2026-09-09 11:10:06
《ᠦᠪ ᠰᠤᠶᠤᠯ·ᠠᠭᠤᠰᠤᠯᠴᠠᠯ᠎ᠤᠨ ᠦᠯᠢᠭᠡᠷ》 ᠰᠢᠷᠢᠰ ᠮᠠᠲᠠᠬᠡᠯᠡᠯ ①
ᠨᠠᠢᠷᠠᠭᠤᠯᠤᠭ᠍ᠴᠢ᠎ᠶᠢᠨ ᠦᠭᠡ᠄
ᠠᠯᠲᠠᠨ ᠨᠠᠮᠤᠷ᠎ᠤᠨ ᠶᠢᠰᠦᠨ ᠰᠠᠷ᠎ᠠ᠂ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠠᠵᠢᠯᠯᠠᠭ᠎ᠠ ᠵᠢᠨ ᠰᠠᠷ᠎ᠠ ᠪᠣᠯᠵᠣᠭ᠎ᠠ ᠶᠣᠰᠣᠭᠠᠷ ᠬᠦᠷᠴᠦ ᠢᠷᠡᠪᠠ᠃ ᠦᠪᠦᠷ ᠮᠤᠩᠭᠤᠯ ᠡᠭᠡ ᠤᠯᠤᠰ᠎ᠤᠨ ᠤᠮᠠᠷᠠᠳᠤ ᠳ᠋ᠤ ᠪᠠᠢᠷᠢᠯᠠᠵᠤ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠢᠷᠠᠭᠤ ᠠᠯᠳᠠᠷᠳᠤ ᠤᠯᠠᠮᠵᠢᠯᠠᠯ ᠲᠠᠢ ᠶᠤᠮ᠃ ᠦᠪᠦᠷ ᠮᠤᠩᠭᠤᠯ᠎ᠤᠨ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠦᠢᠯᠡᠳᠪᠦᠷᠢᠯᠡᠯ ᠠᠮᠢᠳᠤᠷᠠᠯ ᠲᠤᠮᠳᠠᠬᠢ ᠮᠠᠰᠢ ᠤᠯᠠᠨ ᠤᠶᠤᠨ᠎ᠤ ᠪᠠ ᠪᠤᠳᠠᠰ᠎ᠤᠨ ᠪᠦᠳᠦᠭᠡᠭᠳᠡᠬᠦᠨ ᠨᠢ ᠪᠦᠷ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠤᠷᠳᠤ ᠤᠳᠠᠭᠠᠨ᠎ᠤ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠤᠨ ᠤᠤᠷ ᠲᠤᠨᠳᠠᠰᠤ ᠪᠤᠯᠬᠤ ᠶᠤᠮ᠃ 《ᠭᠡᠷ ᠤᠷᠤᠨ》 ᠨᠢᠭᠤᠷ ᠲᠤᠰ ᠬᠤᠭᠤᠴᠠᠭ᠎ᠠ ᠡᠴᠡ ᠡᠬᠢᠯᠡᠨ 《ᠦᠪ ᠰᠤᠶᠤᠯ·ᠠᠭᠤᠰᠤᠯᠴᠠᠯ᠎ᠤᠨ ᠦᠯᠢᠭᠡᠷ》 ᠰᠢᠷᠢᠰ ᠮᠠᠲᠠᠬᠡᠯᠡᠯ ᠵᠢᠡᠷ ᠲᠠᠮᠵᠢᠨ ᠦᠨᠳᠦᠰᠦᠳᠡᠨ ᠨᠤᠬᠦᠳ᠎ᠤᠨ ᠰᠤᠯᠢᠯᠴᠠᠭ᠎ᠠ ᠶᠠᠪᠤᠯᠴᠠᠭ᠎ᠠ ᠠᠭᠤᠰᠤᠯᠴᠠᠯ᠎ᠤᠨ ᠦᠯᠢᠭᠡᠷ᠎ᠢ ᠬᠠᠮᠳᠤ ᠳ᠋ᠠᠭᠠᠨ ᠬᠠᠭᠤᠴᠢᠯᠠᠵᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤ ᠴᠤᠭᠴᠠᠯᠠᠬᠤ ᠵᠢ ᠵᠤᠷᠢᠯ᠎ᠠ᠃
ᠥᠷᠯᠥᠭᠡ ᠨᠠᠷᠠᠨ᠎ᠤ ᠰᠠᠴᠤᠷᠠᠭ ᠴᠤᠩᠬᠤᠨ ᠳ᠋ᠤ ᠲᠤᠰᠬᠤ ᠪᠡᠷ ᠬᠦᠬᠡᠬᠤᠳᠠ᠎ᠶᠢᠨ ᠣᠷᠣᠨ ᠰᠠᠭᠤᠴᠠ᠎ᠶᠢᠨ ᠲᠣᠭᠣᠭᠠᠨ ᠭᠡᠷ ᠲᠸ᠋ ᠰᠦ ᠲᠠᠢ ᠴᠠᠢ ᠵᠢᠨ ᠠᠡᠭᠬᠢᠯᠤᠮ᠎ᠠ ᠦᠨᠤᠷ ᠬᠠᠩᠬᠤᠯᠤᠨ᠎ᠠ᠃ ᠡᠨᠳᠡ ᠠᠵᠢᠯᠯᠠᠵᠤ ᠠᠮᠢᠳᠤᠷᠠᠭ᠎ᠠ ᠦᠨᠳᠦᠰᠦᠳᠡᠨ ᠨᠤᠬᠦᠳ᠎ᠤᠨ ᠤᠯᠠᠨ ᠲᠦᠮᠡᠨ ᠳ᠋ᠤ ᠠᠪᠴᠤ ᠬᠡᠯᠡᠪᠡᠯ᠂ ᠰᠦ᠎ᠲᠠᠢ ᠴᠠᠢ ᠨᠢ ᠵᠥᠪᠬᠡᠨ ᠡᠳᠦᠷ ᠲᠤᠳᠤᠮ᠎ᠤᠨ ᠢᠳᠡᠭᠡᠨ ᠤᠮᠳᠠᠭᠠᠨ ᠲᠡᠳᠦᠢ ᠪᠢᠰᠢ᠂ ᠬᠠᠷᠢᠨ ᠨᠡᠢᠭᠡᠮ᠎ᠤᠨ ᠬᠠᠷᠢᠯᠴᠠᠭ᠎ᠠ ᠶᠠᠪᠤᠯᠴᠠᠭ᠎ᠠ ᠰᠤᠯᠢᠯᠴᠠᠭᠠᠨ᠎ᠤ 《ᠶᠤᠰᠤᠯᠠᠯ》 ᠮᠦᠨ᠂ ᠨᠡᠩ ᠴᠸ᠋ ᠡᠮᠦᠨᠡᠲᠦ ᠤᠮᠠᠷᠠᠲᠤ᠎ᠶᠢᠨ ᠰᠤᠶᠤᠯ ᠪᠤᠯᠪᠠᠰᠤᠨ᠎ᠤ ᠠᠭᠤᠰᠤᠯᠴᠠᠯ᠎ᠤᠨ ᠲᠠᠯᠠᠰᠳᠤ᠂ ᠦᠨᠳᠦᠰᠦᠲᠡᠨ ᠨᠤᠬᠦᠳ᠎ᠤᠨ ᠬᠠᠮᠲᠤ ᠪᠡᠷ ᠣᠷᠣᠰᠢᠬᠤ ᠪᠠ ᠴᠠᠭ ᠦᠶ᠎ᠡ᠎ᠶᠢᠨ ᠬᠤᠪᠢᠰᠤᠯᠲᠠ᠎ᠶᠢ ᠪᠢᠴᠢᠭᠯᠡᠭᠰᠡᠨ ᠭᠦᠨ ᠵᠤᠵᠠᠭᠠᠨ ᠲᠡᠦᠬᠡ᠎ᠶᠢᠨ ᠪᠢᠴᠢᠭ ᠮᠥᠨ᠃

ᠰᠦ ᠲᠠᠢ ᠴᠠᠢ
ᠬᠠᠮᠢᠶ᠎ᠠ ᠪᠦᠬᠦᠢ ᠰᠤᠳᠤᠯᠭᠠᠨ᠎ᠢ ᠦᠨᠳᠦᠰᠦᠯᠡᠪᠡᠯ᠂ ᠰᠦ᠎ᠲᠠᠢ ᠴᠠᠢ ᠠᠩᠬ᠎ᠠ ᠡᠬᠢᠨ ᠳ᠋ᠡᠭᠡᠨ ᠬᠥᠬᠡᠨᠠᠭᠤᠷ ᠲᠥᠪᠡᠳ᠎ᠦᠨ ᠥᠨᠳᠥᠷᠯᠢᠭ ᠪᠠ ᠤᠮᠠᠷᠠᠲᠤ᠎ᠶᠢᠨ ᠲᠠᠯ᠎ᠠ ᠨᠤᠲᠤᠭ᠎ᠤᠨ ᠬᠠᠲᠠᠭᠤ ᠪᠡᠷᠬᠡ ᠣᠷᠴᠢᠨ ᠲᠣᠭᠣᠷᠢᠨ᠎ᠳᠤ ᠪᠣᠶ ᠪᠣᠯᠵᠠᠢ᠃ ᠡᠷᠳᠡ ᠤᠷᠢᠳᠤ ᠳ᠋ᠤ ᠨᠡᠭᠦᠳᠡᠯᠴᠢᠨ ᠦᠨᠳᠦᠰᠦᠲᠡᠨ ᠮᠢᠬ᠎ᠠ ᠰᠦᠪᠡᠷ ᠭᠣᠣᠯ ᠢᠳᠡᠭᠡᠨ ᠪᠣᠯᠭᠠᠵᠤ᠂ ᠰᠢᠨ᠎ᠡ ᠰᠤᠷᠭᠤᠭ ᠢᠳᠡᠰᠢᠨ ᠨᠣᠭᠣᠭ᠎ᠠ ᠳᠤᠲᠠᠮᠠᠭ ᠡᠴᠡ ᠸᠢᠲ᠋ᠠᠮᠢᠨ ᠳᠤᠲᠠᠭᠳᠠᠵᠤ ᠪᠠᠢᠪᠠ᠃ ᠡᠮᠦᠨᠡᠲᠦ ᠣᠷᠣᠨ᠎ᠤ ᠴᠠᠢ ᠨᠢ ᠬᠡᠳᠦᠢᠪᠡᠷ ᠬᠣᠪᠣᠷ ᠨᠠᠨᠳᠢᠨ 《ᠠᠮᠢ ᠨᠠᠰᠤᠨ᠎ᠤ ᠡᠬᠢ ᠪᠠᠶᠠᠯᠢᠭ》 ᠪᠣᠯᠪᠠᠴᠤ ᠲᠡᠭ᠎ᠡᠴᠡ ᠳᠣᠷᠣᠭ᠍ᠰᠢ ᠬᠡᠳᠦᠨ ᠠᠷᠪᠠᠨ ᠭᠷᠡᠳᠦ᠋ᠰ᠎ᠦᠨ ᠬᠠᠬᠢᠷ ᠬᠦᠢᠲᠡᠨ ᠪᠣᠯᠣᠨ ᠥᠨᠳᠥᠷ ᠬᠦᠴᠦᠯᠡᠴᠡ᠎ᠲᠠᠢ ᠬᠥᠳᠡᠯᠮᠦᠷᠢ ᠦᠢᠯᠡᠳᠪᠦᠷᠢᠯᠡᠯ ᠳ᠋ᠤ ᠵᠤᠬᠢᠬᠤ ᠦᠭᠡᠢ ᠪᠠᠢᠯ᠎ᠠ᠃ ᠡᠢᠮᠦ᠎ᠳᠦ᠂ ᠤᠬᠠᠭᠠᠨᠲᠤ ᠮᠠᠯᠴᠢᠳ ᠰᠦ᠂ ᠳᠠᠪᠤᠰᠤ ᠪᠣᠯᠣᠨ ᠰᠢᠷ᠎ᠠ ᠲᠣᠰᠣ᠌᠎ᠶᠢ ᠴᠠᠢ ᠵᠢᠨ ᠰᠤᠶᠤᠯᠯᠤᠭᠠ ᠤᠶᠠᠯᠳᠤᠭᠤᠯᠤᠨ ᠡᠳ᠋ᠯᠡᠬᠦ ᠵᠢ ᠡᠬᠦᠳᠴᠡᠢ᠃ ᠨᠢᠭᠡ ᠠᠶᠠᠭ᠎ᠠ ᠰᠦ᠎ᠲᠠᠢ ᠴᠠᠢ᠎ᠶᠢᠨ ᠢᠯᠴᠢ ᠨᠢ ᠭᠦᠢᠴᠡᠳ ᠪᠠᠢᠵᠤ᠂ ᠤᠭᠤᠷᠠᠭ ᠨᠥᠬᠥᠪᠦᠷᠢᠯᠡᠬᠦ᠎ᠪᠡᠷ ᠪᠠᠷᠠᠬᠤ ᠦᠭᠡᠢ᠂ ᠪᠠᠰᠠ ᠬᠦᠢᠲᠡᠨ᠎ᠢ ᠬᠥᠭᠡᠭᠡᠵᠦ ᠶᠠᠳᠠᠷᠠᠭ᠎ᠠ᠎ᠶᠢ ᠲᠠᠶ᠋ᠢᠯᠵᠤ᠂ ᠨᠡᠭᠦᠳᠡᠯᠴᠢᠨ ᠦᠨᠳᠦᠰᠦᠲᠡᠨ᠎ᠦ 《ᠭᠤᠷᠪᠠᠨ ᠡᠳᠦᠷ ᠬᠣᠭᠣᠯᠠ ᠦᠭᠡᠢ ᠴᠦ᠍ ᠭᠡᠰᠡᠨ ᠨᠢᠭᠡ ᠡᠷᠡᠨ᠎ᠤ ᠴᠠᠢ ᠦᠭᠡᠢ ᠪᠠᠢᠵᠤ ᠪᠣᠯᠬᠤ ᠦᠭᠡᠢ》 ᠭᠡᠬᠦ ᠠᠮᠢᠳᠤᠷᠠᠯ᠎ᠤᠨ ᠲᠠᠳᠬᠠᠯ᠎ᠢ ᠪᠤᠢ ᠪᠣᠯᠭᠠᠵᠠᠢ᠃

ᠯᠠᠡᠭ ᠱᠢ ᠨᠢᠡᠭ ᠤ᠋ᠨ 《ᠲᠡᠭᠷᠢ ᠲᠠᠳᠬᠦᠭᠴᠢ ᠵᠢᠨ ᠠᠪᠠ ᠬᠢᠬᠦ ᠦᠶ᠎ᠡ ᠵᠢᠨ ᠬᠠᠮᠲᠤ ᠵᠢᠨ ᠬᠤᠭᠤᠯᠠᠨ ᠤ᠋ ᠵᠢᠷᠤᠭ》 ᠲᠸ᠋ ᠰᠦ ᠲᠠᠢ ᠴᠠᠢ ᠡᠷᠬᠦᠵᠦ ᠪᠠᠢᠭ᠎ᠠ ᠨᠢ
