2021-05-24 09:22:23
ᠤᠤᠨᠬᠠ ᠤᠷᠠᠯᠢᠭ᠎ᠤᠨ ᠤᠬᠠᠭᠤᠯᠭ᠎ᠠ᠎ᠪᠠᠷ ᠦᠨᠳᠦᠰᠦᠳᠡᠨ᠎ᠨᠦᠭᠦᠳ᠎ᠤᠨ ᠪᠦᠯᠬᠦᠮᠳᠡᠯ ᠲᠡᠮᠡᠴᠡᠯ᠎ᠤᠨ ᠬᠦᠴᠦᠷᠬᠡᠭ ᠶᠡᠬᠡ ᠬᠦᠴᠦᠨ ᠴᠢᠳᠠᠯ᠎ᠢ ᠨᠢᠭᠳᠠᠷᠠᠭᠤᠯᠤᠨ᠎ᠠ
︽ ᠲᠤᠮᠳᠠᠳᠤ᠎ᠶᠢᠨ ᠦᠨᠳᠦᠰᠦᠳᠡᠨ᠎ᠤ ᠬᠠᠮᠳᠤ ᠴᠤᠬᠴᠠ᠎ᠶᠢᠨ ᠤᠬᠠᠮᠰᠠᠷ ᠪᠤᠯ ᠤᠯᠤᠰ᠎ᠤᠨ ᠨᠢᠬᠡᠳᠦᠯ᠎ᠤᠨ ᠰᠠᠭᠤᠷᠢ ᠂ ᠦᠨᠳᠦᠰᠦᠳᠡᠨ᠎ᠤ ᠪᠦᠯᠬᠦᠮᠳᠡᠯ᠎ᠤᠨ ᠦᠨᠳᠦᠰᠤ ᠂ ᠤᠶᠤᠨ ᠰᠠᠨᠠᠭᠠᠨ᠎ᠤ ᠬᠦᠴᠦᠨ ᠴᠢᠳᠠᠯ᠎ᠤᠨ ᠰᠦᠭ ᠰᠦᠨᠡᠰᠤ ᠮᠦᠨ ᠃ ᠨᠢᠬᠡᠳᠦᠯᠳᠡᠢ ᠦᠬᠡ ᠬᠡᠯᠡ ᠦᠰᠦᠭ ᠪᠢᠴᠢᠭ᠎ᠲᠠᠢ ᠪᠠᠢᠬᠤ ᠪᠤᠯ ᠨᠢᠬᠡ ᠤᠯᠤᠰ ᠨᠢᠬᠡ ᠦᠨᠳᠦᠰᠦᠳᠡᠨ᠎ᠤ ᠪᠦᠯᠬᠦᠮᠳᠡᠯ᠎ᠢᠶᠡᠨ ᠴᠢᠩᠭᠠᠳᠬᠠᠬᠤ ᠂ ᠬᠦᠴᠦᠷᠭᠡᠭᠵᠢᠨ ᠮᠠᠨᠳᠤᠬᠤ ᠴᠢᠬᠤᠯᠠ ᠰᠠᠭᠤᠷᠢ ᠪᠠ ᠬᠦᠴᠦᠷᠭᠡᠭ ᠶᠡᠬᠡ ᠬᠦᠳᠡᠯᠬᠡᠬᠦ ᠬᠦᠴᠤᠨ ᠮᠦᠨ ᠬᠡᠳᠡᠭ᠎ᠢ ᠲᠡᠤᠬᠡ ᠪᠠ ᠪᠤᠳᠠᠳᠤ ᠠᠬᠤᠢ ᠪᠦᠷ ᠨᠢᠬᠡᠨᠳᠡ ᠬᠡᠷᠡᠴᠢᠯᠡᠵᠡᠢ ︾ ᠬᠡᠵᠦ ᠦᠪᠡᠷᠳᠡᠬᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ᠎ᠤᠨ ᠤᠳᠬ᠎ᠠ ᠤᠷᠠᠯᠢᠬ᠎ᠤᠨ ᠭᠠᠵᠠᠷ᠎ᠤᠨ ᠲᠠᠷᠤᠭ᠎ᠠ ᠤᠶᠤᠨᠬᠡᠷᠡᠯ ᠤᠢᠷ᠎ᠠ᠎ᠳ᠋ᠤ ᠰᠤᠷᠪᠤᠯᠵᠢᠯᠠᠬᠴᠢ᠎ᠶᠢᠨ ᠰᠤᠷᠪᠤᠯᠵᠢᠯᠠᠭ᠎ᠠ᠎ᠶᠢ ᠬᠦᠯᠢᠶᠡᠬᠦ᠎ᠳ᠋ᠡᠭᠡᠨ ᠬᠡᠯᠡᠪᠡ ᠃
ᠤᠶᠤᠨᠬᠡᠷᠡᠯ ᠪᠠᠷᠢᠮᠵᠢᠶ᠎ᠠ ᠠᠶᠠᠯᠭᠤ᠎ᠪᠠᠷ ᠤᠷᠤᠰᠳᠠᠯᠠ ᠬᠡᠯᠡᠳᠡᠭ ᠃ ᠲᠡᠬᠦᠨ᠎ᠤ ᠦᠵᠡᠬᠦ᠎ᠪᠠᠷ ᠂ ᠦᠬᠡ ᠬᠡᠯᠡ ᠦᠰᠦᠭ ᠪᠢᠴᠢᠭ ᠪᠤᠯ ᠬᠦᠮᠦᠰ᠎ᠤᠨ ᠬᠤᠭᠤᠷᠤᠨᠳᠤ᠎ᠪᠠᠨ ᠨᠡᠪᠲᠡᠷᠡᠯᠴᠡᠬᠦ ᠴᠢᠬᠤᠯᠠ ᠪᠠᠭᠠᠵᠢ ᠂ ᠪᠠᠰᠠ ᠴᠤ ᠰᠤᠶᠤᠯ᠎ᠤᠨ ᠴᠢᠬᠤᠯᠠ ᠠᠴᠢᠶᠠᠯᠠᠬᠴᠢ ᠪᠤᠯᠤᠨ᠎ᠠ ᠃ ᠬᠤᠪᠢ ᠬᠦᠮᠦᠨ᠎ᠤ ᠦᠰᠴᠤ ᠲᠤᠮᠤᠭᠠᠵᠢᠬᠰᠠᠨ ᠦᠩᠬᠡᠷᠡᠯᠳᠡ᠎ᠪᠠᠨ ᠡᠷᠬᠢᠴᠡᠬᠦᠯᠬᠦᠳ᠋ᠡᠭᠡᠨ ᠲᠡᠷᠡ ᠄ ︽ ᠡᠳᠦᠢ ᠵᠢᠯ᠎ᠤᠨ ᠲᠤᠷᠰᠢ ᠨᠠᠮ᠎ᠤᠨ ᠦᠨᠳᠦᠰᠦᠳᠡᠨ᠎ᠤ ᠲᠦᠷᠦ᠎ᠶᠢᠨ ᠪᠤᠳᠤᠯᠭ᠎ᠠ᠎ᠶᠢᠨ ᠲᠤᠶᠠᠭᠠᠯᠠᠯ ᠲᠤᠤᠷ᠎ᠠ ᠂ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ᠎ᠢ ᠨᠡᠯᠢᠶᠡᠳ ᠪᠤᠯᠪᠠᠰᠤᠷᠠᠩᠭᠤᠢ ᠡᠵᠡᠮᠰᠢᠭᠰᠡᠨ ᠦᠨᠳᠦᠰᠦᠳᠡᠨ᠎ᠤ ᠺᠠᠳ᠋ᠷ ᠪᠤᠯᠤᠬᠰᠠᠨ᠎ᠤ ᠬᠤᠪᠢ᠎ᠳ᠋ᠤ ᠂ ᠪᠢ ᠦᠨᠳᠦᠰᠦᠳᠡᠨ᠎ᠨᠦᠭᠦᠳ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠭ᠎ᠠ᠎ᠶᠢᠨ ᠦᠨᠡᠨ ᠶᠠᠪᠤᠳᠠᠯ᠎ᠢ ᠬᠡᠷᠡᠴᠢᠯᠡᠵᠦ ᠂ ᠦᠨᠳᠦᠰᠦᠳᠡᠨ᠎ᠨᠦᠭᠦᠳ᠎ᠤᠨ ᠬᠠᠮᠳᠤ᠎ᠪᠠᠷ ᠪᠦᠯᠬᠦᠮᠳᠡᠨ ᠲᠡᠮᠡᠴᠡᠵᠦ ᠂ ᠬᠠᠮᠳᠤ᠎ᠪᠠᠷ ᠴᠡᠴᠡᠭᠯᠡᠨ ᠬᠦᠭᠵᠢᠭᠰᠡᠨ ᠦᠢᠯᠡᠳᠦᠯᠬᠡ᠎ᠶᠢ ᠬᠡᠷᠡᠴᠢᠯᠡᠵᠡᠢ ︾ ᠬᠡᠵᠦ ᠬᠦᠨ ᠲᠦᠷᠦᠭᠳᠡᠯ᠎ᠲᠠᠢ ᠬᠡᠯᠡᠵᠦ ᠪᠠᠢᠯ᠎ᠠ ᠃
ᠤᠶᠤᠨᠬᠡᠷᠡᠯ᠎ᠤᠨ ᠠᠪᠤ᠋᠎ᠨᠢ ᠬᠢᠳᠠᠳ ᠦᠨᠳᠦᠰᠦᠳᠡᠨ ᠂ ᠡᠵᠢ᠎ᠨᠢ ᠮᠤᠩᠭᠤᠯ ᠦᠨᠳᠦᠰᠦᠳᠡᠨ ᠃ ᠠᠪᠤ᠋ ᠡᠵᠢ᠎ᠨᠢ ᠲᠡᠬᠦᠨ᠎ᠢ ᠦᠨᠳᠦᠰᠦᠨ ᠱᠠᠳᠤᠨ᠎ᠤ ᠨᠢᠬᠡᠨ ᠦᠨᠳᠦᠰᠦᠳᠡᠨ᠎ᠤ ᠪᠠᠭ᠎ᠠ ᠰᠤᠷᠭᠠᠭᠤᠯᠢ᠎ᠳ᠋ᠤ ᠬᠦᠷᠬᠡᠵᠦ ᠪᠢᠴᠢᠭ ᠦᠵᠡᠬᠦᠯᠵᠡᠢ ᠃ ︽ ᠪᠠᠭ᠎ᠠ᠎ᠶᠢᠨ ᠦᠶ᠎ᠠ᠎ᠳ᠋ᠤ ᠬᠡᠷ᠎ᠲᠡᠭᠡᠨ ᠪᠢᠳᠡ ᠮᠤᠩᠭᠤᠯ ᠦᠬᠡ ᠶᠠᠷᠢᠳᠠᠬ ᠪᠦᠭᠡᠳ ᠪᠠᠰᠠ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ᠎ᠪᠠᠷ ᠶᠠᠷᠢᠯᠴᠠᠳᠠᠬ ᠪᠠᠢᠬᠰᠠᠨ ᠃ ᠪᠠᠭ᠎ᠠ᠎ᠡᠴᠠ᠎ᠪᠠᠨ ᠬᠡᠯᠡᠨ᠎ᠤ ᠰᠠᠭᠤᠷᠢ᠎ᠲᠠᠢ ᠪᠤᠯᠬᠤᠷ ᠂ ᠠᠩᠬ᠎ᠠ ᠲᠤᠮᠳᠠᠳᠤ ᠲᠡᠬᠡᠳᠤ ᠲᠤᠮᠳᠠᠳᠤ᠎ᠳᠠᠭᠠᠨ ᠬᠤᠳᠠ᠎ᠳ᠋ᠤ ᠪᠢᠴᠢᠭ ᠦᠵᠡᠭᠰᠡᠨ᠎ᠤ ᠲᠠᠷᠠᠭ᠎ᠠ ᠤᠳᠠᠯ ᠦᠬᠡᠢ ᠦᠨᠳᠦᠰᠦᠳᠡᠨ᠎ᠨᠦᠭᠦᠳ᠎ᠤᠨ ᠬᠠᠮᠳᠤ ᠨᠤᠢᠬᠦᠳᠤᠨᠢᠶᠡᠨ ᠲᠤᠮᠳᠠ ᠠᠭᠤᠰᠤᠨ ᠤᠷᠤᠬᠰᠠᠨ ︾ ᠬᠡᠵᠦ ᠤᠶᠤᠨᠬᠡᠷᠡᠯ ᠡᠷᠬᠢᠴᠡᠭᠦᠯᠦᠨᠠ ᠃
