2026-10-28 16:15:22
ᠡᠷᠳᠡᠨ᠎ᠤ ᠰᠢᠯᠦᠭ ᠲᠠᠭᠤᠯᠠᠯ ᠳ᠋ᠤ ᠭᠠᠷᠳᠠᠭ ᠨᠡᠯᠦᠭᠡᠷ ᠡᠯᠡᠰᠤᠨ᠎ᠳᠡᠬᠢ ᠦᠨᠤᠴᠢᠨ ᠬᠤᠯᠤᠩ᠂ ᠰᠢᠷᠭᠠᠯ ᠮᠠᠨᠭᠬ᠎ᠠ ᠬᠠᠴᠢᠨ ᠤᠳᠠ᠂ ᠲᠠᠪᠠᠳᠠᠢ ᠪᠡᠯᠴᠢᠬᠦ ᠬᠤᠨᠢᠨ ᠰᠦᠷᠦᠭ᠂ ᠠᠭᠰᠤᠮᠨᠠᠨ ᠲᠠᠪᠬᠢᠬᠤ ᠠᠷᠭᠤᠮᠠᠭ ᠬᠦᠯᠦᠭ᠂ ᠠᠷᠭᠠᠯ᠎ᠦᠨ ᠤᠳᠤᠭ᠎ᠠ ᠰᠤᠭᠤᠨᠠᠬᠯᠠᠭᠰᠠᠨ ᠮᠤᠨᠭᠭᠤᠯ ᠬᠡᠷ ᠁ ᠪᠠᠷ ᠵᠢᠷᠤᠭᠴᠢᠨ᠎ᠤ ᠤᠷᠠᠨ ᠢᠯᠡᠷᠡᠬᠦᠯᠦᠯ᠎ᠢᠶᠡᠷ ᠠᠮᠢᠯᠠᠨ ᠪᠦᠳᠦᠭᠰᠡᠨ ᠨᠠᠢ᠍ᠮᠠᠨᠤ᠋ ᠪᠡᠷ ᠵᠢᠷᠤᠭ᠎ᠤᠨ ᠪᠦᠳᠦᠭᠡᠯ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠪᠠᠬᠠᠷᠠᠯ ᠳ᠋ᠤ ᠬᠦᠷᠴᠦ ᠤᠯᠤᠰ᠎ᠤᠨ ᠲᠤᠳᠤᠨ᠎ᠠ ᠭᠠᠳᠠᠨ᠎ᠠ ᠠᠯᠳᠠᠷᠰᠢᠨᠡ᠃ ᠦᠪᠡᠷᠳᠡᠭᠡᠨ ᠵᠠᠰᠠᠬᠤ ᠤᠷᠤᠨ᠎ᠤ ᠪᠤᠳᠠᠰ᠎ᠦᠨ ᠪᠤᠰᠤ ᠰᠤᠶᠤᠯ᠎ᠦᠨ ᠦᠪ ᠪᠤᠯᠤᠭᠰᠠᠨ ᠨᠠᠢ᠍ᠮᠠᠨ ᠬᠤᠰᠢᠭᠤᠨ᠎ᠤ ᠪᠡᠷ ᠵᠢᠷᠤᠭ ᠪᠤᠯ ᠮᠤᠳᠤᠨ ᠰᠡᠢᠯᠦᠮᠡᠯ ᠵᠢᠡᠷ ᠠᠴᠢᠶᠠᠯᠠᠪᠤᠷᠢ ᠪᠤᠯᠭᠠᠵᠤ᠂ ᠠᠷᠠᠳ ᠲᠦᠮᠡᠨ᠎ᠤ ᠠᠮᠢᠳᠤᠷᠠᠯ ᠲᠡᠮᠡᠴᠡᠯ᠂ ᠰᠤᠶᠤᠯ ᠲᠡᠦᠭᠡ ᠵᠢᠴᠢ ᠪᠠᠢᠭᠠᠯᠢ ᠠᠬᠤᠢ ᠪᠡᠷ ᠪᠤᠷᠤ ᠮᠠᠲᠸᠷᠢᠶᠠᠯ ᠪᠤᠯᠭᠠᠭᠰᠠᠨ᠂ ᠦᠨᠳᠦᠰᠦᠳᠡᠨ᠎ᠤ ᠦᠪᠡᠷᠮᠢᠴᠡ ᠬᠡᠪ ᠨᠠᠮᠪᠠ᠎ᠲᠠᠢ᠂ ᠰᠤᠶᠤᠯ᠎ᠤᠨ ᠬᠦᠨ ᠵᠤᠵᠠᠭᠠᠨ ᠤᠤᠷ ᠲᠤᠨᠳᠠᠰᠤ ᠲᠠᠢ ᠤᠷᠠᠯᠢᠭ᠎ᠦᠨ ᠪᠦᠳᠦᠭᠡᠯ ᠪᠤᠯᠤᠨ᠎ᠠ᠃
ᠳᠤᠮᠳᠠᠳᠤ ᠵᠢᠨ ᠦᠨᠳᠦᠰᠦᠲᠡᠨ ᠨᠢᠭᠡ ᠭᠡᠷ ᠮᠡᠲᠦ ᠳᠤᠲᠤᠨᠤ
ᠡᠷᠴᠢᠯᠢᠭ᠂ ᠢᠳᠡᠯᠢᠭ᠂ ᠪᠤᠷᠤᠭᠵᠢᠭᠤᠨ᠂ ᠡᠷᠬᠢᠮᠰᠦᠭᠪᠤᠯ ᠨᠠᠢ᠍ᠮᠠᠨ ᠤ᠋ ᠪᠡᠷ ᠵᠢᠷᠤᠭ᠎ᠤᠨ ᠴᠢᠬᠤᠯᠠ ᠤᠨᠴᠠᠯᠢᠭ ᠪᠤᠯᠤᠨ᠎ᠠ᠃ ᠨᠠᠶ᠋ᠮᠠᠨ ᠬᠤᠰᠢᠭᠤᠨ᠎ᠤ ᠤᠷᠠᠨ ᠵᠢᠷᠤᠭ᠎ᠦᠨ ᠤᠷᠳᠤᠨ᠎ᠤ ᠲᠠᠷᠤᠭ᠎ᠠ ᠸᠠᠩ ᡁᠢ ᠴᠸᠨᠭ ᠰᠤᠷᠪᠤᠯᠵᠢᠯᠠᠭ᠎ᠠ ᠬᠦᠯᠢᠶᠠᠬᠦ ᠳ᠋ᠡᠭᠡᠨ᠄ ᠨᠠᠢ᠍ᠮᠠᠨ᠎ᠤ᠎ᠪᠠᠷ ᠵᠢᠷᠤᠭ ᠳᠡᠭᠡᠷ᠎ᠡ ᠵᠠᠭᠤᠨ᠎ᠤ ᠳᠠᠯᠠᠭᠠᠳ ᠣᠨ᠎ᠠᠴᠠ ᠡᠬᠢᠯᠡᠨ ᠪᠤᠢ ᠪᠤᠯᠤᠭᠰᠠᠨ ᠬᠡᠳᠡᠭ᠂ ᠲᠤᠬᠠᠢ ᠵᠢᠨ ᠦᠶ᠎ᠡ ᠳ᠋ᠤ ᠪᠡᠷ ᠵᠢᠷᠤᠬᠴᠢᠨᠤ ᠡᠨᠭᠨᠡᠭᠡ ᠨᠢ ᠵᠢᠷᠭᠤᠭ᠎ᠠ ᠲᠤᠯᠤᠭᠠᠬᠠᠨ ᠬᠦᠮᠤᠨ ᠲᠠᠢ ᠪᠠᠢᠭᠰᠠᠨ ᠪᠦᠭᠡᠳ ᠰᠡᠬᠦᠯᠳᠡᠵᠤ ᠢᠷᠡᠭᠡᠳ ᠨᠢᠭᠡ ᠬᠤᠶᠠᠷᠬᠠᠨ ᠬᠦᠮᠤᠨ ᠯᠡ ᠪᠠᠷᠢᠮᠳᠠᠯᠠᠵᠤ ᠪᠠᠢᠭᠰᠠᠨ ᠲᠡᠦᠭᠡ ᠲᠠᠢ᠃ 2009 ᠣᠨ᠎ᠳᠤ᠂ ᠬᠤᠰᠢᠭᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠤᠨ 《ᠲᠦᠷᠦᠯ ᠲᠡᠮᠳᠡᠭ᠎ᠢ ᠡᠭᠦᠳᠴᠦ᠍᠂ ᠰᠣᠯᠢᠯᠴᠠᠭᠠᠬᠠᠷᠢᠯᠴᠠᠭᠠ ᠵᠢ ᠠᠬᠢᠭᠤᠯᠵᠤ᠂ ᠡᠩᠨᠡᠭᠡ᠎ᠵᠢ ᠬᠥᠮᠦᠵᠢᠭᠦᠯᠵᠦ᠍᠂ ᠠᠮᠢᠳᠤᠷᠠᠯ᠎ᠢ ᠪᠠᠶᠠᠯᠢᠭᠵᠢᠭᠤᠯᠤᠨ᠂ ᠠᠵᠤ ᠦᠢᠯᠡᠰ᠎ᠢ ᠬᠥᠭᠵᠢᠭᠦᠯᠬᠦ᠌》ᠵᠢᠯᠤᠭᠤᠳᠭᠤ ᠦᠵᠡᠯ ᠰᠠᠨᠠᠭ᠎ᠠ᠎ᠵᠢ ᠦᠨᠳᠤᠰᠦᠯᠡᠨ᠂ ᠨᠠᠢ᠍ᠮᠠᠨᠬᠤᠰᠢᠭᠤᠨᠤ ᠪᠡᠷ ᠵᠢᠷᠤᠭ᠎ᠤᠨ ᠵᠣᠬᠢᠶᠠᠨ ᠪᠦᠲᠦᠭᠡᠯᠭᠡ ᠵᠢᠨ ᠪᠣᠯᠪᠠᠰᠤᠷᠠᠯ᠎ᠤᠨ ᠰᠠᠭᠤᠷᠢᠨ᠎ᠢ ᠲᠦᠯᠦᠪᠵᠢᠬᠦᠯᠦᠨ ᠪᠠᠶ᠋ᠢᠭᠤᠯᠵᠤ ᠡᠬᠢᠯᠡᠵᠠᠢ᠃ ᠭᠤᠷᠪᠠᠨ ᠵᠢᠯ᠎ᠤᠨ ᠴᠢᠷᠮᠠᠶ᠋ᠢᠯᠭ᠎ᠠ᠎ᠪᠠᠷ ᠳᠠᠮᠵᠢᠨ 2013 ᠣᠨ᠎ᠤ 7 ᠰᠠᠷ᠎ᠠ᠎ᠳ᠋ᠤ ᠪᠦᠳᠦᠭᠡᠨ ᠪᠠᠢᠭᠤᠯᠵᠤ ᠲᠠᠭᠤᠰᠬᠠᠨ ᠠᠰᠢᠭᠯᠠᠯᠲᠠ᠎ᠳᠤ ᠣᠷᠤᠭᠤᠯᠪᠠ᠃ ᠪᠠᠷ ᠵᠢᠷᠤᠭ᠎ᠤᠨ ᠰᠠᠭᠤᠷᠢᠨ᠎ᠤ ᠪᠠᠷᠢᠯᠭ᠎ᠠ᠎ᠶ᠋ᠢᠨ ᠲᠠᠯᠠᠪᠠᠢ᠎ᠨᠢ 4536 ᠲᠡᠭᠰᠢ ᠳᠥᠷᠪᠡᠯᠵᠢᠨ ᠮᠧᠲᠷ ᠪᠠᠢᠵᠤ᠂ ᠲᠤᠳᠤᠷ᠎ᠠ ᠨᠢ ᠮᠤᠨᠭᠭᠤᠯ᠎ᠪᠠᠷ ᠵᠢᠷᠤᠭ᠎ᠤᠨ ᠠᠵᠢᠯᠯᠠᠬᠤ ᠦᠷᠦᠭᠡ᠂ ᠵᠡᠰ᠎ᠪᠡᠷ ᠵᠢᠷᠤᠭ᠎ᠤᠨ ᠠᠵᠢᠯᠯᠠᠬᠤ ᠦᠷᠦᠭᠡ᠂ ᠰᠡᠷᠡᠯᠵᠢ ᠵᠢᠨ ᠪᠡᠷ ᠵᠢᠷᠤᠭ᠎ᠤᠨ ᠠᠵᠢᠯᠯᠠᠬᠤ ᠦᠷᠦᠭᠡ ᠪᠠ ᠵᠣᠬᠢᠶᠠᠨ ᠪᠦᠲᠦᠭᠡᠬᠦ᠌ ᠲᠠᠰᠤᠭ᠂ ᠪᠣᠯᠪᠠᠰᠤᠷᠠᠯ᠎ᠤᠨ ᠬᠡᠷ᠂ ᠬᠤᠷᠠᠯ᠎ᠤᠨ ᠭᠡᠷ᠂ ᠦᠵᠡᠭᠦᠯᠭᠡ᠎ᠶ᠋ᠢᠨ ᠲᠢᠩᠬᠢᠮ ᠵᠢᠴᠢ ᠬᠣᠭᠤᠯᠠᠨ ᠭᠡᠷ ᠵᠡᠷᠭᠡ ᠵᠢ ᠢᠵᠢ ᠪᠦᠷᠢᠳᠦᠭᠦᠯᠦᠨ᠂ 100 ᠭᠠᠷᠤᠢ ᠬᠥᠮᠦᠨ ᠬᠠᠮᠳᠤ ᠪᠡᠷ ᠵᠤᠬᠢᠶᠠᠨ ᠪᠦᠳᠦᠭᠡᠯᠭᠡ ᠬᠢᠵᠤ ᠪᠤᠯᠳᠠᠭ᠃ ᠰᠠᠭᠤᠷᠢᠨ ᠨᠢ ᠰᠢᠨ᠎ᠠ ᠮᠠᠶᠢᠭ᠎ᠦᠨ ᠲᠡᠷᠢᠬᠦᠨ᠎ᠤ ᠲᠤᠨᠤᠭ ᠲᠥᠬᠦᠭᠡᠷᠦᠮᠵᠢ᠎ᠲᠠᠢ ᠪᠦᠭᠡᠳ ᠴᠢᠳᠠᠮᠵᠢ᠎ᠨᠢ ᠪᠦᠷᠢᠨ ᠲᠡᠭᠦᠯᠳᠡᠷ ᠪᠠᠢᠵᠤ᠂ ᠤᠯᠤᠰ᠎ᠤᠨ ᠳᠣᠲᠤᠭᠠᠳᠤ ᠭᠠᠳᠠᠭᠠᠳᠤ᠎ᠶ᠋ᠢᠨ ᠪᠡᠷ ᠵᠢᠷᠤᠭᠴᠢᠳ᠎ᠦᠨ ᠵᠣᠬᠢᠶᠠᠨ ᠪᠦᠲᠦᠭᠡᠵᠤ᠂ ᠰᠣᠯᠢᠯᠴᠠᠭ᠎ᠠ ᠬᠢᠬᠦ᠎ᠳᠤ ᠨᠡᠯᠢᠶᠡᠳ ᠰᠠᠢᠨ ᠤᠷᠴᠢᠨ ᠨᠦᠬᠦᠴᠡᠯ᠎ᠢ ᠪᠦᠷᠢᠳᠤᠬᠦᠯᠵᠤ ᠦᠭᠬᠦᠭᠰᠡᠨ ᠪᠠᠢᠨ᠎ᠠ ᠬᠡᠵᠤ ᠲᠠᠨᠢᠯᠴᠠᠭᠤᠯᠪᠠ᠃
ᠠᠨᠳᠠᠢ ᠪᠦᠵᠢᠭᠯᠠᠨᠠ · ᠬᠡᠦᠬᠡᠳ ᠪᠠᠶᠠᠰᠤᠨ᠎ᠠ