ᠥᠪᠡᠷᠲᠡᠭᠡᠨ ᠵᠠᠰᠠᠬᠤ ᠣᠷᠣᠨ᠎ᠤ ᠨᠡᠢᠭᠡᠮ᠎ᠦᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠤᠳᠬ᠎ᠠ ᠵᠣᠬᠢᠶᠠᠯ ᠰᠤᠳᠤᠯᠬᠤ ᠭᠠᠵᠠᠷ᠎ᠤᠨ ᠳᠠᠷᠤᠭ᠎ᠠ᠂ ᠰᠤᠳᠤᠯᠤᠭᠴᠢ ᠸᠠᠩ ᠬᠠᠢ ᠿᠦᠡᠭ᠄《ᠰᠦ᠎ᠲᠠᠢ ᠴᠠᠢ᠎ᠶᠢᠨ ᠲᠡᠦᠬᠡ ᠪᠣᠯ ᠮᠥᠨ ᠴᠦ᠍ ᠡᠮᠦᠨᠡᠲᠦ ᠤᠮᠠᠷᠠᠲᠤ᠎ᠶᠢᠨ ᠰᠣᠶᠣᠯ᠎ᠤᠨ ᠰᠤᠯᠢᠯᠴᠠᠭ᠎ᠠ ᠪᠠ ᠠᠭᠤᠰᠤᠯᠴᠠᠯ᠎ᠤᠨ ᠲᠡᠦᠬᠡ ᠪᠣᠯᠣᠨ᠎ᠠ᠃ ᠲᠠᠩ ᠤᠯᠤᠰ ᠰᠦᠩ ᠤᠯᠤᠰ᠎ᠤᠨ ᠦᠶ᠎ᠡ᠎ᠳᠦ᠂ ᠠᠯᠪᠠᠨ᠎ᠤ ᠲᠠᠯ᠎ᠠ᠎ᠠᠴᠠ ᠭᠣᠣᠯᠯᠠᠨ ᠤᠳᠤᠷᠢᠳᠤᠭᠰᠠᠨ 〈ᠴᠠᠢ ᠮᠣᠷᠢ᠎ᠶᠢᠨ ᠵᠠᠬ᠎ᠠ〉 ᠪᠠᠷ ᠳᠠᠮᠵᠢᠨ ᠡᠮᠦᠨᠡᠲᠦ ᠣᠷᠣᠨ᠎ᠤ ᠬᠡᠪ᠎ᠦᠨ ᠴᠠᠢ ᠮᠢᠩᠭᠠᠨ ᠠᠭᠤᠯᠠ ᠲᠦᠮᠡᠨ ᠤᠰᠤ᠎ᠶᠢ ᠲᠤᠭᠤᠯᠤᠨ ᠲᠠᠯ᠎ᠠ ᠨᠤᠲᠤᠭ᠎ᠲᠤ ᠣᠷᠣᠵᠤ ᠢᠷᠠᠪᠠ᠃ ᠠᠩᠬ᠎ᠠ ᠡᠬᠢᠨ᠎ᠳᠦ᠎ᠪᠡᠨ ᠴᠠᠢ ᠨᠢ ᠵᠦᠪᠬᠡᠨ ᠢᠵᠠᠭᠤᠷᠲᠠᠨ ᠪᠣᠯᠣᠨ ᠯᠠᠮᠠ ᠬᠤᠸᠠᠷᠠᠭ᠎ᠤᠨ ᠲᠤᠰᠬᠠᠢ ᠬᠠᠷᠢᠶᠠᠯᠠᠯ ᠪᠠᠢᠭᠰᠠᠨ ᠡᠴᠡ ᠶᠤᠸᠠᠨ ᠤᠯᠤᠰ᠎ᠤᠨ ᠦᠶ᠎ᠡ ᠳ᠋ᠤ ᠲᠠᠷᠢᠶᠠᠯᠠᠬᠤ ᠰᠣᠶᠣᠯ ᠪᠣᠯᠣᠨ ᠨᠡᠭᠦᠳᠡᠯ ᠰᠣᠶᠣᠯ᠎ᠤᠨ ᠭᠦᠨᠵᠡᠭᠡᠢ ᠠᠭᠤᠰᠤᠯᠴᠠᠬᠤ ᠵᠢ ᠲᠠᠭᠠᠯᠳᠤᠨ 〈ᠨᠠᠪᠴᠢ ᠵᠢᠨ ᠴᠠᠢ ᠤᠤᠭᠤᠬᠤ〉 ᠡᠴᠡ 〈ᠰᠦ ᠲᠠᠢ ᠴᠠᠢ ᠤᠤᠭᠤᠬᠤ〉 ᠵᠠᠩᠭᠢᠯᠠᠭ᠎ᠠ᠎ᠶᠢᠨ ᠬᠤᠪᠢᠷᠠᠯᠲᠠ ᠵᠢ ᠪᠤᠢ ᠪᠤᠯᠭᠠᠵᠠᠢ》 ᠬᠡᠪᠡ᠃ ᠮᠢᠩ᠂ ᠴᠢᠩ ᠤᠯᠤᠰ᠎ᠤᠨ ᠦᠶ᠎ᠡ᠎ᠳᠦ᠂ ᠲᠦᠮᠡᠨ ᠭᠠᠵᠠᠷ᠎ᠤᠨ ᠴᠠᠢ᠎ᠶᠢᠨ ᠵᠠᠮ ᠬᠥᠭᠵᠢᠨ ᠮᠠᠨᠳᠤᠵᠤ᠂ ᠱᠠᠨ ᠰᠢ᠎ᠶᠢᠨ ᠬᠤᠳᠠᠯᠳᠤᠭᠠᠴᠢᠨ ᠵᠡᠷᠭᠡ ᠮᠠᠢᠮᠠᠢᠴᠢᠳ ᠬᠡᠪ᠎ᠦᠨ ᠴᠠᠢ᠎ᠶᠢ ᠲᠠᠰᠤᠷᠠᠯᠲᠠ ᠦᠭᠡᠢ ᠭᠣᠪᠢ᠎ᠶᠢᠨ ᠠᠷᠤ᠎ᠳᠤ ᠵᠥᠭᠡᠭᠡᠪᠦᠷᠢᠯᠡᠨ ᠢᠷᠡᠬᠦ ᠪᠤᠯᠤᠭᠰᠠᠨ ᠡᠴᠡ ᠡᠮᠦᠨᠡᠲᠦ ᠣᠷᠣᠨ᠎ᠳ᠋ᠤ ᠦᠢᠯᠡᠳᠪᠦᠷᠢᠯᠡᠭᠰᠡᠨ ᠬᠡᠪ᠎ᠦᠨ ᠴᠠᠢ ᠨᠢ ᠬᠢᠯᠢ ᠬᠢᠵᠠᠭᠠᠷ᠎ᠤᠨ ᠠᠷᠠᠳ ᠣᠯᠠᠨ᠎ᠤ ᠠᠮᠢᠳᠤᠷᠠᠯᠲᠤᠮᠳᠠ ᠵᠠᠪᠠᠯ ᠬᠡᠷᠡᠭᠰᠡᠬᠦ ᠵᠦᠢᠯ ᠪᠣᠯᠵᠤ᠂ ᠡᠮᠦᠨᠡᠲᠦ ᠣᠷᠣᠨ᠎ᠤ ᠴᠠᠢ ᠪᠣᠯᠣᠨ ᠤᠮᠠᠷᠠᠲᠤ ᠣᠷᠣᠨ᠎ᠤ ᠰᠦ ᠵᠢᠨ ᠬᠦᠨᠵᠡᠭᠡᠢ ᠠᠭᠤᠰᠤᠯᠴᠠᠯ ᠢ᠋ ᠪᠡᠶᠡᠯᠡᠭᠦᠯᠵᠡᠢ᠃ ᠴᠢᠩ ᠤᠯᠤᠰ᠎ᠤᠨ ᠦᠶ᠎ᠡ᠎ᠳᠦ ᠣᠷᠳᠣᠨ᠎ᠤ ᠬᠢᠨ ᠰᠦ᠎ᠲᠠᠢ ᠴᠠᠢ᠎ᠶᠢ ᠶᠡᠭᠡᠳᠡ ᠡᠷᠬᠢᠮᠯᠡᠵᠦ᠂ ᠰᠦ ᠲᠠᠢ ᠴᠠᠢ ᠤᠤᠭᠤᠬᠤ ᠨᠢ ᠨᠢᠭᠡ ᠵᠦᠢᠯ᠎ᠦᠨ ᠨᠡᠢᠭᠡᠮ᠎ᠦᠨ ᠬᠡᠪ ᠰᠤᠷᠲᠠᠯ ᠪᠣᠯᠪᠠ᠃ ᠬᠠᠭᠠᠨ᠎ᠤ ᠣᠷᠳᠣᠨ᠎ᠳᠤ ᠨᠠᠨᠳᠢᠩᠨᠠᠨ ᠬᠠᠳᠠᠭᠠᠯᠠᠵᠤ ᠪᠠᠢᠭᠰᠠᠨ《 ᠳ᠋ᠦᠸᠸ ᠮᠦ᠍ ᠳᠡᠪᠦᠷ᠎ᠡ》 ᠨᠢ ᠰᠦ᠎ᠲᠠᠢ ᠴᠠᠢ᠎ᠶᠢᠨ ᠠᠷᠠᠳ᠎ᠤᠨ ᠳᠤᠮᠳᠠ᠎ᠠᠴᠠ ᠣᠷᠳᠣᠨ᠎ᠳᠤ ᠣᠷᠣᠵᠤ ᠢᠷᠡᠭᠰᠡᠨ ᠶᠠᠪᠤᠴᠠ᠎ᠶᠢ ᠭᠡᠷᠡᠴᠢᠯᠡᠵᠦ ᠪᠠᠢᠨ᠎ᠠ᠃ ᠯᠦ᠍ ᠶᠢᠦ᠎ᠶᠢᠨ ᠰᠢᠯᠦᠭᠲᠡᠬᠢ 《ᠰᠦᠪᠡᠷ ᠰᠦᠯᠡᠬᠦ》 ᠲᠡᠮᠳᠡᠭᠯᠡᠯ ᠨᠢ ᠰᠦ᠎ᠲᠠᠢ ᠴᠠᠢ ᠰᠦᠩ ᠤᠯᠤᠰ᠎ᠤᠨ ᠦᠶ᠎ᠡ᠎ᠳᠦ ᠵᠢᠶᠠᠩᠨᠠᠨ᠎ᠤ ᠪᠢᠴᠢᠭ᠎ᠦᠨ ᠬᠥᠮᠥᠰ᠎ᠦᠨ ᠠᠮᠢᠳᠤᠷᠠᠯ᠎ᠳᠤ ᠨᠡᠪᠴᠢᠭᠰᠡᠨᠢ ᠭᠡᠷᠡᠴᠢᠯᠡᠪᠡ᠃ ᠡᠨᠡ ᠨᠢ ᠴᠠᠢ ᠪᠣᠯᠣᠨ ᠰᠦ᠎ᠶᠢᠨ ᠤᠶᠠᠯᠳᠤᠯ ᠨᠢ ᠭᠠᠵᠠᠷ ᠣᠷᠣᠨ ᠪᠣᠯᠣᠨ ᠦᠨᠳᠦᠰᠦᠲᠡᠨ᠎ᠦ ᠵᠠᠭᠠᠭ ᠬᠢᠵᠠᠭᠠᠷ᠎ᠢ ᠡᠪᠳᠡᠵᠦ᠂ ᠳᠤᠮᠳᠠᠳᠤ᠎ᠶᠢᠨ ᠦᠨᠳᠦᠰᠦᠲᠡᠨ᠎ᠦ ᠣᠯᠠᠨ ᠡᠰᠢᠲᠦ ᠨᠢᠭᠡ ᠴᠣᠭᠴᠠᠵᠢᠭ᠍ᠰᠠᠨ ᠪᠠᠢᠷᠢᠰᠢᠯ᠎ᠳᠠᠬᠢ ᠠᠮᠢᠳᠤᠯᠢᠭ᠋ ᠭᠡᠷᠡᠴᠢᠯᠡᠯ ᠪᠣᠯᠵᠠᠢ᠃

