ᠲᠡᠷᠢᠭᠦᠨ ᠨᠢᠭᠤᠷ>ᠭᠡᠷ ᠤᠷᠤᠨ>ᠵᠢᠷᠤᠭᠲᠤ ᠮᠡᠳᠡᠭᠡ

2026-11-11 16:25:06

ᠵᠣᠬᠢᠶᠠᠭ᠍ᠴᠢ᠄ ​ ᠪᠤᠤ ᠢᠤᠢ ᠶᠢᠡᠭ ᠣᠩᠱᠢᠭ᠍ᠰᠠᠨ ᠣᠳᠠᠭ᠎ᠠ᠄ 3

《 ᠦᠪ ᠰᠤᠶᠤᠯ ·ᠠᠭᠤᠰᠤᠯᠴᠠᠯ᠎ᠤᠨ ᠦᠯᠢᠭᠡᠷ 》  ᠰᠢᠷᠢᠰ ᠮᠠᠲᠠᠬᠡᠯᠡᠯ ⑤


  ᠮᠣᠷᠢᠨ ᠬᠤᠭᠤᠷ᠎ᠤᠨ ᠤᠶᠠᠡᠭᠭᠠᠲᠤ ᠡᠬᠡᠰᠢᠭ ᠦᠷᠬᠡᠨ ᠠᠭᠤᠲᠠᠮ ᠬᠣᠷᠴᠢᠨ᠎ᠤ ᠲᠠᠯ᠎ᠠ ᠨᠤᠲᠤᠭ ᠲᠸ᠋ ᠬᠠᠡᠭᠬᠢᠨᠠᠨ ᠴᠤᠤᠷᠢᠶᠠᠲᠤᠨ᠎ᠠ᠃  ᠤᠷᠠᠨ ᠬᠠᠳᠬᠤᠮᠠᠯᠴᠢᠨ᠎ᠤ ᠬᠤᠷᠤᠭᠤᠨ ᠦᠵᠤᠬᠦᠷ ᠲᠸ᠋ ᠮᠦᠡᠭᠬᠦᠨ ᠵᠡᠬᠦᠤ ᠦᠡᠭᠬᠡᠲᠤ ᠤᠲᠠᠰᠤ ᠰᠦᠯᠵᠢᠯᠲᠤᠨ ᠪᠦᠵᠢᠵᠦ᠂  ᠲᠤᠮᠳᠠᠳᠤ ᠵᠢᠨ ᠰᠤᠶᠤᠯ ᠲᠡᠦᠭᠡ ᠵᠢ ᠠᠴᠢᠶᠠᠯᠠᠭᠰᠠᠨ ᠲᠦᠰᠢᠶᠡᠳᠦ ᠬᠠᠳᠬᠤᠮᠠᠯ ᠬᠤᠯᠠ ᠤᠢᠷ᠎ᠠ ᠳ᠋ᠤ ᠲᠠᠭᠤᠷᠢᠰᠤᠨ᠎ᠠ᠃

ᠲᠦᠰᠢᠶᠡᠲᠦ ᠬᠠᠳᠬᠤᠮᠠᠯ ᠪᠣᠯ ᠬᠢᠡᠭᠭᠠᠨ ᠠᠢᠮᠠᠬ ᠤ᠋ᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠰᠣᠶᠣᠯ᠎ᠤᠨ ᠨᠢᠭᠡᠨ ᠨᠡᠷᠡᠳᠦ ᠲᠦᠷᠦᠯ ᠲᠡᠮᠳᠡᠭ ᠪᠤᠯᠤᠨ᠎ᠠ᠂ ᠮᠦᠨ ᠴᠸ᠋ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ ᠠᠮᠢᠳᠤᠯᠢᠭ᠋ ᠦᠢᠯᠡᠳᠦᠯᠭᠡ ᠮᠦᠨ᠃ 2009 ᠤᠨ ᠳ᠋ᠤ ᠬᠤᠶᠠᠲᠤᠭᠠᠷ ᠪᠦᠯᠦᠭ ᠤ᠋ᠨ ᠦᠪᠠᠷᠲᠠᠬᠡᠨ ᠵᠠᠰᠠᠬᠤ ᠤᠷᠤᠨ ᠤ᠋ ᠲᠠᠰ ᠤ᠋ᠨ ᠪᠤᠲᠠᠰ ᠤ᠋ᠨ ᠪᠤᠰᠤ ᠰᠤᠶᠤᠯ ᠤ᠋ᠨ ᠦᠪ ᠤ᠋ᠨ ᠨᠠᠷᠠᠰ ᠲᠸ᠋ ᠵᠢᠭᠰᠠᠭᠠᠭᠲᠠᠵᠤ᠂ 2021 ᠤᠨ ᠳ᠋ᠤ ᠤᠯᠤᠰ ᠤ᠋ᠨ ᠲᠠᠰ ᠤ᠋ᠨ ᠪᠤᠲᠠᠰ ᠤ᠋ᠨ ᠪᠤᠰᠤ ᠰᠤᠶᠤᠯ ᠤ᠋ᠨ ᠦᠪ ᠤ᠋ᠨ ᠲᠦᠯᠤᠬᠡᠯᠡᠬᠦ ᠴᠢᠨᠠᠷᠲᠠᠢ ᠲᠦᠷᠦᠯ ᠵᠦᠢᠯ ᠤ᠋ᠨ ᠨᠠᠷᠠᠰ ᠤ᠋ᠨ ᠵᠢᠭᠰᠠᠭᠠᠯᠲᠠ ᠳ᠋ᠤ ᠤᠷᠤᠪᠠ᠃

