ᠲᠡᠷᠢᠭᠦᠨ ᠨᠢᠭᠤᠷ>ᠡᠭᠦᠯᠡᠨ ᠬᠦᠯᠦᠭ>ᠡᠭᠦᠯᠡᠨ ᠰᠠᠴᠤᠭ

2026-01-07 11:33:03

ᠵᠣᠬᠢᠶᠠᠭ᠍ᠴᠢ᠄ ᠠᠭᠤᠯᠠ ᠣᠩᠱᠢᠭ᠍ᠰᠠᠨ ᠣᠳᠠᠭ᠎ᠠ᠄ 3

《ᠡᠷᠡᠬᠡᠢ》 ᠬᠤᠨᠳᠠᠭᠠᠲᠤ ᠪᠠᠭᠠᠴᠤᠳ᠎ᠤᠨ ᠪᠥᠬᠡ᠎ᠶᠢᠨ ᠪᠠᠷᠢᠯᠳᠤᠭᠠᠨ ᠶᠠᠪᠤᠭᠳᠠᠯ᠎ᠠ

ᠠᠷᠤ ᠬᠤᠷᠴᠢᠨ ᠨᠤᠲᠤᠭ᠎ᠲᠤ ᠮᠥᠩᠭᠥᠨ ᠡᠪᠦᠯ ᠰᠠᠭᠠᠲᠠᠵᠤ᠂ ᠨᠣᠶᠠᠨ ᠰᠠᠷᠢᠳᠠᠭ ᠠᠭᠤᠯᠠ ᠬᠠᠢᠷᠠᠬᠳ ᠪᠤᠭᠤᠷᠤᠯ ᠰᠠᠭᠤᠵᠤ ᠰᠡᠬᠦᠢᠯ᠎ᠡ ᠃ ᠬᠥᠭᠡᠭᠡ ᠡᠪᠦᠯ᠎ᠦᠨ ᠬᠦᠢᠲᠡᠨ ᠎ᠦ ᠡᠷᠴᠢ ᠴᠢᠩᠭᠠᠷᠠᠵᠤ ᠪᠠᠢᠭ᠎ᠠ ᠮᠥᠴᠡ᠎ᠶᠢ ᠲᠣᠬᠢᠶᠠᠯᠳᠤᠭᠤᠯᠤᠨ᠂ ᠬᠡᠦᠬᠡᠳ ᠪᠠᠭᠠᠴᠤᠤᠯ᠎ᠤᠨ᠎ᠢᠶᠡᠨ ᠪᠡᠶ᠎ᠡ ᠮᠠᠬᠠᠪᠤᠳ᠎ᠢ ᠳᠠᠪᠲᠠᠨ ᠪᠣᠯᠪᠠᠰᠤᠷᠠᠭᠤᠯᠬᠤ ᠎ᠶᠢᠨ ᠤᠯᠠᠮ ᠎ᠢᠶᠠᠷ ᠡᠷᠴᠢ ᠵᠣᠷᠢᠭ᠋ ᠎ᠢ ᠨᠢ ᠬᠥᠪᠴᠢᠯᠡᠨ᠂ ᠪᠥᠬᠡ ᠪᠠᠷᠢᠯᠳᠤᠬᠤ ᠤᠷᠮ᠎ᠠ ᠪᠠᠬ᠎ᠠ᠎ᠶᠢ ᠨᠢ ᠳᠡᠭᠡᠭᠰᠢᠯᠡᠭᠦᠯᠬᠦ ᠵᠣᠷᠢᠯᠭ᠎ᠠ ᠪᠠᠷ 2025ᠤᠨ᠎ᠤ 12 ᠰᠠᠷ᠎ᠠ ᠎ᠶᠢᠨ 13᠎ᠤ ᠡᠳᠦᠷ᠂ ᠠᠷᠤ ᠬᠣᠷᠴᠢᠨ ᠬᠣᠰᠢᠭᠤᠨ᠎ᠤ 《ᠡᠷᠡᠬᠡᠢ ᠪᠡᠶ᠎ᠡ ᠲᠠᠮᠢᠷ᠎ᠤᠨ ᠺᠯᠦ᠋ᠪ》᠎ᠡᠴᠡ ᠵᠣᠬᠢᠶᠠᠨ ᠪᠠᠢᠭᠤᠯᠤᠨ ᠶᠠᠪᠤᠭᠳᠠᠭᠤᠯᠤᠭᠰᠠᠨ ᠠᠩᠬᠠᠳᠤᠭᠠᠷ ᠤᠳᠠᠭᠠᠨ᠎ᠤ 《ᠡᠷᠡᠬᠡᠢ》 ᠬᠤᠨᠳᠠᠭᠠᠲᠤ ᠬᠡᠦᠬᠡᠳ ᠪᠠᠭᠠᠴᠤᠳ᠎ᠤᠨ ᠪᠥᠬᠡ ᠎ᠶᠢᠨ ᠪᠠᠷᠢᠯᠳᠤᠭᠠᠨ ᠬᠣᠰᠢᠭᠤᠨ ᠲᠥᠪ ᠴᠢᠪᠠᠭ᠎ᠠ ᠪᠠᠯᠭᠠᠰᠤᠨ᠎ᠳᠤ ᠦᠪᠡᠳᠡᠭᠰᠢ ᠶᠠᠪᠤᠭᠳᠠᠯ᠎ᠠ᠃

ᠲᠤᠰ ᠤᠳᠠᠭᠠᠨ᠎ᠤ ᠨᠠᠢᠷ᠎ᠲᠤ᠂ ᠬᠥᠷᠰᠢ ᠵᠡᠷᠭᠡᠯᠡᠳᠡᠭᠡ 3 ᠠᠢᠮᠠᠭ ᠬᠣᠲᠠ ᠬᠢᠭᠡᠳ 9 ᠬᠣᠰᠢᠭᠤᠨ᠎ᠤ 200 ᠭᠠᠷᠦᠢ ᠪᠠᠭᠠᠴᠤᠳ ᠣᠷᠣᠯᠴᠠᠵᠤ᠂ ᠪᠠᠭ᠎ᠠ ᠰᠤᠷᠭᠠᠭᠤᠯᠢ ᠎ᠶᠢᠨ ᠳᠤᠭᠤᠢᠯᠠᠩ ᠪᠠ ᠠᠩᠬ᠎ᠠ ᠳᠤᠮᠳᠠᠳᠤ᠎ᠶᠢᠨ ᠳᠤᠭᠤᠢᠯᠠᠩ ᠬᠤᠪᠢᠶᠠᠨ ᠵᠣᠬᠢᠶᠠᠨ ᠪᠠᠢᠭᠤᠯᠤᠭᠰᠠᠨ ᠪᠥᠭᠡᠳ ᠨᠠᠰᠤᠨ᠎ᠤ ᠶᠡᠬᠡ ᠪᠠᠭ᠎ᠠ᠎ᠪᠡᠷ ᠳᠤᠭᠤᠢᠯᠠᠩ ᠪᠦᠷᠢ᠎ᠳᠦ ᠬᠣᠶᠠᠷ ᠳᠡᠰ ᠬᠤᠪᠢᠶᠠᠨ᠂ ᠨᠤᠭᠤᠯᠤᠭ᠎ᠠ ᠪᠦᠷᠢ ᠰᠢᠪᠠᠭ᠎ᠠ ᠲᠡᠳᠡᠨ ᠪᠠᠷᠢᠯᠳᠤᠭᠤᠯᠤᠭᠰᠠᠨ ᠪᠠᠢᠨ᠎ᠠ᠃ ᠤᠷ᠎ᠠ ᠤᠬᠠᠭᠠᠨ ᠤᠷᠤᠯᠳᠤᠭᠤᠯᠤᠨ᠂ ᠬᠦᠴᠦ ᠪᠢᠷ᠎ᠠ᠎ᠪᠠᠨ ᠦᠵᠡᠯᠴᠡᠭᠰᠡᠨ᠎ᠦ ᠡᠴᠦᠰ᠎ᠲᠦ ᠪᠠᠭ᠎ᠠ ᠰᠤᠷᠭᠠᠭᠤᠯᠢ᠎ᠶᠢᠨ ᠳᠤᠭᠤᠢᠯᠠᠩ᠎ᠳᠤ ᠠᠷᠤ ᠬᠣᠷᠴᠢᠨ ᠬᠣᠰᠢᠭᠤᠨ᠎ᠤ ᠬᠣᠨᠳᠣ᠌ ᠪᠠᠯᠭᠠᠰᠤ᠎ᠶᠢᠨ ᠬᠦᠰᠡᠯᠡᠩ ᠲᠡᠷᠢᠭᠦᠯᠡᠨ᠂ ᠬᠡᠰᠢᠭᠲᠡᠨ ᠬᠣᠰᠢᠭᠤᠨ᠎ᠦ ᠲᠡᠨᠢᠭᠦᠨ ᠳᠡᠳ᠋ᠯᠡᠵᠦ᠂ ᠠᠩᠬ᠎ᠠ ᠳᠤᠮᠳᠠᠳᠤ᠎ᠶᠢᠨ ᠳᠤᠭᠤᠢᠯᠠᠩ᠎ᠳᠤ ᠲᠦᠩᠯᠢᠶᠣᠣ ᠬᠣᠲᠠ᠎ᠶᠢᠨ ᠴᠣᠯᠭᠣᠷᠠ ᠲᠡᠷᠢᠭᠦᠯᠡᠨ᠂ ᠵᠠᠷᠤᠳ ᠬᠣᠰᠢᠭᠤᠨ᠎ᠤ ᠴᠠᠬᠢᠯᠭᠠᠨ ᠳᠡᠳ᠋ᠯᠡᠵᠡᠢ᠃