︽ ᠰᠤᠶᠤᠯ᠎ᠤᠨ ᠬᠠᠮᠳᠤ᠎ᠶᠢᠨ ᠲᠠᠨᠢᠯᠳᠠ ᠪᠤᠯ ᠬᠠᠮᠤᠬ᠎ᠤᠨ ᠬᠦᠨ ᠲᠠᠪᠬᠤᠷᠭ᠎ᠠ᠎ᠶᠢᠨ ᠬᠠᠮᠳᠤ᠎ᠶᠢᠨ ᠲᠠᠨᠢᠯᠳᠠ ᠪᠠᠢᠵᠦ ᠂ ᠦᠨᠳᠦᠰᠦᠳᠡᠨ᠎ᠤ ᠪᠦᠯᠬᠦᠮᠳᠡᠯ᠎ᠤᠨ ᠦᠨᠳᠦᠰᠦ ᠂ ᠦᠨᠳᠦᠰᠦᠳᠡᠨ᠎ᠤ ᠡᠶ᠎ᠡ ᠨᠠᠢᠷᠰᠠᠭ ᠪᠠᠢᠬᠤ᠎ᠶᠢᠨ ᠰᠦᠭ ᠰᠦᠨᠡᠰᠤ ᠮᠦᠨ ︾ ᠬᠡᠬᠦ ᠶᠡᠷᠦᠩᠬᠡᠢ ᠱᠦᠵᠢ ᠰᠢ᠎ᠶᠢᠨ ᠫᠢᠩ᠎ᠤᠨ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠦᠷᠪᠡᠳᠦᠬᠡᠷ ᠬᠤᠷᠠᠯ᠎ᠤᠨ ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳ᠋ᠤ ᠤᠷᠤᠯᠴᠠᠬᠤ ᠦᠶ᠎ᠠ᠎ᠶᠢᠨ ᠴᠢᠬᠤᠯᠠ ᠶᠠᠷᠢᠶ᠎ᠠ᠎ᠳ᠋ᠤ ᠤᠶᠤᠨᠬᠡᠷᠡᠯ ᠠᠳᠠᠯᠢ ᠲᠠᠨᠢᠯᠳᠠ᠎ᠲᠠᠢ ᠃ ︽ ᠲᠤᠮᠳᠠᠳᠤ᠎ᠶᠢᠨ ᠰᠤᠶᠤᠯ ᠪᠤᠯ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠬᠠᠮᠳᠤ᠎ᠶᠢᠨ ᠤᠶᠤᠨ ᠰᠠᠨᠠᠭᠠᠨ᠎ᠤ ᠬᠡᠷ ᠤᠷᠤᠨ ᠮᠦᠨ ᠂ 56 ᠦᠨᠳᠦᠰᠦᠳᠡᠨ᠎ᠤ ᠪᠠᠳᠤ ᠪᠡᠬᠢ ᠤᠶᠤᠨ ᠰᠠᠨᠠᠭᠠᠨ᠎ᠤ ᠬᠤᠯᠪᠤᠭᠠᠰᠤ ᠮᠦᠨ ᠃ ᠦᠨᠳᠦᠰᠦᠳᠡᠨ᠎ᠨᠦᠭᠦᠳ ᠵᠠᠭᠤ ᠮᠢᠩᠭᠠᠨ ᠵᠢᠯ᠎ᠤᠨ ᠲᠡᠤᠬᠡ᠎ᠶᠢᠨ ᠠᠬᠢᠴᠠ ᠲᠤᠮᠳᠠ ᠂ ᠬᠡᠷᠡᠯ ᠰᠠᠴᠤᠷᠤᠩᠭᠤᠢ ᠲᠤᠮᠳᠠᠳᠤ᠎ᠶᠢᠨ ᠰᠤᠶᠤᠯ᠎ᠢ ᠡᠬᠦᠳᠦᠭᠰᠡᠨ᠎ᠢᠶᠠᠷ ᠪᠠᠷᠠᠬᠤ ᠦᠬᠡᠢ ᠂ ᠤᠯᠤᠰ᠎ᠢᠶᠡᠨ ᠬᠠᠢᠷᠠᠯᠠᠬᠤ ᠦᠵᠡᠯ᠎ᠢᠶᠠᠷ ᠭᠤᠤᠯ ᠪᠤᠯᠭᠠᠬᠰᠠᠨ ᠦᠨᠳᠦᠰᠦᠳᠡᠨ᠎ᠤ ᠵᠤᠷᠢᠬ ᠰᠠᠨᠠᠭ᠎ᠠ᠎ᠶᠢ ᠴᠤᠬᠴᠠᠯᠠᠵᠦ ᠂ ᠤᠬ ᠦᠨᠳᠦᠰᠦ ᠨᠢᠬᠡᠳᠡᠢ ᠦᠷᠳᠡᠭ᠎ᠤᠨ ᠬᠦᠬᠡᠬᠡᠴᠡᠯᠳᠦᠯ᠎ᠲᠠᠢ ᠶᠤᠮ ︾ ᠬᠡᠵᠦ ᠤᠶᠤᠨᠬᠡᠷᠡᠯ ᠬᠡᠯᠡᠨ᠎ᠡ ᠃
ᠤᠶᠤᠨᠬᠡᠷᠡᠯ ᠰᠤᠷᠪᠤᠯᠵᠢᠯᠠᠬᠴᠢ᠎ᠳ᠋ᠤ ᠦᠪᠦᠷ ᠮᠤᠩᠭᠤᠯ᠎ᠤᠨ ᠨᠤᠳᠤᠬ ᠳᠡᠪᠢᠰᠭᠡᠷ ᠲᠡᠬᠡᠷ᠎ᠡ ᠡᠬᠦᠰᠦᠭᠰᠡᠨ ᠦᠨᠳᠦᠰᠦᠳᠡᠨ᠎ᠤ ᠪᠦᠯᠬᠦᠮᠳᠡᠯ᠎ᠤᠨ ᠰᠡᠳᠬᠢᠯ ᠬᠦᠳᠡᠯᠬᠡᠮ᠎ᠠ ᠦᠯᠢᠬᠡᠷ᠎ᠢ ᠶᠠᠷᠢᠵᠦ ᠦᠭᠪᠡ ᠃ ᠦᠪᠦᠷ ᠮᠤᠩᠭᠤᠯ᠎ᠤᠨ ᠲᠡᠤᠬᠡᠨ᠎ᠳ᠋ᠤ ᠵᠤᠤ ᠵᠢᠶᠦᠢᠨ ᠾᠦᠩᠨᠤ᠎ᠳ᠋ᠤ ᠮᠤᠷᠳᠠᠬᠰᠠᠨ ᠂ ᠲᠤᠷᠭᠤᠳᠴᠤᠳ ᠲᠦᠮᠡᠨ ᠭᠠᠵᠠᠷ ᠠᠶᠠᠯᠠᠵᠦ ᠲᠤᠷᠤᠨᠠᠰᠢ ᠪᠤᠴᠠᠬᠰᠠᠨ ᠵᠡᠷᠭᠡ ᠰᠤᠳᠤᠨ ᠰᠠᠢᠬᠠᠨ ᠦᠯᠢᠭᠡᠷ ᠲᠡᠦᠬᠡ᠎ᠲᠠᠢ ᠃ ᠤᠨᠴᠠᠭᠠᠢᠯᠠᠨ ᠤᠯᠠᠭᠠᠨᠬᠦᠦ ᠵᠡᠷᠬᠡ ᠠᠬᠠᠮᠠᠳ ᠨᠢᠬᠡ ᠦᠶ᠎ᠠ᠎ᠶᠢᠨ ᠦᠬᠡᠢᠬᠦᠦ ᠠᠩᠬᠢ᠎ᠶᠢᠨ ᠬᠤᠪᠢᠰᠬᠠᠯᠴᠢᠳ ᠨᠠᠮ ᠪᠠ ᠠᠷᠠᠳ ᠲᠦᠮᠡᠨ᠎ᠳ᠋ᠤ ᠴᠢᠩ ᠦᠨᠡᠨᠴᠢ ᠪᠠᠢᠵᠦ ᠂ ᠰᠢᠨ᠎ᠠ ᠲᠤᠮᠳᠠᠳᠤ ᠤᠯᠤᠰ ᠪᠠᠢᠭᠤᠯᠤᠬᠳᠠᠬᠰᠠᠨᠤ ᠲᠠᠷᠠᠭ᠎ᠠ ︽ ᠬᠦᠴᠦᠨ ᠴᠢᠳᠠᠯ᠎ᠢᠶᠡᠨ ᠨᠢᠬᠡᠳᠬᠡᠨ ᠪᠤᠭᠤᠳᠤ᠎ᠶᠢᠨ ᠪᠤᠯᠤᠳ ᠲᠡᠮᠦᠷ᠎ᠤᠨ ᠦᠢᠯᠡᠳᠪᠦᠷᠢ᠎ᠶᠢ ᠪᠠᠢᠭᠤᠯᠤᠬᠰᠠᠨ ︾ ᠂ ︽ ᠦᠪᠦᠷ ᠮᠤᠩᠭᠤᠯ 3000 ᠦᠨᠦᠴᠢᠨ ᠬᠡᠤᠬᠡᠳ᠎ᠢ ᠦᠷᠡᠴᠢᠯᠡᠨ ᠲᠡᠵᠢᠭᠡᠭᠰᠡᠨ ︾ ᠂ ᠡᠵᠡᠨ᠎ᠠ᠎ᠶᠢᠨ ᠠᠷᠠᠳ ᠲᠦᠮᠡᠨ ᠡᠬᠡ ᠤᠯᠤᠰ᠎ᠤᠨ ᠰᠠᠨᠰᠠᠷ᠎ᠤᠨ ᠠᠶᠠᠯᠠᠯ᠎ᠤᠨ ᠦᠢᠯᠡᠰ᠎ᠤᠨ ᠲᠦᠯᠦᠬᠡ ︽ ᠬᠤᠰᠢᠭᠤᠨ᠎ᠤ ᠵᠠᠰᠠᠬ᠎ᠤᠨ ᠤᠷᠳᠤᠨ᠎ᠢᠶᠡᠨ ᠭᠤᠷᠪᠠᠨᠳᠠ ᠨᠡᠬᠦᠯᠭᠡᠭᠰᠡᠨ ︾ ᠡᠬᠡ ᠤᠷᠤᠨᠴᠢ ᠠᠤᠭ᠎ᠠ ᠠᠵᠢᠯᠯᠠᠭ᠎ᠠ᠎ᠡᠴᠠ ᠰᠢᠨ᠎ᠠ ᠴᠠᠬ ᠦᠶ᠎ᠠ᠎ᠳ᠋ᠤ ᠵᠤᠷᠢᠬ ᠰᠠᠨᠠᠭᠠᠨ᠎ᠤ ᠭᠤᠤᠯ ᠰᠢᠵᠢᠮ᠎ᠢ ᠵᠠᠯᠭᠠᠮᠵᠢᠯᠠᠵᠦ ᠂ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠲᠠᠢ ᠲᠡᠮᠡᠴᠡᠵᠦ ᠂ ᠶᠠᠳᠠᠭᠤ᠎ᠡᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠰᠢᠢᠳᠪᠦᠷᠢᠳᠤ ᠲᠠᠢᠯᠠᠯᠳᠤᠭᠠᠨ ᠬᠢᠵᠦ ᠰᠢᠢᠳᠪᠦᠷᠢᠳᠤ ᠢᠯᠠᠯᠳᠠ᠎ᠶᠢ ᠤᠯᠤᠬᠰᠠᠨ ᠵᠡᠷᠬᠡ ᠠᠮᠢᠳᠤᠯᠢᠬ ᠦᠢᠯᠡᠳᠦᠯᠬᠡ ᠬᠦᠷᠳᠡᠯ᠎ᠠ ᠂ ᠡᠳᠡᠬᠡᠷ᠎ᠨᠢ ᠪᠦᠷ ᠦᠪᠦᠷ ᠮᠤᠩᠭᠤᠯ᠎ᠤᠨ ᠦᠨᠳᠦᠰᠦᠳᠡᠨ᠎ᠨᠦᠭᠦᠳ᠎ᠤᠨ ᠬᠦᠪᠡᠬᠦᠳ ᠦᠬᠢᠳ᠎ᠤᠨ ᠦᠨᠡᠨ ᠰᠡᠳᠬᠢᠯ᠎ᠡᠴᠠ᠎ᠪᠠᠨ ᠨᠠᠮ᠎ᠤᠨ ᠲᠦᠪ ᠬᠤᠷᠢᠶ᠎ᠠ᠎ᠶᠢ ᠬᠦᠷᠢᠶᠡᠯᠡᠵᠦ ᠂ ᠠᠭᠤᠤ ᠶᠡᠬᠡ ᠡᠬᠡ ᠤᠯᠤᠰ᠎ᠢᠶᠡᠨ ᠬᠠᠢᠷᠠᠯᠠᠵᠦ ᠂ ᠰᠠᠬᠢᠨ ᠪᠠᠷᠠᠯᠠᠵᠦ ᠂ ᠪᠦᠯᠬᠦᠮᠳᠡᠨ ᠲᠡᠮᠡᠴᠡᠭᠰᠡᠨ ᠵᠤᠷᠢᠬ ᠰᠠᠨᠠᠭ᠎ᠠ᠎ᠶᠢ ᠢᠯᠡᠷᠡᠬᠦᠯᠵᠦ ᠂ ᠲᠤᠮᠳᠠᠳᠤ᠎ᠶᠢᠨ ᠦᠨᠳᠦᠰᠦᠳᠡᠨ᠎ᠤ ᠠᠭᠤᠤ ᠶᠡᠬᠡ ᠰᠡᠷᠬᠦᠨ ᠮᠠᠨᠳᠤᠯᠳᠠ᠎ᠶᠢᠨ ᠦᠪᠦᠷ ᠮᠤᠩᠭᠤᠯ᠎ᠤᠨ ᠬᠠᠭᠤᠳᠠᠰᠤ᠎ᠶᠢ ᠪᠢᠴᠢᠭᠯᠡᠵᠡᠢ ᠃
ᠰᠤᠶᠤᠯ ᠤᠳᠬ᠎ᠠ ᠤᠷᠠᠯᠢᠬ᠎ᠤᠨ ᠠᠵᠢᠯ ᠪᠤᠯ ᠦᠨᠳᠦᠰᠦ᠎ᠶᠢ ᠪᠤᠢᠵᠢᠭᠤᠯᠵᠦ ᠰᠦᠭ ᠰᠦᠨᠡᠰᠤ᠎ᠶᠢ ᠱᠤᠭᠤᠬᠤ ᠠᠵᠢᠯ ᠪᠠᠢᠵᠦ ᠂ ᠬᠡᠷᠬᠢᠨ ᠦᠪᠡᠷᠳᠡᠬᠡᠨ ᠵᠠᠰᠠᠬᠤ ᠤᠷᠤᠨ᠎ᠤ ︽ ᠠᠷᠪᠠᠨ ᠲᠦᠷᠪᠡᠳᠦᠬᠡᠷ ᠲᠠᠪᠤᠨ ᠵᠢᠯ ︾᠎ᠤᠨ ᠲᠦᠯᠦᠪᠵᠢᠬᠦᠯᠬᠡ ᠪᠠ ᠲᠤᠮᠳᠠᠳᠤ᠎ᠶᠢᠨ ᠦᠨᠳᠦᠰᠦᠳᠡᠨ᠎ᠤ ᠬᠠᠮᠳᠤ ᠴᠤᠬᠴᠠ᠎ᠶᠢᠨ ᠤᠬᠠᠮᠰᠠᠷ᠎ᠢ ᠪᠠᠳᠤ ᠴᠤᠬᠴᠠᠯᠠᠬᠤ᠎ᠶᠢᠨ ᠲᠤᠭᠤᠷᠢᠨ᠎ᠳ᠋ᠤ ᠤᠨᠤᠴᠠᠳᠠᠢ᠎ᠪᠠᠷ ᠬᠦᠴᠦᠯᠡᠬᠦ ᠪᠤᠢ ︖ ᠬᠡᠷᠬᠢᠨ ᠤᠳᠤᠬᠢᠴᠢᠯᠠᠯᠳᠠ᠎ᠶᠢᠨ ᠰᠢᠨ᠎ᠠ ᠠᠶᠠᠨ ᠵᠠᠮ᠎ᠳ᠋ᠤ ᠤᠳᠬ᠎ᠠ ᠤᠷᠠᠯᠢᠬ᠎ᠤᠨ ᠠᠵᠢᠯ᠎ᠤᠨ ᠴᠢᠬᠤᠯᠠ ᠦᠢᠯᠡᠳᠦᠯ᠎ᠢ ᠰᠠᠢᠳᠤᠷ ᠪᠠᠳᠠᠷᠠᠭᠤᠯᠤᠨ ᠂ ᠦᠨᠳᠦᠰᠦᠳᠡᠨᠨᠦᠭᠦᠳᠢ ᠬᠠᠮᠳᠤ᠎ᠪᠠᠷ ᠪᠦᠯᠬᠦᠮᠳᠡᠬᠦᠯᠦᠨ ᠲᠡᠮᠡᠴᠡᠬᠦᠯᠵᠦ ᠂ ᠬᠠᠮᠳᠤ᠎ᠪᠠᠷ ᠴᠡᠴᠡᠭᠯᠡᠬᠦᠯᠦᠨ ