ᠎ᠡᠴᠡ ᠠᠰᠬᠠᠷᠠᠭᠰᠠᠨ ᠭᠤᠨᠢᠭ᠋᠎ᠤᠨ ᠪᠣᠷᠣᠭ᠎ᠠ ᠲᠡᠭᠷᠢ ᠪᠦᠷᠬᠦᠨ ᠮᠡᠯᠮᠡᠷᠡᠨ ᠮᠡᠭᠰᠢᠬᠦ ᠮᠡᠲᠦ ᠡᠬᠡᠰᠢᠭ ᠪᠦᠬᠦᠨ᠎ᠡᠴᠡ ᠨᠢ ᠭᠤᠨᠢᠭ᠎ᠤᠨ ᠬᠠᠢᠯᠠᠭᠠᠨ ᠢᠯᠡᠬᠡᠨ ᠳᠤᠰᠤᠯᠠᠨ᠎ᠠ᠃ 《ᠭᠠᠨᠵᠤᠤᠷ᠎ᠤᠨ ᠪᠦᠷᠢᠳᠦ》 ᠭᠡᠳᠡᠭ ᠳᠠᠭᠤᠤ ᠨᠢ ᠢᠨᠠᠭ᠎ᠤᠨ ᠰᠡᠳᠬᠢᠯ᠎ᠳᠡᠭᠡᠨ ᠰᠢᠲᠠᠵᠤ ᠪᠠᠳᠡᠷᠢᠭᠰᠡᠨ ᠵᠠᠯᠠᠭᠤ ᠨᠠᠰᠤᠨ᠎ᠤ ᠵᠢᠷᠭᠠᠯ ᠦᠨᠡᠨ᠎ᠤ᠎ᠳᠠᠭᠤᠤ ᠪᠤᠯᠬᠤ ᠪᠥᠭᠡᠳ ᠮᠠᠯᠴᠢᠨ ᠬᠥᠮᠥᠨ᠎ᠦ ᠭᠠᠩᠭᠠᠩ ᠬᠦᠯᠦᠭ᠂ ᠵᠠᠯᠠᠭᠤ ᠨᠠᠰᠤᠨ᠎ᠦ ᠪᠦᠰᠡᠭᠦᠢ᠎ᠶᠢᠨ ᠲᠣᠳᠣ᠌ ᠲᠥᠷᠬᠦ ᠵᠡᠷᠭᠡ ᠵᠢ ᠠᠮᠢᠯᠠᠨ ᠦᠯᠡᠳᠡᠭᠡᠵᠦ᠂ ᠲᠣᠷᠭᠠᠨ ᠨᠤᠭᠤᠯᠤᠭ᠎ᠠ ᠨᠢ ᠲᠠᠯ᠎ᠠ᠎ᠶᠢᠨ ᠮᠢᠩᠭᠠᠨ ᠴᠡᠴᠡᠭᠡᠰ᠎ᠢ ᠡᠨᠭᠬᠦᠷᠡᠢᠯᠡᠨ ᠬᠣᠷᠸ᠎ᠠ ᠳᠦᠭᠦᠷᠡᠩ ᠠᠮᠢᠯᠠᠭᠤᠯᠤᠨ ᠳᠡᠯᠭᠡᠵᠦ᠂ ᠭᠠᠨᠵᠤᠤᠷ᠎ᠤᠨ ᠪᠦᠷᠢᠳᠦ ᠵᠢᠨ ᠲᠤᠩᠭᠠᠯᠠᠭ ᠤᠷᠤᠰᠬᠠᠯ᠎ᠢ ᠳᠥᠯᠭᠡᠬᠡᠨ ᠮᠡᠯᠮᠡᠷᠡᠭᠦᠯᠦᠨ ᠱᠤᠤᠭᠢᠭᠤᠯᠵᠤ ᠮᠢᠩᠭᠠᠨ ᠦᠶ᠎ᠡ᠎ᠳᠦ ᠲᠡᠮᠳᠡᠭᠯᠡᠨ ᠮᠥᠩᠬᠡᠯᠡᠭᠳᠡᠵᠡᠢ᠃

ᠪᠠᠷᠭᠤ ᠠᠷᠠᠳ᠎ᠤᠨ ᠳᠠᠭᠤᠤ ᠵᠢᠨ ᠨᠢᠭᠤᠴᠠ ᠰᠢᠳᠢ᠎ᠨᠢ ᠲᠣᠳᠣᠷᠠᠭᠤᠯᠤᠨ ᠴᠠᠢᠷᠠᠭᠤᠯᠵᠤ ᠪᠠᠷᠠᠰᠢ ᠦᠭᠡᠢ ᠪᠠᠶᠠᠨ ᠳᠠᠯᠠᠢ ᠪᠢᠯᠡ᠂ ᠪᠠᠶᠠᠨ ᠪᠠᠷᠭᠤ ᠵᠢᠨ ᠬᠥᠮᠥᠨ ᠪᠠᠢᠭᠠᠯᠢ᠎ᠠᠴᠠ ᠤᠷᠭᠤᠭᠰᠠᠨ ᠪᠠᠷᠭᠤ ᠤᠷᠳᠤ᠎ᠶᠢᠨ ᠳᠠᠭᠤᠤ ᠮᠠᠨᠢ ᠮᠢᠩᠭᠠᠨ ᠰᠢᠳᠢ ᠪᠡᠷ᠎ᠢᠶᠠᠨ ᠥᠨᠢ ᠮᠥᠩᠬᠡ ᠤᠨᠳᠤᠷᠤᠨ ᠯᠤᠭᠰᠢᠬᠤ ᠳᠤᠯᠳᠤ ᠵᠢᠷᠦᠬᠡᠨ᠎ᠦ ᠤᠷᠠᠯᠢᠭ ᠶᠤᠮ ᠠ᠋᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面