《ᠡᠷᠡᠬᠡᠢ ᠪᠡᠶ᠎ᠡ ᠲᠠᠮᠢᠷ᠎ᠤᠨ ᠺᠯᠦᠪ》 ᠨᠢ ᠬᠡᠦᠬᠡᠳ ᠪᠠᠭᠠᠴᠤᠳ᠎ᠤᠨ ᠪᠥᠬᠡ᠎ᠶᠢᠨ ᠰᠣᠶᠣᠯ᠎ᠢᠶᠠᠨ ᠳᠡᠭᠡᠳᠦᠯᠡᠵᠦ᠂ ᠪᠡᠶ᠎ᠡ ᠮᠠᠬᠠᠪᠤᠳ᠎ᠢᠶᠠᠨ ᠳᠠᠪᠲᠠᠨ ᠪᠣᠯᠪᠠᠰᠤᠷᠠᠭᠤᠯᠤᠨ᠂ ᠠᠮᠠᠷᠠᠯᠲᠠ᠎ᠶᠢᠨ ᠬᠤᠭᠤᠴᠠᠭᠠᠨ᠎ᠳᠤ ᠴᠠᠬᠢᠮ ᠶᠢᠷᠲᠢᠨᠴᠦ᠎ᠡᠴᠡ ᠵᠠᠢᠳᠠᠨ᠂ ᠪᠡᠶ᠎ᠡ ᠲᠠᠮᠢᠷ᠎ᠤᠨ ᠬᠥᠳᠡᠯᠭᠡᠭᠡᠨ᠎ᠳᠦ ᠢᠯᠡᠭᠦᠬᠡᠨ ᠣᠷᠣᠯᠴᠠᠵᠤ᠂ ᠡᠷᠡᠭᠦᠯ ᠪᠡᠶ᠎ᠡ ᠰᠠᠷᠠᠭᠤᠯ ᠤᠬᠠᠭᠠᠨ᠎ᠲᠠᠢ ᠬᠥᠮᠥᠵᠢᠭᠦᠯᠬᠦ᠎ᠳᠦ ᠲᠠᠪᠴᠠᠩ ᠬᠠᠩᠭᠠᠬᠤ ᠎ᠶᠢ ᠵᠣᠷᠢᠭ᠍ᠰᠠᠨ ᠵᠣᠷᠢᠯᠭ᠎ᠠ ᠨᠢᠭᠡᠲᠡᠢ ᠬᠠᠰᠮᠥ᠋ᠷᠡᠨ᠂ ᠮᠥᠩᠭᠡᠳᠤᠭᠲᠤᠬᠤ᠂ ᠴᠣᠪᠣᠭᠣ᠌ ᠭᠤᠷᠪᠠᠭᠤᠯᠠ᠎ᠶᠢᠨ ᠪᠠᠢᠭᠤᠯᠤᠭᠰᠠᠨ ᠪᠡᠶ᠎ᠡ ᠵᠢᠨ ᠲᠠᠮᠢᠷ᠎ᠤᠨ ᠺᠯᠦ᠋ᠪ ᠪᠣᠯᠣᠨ᠎ᠠ ᠃ᠲᠤᠰ ᠤᠳᠠᠭᠠᠨ᠎ᠤ ᠪᠠᠭᠠᠴᠤᠳ᠎ᠤᠨ ᠪᠥᠬᠡ᠎ᠶᠢᠨ ᠪᠠᠷᠢᠯᠳᠤᠭᠠᠨ᠎ᠢ ᠵᠣᠬᠢᠶᠠᠨ ᠪᠠᠢᠭᠤᠯᠤᠭᠰᠠᠨ ᠨᠢ ᠡᠯ᠎ᠡ ᠭᠠᠵᠠᠷ᠎ᠤᠨ ᠬᠡᠦᠬᠡᠳ ᠪᠠᠭᠠᠴᠤᠳ᠎ᠲᠤ ᠤᠷᠮ᠎ᠠ ᠪᠠᠭ᠎ᠠ᠂ ᠤᠷ᠎ᠠ ᠠᠪᠢᠶᠠᠰ᠂ ᠪᠡᠶ᠎ᠡ ᠮᠠᠬᠠᠪᠤᠳ᠎ᠢᠶᠠᠨ ᠳᠠᠪᠲᠠᠨ ᠪᠣᠯᠪᠠᠰᠤᠷᠠᠭᠤᠯᠬᠤ᠎ᠳᠤ ᠨᠢᠭᠡᠨ ᠣᠯᠳᠠᠰᠢ ᠦᠭᠡᠢ ᠵᠠᠪᠰᠢᠶᠠᠨ ᠣᠯᠭᠣᠨ ᠲᠠᠪᠴᠠᠩ ᠬᠠᠩᠭᠠᠭᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面