ᠪᠡᠭᠡᠵᠢᠩ᠎ᠤᠨ ᠬᠠᠭᠠᠨ ᠤ᠋ ᠤᠷᠲᠤᠨ ᠳ᠋ᠤ ᠬᠠᠲᠠᠭᠠᠯᠠᠵᠤ ᠪᠠᠢᠭ᠎ᠠ ᠲᠡᠭᠷᠢ ᠲᠠᠳᠬᠦᠭᠴᠢ ᠵᠢᠨ ᠳ᠋ᠦᠸᠸ ᠮᠸ᠋ ᠲᠠᠪᠤᠷ᠎ᠠ (ᠰᠦ ᠲᠠᠢ ᠴᠠᠢ ᠵᠢᠨ ᠲᠠᠪᠤᠷ᠎ᠠ)
ᠤᠳᠤ ᠦᠪᠦᠷ ᠮᠤᠩᠭᠤᠯ ᠳ᠋ᠤ ᠰᠦ᠎ᠲᠠᠢ ᠴᠠᠢ ᠨᠢ ᠵᠣᠴᠢᠨ ᠳᠠᠢᠯᠠᠬᠤ ᠬᠠᠮᠤᠭ᠎ᠤᠨ ᠳᠡᠭᠡᠳᠦ ᠶᠣᠰᠣᠯᠠᠯ ᠤᠨ ᠴᠢᠬᠤᠯᠠ ᠪᠡᠯᠭᠡ ᠲᠡᠮᠳᠡᠭ ᠪᠤᠯᠵᠤ᠂ 《ᠪᠦᠯᠬᠦᠮᠳᠡᠯ᠎ᠤᠨ ᠴᠠᠢ》 ᠬᠡᠮᠡᠭᠳᠡᠵᠡᠢ᠃ ᠭᠡᠷ ᠲᠸ᠋ ᠵᠣᠴᠢᠨ ᠢᠷᠡᠬᠦ ᠳ᠋ᠤ ᠭᠡᠷ᠎ᠦᠨ ᠡᠵᠡᠨ ᠤᠷᠢᠳ᠎ᠢᠶᠠᠷ ᠬᠣᠶᠠᠷ ᠭᠠᠷ᠎ᠢᠶᠠᠷ᠎ᠢᠶᠠᠨ ᠬᠠᠯᠠᠭᠤᠨ ᠴᠠᠢ ᠪᠠᠷᠢᠵᠤ᠂ ᠤᠮᠳᠠ ᠳᠠᠷᠤᠬᠤ᠂ ᠶᠠᠳᠠᠷᠠᠭ᠎ᠠ ᠲᠠᠢᠯᠬᠤᠪᠤᠶᠤ ᠬᠦᠨᠳᠦᠳᠬᠡᠨ ᠤᠬᠳᠤᠵᠤ ᠪᠠᠢᠭ᠎ᠠ ᠪᠠᠨ ᠢᠯᠡᠳᠭᠡᠳᠡᠭ᠃ ᠬᠡᠦᠬᠡᠳ᠎ᠦᠨ ᠤᠢ ᠲᠡᠭᠡᠷᠡᠬᠢ ᠠᠬᠠᠮᠠᠳ ᠨᠠᠰᠤᠲᠠᠨ᠎ᠤ ᠰᠣᠶᠣᠷᠬᠠᠬᠤ 《ᠳᠡᠭᠡᠵᠢ》 ᠡᠴᠡ ᠬᠡᠦᠬᠡᠨ ᠮᠣᠷᠳᠠᠭᠤᠯᠬᠤ᠎ᠠᠴᠠ ᠡᠮᠦᠨᠡᠬᠢ 《ᠬᠡᠦᠬᠡᠨ᠎ᠦ ᠴᠠᠢ》 ᠬᠦᠷᠲᠡᠯ᠎ᠡ᠂ ᠲᠠᠬᠢᠭᠠᠳ ᠨᠠᠭᠠᠳᠤᠮ᠎ᠤᠨ ᠬᠤᠷᠠᠯ ᠳᠡᠭᠡᠷᠡᠬᠢ ᠤᠭᠰᠠᠭ᠎ᠠ ᠲᠦᠷᠦᠯ᠎ᠦᠨ ᠲᠤᠷᠠᠳᠬᠠᠯᠢ ᠠᠭᠤᠰᠬᠠᠭᠰᠠᠨ ᠲᠣᠭᠣᠭ᠎ᠠ᠎ᠲᠠᠢ ᠴᠠᠢ ᠬᠦᠷᠲᠡᠯ᠎ᠡ᠂ ᠰᠦ᠎ᠲᠠᠢ ᠴᠠᠢ ᠨᠢ ᠲᠠᠯ᠎ᠠ ᠨᠤᠲᠤᠭ᠎ᠤᠨ ᠬᠥᠮᠥᠰ᠎ᠦᠨ ᠪᠦᠬᠦ ᠠᠮᠢᠳᠤᠷᠠᠯ ᠦᠢᠯᠡ ᠳ᠋ᠤ ᠠᠭᠤᠰᠴᠤ ᠪᠤᠢ᠃ ᠲᠡᠷᠡ ᠪᠤᠯ ᠮᠠᠯᠴᠢᠨ ᠲᠦᠮᠡᠨ᠎ᠤ ᠬᠠᠲᠠᠭᠤ ᠰᠢᠷᠦᠭᠦᠨ ᠪᠣᠯᠣᠨ ᠡᠶᠡᠯᠳᠡᠭ ᠵᠥᠭᠡᠯᠡᠨ᠎ᠢ ᠵᠣᠬᠢᠴᠠᠭᠤᠯᠬᠤ ᠬᠠᠯᠠᠭᠤᠨ ᠳᠤᠯᠠᠭᠠᠨ᠂ ᠠᠢᠯ ᠰᠠᠭᠠᠬᠠᠯᠲᠠ ᠠᠬ᠎ᠠ ᠳᠡᠭᠦᠦ ᠵᠢᠨ ᠬᠠᠢᠷ᠎ᠠ ᠰᠡᠳᠬᠢᠯᠭᠡ᠎ᠶᠢᠨ ᠰᠣᠯᠢᠯᠴᠠᠭᠠᠨ᠎ᠤ ᠵᠠᠭᠤᠴᠢ ᠪᠣᠯᠣᠨ᠎ᠠ᠃