2013 ᠣᠨᠳᠤᠨᠠᠢ᠍ᠮᠠᠨᠤ ᠪᠠᠷ ᠵᠢᠷᠤᠭ᠎ᠤᠨ ᠰᠠᠭᠤᠷᠢᠨ ᠠᠰᠢᠬᠯᠠᠯᠳᠠ ᠳ᠋ᠤ ᠤᠷᠤᠭᠰᠠᠨ ᠡᠴᠡ ᠨᠠᠭᠠᠰᠢ ᠨᠢᠭᠡᠨᠲᠡ 31 ᠬᠤᠭᠤᠴᠠᠭ᠎ᠠ ᠨᠠᠰᠤᠨ᠎ᠳᠤ ᠬᠦᠷᠦᠭᠰᠡᠳ᠎ᠤᠨ᠎ᠪᠠᠷ ᠵᠢᠷᠤᠭ᠎ᠤᠨ ᠪᠣᠯᠪᠠᠰᠤᠷᠠᠯ᠎ᠤᠨ ᠠᠩᠭᠢ ᠡᠷᠬᠢᠯᠡᠭᠰᠡᠨ ᠪᠥᠭᠡᠳ ᠥᠪᠡᠷᠲᠡᠭᠡᠨ ᠵᠠᠰᠠᠬᠤ ᠣᠷᠤᠨ᠂ ᠲᠦᠩᠯᠢᠶᠤᠣ ᠬᠤᠲᠠ᠎ᠶ᠋ᠢᠨ ᠬᠡᠪᠴᠢᠶᠠᠨ᠎ᠤ᠎ᠪᠠᠷ ᠵᠢᠷᠤᠭ᠎ᠤᠨ ᠪᠣᠯᠪᠠᠰᠤᠷᠠᠯ᠎ᠢ ᠣᠯᠠᠨᠳᠠ ᠳᠠᠭᠠᠭᠠᠨ ᠡᠷᠬᠢᠯᠡᠵᠠᠢ᠃ ᠵᠢᠱ᠌ᠢᠶᠡᠯᠡᠪᠡᠯ 2014 ᠣᠨ᠎ᠤ 4 ᠰᠠᠷ᠎ᠠ᠎ᠳᠤ᠂ ᠲᠦᠩᠯᠢᠶᠤᠣ ᠬᠤᠲᠠ᠎ᠶ᠋ᠢᠨ 《ᠬᠤᠷᠴᠢᠨ᠎ᠪᠠᠷ ᠵᠢᠷᠤᠭ》 ᠤ᠋ᠨ ᠪᠣᠯᠪᠠᠰᠤᠷᠠᠯ᠎ᠤᠨ ᠠᠩᠭᠢ᠎ᠶ᠋ᠢ ᠳᠠᠭᠠᠭᠠᠨ ᠡᠷᠬᠢᠯᠡᠵᠦ᠍᠂ 2017 ᠣᠨ᠎ᠤ 4 ᠰᠠᠷ᠎ᠠ᠎ᠳᠤ᠂ ᠳᠤᠮᠳᠠᠳᠤ ᠤᠯᠤᠰ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠶ᠋ᠢᠨ 《ᠳᠤᠮᠳᠠᠳᠤ ᠵᠢᠨ ᠵᠣᠷᠢᠭ ᠰᠠᠨᠠᠭ᠎ᠠ·ᠳᠤᠮᠳᠠᠳᠤ᠎ᠶ᠋ᠢᠨ ᠵᠡᠭᠦᠳᠦ》 ᠭᠤᠤᠯ ᠰᠡᠳᠦᠪᠲᠦ᠍ ᠤᠳᠬ᠎ᠠ ᠤᠷᠠᠯᠢᠭ᠎ᠤᠨ ᠵᠣᠬᠢᠶᠠᠨ ᠪᠦᠲᠦᠭᠡᠯᠭᠡ᠎ᠶ᠋ᠢᠨ ᠢᠨᠵᠧᠨᠧᠷᠢᠩ᠎ᠤᠨ ᠲᠥᠷᠦᠯ ᠵᠦᠢᠯ — 《ᠵᠢᠷᠢᠮ᠎ᠤᠨ᠎ᠪᠠᠷ ᠵᠢᠷᠤᠭ᠎ᠤᠨ ᠭᠡᠷᠡᠯ ᠰᠠᠴᠤᠷᠠᠩᠭᠤᠢ ᠬᠠᠭᠤᠳᠠᠰᠤ ᠵᠢ ᠲᠠᠬᠢᠨ ᠵᠢᠷᠤᠬᠯᠠᠶᠠ》 ᠭᠡᠬᠦ ᠪᠣᠯᠪᠠᠰᠤᠷᠠᠯ᠎ᠤᠨ ᠠᠩᠭᠢ᠎ᠶ᠋ᠢ ᠳᠠᠭᠠᠭᠠᠨ ᠡᠷᠬᠢᠯᠡᠪᠡ᠃ ᠣᠳᠤᠬᠠᠨ ᠪᠣᠯᠲᠠᠯ᠎ᠠ ᠨᠡᠶ᠋ᠢᠲᠡ 8000 ᠬᠥᠮᠦᠨ ᠤᠳᠠᠭ᠎ᠠ ᠳ᠋ᠤ ᠪᠣᠯᠪᠠᠰᠤᠷᠠᠯ ᠬᠦᠷᠲᠡᠭᠡᠵᠦ ᠪᠤᠢ᠃ ᠪᠥᠬᠦ᠌ ᠬᠤᠰᠢᠭᠤᠨ᠎ᠤ ᠨᠠᠰᠤᠨ᠎ᠳᠤ ᠬᠦᠷᠦᠭᠰᠡᠳ᠎ᠤᠨ ᠪᠡᠷ ᠵᠢᠷᠤᠭ ᠵᠣᠬᠢᠶᠠᠨ ᠪᠦᠲᠦᠭᠡᠯᠭᠡ ᠵᠢᠨ ᠡᠩᠨᠡᠭᠡ ᠨᠢᠭᠡᠨᠲᠡ 100 ᠭᠠᠷᠤᠢ ᠬᠥᠮᠦᠨ ᠲᠠᠢ ᠪᠣᠯᠵᠤ᠂ ᠡᠭᠦᠨ᠎ᠳᠤ ᠭᠤᠤᠯᠯᠠᠭᠴᠢ ᠵᠣᠬᠢᠶᠠᠨ ᠪᠦᠲᠦᠭᠡᠯᠭᠡ ᠤᠷᠤᠯᠳᠤᠳᠠᠭ ᠬᠥᠮᠦᠰ 70 ᠭᠠᠷᠤᠢ ᠪᠠᠶ᠋ᠢᠵᠤ᠂ ᠰᠠᠭᠤᠷᠢᠨ ᠳ᠋ᠤ ᠪᠠᠢᠩᠭᠤ ᠰᠠᠭᠤᠵᠤ ᠣᠷᠳᠤ ᠬᠤᠭᠤᠴᠠᠭ᠎ᠠ᠎ᠪᠠᠷ ᠵᠣᠬᠢᠶᠠᠨ ᠪᠦᠲᠦᠭᠡᠵᠤ ᠪᠠᠢᠭ᠎ᠠ ᠬᠦᠮᠤᠰ 31 ᠪᠣᠢ᠃ ᠳᠤᠮᠳᠠᠳᠤ ᠤᠯᠤᠰ᠎ᠤᠨ ᠤᠷᠠᠨ ᠵᠢᠷᠤᠭᠴᠢᠳ᠎ᠤᠨ ᠨᠡᠢᠭᠡᠮᠯᠢᠭ᠎ᠦᠨ ᠭᠡᠰᠢᠭᠦᠨ 1 ᠬᠥᠮᠦᠨᠪᠠᠢᠭᠰᠠᠨ ᠡᠴᠡ ᠨᠡᠮᠡᠭᠳᠡᠭᠡᠳ 11 ᠬᠥᠮᠦᠨ ᠪᠣᠯᠵᠤ᠂ ᠥᠪᠦᠷ ᠮᠣᠩᠭᠤᠯ᠎ᠤᠨ ᠤᠷᠠᠨ ᠵᠢᠷᠤᠭᠴᠢᠳ᠎ᠤᠨ ᠨᠡᠢᠭᠡᠮᠯᠢᠭ᠎ᠦᠨ ᠭᠡᠰᠢᠭᠦᠨ 3 ᠬᠥᠮᠦᠨᠪᠠᠢᠭᠰᠠᠨ ᠡᠴᠡ ᠪᠡᠨ ᠨᠡᠮᠡᠭᠳᠡᠭᠡᠳ 45 ᠬᠥᠮᠦᠨ ᠪᠣᠯᠵᠠᠢ᠃ ᠡᠭᠦᠨ᠎ᠤ ᠬᠠᠮᠲᠤ᠌᠂ ᠪᠥᠬᠦ᠌ ᠬᠤᠰᠢᠭᠤᠨ᠎ᠤ ᠪᠠᠭᠠᠴᠤᠳᠬᠡᠦᠭᠡᠳᠤᠨ ᠲᠤᠮᠳᠠ ᠪᠡᠷ ᠵᠢᠷᠤᠭ᠎ᠦᠨ ᠵᠣᠬᠢᠶᠠᠨ ᠪᠦᠲᠦᠭᠡᠯᠭᠡ᠎ᠳᠤ ᠣᠷᠤᠯᠴᠠᠭᠰᠠᠨ ᠰᠤᠷᠤᠭᠴᠢᠳ 10000 ᠭᠠᠷᠤᠢ ᠬᠥᠮᠦᠨ ᠪᠣᠯᠵᠤ ᠬᠥᠭᠵᠢᠪᠡ᠃ ᠦᠳᠡᠯᠦᠭᠡ ᠨᠠᠰᠤᠨ᠎ᠤ ᠵᠢᠷᠤᠭᠴᠢᠳ᠎ᠢᠶᠠᠷ ᠲᠠᠭᠠᠭᠤᠯᠤᠭᠴᠢ ᠪᠣᠯᠭᠠᠵᠤ᠂ ᠢᠳᠡᠷ ᠵᠠᠯᠠᠭᠤ ᠵᠢᠷᠤᠭᠴᠢᠳ᠎ᠢᠶᠡᠷ ᠭᠤᠤᠯᠯᠠᠭᠴᠢ ᠬᠦᠴᠦᠨ ᠪᠣᠯᠭᠠᠵᠤ᠂ ᠵᠠᠯᠠᠭᠤᠴᠤᠳ ᠪᠠᠭᠠᠴᠤᠳ᠎ᠢᠶᠠᠷ ᠰᠠᠭᠤᠷᠢ ᠪᠣᠯᠭᠠᠬᠰᠠᠨ᠎ᠪᠠᠷ ᠵᠢᠷᠤᠭ᠎ᠤᠨ ᠵᠣᠬᠢᠶᠠᠨ ᠪᠦᠲᠦᠭᠡᠯᠭᠡ ᠵᠢᠨ ᠡᠩᠨᠡᠭᠡ ᠨᠢᠭᠡᠨᠲᠡ ᠪᠦᠷᠢᠯᠳᠦᠪᠡ᠃
ᠡᠮᠨᠢᠭ ᠰᠤᠷᠭᠠᠬᠤ · ᠢᠴᠡᠭᠰᠡᠳ ᠬᠦᠳᠡᠯᠬᠦ
ᠪᠡᠷ ᠵᠢᠷᠤᠭ᠎ᠦᠨ ᠤᠷᠠᠯᠢᠭ᠎ᠦᠨ ᠶᠢᠷᠳᠢᠨᠴᠤ ᠳ᠋ᠤ ᠨᠠᠰᠤ ᠪᠠᠷ ᠵᠢᠡᠨ ᠱᠤᠨᠭᠪᠠᠵᠤ᠂ ᠤᠷ᠎ᠠ ᠠᠪᠢᠶᠠᠰ᠎ᠢᠶᠡᠨ ᠬᠢᠯᠠᠷᠠᠭᠤᠯᠵᠤ ᠶᠠᠪᠤᠭᠰᠠᠨ 69 ᠨᠠᠰᠤᠲᠠᠶ ᠠᠬᠠᠮᠠᠳ ᠪᠡᠷ ᠵᠢᠷᠤᠭᠴᠢᠨ ᠸᠠᠩ ᠽᠦᠸᠧ ᠼᠠᠢ ᠰᠤᠷᠪᠤᠯᠵᠢᠯᠠᠭᠴᠢ ᠵᠢᠨ ᠰᠤᠷᠪᠤᠯᠵᠢᠯᠠᠭ᠎ᠠ ᠵᠢ ᠬᠦᠯᠢᠶᠡᠬᠦ ᠳ᠋ᠡᠭᠡᠨ ᠶᠠᠭ ᠨᠠᠢ᠍ᠮᠠᠨ ᠬᠤᠰᠢᠭᠤᠨ᠎ᠤ ᠤᠷᠠᠨ ᠵᠢᠷᠤᠭ᠎ᠤᠨ ᠣᠷᠳᠣᠨ᠎ᠤ ᠬᠣᠶᠠᠳᠤᠭᠠᠷ ᠳᠠᠪᠬᠤᠷᠯᠢᠭ ᠲᠸ᠋ ᠰᠠᠭᠤᠷᠢᠰᠢᠭ᠎ᠠ 《ᠸᠠᠩ ᠽᠦᠸᠧ ᠼᠠᠢ᠎ᠶᠢᠨ ᠠᠵᠢᠯᠯᠠᠬᠤ ᠦᠷᠦᠭᠡ》 ᠳ᠋ᠤ ᠠᠷᠪᠠᠨ ᠬᠤᠶᠠᠷ ᠪᠦᠯᠦᠭᠳᠤ ᠰᠢᠷᠢᠰ ᠪᠦᠳᠦᠭᠡᠯ 《ᠨᠤᠭᠤᠨᠵᠠᠶᠠᠭ᠎ᠠ》 ᠳ᠋ᠤ ᠵᠠᠰᠠᠪᠤᠷᠢ ᠤᠷᠤᠭᠤᠯᠵᠤ ᠪᠠᠢᠯ᠎ᠠ᠃ ᠬᠠᠨ᠎ᠠ ᠲᠦᠬᠦᠷᠡᠩ ᠡᠯᠬᠦᠬᠡᠰᠤᠳᠠᠢ 《ᠨᠤᠭᠤᠨᠵᠠᠶᠠᠭ᠎ᠠ》 ᠵᠢᠨ ᠰᠢᠷᠢᠰ ᠪᠦᠳᠦᠭᠡᠯ ᠳ᠋ᠤ 《ᠨᠤᠭᠤᠨᠵᠠᠶᠠᠭ᠎ᠠ》 ᠵᠢᠨ ᠲᠦᠷᠦᠵᠤ ᠦᠰᠦᠭᠰᠡᠨ᠂ ᠬᠠᠷᠢ ᠳ᠋ᠤ ᠮᠣᠷᠳᠠᠭᠰᠠᠨ᠂ ᠨᠤᠳᠤᠭ ᠤᠰᠤ ᠪᠠᠨ ᠮᠦᠷᠦᠭᠡᠳᠤᠨ ᠰᠠᠨᠠᠭᠠᠯᠵᠠᠭᠰᠠᠨ ᠯᠤᠤᠬ᠎ᠠ ᠵᠢᠨ ᠭᠣᠣᠯ᠎ᠤᠨ ᠬᠥᠪᠡᠭᠡᠨ᠎ᠳᠡᠬᠢ ᠮᠣᠩᠭᠣᠯ ᠬᠡᠦᠬᠡᠨ᠎ᠦ ᠰᠡᠳᠬᠢᠯ ᠬᠥᠳᠡᠯᠭᠡᠮ᠎ᠡ ᠦᠯᠢᠭᠡᠷ᠎ᠢ ᠪᠢᠴᠢᠭᠯᠡᠨ ᠵᠢᠷᠤᠭᠯᠠᠵᠠᠢ᠃
