ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠰᠠᠴᠤᠭ

2025-10-10 11:54:03

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠬᠤᠷ᠎ᠠ ᠪᠤᠷᠤᠭᠠᠨ ᠡᠯᠪᠡᠭ ᠪᠤᠯ ᠬᠠᠮᠢᠭ᠎ᠠ ᠴᠤ᠌ ᠬᠡᠰᠡᠨ ᠬᠠᠳᠤᠯᠠᠩ ᠪᠡᠯᠴᠢᠬᠡᠷ ᠳᠠᠢ᠃ ᠡᠨᠡ ᠵᠢᠯ᠂ ᠰᠥᠨᠢᠳ ᠵᠡᠭᠦᠨ ᠬᠣᠰᠢᠭᠤ ᠬᠤᠷ᠎ᠠ ᠰᠠᠢᠲᠠᠢ᠂ ᠡᠪᠡᠰᠦ ᠪᠡᠯᠴᠢᠭᠡᠷ᠎ᠦᠨ ᠤᠷᠭᠤᠴᠠ ᠰᠠᠢᠨ᠂ ᠴᠤᠬᠤᠮ 《ᠡᠯᠪᠡᠭ ᠬᠤᠷᠢᠶᠠᠯᠲᠠ᠎ᠶᠢᠨ ᠵᠢᠯ》 ᠎ᠢ᠋ᠢᠡᠨ ᠤᠭᠲᠤᠯ᠎ᠠ᠃

ᠮᠠᠯᠴᠢᠳ ᠲᠤᠩᠭᠠᠯᠠᠭ ᠰᠠᠢᠬᠠᠨ ᠡᠳᠦᠷ᠎ᠢ ᠵᠠᠪᠳᠤᠨ᠂ ᠬᠠᠳᠤᠯᠠᠩ᠎ᠳᠠᠭᠠᠨ ᠶᠠᠭᠠᠷᠡᠨ ᠪᠡᠯᠡᠳᠬᠡᠵᠦ ᠪᠠᠢᠨ᠎ᠠ᠃ ᠲᠷᠠᠺᠲ᠋ᠣᠷ᠎ᠵᠢᠡᠨ ᠵᠢᠯᠤᠭᠤᠳᠤᠨ ᠪᠣᠭᠣᠵᠢᠯᠠᠬᠤ ᠮᠠᠰᠢᠨ ᠵᠢᠡᠨ ᠴᠢᠷᠦᠨ᠂ ᠠᠯᠳᠠᠨ ᠰᠢᠷᠭᠠᠯ ᠡᠪᠡᠰᠦᠨ ᠳᠠᠪᠠᠯᠭᠠᠨ ᠳᠤᠮᠳᠠ ᠨᠠᠭᠠᠰᠢ ᠴᠠᠭᠠᠰᠢ ᠰᠦᠯᠵᠢᠯᠳᠦᠵᠦ᠂ ᠬᠠᠳᠤᠭᠰᠠᠨ ᠬᠠᠳᠤᠯᠠᠩ ᠵᠢᠡᠨ ᠬᠤᠷᠢᠶᠠᠵᠠᠭᠠᠨ᠎ᠠ᠃ ᠬᠦᠬᠡᠨᠠᠭᠤᠷ ᠭᠠᠴᠠᠭ᠎ᠠ᠎ᠶᠢᠨ ᠮᠠᠯᠴᠢᠨ ᠤᠶᠤᠨᠪᠢᠯᠢᠭ᠌᠎ᠤᠨ ᠬᠢᠨ᠎ᠤ ᠬᠠᠳᠤᠯᠠᠩ ᠤᠨᠴᠠ ᠰᠠᠢᠨ ᠪᠠᠢᠯ᠎ᠠ᠃《ᠡᠨᠡ ᠵᠢᠯ ᠪᠣᠷᠣᠭᠠᠨ ᠰᠠᠢᠨ᠂ ᠡᠪᠡᠰᠦ ᠰᠠᠢᠨ ᠪᠤᠯᠪᠠᠰᠤᠷᠠᠭᠰᠠᠨ ᠮᠥᠷᠲᠡᠭᠡᠨ ᠢᠭ᠍ᠴᠤ ᠤᠷᠭᠤᠵᠠᠢ》 ᠬᠡᠪᠡ᠃ ᠡᠨᠡᠬᠦ ᠡᠯᠪᠡᠭ ᠬᠤᠷᠢᠶᠠᠯᠲᠠ᠎ᠶᠢᠨ ᠪᠠᠢᠳᠠᠯ ᠨᠢ ᠰᠢᠨᠵᠢᠯᠡᠬᠦ ᠤᠬᠠᠭᠠᠨᠴᠢ ᠲᠣᠭᠣᠷᠢᠭ᠋ ᠬᠤᠪᠢᠶᠠᠨ ᠮᠠᠯᠵᠢᠬᠤ ᠪᠠ ᠰᠡᠯᠭᠦᠨ ᠮᠠᠯᠵᠢᠬᠤ ᠠᠷᠭ᠎ᠠ ᠬᠡᠮᠵᠢᠶ᠎ᠡ᠎ᠡᠴᠡ ᠠᠰᠢᠭ᠋ ᠭᠥᠷᠳᠡᠭᠰᠡᠨ ᠶᠤᠮ᠂ ᠤᠶᠤᠨᠪᠢᠯᠢᠭ᠌᠎ᠦᠨ ᠬᠢᠨ ᠲᠤᠰᠬᠠᠢᠯᠠᠨ ᠭᠤᠷᠪᠠᠨ᠎ᠤ ᠬᠣᠶᠠᠷ ᠬᠤᠪᠢ᠎ᠶᠢᠨ ᠪᠡᠯᠴᠢᠭᠡᠷ ᠦᠯᠡᠳᠡᠭᠡᠵᠦ ᠬᠠᠳᠤᠯᠠᠩ ᠪᠣᠯᠭᠠᠪᠠ᠂ ᠵᠢᠱ᠌ᠢᠯᠲᠡ᠎ᠪᠡᠷ 2000 ᠪᠣᠭᠣᠵᠢ ᠴᠢᠨᠠᠷ ᠰᠠᠢᠲᠠᠢ ᠡᠪᠡᠰᠦ᠎ᠶᠢ ᠬᠤᠷᠢᠶᠠᠵᠤ᠂ ᠪᠣᠭᠣᠵᠢ ᠪᠦᠷᠢ ᠨᠢ 40 ᠵᠢᠩ ᠠᠵᠢ᠃ 《ᠡᠭᠦᠨ᠎ᠡᠴᠡ ᠡᠮᠦᠨᠡᠬᠢ ᠦᠯᠡᠳᠡᠭᠰᠡᠨ ᠡᠪᠡᠰᠦ᠎ᠶᠢ ᠨᠡᠮᠡᠪᠡᠯ ᠮᠠᠨ᠎ᠤ ᠭᠡᠷ᠎ᠦᠨ 300 ᠭᠠᠷᠤᠢ ᠬᠣᠨᠢ᠂ 100 ᠭᠠᠷᠤᠢ ᠦᠬᠡᠷ ᠮᠡᠨᠳᠦ ᠡᠪᠦᠯᠵᠢᠵᠦ᠂ ᠢᠷᠡᠬᠦ ᠵᠢᠯ᠎ᠦᠨ ᠪᠡᠯᠴᠢᠭᠡᠷ ᠰᠡᠷᠭᠦᠭᠡᠬᠦ ᠬᠤᠭᠤᠴᠠᠭ᠎ᠠ᠎ᠶᠢ ᠤᠷᠤᠭᠰᠢᠲᠠᠢ ᠥᠩᠭᠡᠷᠡᠭᠦᠯᠬᠦ ᠪᠣᠯᠣᠨ᠎ᠠ》 ᠭᠡᠵᠦ ᠰᠤᠷᠪᠤᠯᠵᠢᠯᠠᠭ᠍ᠴᠢ᠎ᠳᠤ ᠬᠡᠯᠡᠪᠡ᠃