ᠪᠡᠭᠡᠵᠢᠩ᠎ᠤᠨ ᠬᠠᠭᠠᠨ ᠤ᠋ ᠤᠷᠲᠤᠨ ᠳ᠋ᠤ ᠬᠠᠲᠠᠭᠠᠯᠠᠵᠤ ᠪᠠᠢᠭ᠎ᠠ ᠴᠢᠡᠭ ᠤᠯᠤᠰ ᠤ᠋ᠨ ᠦᠶ᠎ᠠ ᠵᠢᠨ ᠰᠦ ᠲᠠᠢ ᠴᠠᠢ ᠵᠢᠨ ᠠᠶᠠᠭ᠎ᠠ
ᠥᠨᠥᠳᠥᠷ᠂ ᠣᠳᠣᠬᠢᠴᠢᠯᠠᠯᠲᠠ ᠵᠢᠨ ᠴᠠᠭ ᠡᠷᠡᠨ ᠳ᠋ᠤ ᠰᠦ ᠲᠠᠢ ᠴᠠᠢ ᠰᠢᠨ᠎ᠡ ᠠᠮᠢᠵᠢᠷᠠᠯ᠎ᠤᠨ ᠬᠦᠴᠦᠨ᠎ᠵᠢᠡᠷ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠵᠤᠯ ᠵᠢᠷᠭᠠᠯᠳᠤ ᠠᠮᠢᠳᠤᠷᠠᠯ᠎ᠤᠨ ᠢᠯᠡᠳᠭᠡᠮᠵᠢ ᠪᠤᠯᠤᠨ᠎ᠠ᠃ ᠬᠦᠮᠦᠰ ᠰᠦ ᠲᠠᠢ ᠴᠠᠢ ᠪᠡᠷ ᠰᠢᠨ᠎ᠡ ᠨᠢᠭᠡ ᠡᠳᠦᠷ ᠵᠢᠡᠨ ᠤᠭᠳᠤᠵᠤ᠂ ᠰᠦ ᠲᠠᠢ ᠴᠠᠢ ᠪᠡᠷ ᠰᠢᠨ᠎ᠡ ᠠᠮᠢᠳᠤᠷᠠᠯ ᠵᠢᠡᠨ ᠮᠢᠯᠢᠶᠠᠵᠤ᠂ ᠰᠦ ᠲᠠᠢ ᠴᠠᠢ ᠪᠡᠷ ᠰᠢᠨ᠎ᠡ ᠠᠮᠵᠢᠯᠳᠠ ᠪᠠᠨ ᠪᠡᠯᠭᠡᠯᠡᠵᠦ᠂ ᠰᠦ ᠲᠠᠢ ᠴᠠᠢ ᠪᠡᠷ ᠨᠦᠬᠦᠷᠰᠡᠭ ᠶᠠᠪᠤᠯᠴᠠᠭ᠎ᠠ ᠪᠠᠨ ᠪᠠᠳᠤᠳᠬᠠᠨ᠎ᠠ᠃ ᠬᠥᠬᠡᠬᠣᠲᠠ ᠵᠢᠴᠢ ᠥᠷᠭᠡᠨ ᠠᠭᠤᠳᠠᠮ ᠥᠪᠥᠷ ᠮᠣᠩᠭᠣᠯ᠎ᠳ᠋ᠤ᠂ ᠤᠯᠠᠮᠵᠢᠯᠠᠯᠲᠤ ᠴᠠᠢ ᠴᠢᠨᠠᠬᠤ ᠤᠷ᠎ᠠ ᠮᠡᠷᠭᠡᠵᠢᠯ᠎ᠢ ᠣᠲᠣ᠌ ᠦᠶ᠎ᠡ᠎ᠶᠢᠨ ᠢᠳᠡᠭᠡᠨ᠎ᠦ ᠠᠵᠤ ᠦᠢᠯᠡᠳᠪᠦᠷᠢ᠎ᠲᠠᠢ ᠲᠡᠭᠦᠯᠳᠡᠷ ᠰᠠᠢᠬᠠᠨ ᠤᠶᠠᠯᠳᠤᠭᠤᠯᠵᠤ᠂ ᠠᠪᠴᠤ ᠶᠠᠪᠤᠬᠤ᠎ᠳᠤ ᠲᠥᠬᠥᠮ ᠰᠦ᠎ᠲᠠᠢ ᠴᠠᠢ᠎ᠶᠢᠨ ᠲᠠᠯᠬ᠎ᠠ ᠵᠢ ᠨᠡᠭᠡᠭᠡᠨ ᠬᠥᠭᠵᠢᠭᠦᠯᠵᠦ᠂ ᠲᠠᠯ᠎ᠠ ᠨᠤᠲᠤᠭ᠎ᠤᠨ ᠦᠨᠦᠷ ᠠᠮᠲᠠ᠎ᠶᠢ ᠪᠥᠬᠥ ᠤᠯᠤᠰ᠎ᠤᠨ ᠵᠠᠬ᠎ᠠ ᠲᠡᠯᠭᠡᠬᠦᠷ ᠲᠸ᠋ ᠭᠠᠷᠭᠠᠵᠤ᠂ ᠪᠦᠬᠦ ᠤᠯᠤᠰ᠎ᠤᠨ ᠦᠨᠳᠦᠰᠦᠳᠡᠨ ᠨᠤᠬᠦᠳ᠎ᠤᠨ ᠤᠯᠠᠨ ᠲᠦᠮᠡᠨ ᠳ᠋ᠤ ᠬᠦᠷᠭᠡᠵᠦ ᠪᠤᠢ᠃ ᠬᠠᠮᠢᠶ᠎ᠠ ᠪᠦᠬᠦᠢ ᠪᠦᠷᠢᠳᠭᠡᠯ᠎ᠢ ᠦᠨᠳᠦᠰᠦᠯᠡᠪᠡᠯ᠂ 2025 