ᠸᠠᠩ ᠽᠦᠸᠧ ᠼᠠᠢ᠂ ᠠᠷᠠᠳ᠎ᠤᠨ ᠳᠠᠭᠤᠤ 《ᠨᠤᠭᠤᠨᠵᠠᠶᠠᠭ᠎ᠠ》 ᠪᠤᠯ 《ᠲᠤᠮᠳᠠᠳᠤ ᠵᠢᠨ 56 ᠦᠨᠳᠦᠰᠦᠲᠡᠨ᠎ᠦ ᠳᠠᠭᠤᠤ》 ᠳ᠋ᠤ ᠰᠣᠩᠭᠣᠭᠳᠠᠭᠰᠠᠨ ᠴᠣᠷ᠎ᠤᠨ ᠭᠠᠭᠴᠠ ᠮᠣᠩᠭᠣᠯ ᠠᠷᠠᠳ᠎ᠤᠨ ᠳᠠᠭᠤᠤ ᠮᠦᠨ᠃ 《〈ᠨᠤᠭᠤᠨᠵᠠᠶᠠᠭ᠎ᠠ〉 ᠵᠢ ᠤᠷᠠᠯᠢᠭᠴᠢᠳ ᠲᠤᠭᠤᠵᠢᠰ᠂ ᠵᠦᠴᠦᠭᠡ᠂ ᠤᠷᠠᠨ ᠵᠢᠷᠤᠭ᠂ ᠱᠤᠭᠤᠮᠠᠯ ᠵᠡᠷᠭᠡ ᠣᠯᠠᠨ ᠤᠷᠠᠯᠢᠭ᠎ᠤᠨ ᠬᠡᠯᠪᠡᠷᠢ᠎ᠪᠡᠷ ᠢᠯᠡᠷᠡᠬᠦᠯᠵᠦ ᠦᠩᠭᠡᠷᠡᠭᠰᠡᠨ ᠪᠠᠢᠳᠠᠭ᠃ ᠭᠡᠪᠡᠴᠦ ᠪᠠᠷ ᠵᠢᠷᠤᠭ᠎ᠢᠶᠡᠷ ᠨᠤᠭᠤᠨᠵᠠᠶᠠᠭ᠎ᠠ᠎ᠶᠢᠨ ᠦᠯᠢᠭᠡᠷ᠎ᠢ ᠵᠢᠷᠤᠬᠯᠠᠭᠰᠠᠨ ᠬᠥᠮᠦᠨ ᠦᠭᠡᠢ ᠪᠠᠢᠭᠰᠠᠨ ᠪᠣᠯᠬᠣᠷ ᠪᠢ ᠲᠡᠭᠦᠨ᠎ᠢ ᠪᠠᠷ ᠵᠢᠷᠤᠭ ᠵᠢᠡᠷ ᠢᠯᠡᠷᠡᠬᠦᠯᠬᠦ ᠬᠡᠰᠡᠨ ᠤᠷᠠᠨ ᠰᠡᠳᠬᠢᠬᠦᠢ ᠪᠤᠳᠤᠬᠳᠠᠯᠠ》 ᠭᠡᠵᠦ᠍ ᠸᠠᠩ ᠽᠦᠸᠧ ᠼᠠᠢ ᠬᠡᠯᠡᠪᠡ᠃
ᠪᠤᠭᠲᠤ ᠵᠢᠨ ᠰᠠᠭᠤᠭᠳᠠᠯ
《ᠪᠢ 2014 ᠣᠨ᠎ᠠᠴᠠ ᠡᠬᠢᠯᠡᠨ 〈ᠨᠤᠭᠤᠨᠵᠠᠶᠠᠭ᠎ᠠ〉 ᠵᠢᠨ ᠪᠠᠷ ᠵᠢᠷᠤᠭ᠎ᠤᠨ ᠵᠤᠬᠢᠶᠠᠨ ᠪᠦᠳᠦᠭᠡᠯᠭᠡ ᠵᠢ ᠭᠠᠷᠳᠠᠨ ᠬᠢᠵᠦ᠍᠂ 2016 ᠣᠨ ᠪᠤᠯᠳᠠᠯ᠎ᠠ ᠵᠤᠬᠢᠶᠠᠨ ᠪᠦᠳᠦᠭᠡᠵᠡᠢ᠂ ᠡᠳᠡᠭᠡᠷ ᠵᠢᠯᠦᠳᠲᠦ᠍ ᠪᠠᠰᠠ ᠮᠠᠰᠢ ᠣᠯᠠᠨ ᠬᠥᠮᠦᠨ᠎ᠦ ᠵᠠᠰᠠᠪᠤᠷᠢ ᠣᠷᠣᠭᠤᠯᠬᠤ ᠰᠠᠨᠠᠯ᠎ᠢ ᠬᠤᠷᠢᠶᠠᠵᠤ᠂ ᠵᠠᠷᠢᠮ ᠶᠠᠷᠰᠢᠭ ᠲᠦᠪᠡᠭᠳᠡᠢ ᠠᠭᠤᠯᠭ᠎ᠠ᠎ᠶᠢ ᠨᠢ ᠬᠠᠰᠤᠭᠰᠠᠨ ᠪᠠᠶ᠋ᠢᠨ᠎ᠠ᠂ ᠣᠳᠣ ᠮᠥᠨ ᠯᠡ ᠵᠠᠰᠠᠪᠤᠷᠢ ᠣᠷᠣᠭᠤᠯᠬᠤ ᠶᠠᠪᠤᠴᠠ᠎ᠳᠠᠭᠠᠨ ᠪᠠᠶ᠋ᠢᠨ᠎ᠠ》 ᠬᠡᠵᠤ ᠶᠠᠷᠢᠪᠠ᠃
ᠨᠠᠶ᠋ᠮᠠᠨ᠎ᠤ ᠪᠡᠷ ᠵᠢᠷᠤᠭ ᠨᠢ ᠬᠤᠷᠴᠢᠨ ᠨᠤᠳᠤᠭ᠎ᠦᠨ ᠪᠠᠢᠭᠠᠯᠢ ᠵᠢᠨ ᠦᠨᠭᠭᠡ ᠦᠵᠡᠮᠵᠢ ᠰᠤᠶᠤᠯ ᠢᠷᠭᠡᠨᠰᠢᠯ ᠳ᠋ᠤ ᠰᠠᠭᠤᠷᠢᠯᠡᠨ᠂ ᠰᠡᠳᠤᠪ ᠰᠲ᠋ᠢᠯᠢ᠂ ᠠᠷᠭ᠎ᠠ ᠬᠡᠯᠪᠡᠷᠢ ᠵᠢᠨ ᠬᠤᠪᠢ ᠳ᠋ᠤ ᠪᠠᠶᠠᠯᠢᠭ ᠪᠠᠢᠳᠠᠭ᠃ ᠸᠠᠩ ᠽᠦᠸᠧ ᠼᠠᠢ᠄ 《ᠨᠠᠶ᠋ᠮᠠᠨ᠎ᠤ ᠪᠡᠷ ᠵᠢᠷᠤᠭ ᠤᠷᠠᠨ ᠦᠵᠦᠭ ᠲᠸ᠋ ᠠᠭᠤᠰᠴᠤ᠂ ᠬᠢᠳᠤᠭᠠᠨᠤ ᠦᠵᠦᠬᠦᠷ ᠵᠢᠡᠷ ᠢᠯᠡᠷᠡᠨ᠎ᠡ᠂ ᠢᠯᠡ ᠲᠤᠳᠤ ᠤᠷᠤᠨ ᠨᠤᠳᠤᠭ᠎ᠦᠨ ᠤᠨᠴᠠᠯᠢᠭ ᠲᠠᠢ》 ᠬᠡᠵᠤ ᠸᠠᠩ ᠽᠦᠸᠧ ᠼᠠᠢ ᠪᠠᠷ ᠵᠢᠷᠤᠭ᠎ᠤᠨ ᠵᠣᠬᠢᠶᠠᠨ ᠪᠦᠲᠦᠭᠡᠯᠭᠡ ᠵᠢᠨ ᠲᠤᠬᠠᠢ ᠭᠦᠨᠵᠡᠭᠡᠶ ᠣᠶ᠋ᠢᠯᠠᠭᠠᠯᠲᠠ᠎ᠲᠠᠶ ᠪᠠᠢᠯ᠎ᠠ᠃