ᠬᠠᠳᠤᠯᠠᠩ᠎ᠤᠨ ᠲᠠᠯᠠᠪᠠᠢ᠎ᠳᠤ ᠡᠪᠡᠰᠦ ᠬᠠᠳᠤᠬᠤ ᠮᠠᠰᠢᠨ᠂ ᠡᠪᠡᠰᠦ ᠪᠤᠭᠤᠵᠢᠯᠠᠬᠤ ᠮᠠᠰᠢᠨ᠂ ᠡᠪᠡᠰᠦ ᠬᠠᠮᠤᠬᠤ ᠮᠠᠰᠢᠨ ᠠᠵᠢᠯᠯᠠᠵᠤ᠂ ᠮᠠᠰᠢᠨᠴᠢᠯᠠᠯᠲᠠ᠎ᠶᠢᠨ ᠬᠢᠷᠢ ᠲᠦᠪᠰᠢᠨ ᠲᠠᠰᠤᠷᠠᠯᠲᠠ ᠦᠭᠡᠢ ᠳᠡᠭᠡᠭᠰᠢᠯᠡᠬᠦ᠎ᠶᠢ ᠳᠠᠭᠠᠯᠳᠤᠨ ᠡᠪᠡᠰᠦ ᠬᠠᠳᠤᠬᠤ ᠦᠷ᠎ᠡ ᠪᠦᠲᠦᠮᠵᠢ᠎ᠶᠢ ᠶᠡᠬᠡ᠎ᠪᠡᠷ ᠳᠡᠭᠡᠭᠰᠢᠯᠡᠭᠦᠯᠵᠡᠢ᠃

ᠰᠥᠨᠢᠳ ᠵᠡᠭᠦᠨ ᠬᠣᠰᠢᠭᠤᠨ᠎ᠤ ᠡᠪᠡᠰᠦᠨ᠎ᠤ ᠤᠨᠠᠯᠲᠠ ᠶᠡᠬᠡ᠎ᠪᠡᠷ ᠨᠡᠮᠡᠭᠳᠡᠭᠰᠡᠨ ᠨᠢ ᠦᠨᠡᠨ᠃ ᠬᠠᠳᠤᠯᠠᠩ᠎ᠤᠨ ᠲᠠᠯᠠᠪᠠᠶ ᠨᠡᠯᠢᠶᠡᠳ ᠰᠠᠢᠨ ᠪᠠᠢᠵᠤ᠂ ᠣᠳᠣᠬᠠᠨ᠎ᠤ ᠰᠠᠢᠨ ᠤᠷᠭᠤᠯᠲᠠ᠎ᠶᠢᠨ ᠪᠠᠢᠳᠠᠯ᠎ᠵᠢᠡᠷ ᠬᠤᠷᠢᠶᠡᠯᠳᠡ ᠨᠢ ᠨᠢᠳᠤᠨᠤᠨ᠎ᠠᠴᠠ ᠬᠣᠯᠠ ᠳᠠᠪᠠᠬᠤ ᠪᠣᠯᠣᠨ᠎ᠠ᠃ ᠡᠨᠡ ᠬᠦ᠌ ᠡᠯᠪᠡᠭ ᠬᠤᠷᠢᠶᠠᠯᠲᠠ᠎ᠶᠢᠨ ᠪᠠᠢᠳᠠᠯ ᠨᠢ ᠮᠠᠯᠴᠢᠳ᠎ᠤᠨ ᠡᠪᠡᠰᠦ ᠪᠣᠷᠳᠣᠭ᠎ᠠ ᠬᠤᠳᠠᠯᠳᠤᠨ ᠠᠪᠬᠤ ᠵᠠᠷᠤᠳᠠᠯ᠎ᠢ ᠶᠡᠬᠡ᠎ᠪᠡᠷ ᠪᠠᠭᠠᠰᠬᠠᠵᠤ᠂ ᠮᠠᠯᠴᠢᠳ᠎ᠤᠨ ᠠᠵᠤ ᠠᠬᠤᠢ᠎ᠶᠢᠨ ᠳᠠᠷᠤᠭᠠᠰᠤ᠎ᠶᠢ ᠤᠯᠠᠮ ᠨᠢᠭᠡ ᠠᠯᠬᠤᠮ ᠬᠥᠩᠭᠡᠷᠡᠭᠦᠯᠵᠦ᠂ ᠰᠡᠳᠬᠢᠯ ᠴᠤ᠌ ᠳᠦᠭᠦᠷᠡᠩ ᠪᠠᠶᠠᠷ ᠲᠠᠢ᠂ ᠮᠠᠨᠭᠨᠠᠢ ᠳᠡᠨᠢᠬᠡᠷ ᠪᠠᠢᠯᠭᠠᠵᠦ᠂ ᠭᠦᠢᠴᠡᠳ ᠡᠪᠡᠰᠦ ᠪᠣᠷᠳᠣᠭ᠎ᠠ᠎ᠶᠢᠨ ᠨᠥᠭᠡᠴᠡ ᠨᠢ ᠲᠡᠳᠡᠨ᠎ᠢ ᠮᠠᠯ ᠰᠦᠷᠦᠭ᠎ᠵᠢᠡᠨ ᠠᠮᠤᠷ ᠲᠦᠪᠰᠢᠨ᠎ᠢᠶᠡᠷ ᠡᠪᠦᠯᠵᠢᠬᠦᠯᠬᠦ ᠢᠲᠡᠭᠡᠯ᠎ᠢ ᠤᠯᠠᠮ ᠲᠡᠭᠦᠯᠳᠡᠷ ᠪᠣᠯᠭᠠᠳᠠᠭ᠃ ᠣᠢᠯᠠᠭᠠᠭᠰᠠᠨ᠎ᠢᠶᠠᠷ᠂ 2025 ᠣᠨ᠎ᠳᠤ ᠰᠥᠨᠢᠳ ᠵᠡᠭᠦᠨ ᠬᠣᠰᠢᠭᠤᠨ᠎ᠤ ᠡᠪᠡᠰᠦ ᠪᠣᠷᠳᠣᠭ᠎ᠠ ᠨᠥᠭᠡᠴᠡᠯᠡᠬᠦ ᠲᠥᠯᠥᠪᠯᠡᠭᠡ᠎ᠳᠦ ᠲᠣᠳᠣᠷᠬᠠᠢ ᠲᠣᠭᠲᠠᠭᠠᠭᠰᠠᠨ᠎ᠢᠶᠠᠷ᠂ ᠡᠨᠡ ᠵᠢᠯ ᠪᠥᠬᠥ ᠬᠣᠰᠢᠭᠤ ᠪᠠᠷᠤᠭ 13 ᠲᠦᠮᠡᠨ ᠲᠣᠨ ᠡᠪᠡᠰᠦ ᠪᠣᠷᠳᠣᠭ᠎ᠠ ᠨᠥᠭᠡᠴᠡᠯᠡᠵᠦ᠂ ᠣᠯᠠᠨ ᠵᠦᠢᠯ᠎ᠦᠨ ᠠᠷᠭ᠎ᠠ ᠵᠠᠮ᠎ᠢᠶᠠᠷ ᠡᠪᠡᠰᠦ ᠪᠣᠷᠳᠣᠭ᠎ᠠ ᠴᠤᠭᠯᠠᠭᠤᠯᠤᠨ ᠬᠡᠷᠡᠭᠴᠡᠭᠡ᠎ᠶᠢ ᠪᠠᠲᠤᠯᠠᠬᠤ᠎ᠪᠠᠷ ᠲᠥᠯᠥᠪᠯᠡᠵᠦ ᠪᠣᠶ᠃ ᠪᠠᠢᠭᠠᠯᠢ᠎ᠶᠢᠨ ᠡᠪᠡᠰᠦ ᠬᠠᠳᠤᠬᠤ ᠳᠠᠯᠠᠪᠠᠢ ᠨᠢ 0.8 ᠲᠦᠮᠡᠨ ᠲᠣᠨ᠂ ᠬᠠᠭᠤᠴᠢᠨ ᠡᠪᠡᠰᠦ 0.5 ᠲᠦᠮᠡᠨ ᠲᠣᠨ᠂ ᠲᠠᠷᠢᠮᠠᠯ ᠡᠪᠡᠰᠦ᠎ᠶᠢ 5 ᠲᠦᠮᠡᠨ ᠲᠣᠨ ᠳᠠᠷᠢᠵᠤ᠂ 6.7 ᠲᠦᠮᠡᠨ ᠲᠣᠨ ᠡᠪᠡᠰᠦ᠎ᠶᠢ ᠭᠠᠳᠠᠭ᠍ᠰᠢ ᠰᠢᠯᠵᠢᠭᠦᠯᠦᠨ ᠵᠥᠭᠡᠭᠡᠪᠦᠷᠢᠯᠡᠨ᠎ᠡ᠃

ᠵᠠᠯᠭᠠᠭᠠᠳ᠂ ᠰᠥᠨᠢᠳ ᠵᠡᠭᠦᠨ ᠬᠣᠰᠢᠭᠤ ᠴᠠᠭ ᠠᠭᠤᠷ᠎ᠤᠨ ᠬᠤᠪᠢᠷᠠᠯᠲᠠ᠎ᠶᠢ ᠦᠷᠭᠦᠯᠵᠢᠯᠡᠨ ᠨᠢᠭ᠍ᠲᠠ ᠠᠩᠬᠠᠷᠴᠤ᠂ ᠡᠪᠡᠰᠦ ᠬᠠᠳᠤᠬᠤ ᠠᠵᠢᠯ᠎ᠤᠨ ᠵᠢᠯᠣᠭᠣᠳᠤᠯᠭ᠎ᠠ ᠪᠠ ᠦᠢᠯᠡᠴᠢᠯᠡᠭᠡ᠎ᠪᠡᠨ ᠴᠢᠩᠭᠠᠳᠬᠠᠵᠤ᠂ ᠡᠪᠡᠰᠦ ᠬᠠᠳᠤᠬᠤ ᠠᠵᠢᠯ᠎ᠤᠨ ᠤᠷᠤᠭᠰᠢᠲᠠᠢ ᠪᠡᠶᠡᠯᠡᠭᠳᠡᠬᠦ᠎ᠶᠢ ᠦᠨᠡᠨ ᠬᠦ᠌ ᠪᠠᠲᠤᠯᠠᠬᠤ᠎ᠶᠢᠨ ᠬᠠᠮᠲᠤ ᠡᠯ᠎ᠡ ᠠᠷᠭ᠎ᠠ ᠵᠠᠮ᠎ᠢᠶᠠᠷ ᠡᠪᠡᠰᠦ ᠪᠣᠷᠳᠣᠭ᠎ᠠ ᠴᠤᠭᠯᠠᠭᠤᠯᠬᠤ ᠶᠠᠪᠤᠳᠠᠯ᠎ᠢ ᠨᠢᠭᠡᠳᠦᠯᠲᠡᠢ ᠲᠥᠯᠥᠪᠯᠡᠨ ᠠᠬᠢᠭᠤᠯᠵᠤ᠂ ᠮᠠᠯ ᠠᠵᠤ ᠠᠬᠤᠢ᠎ᠶᠢᠨ ᠦᠷᠭᠦᠯᠵᠢᠯᠡᠨ ᠲᠣᠭᠲᠠᠭᠤᠨ᠎ᠢᠶᠠᠷ ᠬᠥᠭᠵᠢᠬᠦ᠎ᠳᠦ ᠪᠠᠲᠤ ᠪᠡᠬᠢ ᠰᠠᠭᠤᠷᠢ ᠲᠠᠯᠪᠢᠵᠤ ᠥᠭᠭᠦᠨ᠎ᠡ᠃

(ᠰᠦᠨᠢᠳ ᠵᠡᠬᠦᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ᠎ᠤᠨ ᠬᠢᠨ ᠬᠠᠨᠭᠭᠠᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面