ᠬᠤᠷᠴᠢᠨ ᠪᠠᠷᠠᠭᠤᠨ ᠭᠠᠷᠤᠨ ᠲᠤᠮᠲᠠᠲᠤ ᠬᠤᠰᠢᠭᠤᠨ ᠤ᠋ ᠪᠤᠲᠠᠰ ᠤ᠋ᠨ ᠪᠤᠰᠤ ᠰᠤᠶᠤᠯ ᠤ᠋ᠨ ᠦᠪ ᠤ᠋ᠨ ᠲᠦᠪ ᠤ᠋ᠨ ᠡᠷᠬᠢᠯᠡᠭᠴᠢ ᠪᠠᠶᠠᠨᠳᠡᠬᠦᠰ ᠰᠤᠷᠪᠤᠯᠵᠢᠯᠠᠭ᠎ᠠ ᠬᠦᠯᠢᠶᠠᠬᠦ ᠳ᠋ᠡᠬᠡᠨ᠄《ᠲᠦᠰᠢᠶᠡᠲᠦ ᠬᠠᠳᠬᠤᠮᠠᠯ ᠪᠤᠯ ᠴᠢᠩ ᠤᠯᠤᠰ᠎ᠤᠨ ᠦᠶ᠎ᠡ ᠡᠴᠡ ᠡᠬᠦᠰᠦᠯ ᠲᠠᠢ᠃  ᠲᠦᠰᠢᠶᠡᠲᠦ ᠴᠢᠨ ᠸᠠᠩ᠎ᠤᠨ ᠣᠷᠳᠣᠨ ᠳ᠋ᠤ ᠦᠶ᠎ᠡ ᠲᠠᠮᠵᠢᠨ ᠤᠯᠠᠮᠵᠢᠯᠠᠭᠳᠠᠵᠤ ᠪᠠᠢᠭᠰᠠᠨ ᠮᠣᠩᠭᠣᠯ ᠦᠨᠳᠦᠰᠦᠲᠡᠨ᠎ᠦ ᠤᠯᠠᠮᠵᠢᠯᠠᠯᠲᠤ ᠤᠷᠠᠨ ᠵᠢᠷᠤᠭ᠎ᠤᠨ᠎ᠤᠷ᠎ᠠ ᠮᠡᠷᠭᠡᠰᠢᠯ ᠪᠤᠯᠤᠨ᠎ᠠ᠃ ᠲᠡᠦᠬᠡᠨ ᠳᠡᠭᠡᠷ᠎ᠡ ᠲᠦᠰᠢᠶᠡᠲᠦ ᠬᠠᠳᠬᠤᠮᠠᠯ᠎ᠤᠨ ᠡᠳ᠋᠎ᠢ ᠴᠢᠩ ᠤᠯᠤᠰ᠎ᠤᠨ ᠵᠠᠰᠠᠭ᠎ᠤᠨ ᠭᠠᠵᠠᠷ᠎ᠲᠤ ᠡᠷᠭᠦᠨ ᠪᠠᠷᠢᠵᠤ ᠪᠠᠢᠭᠰᠠᠨ ᠪᠥᠭᠡᠳ ᠬᠣᠷᠴᠢᠨ ᠠᠢᠮᠠᠭ᠎ᠤᠨ 10 ᠬᠣᠰᠢᠭᠤᠨ᠎ᠤ ᠸᠠᠩ ᠭᠦᠩ ᠢᠵᠠᠭᠤᠷᠲᠠᠳ᠎ᠤᠨ ᠬᠣᠭᠣᠷᠣᠨᠳᠤ ᠪᠠᠨ ᠪᠡᠯᠡᠭ ᠪᠤᠯᠭᠠᠨ ᠬᠦᠷᠭᠡᠳᠡᠭ ᠪᠠᠢᠵᠠᠢ᠃ ᠲᠦᠰᠢᠶᠡᠲᠦ ᠬᠠᠳᠬᠤᠮᠠᠯ  ᠸᠠᠩ᠎ᠤᠨ ᠣᠷᠳᠣᠨ᠎ᠤ ᠲᠤᠰᠬᠠᠢ ᠬᠠᠳᠬᠤᠮᠠᠯᠴᠢᠨ ᠥᠬᠢᠨ᠎ᠢᠶᠡᠷ ᠳᠠᠮᠵᠢᠨ ᠦᠶ᠎ᠡ ᠤᠯᠠᠷᠢᠨ ᠤᠯᠠᠮᠵᠢᠯᠠᠭᠳᠠᠵᠤ᠂ ᠢᠷᠭᠡᠨ ᠤᠯᠤᠰ᠎ᠠᠴᠠ ᠰᠡᠭᠦᠯᠡᠷ ᠠᠭᠠᠵᠢᠮ᠎ᠢᠶᠠᠷ ᠠᠷᠠᠳ᠎ᠤᠨ ᠳᠤᠮᠳᠠ ᠤᠯᠠᠮᠵᠢᠯᠠᠭᠳᠠᠪᠠ》ᠬᠡᠵᠠᠢ᠃  ᠲᠡᠬᠦᠨ᠎ᠤ ᠲᠠᠨᠢᠯᠴᠠᠭᠤᠯᠤᠭᠰᠠᠨ ᠵᠢᠡᠷ᠂ ᠲᠦᠰᠢᠶᠡᠲᠦ ᠬᠠᠳᠬᠤᠮᠠᠯ ᠳ᠋ᠤ  9 ᠲᠥᠷᠥᠯ᠎ᠤᠨ 40 ᠭᠠᠷᠤᠢ ᠵᠦᠢᠯ ᠤ᠋ᠨ ᠵᠡᠬᠦᠤ ᠬᠠᠳᠬᠤᠬᠤ ᠠᠷᠭ᠎ᠠ ᠲᠠᠢ᠂ ᠲᠠᠷᠨ ᠪᠤᠯ ᠮᠤᠡᠭᠭᠤᠯ᠂ ᠬᠢᠲᠠᠳ᠂ ᠮᠠᠨᠵᠤ ᠵᠡᠷᠬᠡ ᠦᠨᠲᠤᠰᠤᠲᠠᠨ ᠤ᠋ ᠬᠠᠳᠬᠤᠮᠠᠯ ᠤ᠋ᠨ ᠤᠷ᠎ᠠ ᠮᠡᠷᠬᠡᠵᠢᠯ ᠬᠠᠷᠢᠯᠴᠠᠨ ᠠᠭᠤᠰᠤᠯᠴᠠᠨ ᠬᠦᠭᠵᠢᠭᠰᠡᠨ ᠤᠷᠠᠯᠢᠭ ᠎ᠤᠨ ᠤᠤᠷ ᠲᠤᠨᠳᠠᠰᠤ ᠪᠤᠯᠬᠤ ᠶᠤᠮ᠂ ᠦᠡᠭᠬᠡ ᠪᠤᠲᠤᠭ ᠨᠢ ᠢᠯᠭᠠᠷᠠᠮ᠎ᠠ᠂ ᠬᠡᠪ ᠨᠡᠮᠪᠠ ᠨᠢ ᠦᠪᠠᠷᠮᠢᠴᠠ ᠤᠨᠴᠠᠯᠢᠭ ᠲᠠᠢ ᠪᠠᠢᠵᠤ᠂  ᠲᠠᠯ᠎ᠠ ᠨᠤᠲᠤᠭ ᠲᠸ᠋ ᠦᠷᠭᠦᠯᠵᠢ ᠬᠠᠷᠠᠭᠳᠠᠳᠠᠭ ᠴᠡᠴᠡᠭ ᠰᠢᠪᠠᠭᠤ ᠵᠢᠭᠠᠰᠤ ᠵᠢᠷᠭᠠᠬᠠᠢ ᠪᠡᠷ ᠬᠠᠳᠬᠤᠮᠠᠯ᠎ᠤᠨ ᠲᠦᠷᠰᠦ ᠪᠤᠯᠭᠠᠳᠠᠭ᠂ ᠬᠠᠳᠬᠤᠮᠠᠯ ᠤ᠋ᠨ ᠪᠦᠳᠦᠭᠡᠭᠳᠡᠬᠦᠨ ᠨᠢ ᠮᠠᠯᠴᠢᠨ ᠲᠦᠮᠠᠨ ᠤ᠋ ᠠᠵᠤ ᠠᠮᠢᠳᠤᠷᠠᠯ ᠳ᠋ᠤ ᠦᠷᠭᠡᠨ ᠵᠢᠡᠷ ᠬᠡᠷᠡᠭᠯᠡᠭᠳᠡᠵᠦ᠂ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠠᠮᠢᠳᠤᠷᠠᠯ᠎ᠤᠨ ᠴᠢᠮᠡᠭ ᠤᠶᠤᠨ᠎ᠤ ᠲᠠᠯᠠᠰᠳᠤ ᠪᠤᠯᠵᠤ ᠪᠠᠢᠳᠠᠭ᠃ ᠡᠢᠮᠦᠷᠬᠦᠦ 《ᠡᠬᠡ ᠪᠠᠢᠭᠠᠯᠢ ᠵᠢᠨ ᠰᠤᠶᠤᠷᠬᠠᠯ᠎ᠢ ᠠᠷᠠᠳ ᠤ᠋ᠨ ᠠᠮᠢᠲᠤᠷᠠᠯ ᠳ᠋ᠤ ᠠᠭᠤᠰᠬᠠᠨ ᠬᠡᠷᠡᠭᠯᠡᠬᠦ》 ᠵᠣᠬᠢᠶᠠᠨ ᠪᠦᠲᠦᠭᠡᠯᠭᠡ᠎ᠶᠢᠨ ᠠᠷᠭ᠎ᠠ ᠮᠠᠶᠢᠭ᠋ ᠨᠢ ᠬᠥᠮᠥᠨ ᠪᠤᠯᠤᠨ ᠡᠬᠡ ᠪᠠᠢᠭᠠᠯᠢ᠎ᠶᠢᠨ ᠡᠶ᠎ᠡ ᠵᠤᠬᠢᠴᠠᠩᠭᠤᠢ᠎ᠪᠠᠷ ᠬᠠᠮᠲᠤ ᠣᠷᠣᠰᠢᠬᠤ ᠳᠤᠮᠳᠠᠳᠤ᠎ᠶᠢᠨ ᠤᠯᠠᠮᠵᠢᠯᠠᠯᠲᠤ ᠤᠶᠤᠨ ᠤᠬᠠᠭᠠᠨ᠎ᠢ ᠠᠮᠢᠳᠤᠯᠢᠭ᠋᠎ᠢᠶᠠᠷ ᠢᠯᠡᠷᠡᠬᠦᠯᠵᠡᠢ᠃

ᠡᠪᠤᠯ ᠤ᠋ᠨ ᠡᠬᠢᠨ ᠰᠠᠷ᠎ᠠ ᠳ᠋ᠤ ᠬᠣᠷᠴᠢᠨ᠎ᠤ ᠲᠠᠯ᠎ᠠ ᠨᠤᠲᠤᠭ᠎ᠮᠦᠡᠭᠬᠦᠨ ᠴᠠᠰᠤᠨ ᠳ᠋ᠤ ᠬᠤᠴᠢᠭᠲᠠᠯ᠎ᠠ᠃ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠪᠠᠶᠠᠨᠬᠤᠰᠢᠭᠤ ᠪᠠᠯᠭᠠᠰᠤ᠎ᠶᠢᠨ ᠡᠮᠦᠨ᠎ᠡ ᠶᠣᠣ᠎ᠶᠢᠨ ᠠᠢᠯ ᠭᠠᠴᠠᠭᠠᠨ᠎ᠤ ᠮᠠᠯᠴᠢᠨ ᠠᠢᠯ ᠤ᠋ᠨ ᠬᠠᠳᠬᠤᠮᠠᠯ ᠤ᠋ᠨ ᠲᠣᠷᠭᠠᠨ ᠤᠲᠠᠰᠤ ᠨᠢ ᠨᠠᠷᠠᠨ ᠤ᠋ ᠪᠤᠮᠠᠨ ᠰᠠᠴᠤᠷᠠᠭ ᠲᠸ᠋ ᠰᠢᠵᠢᠷᠳᠦᠨ ᠬᠢᠯᠠᠯᠵᠠᠨ᠎ᠠ᠃ ᠨᠢᠬᠡᠲᠤᠬᠡᠷ ᠲᠠᠰ ᠤ᠋ᠨ ᠬᠠᠳᠬᠤᠮᠠᠯᠴᠢᠨ ᠨᠠᠷᠠᠨᠵᠢᠷᠤᠭ ᠬᠠᠳᠬᠤᠮᠠᠯ᠎ᠤᠨ ᠵᠢᠶᠠᠰᠠᠨ ᠡᠮᠤᠨ᠎ᠠ ᠰᠠᠭᠤᠵᠤ᠂ ᠨᠢᠭᠡ ᠪᠦᠯᠦᠭ ᠵᠠᠬᠢᠶᠠᠯᠠᠭ᠎ᠠ᠎ᠶᠢᠨ ᠬᠠᠳᠬᠤᠮᠠᠯ᠎ᠤᠨ ᠪᠦᠳᠦᠭᠡᠭᠳᠡᠬᠦᠨ ᠵᠢᠡᠨ ᠰᠢᠪᠡᠵᠦ ᠲᠠᠭᠤᠰᠬᠠᠭᠠᠳ ᠰᠠᠨᠠᠭ᠎ᠠ ᠠᠮᠠᠷᠠᠯ᠎ᠠ᠃ 《ᠪᠢ ᠪᠠᠭ᠎ᠠ᠎ᠳᠠᠭᠠᠨ ᠡᠮᠡᠭᠡ ᠪᠣᠯᠣᠨ ᠡᠵᠢ᠎ᠡᠴᠡ᠎ᠪᠡᠨ ᠬᠠᠳᠬᠤᠮᠠᠯ ᠤᠷᠠᠯᠠᠯ᠎ᠢ ᠰᠤᠷᠴᠤ ᠪᠠᠢᠵᠠᠢ᠂ ᠲᠡᠷᠡ ᠦᠶ᠎ᠡ᠎ᠳᠦ ᠵᠥᠪᠬᠡᠨ ᠭᠡᠷ᠎ᠦᠨ ᠬᠥᠮᠥᠰ᠎ᠲᠡᠬᠡᠨ ᠬᠤᠪᠴᠠᠰᠤ ᠣᠶᠣᠬᠤ᠂ ᠬᠠᠪᠲᠠᠭ᠎ᠠ ᠬᠢᠵᠦ ᠦᠭᠬᠦ ᠵᠢ ᠯᠡ ᠮᠡᠳᠡᠳᠡᠭ ᠡᠴᠡ ᠪᠢᠰᠢ᠂ ᠡᠨᠡ ᠤᠷ᠎ᠠ ᠮᠡᠷᠬᠡᠵᠢᠯ ᠵᠢᠡᠷ ᠵᠢᠡᠨ  ᠬᠦᠷᠰᠢ ᠰᠠᠭᠠᠬᠠᠯᠳᠠ ᠂ ᠠᠬ᠎ᠠ ᠲᠡᠬᠦᠦ ᠦᠨᠳᠦᠰᠦᠳᠡᠨ᠎ᠤ ᠤᠯᠠᠨ ᠲᠦᠮᠡᠨ ᠯᠤᠭᠡ ᠶᠠᠪᠤᠯᠴᠠᠭ᠎ᠠ ᠰᠤᠯᠢᠯᠴᠠᠭ᠎ᠠ ᠬᠢᠵᠦ᠂  ᠤᠷᠤᠯᠭ᠎ᠠ ᠪᠡᠨ ᠨᠡᠮᠡᠭᠳᠡᠬᠦᠯᠵᠦ ᠪᠤᠯᠤᠨ᠎ᠠ ᠬᠡᠳᠡᠭ᠎ᠢ ᠮᠡᠳᠡᠵᠦ ᠪᠠᠢᠭᠰᠠᠨ ᠦᠭᠡᠢ》 ᠬᠡᠪᠠ᠃ ᠨᠠᠷᠠᠨᠵᠢᠷᠤᠭ ᠰᠠᠶᠢᠬᠠᠨ ᠤᠷᠠᠯᠠᠨ ᠪᠦᠳᠦᠭᠡᠭᠰᠡᠨ ᠮᠠᠨᠳᠠᠷᠸ᠎ᠠ ᠴᠡᠴᠡᠭ᠎ᠦᠨ ᠬᠠᠳᠬᠤᠮᠠᠯ᠎ᠤᠨ ᠪᠦᠳᠦᠭᠡᠯ ᠵᠢᠡᠨ  ᠵᠦᠭᠡᠯᠡᠭᠡᠨ ᠢᠯᠪᠢᠵᠦ᠂  ᠰᠡᠳᠬᠢᠯ ᠶᠡᠭᠡᠭᠡᠨ ᠳᠣᠭᠳᠣᠯᠤᠨ᠎ᠠ᠃ ᠲᠤᠬᠠᠢ᠎ᠶᠢᠨ ᠭᠠᠵᠠᠷ᠎ᠤᠨ ᠣᠯᠠᠩᠬᠢ ᠮᠣᠩᠭᠣᠯ ᠬᠡᠦᠬᠡᠨᠴᠦᠳ᠎ᠲᠠᠢ ᠠᠳᠠᠯᠢ᠎ᠪᠠᠷ  ᠲᠡᠷᠡ ᠬᠠᠷᠠᠬᠠᠨ ᠪᠠᠭ᠎ᠠ᠎ᠠᠴᠠ᠎ᠪᠠᠨ ᠠᠬᠠᠮᠠᠳ᠎ᠢᠶᠠᠨ ᠳᠠᠭᠠᠵᠤ ᠬᠠᠳᠬᠤᠮᠠᠯ ᠤᠷᠠᠯᠠᠯ ᠰᠤᠷᠴᠤ᠂ ᠬᠣᠨᠢ ᠬᠠᠷᠢᠭᠤᠯᠬᠤ᠎ᠳᠠᠭᠠᠨ ᠵᠡᠭᠦᠦ ᠤᠲᠠᠰᠤ ᠪᠠᠨ ᠡᠪᠦᠷᠲᠦᠯᠡᠨ ᠬᠡᠳᠦᠨ ᠬᠦᠢᠰ ᠬᠤᠸᠠᠷ ᠬᠠᠳᠬᠤᠳᠠᠭ ᠪᠠᠢᠵᠠᠢ᠂  ᠡᠨᠡ ᠨᠢ ᠲᠡᠭᠦᠨ᠎ᠦ ᠪᠠᠭ᠎ᠠ ᠵᠠᠯᠠᠭᠤ ᠨᠠᠰᠤᠨ᠎ᠤ  ᠬᠠᠮᠤᠭ᠎ᠤᠨ ᠶᠡᠭᠡ ᠬᠠᠪᠤ ᠴᠡᠩᠭᠡᠯ ᠪᠠᠢᠯ᠎ᠠ ᠁᠃  2021 ᠣᠨ᠎ᠳᠤ᠂ ᠬᠣᠰᠢᠭᠤᠨ ᠲᠡᠭᠡᠷ᠎ᠡ ᠰᠦᠢᠳᠭᠡᠯ ᠬᠤᠷᠢᠶᠠᠬᠤ ᠦᠭᠡᠢ ᠬᠠᠳᠬᠤᠮᠠᠯ᠎ᠤᠨ ᠪᠣᠯᠪᠠᠰᠤᠷᠠᠯ᠎ᠤᠨ ᠠᠩᠭᠢ ᠨᠡᠭᠡᠭᠡᠭᠰᠡᠨ ᠴᠢᠮᠡᠭᠡ ᠭᠠᠴᠠᠭ᠎ᠠ᠎ᠳᠤ ᠤᠯᠠᠮᠵᠢᠯᠠᠭᠳᠠᠨ ᠬᠦᠷᠴᠦ᠂ ᠨᠠᠷᠠᠨᠵᠢᠷᠤᠭ ᠲᠤᠷᠰᠢᠵᠤ ᠦᠵᠡᠬᠦ ᠰᠡᠳᠬᠢᠯᠭᠡ᠎ᠪᠡᠷ ᠨᠡᠷ᠎ᠡ ᠮᠡᠳᠡᠭᠦᠯᠵᠦ᠂ ᠳᠦᠷᠢᠮᠵᠢᠭᠰᠡᠨ ᠵᠡᠭᠦᠦ᠎ᠶᠢᠨ ᠠᠷᠭ᠎ᠠ ᠪᠠ ᠵᠢᠷᠤᠵᠤ ᠲᠥᠯᠥᠪᠯᠡᠬᠦ ᠤᠷ᠎ᠠ ᠮᠡᠷᠭᠡᠵᠢᠯ᠎ᠢ ᠰᠢᠰᠲᠧᠮ᠎ᠲᠠᠢ ᠰᠤᠷᠤᠯᠴᠠᠪᠠ᠃  ᠰᠤᠷᠤᠯᠴᠠᠯᠭ᠎ᠠ ᠵᠢᠨ ᠬᠢᠨᠠᠨ ᠰᠢᠯᠭᠠᠯᠲᠠ᠎ᠪᠠᠷ ᠳᠡᠮᠵᠢᠨ ᠲᠡᠷᠡ ᠪᠡᠷ ᠨᠢᠭᠡᠳᠦᠭᠡᠷ ᠳᠡᠰ᠎ᠤᠨ ᠤᠷᠠᠨ ᠬᠠᠳᠬᠤᠮᠠᠯᠴᠢᠨ ᠪᠣᠯᠵᠤ᠂ ᠠᠵᠤ ᠠᠬᠤᠢᠯᠠᠯ᠎ᠤᠨ  ᠵᠠᠬᠢᠶᠠᠯᠠᠭ᠎ᠠ᠎ᠶᠢ ᠡᠬᠢᠯᠡᠨ ᠲᠤᠰᠴᠤ᠂ ᠣᠲᠤᠬᠠᠨ ᠳ᠋ᠤ ᠰᠠᠷ᠎ᠠ ᠪᠦᠷᠢ ᠬᠠᠳᠬᠤᠮᠠᠯ᠎ᠤᠨ ᠤᠷᠠᠯᠠᠯ᠎ᠢᠶᠠᠷ ᠵᠢᠡᠨ ᠢᠯᠡᠭᠦᠦ 2000  ᠭᠠᠷᠤᠢ ᠲᠥᠭᠥᠷᠢᠭ᠎ᠤᠨ ᠤᠷᠤᠯᠭ᠎ᠠ ᠡᠬᠦᠳᠬᠦ ᠪᠤᠯᠪᠠ᠃ ᠨᠠᠷᠠᠨᠵᠢᠷᠤᠭ ᠮᠡᠲᠦ᠎ᠶᠢᠨ《ᠲᠠᠯ᠎ᠠ ᠨᠤᠲᠤᠭ᠎ᠤᠨ ᠬᠠᠳᠬᠤᠮᠠᠯᠴᠢᠨ》ᠣᠳᠣᠬᠠᠨ᠎ᠳᠤ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠳᠤ   2 ᠲᠦᠮᠡ ᠰᠢᠬᠠᠮ ᠬᠥᠮᠥᠨ᠎ᠲᠠᠢ ᠪᠣᠯᠵᠠᠢ᠃

ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠲᠦᠰᠢᠶᠡᠲᠦ ᠬᠠᠳᠬᠤᠮᠠᠯ᠎ᠤᠨ ᠠᠵᠤ ᠦᠢᠯᠡᠰ᠎ᠦᠨ ᠬᠦᠷᠢᠶᠡᠯᠡᠩ᠎ᠳᠦ ᠬᠦᠷᠪᠠᠯ ᠂ ᠮᠣᠩᠭᠣᠯ᠂ ᠬᠢᠲᠠᠳ᠂ ᠮᠠᠨᠵᠤ᠂ ᠰᠣᠯᠣᠩᠭᠣᠰ᠂ ᠳᠠᠭᠤᠷ ᠵᠡᠷᠬᠡ ᠡᠯ᠎ᠡ ᠦᠨᠳᠦᠰᠦᠲᠡᠨ᠎ᠦ ᠬᠠᠳᠬᠤᠮᠠᠯᠴᠢᠨ ᠡᠭᠡᠴᠢ ᠳᠡᠭᠦᠦ᠎ᠨᠠᠷ ᠠᠵᠢᠯᠯᠠᠬᠤ ᠥᠷᠥᠭᠡ᠎ᠳᠦ ᠪᠡᠨ ᠤᠷ᠎ᠠ ᠠᠪᠢᠶᠠᠰ ᠵᠢᠨᠨ ᠪᠠᠳᠠᠷᠠᠭᠤᠯᠵᠤ᠂ ᠬᠠᠷᠢᠯᠴᠠᠨ ᠰᠤᠷᠤᠯᠴᠠᠨ ᠬᠠᠷᠢᠯᠴᠠᠨ ᠲᠣᠯᠢᠳᠠᠵᠤ᠂ ᠡᠶ᠎ᠡ ᠨᠠᠢᠷᠲᠠᠢ᠎ᠪᠠᠷ ᠬᠠᠮᠲᠤ ᠤᠷᠤᠭᠰᠢᠯᠠᠬᠤ ᠰᠠᠢᠨ ᠰᠠᠢᠬᠠᠨ ᠪᠠᠢᠳᠠᠯ᠎ᠬᠠᠷᠠᠭᠠᠨ ᠳ᠋ᠤ ᠲᠤᠳᠤᠷᠠᠨ᠎ᠠ᠃ ᠠᠵᠤ ᠦᠢᠯᠡᠰ᠎ᠦᠨ ᠬᠦᠷᠢᠶᠡᠯᠡᠩ ᠨᠢ ᠣᠯᠠᠨ ᠦᠨᠳᠦᠰᠦᠲᠡᠨ᠎ᠦ ᠤᠷ᠎ᠠ ᠮᠡᠷᠭᠡᠵᠢᠯ᠎ᠢ ᠠᠭᠤᠰᠤᠯᠴᠠᠭᠤᠯᠤᠨ ᠬᠦᠭᠵᠢᠬᠦᠯᠬᠦ ᠵᠠᠷᠴᠢᠮ᠎ᠢ ᠪᠠᠷᠢᠮᠳᠠᠯᠠᠭᠰᠠᠭᠠᠷ ᠢᠷᠡᠵᠡᠢ᠃ ᠬᠢᠲᠠᠳ ᠦᠨᠳᠦᠰᠦᠲᠡᠨ᠎ᠦ ᠬᠠᠳᠬᠤᠮᠠᠯᠴᠢᠳ ᠨᠠᠷᠢᠯᠢᠭ ᠲᠡᠭᠰᠢ ᠬᠠᠳᠬᠤᠬᠤ ᠠᠷᠭ᠎ᠠ᠎ᠪᠠᠷ ᠪᠦᠲᠦᠭᠡᠯ᠎ᠦᠨ᠎ᠢᠶᠡᠨ ᠶᠠᠰᠤ ᠴᠢᠨᠠᠷ᠎ᠢ ᠰᠢᠷᠭᠠᠵᠤ᠂ ᠮᠣᠩᠭᠣᠯ ᠦᠨᠳᠦᠰᠦᠲᠡᠨ᠎ᠦ ᠬᠠᠳᠬᠤᠮᠠᠯᠴᠢᠳ ᠲᠠᠯ᠎ᠠ ᠨᠤᠲᠤᠭ᠎ᠤᠨ ᠣᠨᠴᠠᠯᠢᠭ᠋᠎ᠲᠠᠢ ᠬᠡ ᠤᠭᠠᠯᠵᠠ᠎ᠶᠢ ᠤᠷᠠᠨ᠎ᠢᠶᠠᠷ ᠠᠭᠤᠰᠤᠯᠴᠠᠭᠤᠯᠵᠤ᠂ ᠮᠠᠨᠵᠤ ᠦᠨᠳᠦᠰᠦᠲᠡᠨ᠎ᠦ ᠬᠠᠳᠬᠤᠮᠠᠯᠴᠢᠳ ᠲᠠᠪᠠᠭ ᠬᠠᠳᠬᠤᠮᠠᠯ᠎ᠤᠨ ᠤᠷ᠎ᠠ ᠮᠡᠷᠭᠡᠵᠢᠯ᠎ᠦᠨ ᠳᠠᠪᠠᠭᠤᠯᠢᠭ᠋᠎ᠢᠶᠠᠨ ᠪᠠᠳᠠᠷᠠᠭᠤᠯᠵᠤ᠂ ᠦᠨᠳᠦᠰᠦᠲᠡᠨ᠎ᠨᠦᠭᠦᠳ᠎ᠦᠨ ᠬᠠᠳᠬᠤᠮᠠᠯ᠎ᠤᠨ ᠤᠷ᠎ᠡ ᠮᠡᠷᠭᠡᠰᠢᠯ ᠬᠢᠭᠡᠳ ᠭᠤᠸ᠎ᠠ ᠲᠠᠭᠠᠰᠢᠶᠠᠯ ᠨᠢ ᠰᠤᠯᠢᠯᠴᠠᠭ᠎ᠠ ᠠᠭᠤᠰᠤᠯᠴᠠᠯ᠎ᠤᠨ ᠲᠤᠮᠳᠠ ᠦᠪᠡᠷᠮᠢᠴᠡ ᠬᠡᠷᠡᠯ ᠬᠢᠯᠪᠠᠭ᠎ᠠ ᠪᠠᠨ ᠰᠠᠴᠤᠷᠠᠭᠤᠯᠤᠨ᠎ᠠ ᠃  ᠬᠢᠲᠠᠳ ᠦᠨᠳᠦᠰᠦᠲᠡᠨ᠎ᠦ ᠬᠠᠳᠬᠤᠮᠠᠯᠴᠢᠨ ᠼᠤᠤ ᠹᠸᠩ ᠬᠦᠷᠢᠶᠡᠯᠡᠩ ᠲᠣᠭᠣᠷᠢᠭ᠋᠎ᠤᠨ ᠨᠡᠶ᠋ᠢᠲᠡ᠎ᠶᠢᠨ ᠠᠰᠠᠷᠠᠮᠵᠢ᠎ᠶᠢᠨ ᠪᠣᠯᠪᠠᠰᠤᠷᠠᠯ᠎ᠢᠶᠠᠷ ᠳᠠᠮᠵᠢᠨ ᠭᠤᠢᠳᠠ ᠰᠠᠢᠬᠠᠨ ᠬᠠᠳᠬᠤᠮᠠᠯ᠎ᠤᠨ ᠤᠷ᠎ᠠ ᠴᠢᠳᠠᠪᠤᠷᠢ᠎ᠶᠢ ᠡᠵᠡᠮᠰᠢᠵᠦ᠂ ᠠᠵᠢᠯ ᠣᠯᠵᠤ ᠣᠷᠣᠯᠭ᠎ᠠ᠎ᠪᠠᠨ ᠨᠡᠮᠡᠭᠳᠡᠭᠦᠯᠬᠦ ᠬᠦᠰᠡᠯ ᠮᠦᠷᠦᠭᠡᠳᠦᠯ ᠵᠢᠡᠨ ᠪᠡᠶᠡᠯᠡᠬᠦᠯᠵᠡᠢ᠂ ᠲᠡᠭᠦᠨ᠎ᠦ ᠰᠣᠳᠣᠨ ᠪᠦᠲᠦᠭᠡᠯ 《ᠲᠡᠷᠢᠭᠦᠯᠡᠭᠴᠢ ᠴᠡᠴᠡᠭ ᠤᠳᠪᠠᠯᠠ ᠴᠡᠴᠡᠭ ᠤ᠋ᠨ ᠵᠢᠷᠤᠭ》 ᠨᠢ ᠮᠣᠩᠭᠣᠯ ᠦᠨᠳᠦᠰᠦᠲᠡᠨ᠎ᠦ ᠬᠠᠳᠬᠤᠮᠠᠯ᠎ᠤᠨ ᠮᠦᠽᠧᠢ᠎ᠳᠦ ᠥᠨᠢᠳᠡ ᠬᠠᠳᠠᠭᠠᠯᠠᠭᠲᠠᠵᠠᠢ; ᠮᠣᠩᠭᠣᠯ ᠦᠨᠳᠦᠰᠦᠲᠡᠨ᠎ᠦ ᠬᠠᠳᠬᠤᠮᠠᠯᠴᠢᠨ ᠬᠠᠰᠴᠡᠴᠡᠭ ᠦᠨᠳᠦᠰᠦᠲᠡᠨ᠎ᠦ ᠪᠦᠯᠬᠦᠮᠳᠡᠯ᠎ᠦᠨ ᠰᠡᠳᠦᠪᠲᠦ ᠵᠣᠬᠢᠶᠠᠨ ᠪᠦᠲᠦᠭᠡᠯᠭᠡ᠎ᠳᠦ ᠠᠩᠬᠠᠷᠤᠯ᠎ᠢᠶᠠᠨ ᠲᠥᠪᠯᠡᠷᠡᠭᠦᠯᠵᠦ᠂  ᠨᠢᠭᠳᠠᠷᠠᠨ ᠪᠠᠭᠴᠠᠷᠠᠭᠰᠠᠨ 56 ᠠᠨᠠᠷ᠎ᠤᠨ ᠤᠯᠠᠭᠠᠨ ᠦᠷ᠎ᠡ ᠵᠢᠨ ᠤᠷᠠᠨ ᠬᠠᠳᠬᠤᠮᠠᠯ᠎ᠢ ᠵᠤᠬᠢᠶᠠᠨ ᠪᠦᠳᠦᠭᠡᠵᠦ᠂ 《ᠲᠤᠮᠳᠠᠳᠤ ᠵᠢᠨ ᠦᠨᠳᠦᠰᠦᠲᠡᠨ᠎ᠨᠦᠭᠦᠳ᠎ᠨᠢᠭᠡ ᠭᠡᠷ ᠮᠡᠳᠦ》 ᠪᠦᠯᠬᠦᠮᠳᠡᠨ ᠨᠢᠭᠡᠳᠦᠭᠰᠡᠨ ᠰᠠᠢᠨ ᠰᠠᠢᠬᠠᠨ ᠰᠠᠨᠠᠭ᠎ᠠ ᠠᠬᠤᠢ ᠵᠢ ᠢᠯᠡᠷᠡᠬᠦᠯᠪᠡ᠃

ᠳᠤᠮᠳᠠᠳᠤ ᠤᠯᠤᠰ᠎ᠤᠨ ᠨᠡᠬᠡᠮᠡᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠳᠡᠯᠭᠡᠷᠡᠭᠦᠯᠦᠨ ᠲᠦᠭᠡᠮᠡᠯᠵᠢᠬᠦᠯᠬᠦ ᠡᠯᠴᠢᠨ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠮᠣᠩᠭᠣᠯ ᠦᠨᠳᠦᠰᠦᠲᠡᠨ᠎ᠦ ᠠᠵᠤ ᠦᠢᠯᠡᠰ᠎ᠤᠨ ᠠᠬᠢᠭᠤᠯᠬᠤ ᠳᠤᠭᠤᠢᠯᠠᠩ᠎ᠤᠨ ᠳᠠᠷᠤᠭ᠎ᠠ᠂ ᠮᠣᠩᠭᠣᠯ ᠦᠨᠳᠦᠰᠦᠲᠡᠨ᠎ᠦ ᠬᠠᠳᠬᠤᠮᠠᠯ᠎ᠤᠨ ᠶᠡᠬᠡ ᠪᠠᠭ᠍ᠰᠢᠳᠠᠨ ᠪᠠᠢ ᠵᠢᠩ ᠶᠢᠩ ᠪᠣᠯ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠬᠣᠯᠠ ᠣᠢᠷ᠎ᠠ᠎ᠳᠤ ᠠᠯᠳᠠᠷᠰᠢᠭ᠍ᠰᠠᠨ ᠪᠠᠶᠠᠵᠢᠯ᠎ᠤᠨ ᠳᠠᠭᠠᠭᠤᠯᠤᠭ᠍ᠴᠢ ᠮᠥᠨ᠃  2016 ᠣᠨ᠎ᠳᠤ᠂ ᠪᠠᠢ ᠵᠢᠩ ᠶᠢᠩ 《ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠮᠣᠩᠭᠣᠯ ᠦᠨᠳᠦᠰᠦᠲᠡᠨ᠎ᠦ ᠬᠠᠳᠬᠤᠮᠠᠯ᠎ᠢᠶᠠᠷ ᠶᠠᠳᠠᠭᠤ᠎ᠶᠢ ᠲᠡᠳᠬᠦᠬᠦ ᠲᠥᠯᠥᠪᠯᠡᠭᠡ》 ᠵᠢᠨ ᠠᠬᠢᠭᠤᠯᠤᠭ᠍ᠴᠢ ᠪᠣᠯᠪᠠ᠂ 2021 ᠣᠨ᠎ᠳᠤ᠂ ᠪᠠᠢ ᠵᠢᠩ ᠶᠢᠩ 《ᠪᠦᠬᠦ ᠤᠯᠤᠰ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠤᠭᠰᠠᠨ ᠦᠯᠢᠭᠡᠷ ᠵᠢᠱ᠌ᠢᠶᠡᠴᠢ》 ᠵᠢᠨ ᠢᠷᠠᠭᠤ ᠠᠯᠳᠠᠷ᠎ᠢ ᠬᠦᠷᠲᠡᠵᠠᠢ᠃  ᠲᠡᠭᠦᠨ᠎ᠦ ᠴᠢᠷᠮᠠᠢᠯᠭ᠎ᠠ᠎ᠪᠠᠷ ᠣᠢᠷ᠎ᠠ᠎ᠶᠢᠨ ᠵᠢᠯ᠎ᠡᠴᠡ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ ᠵᠢᠯ  ᠳᠤᠮᠳᠠᠴᠢ᠎ᠪᠠᠷ 2000 ᠬᠥᠮᠥᠨ᠎ᠳ᠋ᠤ ᠪᠤᠯᠪᠠᠰᠤᠷᠠᠯ ᠬᠦᠷᠳᠡᠭᠡᠵᠦ᠂ ᠨᠡᠢ᠍ᠢᠳᠡ ᠬᠡᠳᠦᠨ ᠵᠠᠭᠤᠨ ᠬᠥᠮᠥᠨ᠎ᠳᠦ ᠲᠣᠭᠲᠠᠮᠠᠯ ᠠᠵᠢᠯ ᠣᠯᠭᠣᠵᠤ᠂ ᠬᠡᠳᠦᠨ ᠮᠢᠩᠭᠠᠨ ᠨᠢᠭᠡᠳᠦᠭᠡᠷ ᠳᠡᠰ᠎ᠤᠨ ᠬᠠᠳᠬᠤᠮᠠᠯᠴᠢᠨ᠎ᠳᠤ ᠠᠮᠢᠳᠤᠯᠢᠭ᠋᠎ᠢᠶᠠᠷ ᠠᠵᠢᠯ ᠣᠯᠭᠣᠵᠠᠢ᠃