ᠨᠠᠶ᠋ᠮᠠᠨ᠎ᠤ᠎ᠪᠠᠷ ᠵᠢᠷᠤᠭ ᠨᠢ ᠮᠣᠳᠣᠨ ᠰᠡᠶ᠋ᠢᠯᠦᠮᠡᠯ᠎ᠦᠨ ᠪᠡᠷ ᠵᠢᠷᠤᠭ᠎ᠢᠶᠡᠷ ᠭᠤᠤᠯ ᠴᠤᠬᠴᠠ ᠪᠤᠯᠭᠠᠵᠤ᠂ ᠵᠢᠷᠤᠬ᠂ ᠰᠡᠢᠯᠤᠮᠡᠯ᠂ ᠲᠠᠷᠤᠮᠠᠯᠯᠠᠯᠢ ᠨᠢᠭᠡᠳᠭᠡᠭᠰᠡᠨ ᠶᠡᠷᠦᠨᠭᠭᠡᠢᠯᠡᠭᠰᠡᠨ ᠴᠢᠨᠠᠷᠳᠠᠢ ᠵᠢᠷᠤᠭ᠎ᠦᠨ ᠤᠷᠠᠯᠢᠭ ᠮᠦᠨ᠂ ᠮᠤᠳᠤᠨ ᠬᠠᠪᠳᠠᠰᠤᠨ ᠲᠡᠭᠡᠷ᠎ᠠ ᠠᠳᠠᠯᠢ ᠪᠤᠰᠤ ᠰᠡᠢᠯᠦᠭᠦᠷ ᠬᠢᠳᠤᠭ᠎ᠠ ᠪᠡᠷ ᠰᠡᠢᠯᠬᠦ᠂ ᠬᠡᠷᠴᠢᠬᠦ᠂ ᠬᠤᠰᠤᠬᠤ᠂ ᠤᠬᠤᠬᠤ᠂ ᠡᠰᠬᠡᠬᠦ ᠵᠡᠷᠭᠡ ᠠᠷᠭ᠎ᠠ ᠪᠡᠷᠢᠯ ᠵᠢᠡᠷ ᠲᠦᠷᠢ ᠪᠦᠳᠦᠭᠡᠬᠦ ᠵᠢᠨ ᠬᠠᠮᠳᠤ᠂ ᠤᠤᠯ ᠪᠦᠳᠦᠭᠡᠯ᠎ᠢ ᠤᠯᠠᠨ ᠬᠤᠪᠢ ᠲᠠᠷᠤᠮᠠᠯᠯᠠᠵᠤ ᠲᠠᠢᠯᠬᠦ ᠤᠷᠠᠯᠢᠭ᠎ᠦᠨ ᠬᠡᠯᠪᠡᠷᠢ ᠮᠦᠨ᠃ ᠠᠭᠤᠯᠭ᠎ᠠ ᠨᠢ ᠵᠡᠭᠦᠨ ᠬᠣᠶ᠋ᠢᠲᠤ᠌ ᠣᠷᠣᠨ᠎ᠤ ᠮᠣᠩᠭᠣᠯ᠂ ᠬᠢᠲᠠᠳ᠂ ᠮᠠᠨᠵᠤ ᠵᠡᠷᠭᠡ ᠣᠯᠠᠨ ᠦᠨᠳᠦᠰᠦᠲᠡᠨ᠎ᠦ ᠣᠷᠳᠣ ᠬᠤᠭᠤᠴᠠᠭ᠎ᠠ᠎ᠪᠠᠷ ᠬᠣᠯᠢᠯᠳᠤᠨ ᠰᠠᠭᠤᠷᠢᠰᠢᠭᠰᠠᠨ ᠲᠠᠷᠢᠶᠠᠯᠠᠬᠤ ᠰᠣᠶᠣᠯ᠂ ᠠᠷᠠᠳ᠎ᠤᠨ ᠵᠠᠩ ᠦᠢᠯᠡ ᠵᠡᠷᠭᠡ ᠣᠷᠣᠨ ᠨᠤᠲᠤᠭ᠎ᠤᠨ ᠤᠨᠴᠠᠯᠢᠭ ᠪᠠ ᠦᠨᠳᠦᠰᠦᠲᠡᠨ᠎ᠦ ᠬᠡᠪ ᠨᠠᠮᠪᠠ ᠲᠠᠶᠪᠠᠢᠳᠠᠭ᠃
ᠮᠠᠯᠴᠢᠨ᠎ᠤ ᠭᠡᠷ᠎ᠲᠤ ᠰᠦ ᠵᠢᠨ ᠦᠨᠦᠷ ᠬᠠᠨᠭᠬᠤᠯᠤᠨᠠ
ᠨᠠᠢ᠍ᠮᠠᠨ ᠬᠣᠰᠢᠭᠤᠨ᠎ᠤ ᠤᠷᠠᠨ ᠵᠢᠷᠤᠭ᠎ᠤᠨ ᠣᠷᠳᠣᠨ᠎ᠤ ᠳᠡᠳ᠋ ᠳᠠᠷᠤᠭ᠎ᠠ᠂ ᠵᠠᠯᠠᠭᠤ᠎ᠪᠠᠷ ᠵᠢᠷᠤᠭᠴᠢᠨ ᠵᠢᠶᠠᠩ ᠶᠠᠨ ᠯᠢᠩ᠎ᠦᠨ ᠪᠦᠲᠦᠭᠡᠯ ᠨᠢ ᠨᠠᠢ᠍ᠮᠠᠨ ᠬᠣᠰᠢᠭᠤᠨ᠎ᠤ ᠪᠠᠶ᠋ᠢᠭᠠᠯᠢ᠎ᠶᠢᠨ ᠥᠩᠭᠡ ᠦᠵᠡᠮᠵᠢ ᠪᠠ ᠰᠣᠶᠣᠯ ᠢᠷᠭᠡᠨᠰᠢᠯ᠎ᠢᠶᠡᠷ ᠭᠣᠣᠯᠯᠠᠵᠤ᠂ ᠠᠮᠢᠳᠤᠯᠢᠭ ᠰᠠᠢᠬᠠᠨ ᠤᠷᠠᠨ ᠵᠢᠷᠤᠭ᠎ᠢᠶᠠᠷ ᠬᠥᠮᠦᠰ᠎ᠦᠨ ᠰᠠᠶ᠋ᠢᠨ ᠰᠠᠶ᠋ᠢᠬᠠᠨ ᠠᠮᠢᠳᠤᠷᠠᠯ᠎ᠤᠨ ᠲᠤᠬᠠᠶ ᠬᠠᠶ᠋ᠢᠷ᠎ᠠ ᠰᠡᠳᠬᠢᠯᠭᠡ᠂ ᠬᠦᠰᠡᠯ ᠬᠥᠭᠡᠭᠡᠴᠡᠯᠳᠦᠯ᠎ᠢ ᠬᠠᠷᠠᠭᠤᠯᠳᠠᠭ᠃ ᠡᠳᠦᠭᠡ ᠪᠤᠯᠳᠠᠯ᠎ᠠ ᠲᠡᠬᠦᠨ᠎ᠤ 3 ᠪᠦᠲᠦᠭᠡᠯ ᠨᠢ ᠤᠯᠤᠰ᠎ᠤᠨ ᠲᠡᠰ᠎ᠦᠨ ᠲᠡᠯᠭᠡᠨ ᠦᠵᠡᠬᠦᠯᠭᠡ ᠳ᠋ᠤ ᠤᠷᠤᠯᠴᠠᠵᠤ ᠦᠩᠭᠡᠷᠡᠪᠡ᠃ 《ᠦᠯᠵᠠᠢ ᠪᠡᠯᠭᠡᠳᠤ ᠵᠢᠷᠭᠤᠭᠠᠨ ᠠᠵᠢᠨᠠᠢ》 ᠭᠡᠬᠦ᠌ ᠪᠦᠲᠦᠭᠡᠯ ᠪᠣᠯ ᠵᠢᠶᠠᠩ ᠶᠠᠨ ᠯᠢᠩ᠎ᠦᠨ ᠤᠯᠤᠰ᠎ᠤᠨ ᠲᠡᠰ᠎ᠦᠨ ᠦᠵᠡᠬᠦᠯᠭᠡ ᠳ᠋ᠤ ᠣᠷᠣᠯᠴᠠᠭᠰᠠᠨ ᠪᠦᠲᠦᠭᠡᠯ᠎ᠦᠨ ᠨᠢᠭᠡ ᠪᠣᠯᠤᠨ᠎ᠠ᠂ ᠲᠤᠰ ᠪᠦᠳᠦᠭᠡᠯ ᠳ᠋ᠤ ᠢᠯᠡᠷᠡᠬᠦᠯᠦᠭᠰᠡᠨ ᠡᠯᠡᠰᠦᠷᠬᠡᠭ ᠭᠠᠵᠠᠷ᠂ ᠤᠷᠭᠤᠮᠠᠯ᠎ᠤᠨ ᠪᠦᠷᠬᠦᠴᠡ᠂ ᠠᠵᠢᠨᠠᠢ ᠬᠦᠯᠦᠭ᠂ ᠬᠦᠪᠤᠩ ᠴᠠᠭᠠᠨ ᠡᠭᠦᠯᠡ ᠨᠢ ᠶᠠᠭ ᠲᠤᠬᠠᠢ᠎ᠶᠢᠨ ᠭᠠᠵᠠᠷ᠎ᠤᠨ ᠦᠩᠬᠡ ᠦᠵᠡᠮᠵᠢ ᠪᠤᠯᠬᠤ ᠶᠤᠮ᠃