ᠣᠨ᠎ᠳᠤ ᠥᠪᠥᠷ ᠮᠣᠩᠭᠣᠯ᠎ᠤᠨ ᠰᠦ᠎ᠲᠠᠢ ᠴᠠᠢ᠎ᠶᠢᠨ ᠬᠠᠮᠢᠶ᠎ᠠ ᠪᠦᠬᠦᠢ ᠪᠦᠲᠦᠭᠡᠭᠳᠡᠬᠦᠨ᠎ᠦ ᠰᠦᠯᠵᠢᠶᠡᠨ ᠳᠡᠭᠡᠷᠡᠬᠢ ᠪᠣᠷᠤᠯᠠᠭᠤᠯᠭ᠎ᠠ᠎ᠶᠢᠨ ᠬᠡᠮᠵᠢᠶ᠎ᠡ ᠠᠳᠠᠯᠢ ᠬᠤᠭᠤᠴᠠᠭᠠᠨ᠎ᠤ ᠬᠢ᠎ᠡᠴᠡ 47% ᠪᠠᠷ ᠨᠡᠮᠡᠭᠳᠡᠵᠦ᠂ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠣᠷᠣᠯᠭ᠎ᠠ᠎ᠶᠢ ᠲᠣᠭᠲᠠᠭᠤᠨ᠎ᠢᠶᠠᠷ ᠨᠡᠮᠡᠭᠳᠡᠬᠦᠯᠵᠡᠢ᠃ ᠡᠭᠦᠨ᠎ᠦ ᠬᠠᠮᠲᠤ᠂ ᠰᠦ᠎ᠲᠠᠢ ᠴᠠᠢ᠎ᠶᠢᠨ ᠠᠵᠤ ᠦᠢᠯᠡᠰ ᠨᠢ ᠪᠠᠰᠠ ᠮᠠᠯᠵᠢᠬᠤ ᠣᠷᠣᠨ᠎ᠵᠢᠡᠷ ᠰᠤᠳᠤᠯᠤᠨ ᠰᠤᠷᠤᠯᠴᠠᠬᠤ᠂ ᠤᠯᠠᠮᠵᠢᠯᠠᠯᠲᠤ ᠰᠢᠷᠭᠠᠭᠠᠨ ᠦᠢᠯᠡᠳᠬᠦ ᠮᠡᠷᠭᠡᠵᠢᠯ᠎ᠢ ᠪᠡᠶᠡᠴᠢᠯᠡᠨ ᠣᠢᠯᠠᠭᠠᠬᠤ ᠵᠡᠷᠭᠡ ᠰᠣᠶᠣᠯ ᠵᠢᠭᠤᠯᠴᠢᠯᠠᠯ᠎ᠤᠨ ᠲᠥᠷᠥᠯ ᠲᠡᠮᠳᠡᠭ᠎ᠢ ᠡᠬᠦᠳᠴᠦ᠂ ᠰᠢᠯᠢ᠎ᠶᠢᠨ ᠭᠣᠣᠯ᠂ ᠬᠥᠯᠥᠨ ᠪᠣᠶ᠋ᠢᠷ ᠵᠡᠷᠭᠡ ᠭᠠᠵᠠᠷ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠴᠢᠬᠤᠯᠠ ᠭᠠᠷᠳᠠᠴᠠ ᠪᠣᠯᠪᠠ᠃ ᠬᠦᠳᠡᠭᠡ ᠵᠢᠨ ᠮᠠᠯᠴᠢᠨ ᠠᠢᠯ ᠡᠴᠡ ᠤᠳᠤᠬᠢᠴᠢᠯᠠᠭᠰᠠᠨ ᠬᠤᠳᠠ ᠵᠢᠨ ᠠᠮᠢᠳᠤᠷᠠᠯ᠂ ᠵᠡᠭᠡᠯᠢ ᠭᠤᠳᠤᠮᠵᠢ᠎ᠶᠢᠨ ᠤᠯᠠᠮᠵᠢᠯᠠᠯᠲᠤ ᠴᠠᠢ᠎ᠶᠢᠨ ᠮᠤᠬᠤᠯᠠᠭ᠎ᠠᠴᠠ ᠣᠲᠣ᠌ ᠦᠶ᠎ᠡ᠎ᠶᠢᠨ ᠴᠠᠢ᠎ᠶᠢᠨ ᠪᠠᠭᠠᠷ ᠬᠦᠷᠲᠡᠯ᠎ᠡ᠂ ᠰᠦ ᠲᠠᠢ ᠴᠠᠢ᠎ᠨᠢ ᠲᠠᠯ᠎ᠠ ᠨᠤᠳᠤᠭ᠎ᠤᠨ ᠰᠣᠶᠣᠯ᠎ᠤᠨ ᠤᠯᠠᠮᠵᠢᠯᠠᠯ᠂ ᠵᠤᠯ ᠵᠢᠷᠭᠠᠯᠳᠤ ᠠᠮᠢᠳᠤᠷᠠᠯ᠎ᠤᠨ ᠪᠡᠯᠭᠡ ᠲᠡᠮᠳᠡᠭ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