2016 ᠣᠨ᠎ᠠᠴᠠ ᠨᠠᠭᠠᠰᠢ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠦᠨ ᠠᠵᠤ ᠦᠶ᠋ᠢᠯᠡᠰᠵᠢᠯᠲᠡ᠎ᠶᠢ ᠲᠦᠷᠭᠡᠳᠬᠡᠨ ᠠᠬᠢᠭᠤᠯᠵᠤ᠂ 《ᠠᠵᠤ ᠠᠬᠤᠢᠯᠠᠯ + ᠨᠡᠢᠭᠡᠮᠯᠢᠭ + ᠰᠠᠭᠤᠷᠢᠨ》 ᠤ᠋ ᠬᠥᠭᠵᠢᠯᠲᠡ᠎ᠶᠢᠨ ᠵᠠᠭᠪᠤᠷ ᠶ᠋ᠢᠡᠷ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠲᠤᠯᠬᠤ᠎ᠳᠤ ᠬᠦᠴᠦᠨ ᠨᠡᠮᠡᠷᠢᠯᠡᠵᠦ᠂ ᠠᠵᠤ ᠠᠬᠤᠢ᠎ᠶᠢᠨ ᠦᠷ᠎ᠡ ᠠᠰᠢᠭ᠋᠂ ᠨᠡᠢᠭᠡᠮ᠎ᠦᠨ ᠦᠷ᠎ᠡ ᠠᠰᠢᠭ᠋ ᠲᠣᠪᠣᠢᠮ᠎ᠠ ᠪᠣᠯᠵᠤ᠂ ᠤᠷᠢᠳ ᠬᠣᠵᠢᠳ ᠪᠥᠬᠥ ᠬᠣᠰᠢᠭᠤᠨ᠎ᠤ 173 ᠭᠠᠴᠠᠭ᠎ᠠ (ᠲᠣᠰᠬᠣᠨ) ᠳ᠋ᠥ ᠬᠠᠳᠬᠤᠮᠠᠯ᠎ᠤᠨ ᠪᠣᠯᠪᠠᠰᠤᠷᠠᠯ᠎ᠤᠨ ᠠᠩᠭᠢ ᠡᠷᠭᠢᠯᠡᠵᠡᠶ᠃ 2019 ᠣᠨ᠎ᠳᠤ  《ᠬᠡᠪᠴᠢᠶ᠎ᠡ᠎ᠪᠡᠷ ᠬᠠᠮᠤᠭ᠎ᠤᠨ ᠶᠡᠬᠡ ᠮᠣᠩᠭᠣᠯ ᠦᠨᠳᠦᠰᠦᠲᠡᠨ᠎ᠦ ᠬᠠᠳᠬᠤᠮᠠᠯ᠎ᠤᠨ ᠤᠷᠠᠯᠢᠭ᠋᠎ᠤᠨ ᠦᠵᠡᠭᠦᠯᠭᠡ᠎ᠶᠢᠨ ᠲᠣᠭᠯᠠᠯᠲᠠ》 ᠭᠢᠨᠢᠰ᠎ᠤᠨ ᠳᠡᠯᠡᠬᠡᠢ᠎ᠶᠢᠨ ᠲᠡᠮᠳᠡᠭᠯᠡᠯ᠎ᠢ ᠡᠭᠦᠳᠦᠭᠰᠡᠨ᠎ᠦ ᠬᠠᠮᠲᠤ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ 《ᠳᠤᠮᠳᠠᠳᠤ ᠤᠯᠤᠰ᠎ᠤᠨ ᠮᠣᠩᠭᠣᠯ ᠦᠨᠳᠦᠰᠦᠲᠡᠨ᠎ᠦ ᠬᠠᠳᠬᠤᠮᠠᠯ᠎ᠤᠨ ᠰᠣᠶᠣᠯ᠎ᠤᠨ ᠨᠤᠲᠤᠭ》 ᠵᠢᠡᠷ ᠨᠡᠷᠡᠢᠳᠦᠭᠳᠡᠪᠡ᠃ 2026 ᠣᠨ ᠪᠣᠯᠲᠠᠯ᠎ᠠ᠂ ᠲᠣᠰ ᠲᠥᠷᠥᠯ ᠵᠦᠢᠯ᠎ᠦᠨ ᠬᠣᠰᠢᠭᠤ ᠲᠠᠰ᠎ᠠᠴᠠ ᠳᠡᠭᠡᠭᠰᠢᠬᠢ ᠤᠯᠠᠮᠵᠢᠯᠠᠭ᠍ᠴᠢ ᠨᠡᠶ᠋ᠢᠲᠡ 46 ᠬᠥᠮᠥᠨ ᠪᠤᠯᠵᠤ᠂  ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠥᠯᠥᠭᠡᠯᠡᠬᠦ ᠴᠢᠨᠠᠷᠲᠠᠢ ᠤᠯᠠᠮᠵᠢᠯᠠᠭ᠍ᠴᠢ 1 ᠬᠥᠮᠥᠨ᠂ ᠠᠢᠮᠠᠭ᠎ᠤᠨ ᠲᠠᠰ᠎ᠤᠨ ᠲᠥᠯᠥᠭᠡᠯᠡᠬᠦ ᠴᠢᠨᠠᠷᠲᠠᠢ ᠤᠯᠠᠮᠵᠢᠯᠠᠭ᠍ᠴᠢ 6 ᠬᠥᠮᠥᠨ ᠪᠠᠢᠵᠤ᠂ ᠬᠠᠳᠬᠤᠮᠠᠯᠴᠢᠨ᠎ᠤ ᠲᠣᠭ᠎ᠠ 2 .6 ᠲᠦᠮᠡ᠎ᠳᠦ ᠬᠦᠷᠴᠡᠢ᠃ 2023 ᠣᠨ᠎ᠳᠤ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ 《ᠳᠤᠮᠳᠠᠳᠤ ᠤᠯᠤᠰ᠎ᠤᠨ ᠤᠮᠠᠷᠠᠲᠤ᠎ᠶᠢᠨ ᠴᠥᠭᠡᠨ ᠲᠣᠭᠠᠲᠤ ᠦᠨᠳᠦᠰᠦᠲᠡᠨ᠎ᠦ ᠭᠠᠷ ᠤᠷᠠᠯᠠᠯ᠎ᠤᠨ ᠬᠠᠳᠬᠤᠮᠠᠯ᠎ᠤᠨ ᠰᠢᠨ᠎ᠡ᠎ᠶᠢ ᠡᠭᠦᠳᠬᠦ ᠰᠠᠭᠤᠷᠢᠨ》  ᠵᠢᠡᠷ ᠦᠨᠡᠯᠡᠭᠳᠡᠪᠡ᠃