《ᠡᠭᠡᠯ ᠪᠤᠷᠤᠭᠵᠢᠭᠤᠨ ᠠᠮᠢᠳᠤᠷᠠᠯ᠎ᠤᠨ ᠲᠦᠷᠢ ᠲᠦᠷᠬᠦ ᠡᠴᠡ ᠶᠢᠷᠲᠢᠨᠴᠦ ᠶ᠋ᠢᠨ ᠲᠦᠮᠡᠨ ᠪᠣᠳᠠᠰ ᠬᠦᠷᠲᠡᠯ᠎ᠡ᠂ ᠲᠠᠯ᠎ᠠ ᠨᠤᠲᠤᠭ ᠤ᠋ᠨ ᠠᠮᠢᠳᠤᠷᠠᠯ ᠠᠬᠤᠢ ᠡᠴᠡ ᠣᠲᠣ ᠦᠶ᠎ᠡ ᠶ᠋ᠢᠨ ᠬᠣᠲᠠ ᠶ᠋ᠢᠨ ᠰᠣᠶᠣᠯ ᠤ᠋ᠨ ᠠᠭᠤᠰᠤᠯᠴᠠᠯ ᠬᠦᠷᠲᠡᠯ᠎ᠡ ᠪᠦᠲᠦᠭᠡᠯ ᠨᠢᠭᠡᠪᠦᠷᠢ ᠳ᠋ᠤ ᠴᠥᠮ ᠵᠢᠷᠤᠭᠴᠢᠳ᠎ᠦᠨ ᠤᠷ᠎ᠠ ᠠᠪᠢᠶᠠᠰ᠂ ᠵᠢᠳᠬᠦᠯ ᠴᠢᠷᠮᠠᠢᠯᠭ᠎ᠠ ᠪᠤᠯᠤᠨ ᠨᠤᠲᠤᠭᠴᠢ ᠰᠡᠳᠬᠢᠯᠬᠡ ᠠᠭᠤᠰᠴᠤ ᠪᠤᠢ》 ᠭᠡᠵᠦ᠍ ᠵᠢᠶᠠᠩ ᠶᠠᠨ ᠯᠢᠩ ᠬᠡᠯᠡᠪᠡ᠃
2009 ᠣᠨ᠎ᠠᠴᠠ ᠨᠠᠭᠠᠰᠢ᠂ ᠤᠳᠠᠭᠠᠨ ᠵᠢᠯ᠎ᠦᠨ ᠤᠷᠠᠨ ᠪᠦᠳᠦᠭᠡᠯ᠎ᠦᠨ ᠲᠤᠭᠤᠷᠪᠢᠯᠳᠠ ᠪᠠ ᠤᠷᠠᠯᠢᠭ᠎ᠦᠨ ᠲᠤᠨᠳᠠᠰᠤ ᠪᠡᠷ ᠲᠠᠮᠵᠢᠨ ᠨᠠᠶ᠋ᠮᠠᠨ ᠬᠤᠰᠢᠭᠤᠨ᠎ᠤ ᠪᠡᠷ ᠵᠢᠷᠤᠭᠴᠢᠳ ᠨᠡᠶ᠋ᠢᠲᠡ 4000 ᠭᠠᠷᠤᠢ ᠪᠡᠷ ᠵᠢᠷᠤᠭ᠎ᠦᠨ ᠪᠦᠳᠦᠭᠡᠯ ᠵᠣᠬᠢᠶᠠᠨ ᠪᠦᠲᠦᠭᠡᠵᠦ᠍᠂ 800 ᠭᠠᠷᠤᠢ ᠪᠦᠲᠦᠭᠡᠯ ᠨᠢ ᠤᠯᠤᠰ᠎ᠤᠨ ᠳᠣᠲᠤᠭᠠᠳᠤ ᠭᠠᠳᠠᠭᠠᠳᠤ᠎ᠶ᠋ᠢᠨ ᠲᠡᠯᠭᠡᠨ ᠦᠵᠡᠬᠦᠯᠭᠡ᠎ᠳᠤ ᠣᠷᠤᠯᠴᠠᠵᠤ᠂ 80 ᠪᠦᠲᠦᠭᠡᠯ᠎ᠨᠢ ᠤᠯᠤᠰ᠎ᠤᠨ ᠲᠠᠰ᠎ᠤᠨ ᠲᠡᠯᠭᠡᠨ ᠦᠵᠡᠬᠦᠯᠭᠡ᠎ᠳᠤ ᠰᠣᠩᠭᠤᠭᠳᠠᠵᠤ᠂ 460 ᠭᠠᠷᠤᠢ ᠪᠦᠲᠦᠭᠡᠯ ᠨᠢ ᠥᠪᠡᠷᠲᠡᠭᠡᠨ ᠵᠠᠰᠠᠬᠤ ᠣᠷᠤᠨ᠎ᠤ ᠲᠠᠰ᠎ᠤᠨ ᠲᠡᠯᠭᠡᠨ ᠦᠵᠡᠭᠦᠯᠭᠡ᠎ᠳᠤ ᠤᠷᠤᠯᠴᠠᠵᠠᠢ᠃ ᠪᠠᠭᠠᠴᠤᠳ ᠬᠡᠦᠬᠡᠳ᠎ᠦᠨ ᠪᠡᠷ ᠵᠢᠷᠤᠭ᠎ᠤᠨ ᠪᠦᠲᠦᠭᠡᠯ ᠨᠢ ᠪᠠᠰᠠ ᠣᠯᠠᠨ ᠤᠳᠠᠭ᠎ᠠ ᠠᠮᠧᠷᠢᠺᠠ᠂ ᠺᠠᠨᠠᠳᠠ᠂ ᠶᠠᠫᠤᠨ᠂ ᠺᠣᠷᠢᠶᠠ ᠵᠡᠷᠭᠡ 20 ᠭᠠᠷᠤᠢ ᠤᠯᠤᠰ ᠪᠠ ᠭᠠᠵᠠᠷ ᠣᠷᠤᠨ᠎ᠤ ᠳᠡᠯᠭᠡᠨ ᠦᠵᠡᠭᠦᠯᠭᠡ ᠳ᠋ᠤ ᠤᠷᠤᠯᠴᠠᠵᠤ᠂ 500 ᠭᠠᠷᠤᠢ ᠪᠦᠲᠦᠭᠡᠯ᠎ᠨᠢ ᠣᠯᠠᠨ ᠤᠯᠤᠰ᠎ᠤᠨ ᠵᠢᠷᠤᠭ᠎ᠤᠨ ᠦᠵᠡᠭᠦᠯᠭᠡ᠎ᠳᠦ ᠱᠠᠩᠨᠠᠯ ᠬᠦᠷᠳᠡᠵᠤ᠂ 1500 ᠭᠠᠷᠤᠢ ᠪᠦᠲᠦᠭᠡᠯ᠎ᠨᠢ ᠪᠥᠬᠦ᠌ ᠤᠯᠤᠰ᠎ᠤᠨ ᠪᠠᠭᠠᠴᠤᠳ ᠬᠡᠦᠬᠡᠳ᠎ᠦᠨ ᠤᠷᠠᠨ ᠪᠢᠴᠢᠯᠭᠡ ᠤᠷᠠᠨ ᠵᠢᠷᠤᠭ᠎ᠤᠨ ᠦᠵᠡᠬᠦᠯᠭᠡ ᠵᠢᠨ ᠤᠷᠤᠯᠳᠤᠭᠠᠨ᠎ᠳᠤ ᠱᠠᠩᠨᠠᠯ ᠭᠥᠷᠳᠡᠪᠡ᠃