ᠬᠠᠰᠴᠡᠴᠡᠭ ᠤ᠋ᠨ 《 ᠤᠯᠠᠭᠠᠨ ᠠᠨᠠᠷ》 ᠤ᠋ᠨ ᠬᠠᠳᠬᠤᠮᠠᠯ



ᠳᠤᠮᠳᠠᠳᠤ ᠤᠯᠤᠰ᠎ᠤᠨ ᠨᠡᠬᠡᠮᠡᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠳᠡᠯᠭᠡᠷᠡᠭᠦᠯᠦᠨ ᠲᠦᠭᠡᠮᠡᠯᠵᠢᠬᠦᠯᠬᠦ ᠡᠯᠴᠢᠨ  ᠪᠠᠢ ᠵᠢᠩ ᠶᠢᠩ ᠲᠤᠬᠠᠢ ᠵᠢᠨ ᠲᠠᠯᠠᠪᠠᠢ᠎ᠳᠤ ᠵᠢᠯᠤᠭᠤᠲᠤᠯᠭ᠎ᠠ ᠬᠢᠨ᠎ᠠ



ᠮᠤᠡᠭᠭᠤᠯ ᠬᠤᠪᠴᠡᠰᠤ ᠵᠠᠰᠠᠯ ᠤ᠋ᠨ ᠦᠵᠡᠬᠦᠯᠬᠡ



《ᠴᠠᠨ᠎ᠠ ᠴᠡᠴᠡᠭ ᠪᠠᠲᠠᠷᠠᠨ ᠲᠠᠯᠬᠡᠷᠠᠨ᠎ᠠ》



ᠮᠤᠡᠭᠭᠤᠯ ᠭᠤᠲᠤᠯ



ᠴᠢᠡᠭ ᠤᠯᠤᠰ ᠤ᠋ᠨ ᠦᠶ᠎ᠡ ᠵᠢᠨ ᠮᠤᠡᠭᠭᠤᠯ ᠸᠠᠡᠭ ᠬᠦᠡᠭ ᠤ᠋ᠨ ᠬᠤᠪᠴᠡᠰᠤ ᠵᠠᠰᠠᠯ


ᠥᠪᠥᠷ ᠮᠣᠩᠭᠣᠯ᠎ᠤᠨ ᠤᠷᠠᠯᠢᠭ᠋᠎ᠤᠨ ᠳᠡᠭᠡᠳᠦ ᠰᠤᠷᠭᠠᠭᠤᠯᠢ᠎ᠶᠢᠨ ᠵᠢᠷᠤᠭ ᠲᠥᠯᠥᠪᠯᠡᠭᠡᠨ᠎ᠦ ᠳᠡᠭᠡᠳᠦ ᠰᠤᠷᠭᠠᠭᠤᠯᠢ᠎ᠶᠢᠨ ᠵᠠᠬᠢᠷᠤᠯ ᠼᠤᠤ ᠯᠢ᠎ᠶᠢᠨ ᠦᠵᠡᠬᠦ᠎ᠪᠡᠷ᠂ ᠲᠦᠰᠢᠶᠡᠲᠦ ᠬᠠᠳᠬᠤᠮᠠᠯ ᠤᠷᠠᠨ ᠨᠠᠷᠢᠯᠢᠭ᠋᠂ ᠥᠩᠭᠡ ᠪᠤᠳᠤᠭ᠎ᠤᠨ ᠲᠣᠬᠢᠷᠠᠭᠤᠯᠤᠯᠲᠠ ᠨᠢ ᠵᠣᠷᠢᠭ᠍ᠲᠠᠢ ᠪᠥᠭᠡᠳ ᠡᠶ᠎ᠡ ᠵᠣᠬᠢᠴᠠᠩᠭᠤᠢ ᠪᠠᠢᠵᠤ᠂ ᠦᠨᠳᠦᠰᠦᠲᠡᠨ᠎ᠦ ᠤᠯᠠᠮᠵᠢᠯᠠᠯᠲᠤ ᠵᠢᠷᠤᠭ ᠳᠦᠷᠰᠦ᠎ᠶᠢᠨ ᠤᠷᠠᠯᠢᠭ᠋᠂ ᠭᠠᠷ ᠤᠷᠠᠯᠠᠯ᠂ ᠬᠤᠪᠴᠠᠰᠤ ᠵᠠᠰᠠᠯ᠎ᠤᠨ ᠰᠣᠶᠣᠯ ᠵᠢᠴᠢ ᠬᠣᠷᠴᠢᠨ᠎ᠨᠤᠳᠤᠭ᠎ᠤᠨ ᠠᠷᠠᠳ᠎ᠤᠨ ᠵᠠᠩ ᠵᠠᠩᠰᠢᠯ᠎ᠢ ᠰᠤᠳᠤᠯᠬᠤ᠎ᠳᠤ ᠮᠠᠰᠢ ᠬᠣᠪᠣᠷ ᠨᠠᠨᠳᠢᠨ ᠪᠣᠳᠠᠲᠤ ᠮᠠᠲᠧᠷᠢᠶᠠᠯ ᠪᠣᠯᠣᠨ᠎ᠠ᠃ 《ᠲᠡᠷᠡ ᠨᠢ ᠲᠡᠦᠬᠡ᠎ᠶᠢᠨ ᠠᠮᠢᠳᠤ ᠨᠣᠮ ᠮᠡᠲᠦ᠂ ᠵᠢᠷᠤᠭ ᠳᠦᠷᠰᠦ᠎ᠳᠦ ᠡᠭᠡ ᠪᠠᠢᠭᠠᠯᠢ ᠠᠮᠢ ᠨᠠᠰᠤ᠎ᠶᠢ ᠪᠢᠰᠢᠷᠡᠨ ᠬᠦᠨᠳᠦᠳᠬᠡᠵᠦ ᠪᠠᠢᠭ᠎ᠠ ᠰᠡᠳᠬᠢᠯᠭᠡ ᠵᠢ ᠢᠯᠡᠳᠭᠡᠵᠦ᠂ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠢᠯᠡᠷᠡᠬᠦᠯᠵᠦ᠂ ᠵᠡᠭᠦᠦ ᠤᠳᠠᠰᠤ ᠨᠢᠭᠡᠪᠦᠷᠢ ᠳ᠋ᠤ ᠦᠨᠳᠦᠰᠦᠲᠡᠨ᠎ᠦ ᠥᠩᠭᠡᠷᠡᠭᠰᠡᠨ ᠪᠠ ᠤᠳᠤ᠎ᠶᠢ ᠬᠣᠯᠪᠣᠵᠤ᠂ ᠦᠨᠳᠦᠰᠦᠲᠡᠨ᠎ᠦ ᠬᠠᠢᠷ᠎ᠠ ᠰᠡᠳᠬᠢᠯᠭᠡ᠎ᠶᠢ ᠬᠣᠯᠪᠣᠬᠤ ᠬᠣᠯᠪᠣᠭᠠᠰᠤ ᠪᠣᠯᠪᠠ》 ᠬᠡᠯ᠎ᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面