2016 ᠣᠨ᠎ᠳ᠋ᠤ ᠨᠠᠢ᠍ᠮᠠᠨ ᠬᠤᠰᠢᠭᠤᠨ᠎ᠤ᠎ᠪᠠᠷ ᠵᠢᠷᠤᠭ᠎ᠤᠨ ᠬᠦᠷᠢᠶᠡᠯᠡᠩ ᠲᠦᠩᠯᠢᠶᠤᠣ ᠬᠤᠲᠠ᠎ᠶ᠋ᠢᠨ ᠠᠩᠬᠠᠳᠤᠭᠠᠷ ᠬᠤᠭᠤᠴᠠᠭᠠᠨ᠎ᠤ ᠬᠤᠷᠴᠢᠨ᠎ᠤ 《ᠦᠢᠯᠡᠰ ᠪᠤᠰᠬᠠᠵᠤ ᠰᠢᠨ᠎ᠡ᠎ᠶ᠋ᠢ ᠡᠭᠦᠳᠬᠦ᠌》 ᠪᠦᠯᠬᠦᠮ ᠨᠡᠶ᠋ᠢᠲᠡ᠎ᠪᠠᠷ ᠰᠣᠩᠭᠤᠭᠳᠠᠵᠤ᠂ 2017 ᠣᠨ᠎ᠳᠤ᠂ ᠨᠠᠢ᠍ᠮᠠᠨ᠎ᠤ᠎ᠪᠠᠷ ᠵᠢᠷᠤᠭ᠎ᠨᠢ ᠥᠪᠡᠷᠲᠡᠭᠡᠨ ᠵᠠᠰᠠᠬᠤ ᠣᠷᠤᠨ᠎ᠤ ᠲᠠᠰ᠎ᠤᠨ ᠪᠣᠳᠠᠰ᠎ᠤᠨ ᠪᠤᠰᠤ ᠰᠣᠶᠤᠯ᠎ᠤᠨ ᠥᠪ᠎ᠢᠶᠠᠷ ᠦᠨᠡᠯᠡᠭᠳᠡᠪᠡ᠃ 2018 ᠣᠨ᠎ᠳᠤ᠂ ᠨᠠᠢ᠍ᠮᠠᠨ ᠬᠤᠰᠢᠭᠤ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠣᠶᠤᠯ᠎ᠤᠨ ᠲᠢᠩᠬᠢᠮ᠎ᠳᠤ 《ᠪᠦᠬᠦ᠌ ᠣᠷᠤᠨ᠎ᠤ ᠠᠷᠠᠳ᠎ᠤᠨ ᠰᠣᠶᠤᠯ ᠤᠷᠠᠯᠢᠭ᠎ᠤᠨ ᠨᠤᠳᠤᠭ》 ᠢ᠋ᠢᠡᠷ ᠦᠨᠡᠯᠡᠭᠳᠡᠪᠡ᠃ 2019 ᠣᠨ᠎ᠳ᠋ᠤ ᠨᠠᠢ᠍ᠮᠠᠨ᠎ᠤ᠎ᠪᠠᠷ ᠵᠢᠷᠤᠭ᠎ᠤᠨ ᠬᠦᠷᠢᠶᠡᠯᠡᠩ᠎ᠤᠨ ᠬᠤᠷᠴᠢᠨ᠎ᠤ ᠪᠡᠷ ᠵᠢᠷᠤᠭ᠎ᠤᠨ ᠤᠷᠠᠯᠢᠭ᠎ᠤᠨ ᠪᠦᠲᠦᠭᠡᠯ᠎ᠤᠨ ᠦᠢᠯᠡᠰ ᠪᠤᠰᠬᠠᠬᠤ ᠴᠢᠳᠠᠪᠤᠷᠢᠲᠠᠨ᠎ᠤ ᠪᠦᠯᠬᠦᠮ ᠥᠪᠡᠷᠲᠡᠭᠡᠨ ᠵᠠᠰᠠᠬᠤ ᠣᠷᠤᠨ᠎ᠤ ᠶᠢᠰᠦᠳᠡᠭᠢ 《ᠲᠠᠯ᠎ᠠ ᠨᠤᠲᠤᠭ᠎ᠤᠨ ᠰᠤᠳᠤᠨ ᠴᠢᠳᠠᠪᠤᠷᠢᠲᠠᠨ》 ᠤ᠋ ᠦᠢᠯᠡᠰ ᠪᠤᠰᠬᠠᠬᠤ ᠪᠦᠯᠬᠦᠮ᠎ᠢᠶᠡᠷ ᠰᠣᠩᠭᠤᠭᠳᠠᠪᠠ᠃
ᠪᠢᠷ ᠪᠡᠬᠡᠰ ᠡᠴᠡ ᠲᠡᠥᠬᠡ ᠶ᠋ᠢᠨ ᠢᠮ ᠳᠠᠮᠠᠭ᠎ᠠ ᠲᠤᠳᠤᠷᠠᠵᠦ᠂ ᠰᠡᠢᠯᠪᠦᠷᠢ ᠵᠢᠷᠤᠭᠠᠰᠤ ᠪᠡᠷ ᠦᠪ ᠰᠤᠶᠤᠯ ᠠᠮᠢᠯᠠᠨ᠎ᠠ᠃ ᠨᠠᠢ᠍ᠮᠠᠨ᠎ᠤ᠎ᠪᠠᠷ ᠵᠢᠷᠤᠭ ᠪᠣᠯ ᠮᠣᠳᠤᠨ ᠬᠠᠪᠲᠠᠰᠤᠨ ᠳᠡᠭᠡᠷ᠎ᠡ ᠰᠡᠢᠯᠦᠭᠳᠡᠭᠰᠡᠨ ᠲᠠᠯ᠎ᠠ ᠨᠤᠲᠤᠭ᠎ᠤᠨ ᠤᠷᠠᠯᠢᠭ᠎ᠤᠨ ᠢᠷᠠᠭᠤ ᠲᠤᠤᠯᠢᠰ ᠮᠦᠨ᠃ ᠨᠠᠢ᠍ᠮᠠᠨ ᠬᠤᠰᠢᠭᠤ ᠡᠨᠡᠬᠦ᠌ ᠤᠷᠠᠯᠢᠭ᠎ᠤᠨ ᠦᠩ ᠰᠢᠮᠡᠯᠢᠭ ᠬᠥᠷᠦᠰᠦᠨ ᠳ᠋ᠤ ᠬᠦᠨ ᠦᠨᠳᠦᠰᠦᠯᠡᠵᠦ᠂ ᠳᠤᠮᠳᠠᠳᠤ᠎ᠶ᠋ᠢᠨ ᠰᠢᠯᠢᠳᠡᠭ ᠤᠯᠠᠮᠵᠢᠯᠠᠯᠲᠤ᠌ ᠰᠣᠶᠤᠯ᠎ᠤᠨ ᠰᠠᠩ᠎ᠢ ᠪᠠᠶᠠᠯᠢᠬᠵᠢᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ ᠪᠠᠲᠤ᠌ ᠴᠣᠭᠴᠠᠯᠠᠬᠤ ᠤᠳᠬ᠎ᠠ ᠤᠷᠠᠯᠢᠭ᠎ᠤᠨ ᠴᠢᠬᠤᠯᠠ ᠠᠴᠢᠶᠠᠯᠠᠪᠤᠷᠢ᠎ᠶ᠋ᠢᠨ ᠦᠢᠯᠡᠳᠦᠯ᠎ᠢ ᠬᠦᠢᠴᠡᠳ ᠪᠠᠳᠠᠷᠠᠭᠤᠯᠵᠤ᠂ ᠴᠠᠭ ᠦᠶ᠎ᠠ ᠵᠢᠨ ᠢᠷᠠᠭᠤ ᠬᠠᠭᠤᠳᠠᠰᠤ ᠵᠢ ᠵᠢᠷᠤᠬᠯᠠᠨᠠᠮ!
(ᠭᠡᠷᠡᠯ ᠵᠢᠷᠤᠭ᠎ᠤᠳ᠎ᠢ ᠨᠠᠢ᠍ᠮᠠᠨ ᠬᠤᠱᠢᠭᠤᠨ᠎ᠤ ᠤᠷᠠᠨ ᠵᠢᠷᠤᠭ᠎ᠤᠨ ᠤᠷᠳᠤᠨ᠎ᠠᠴᠠ ᠬᠠᠩᠭᠠᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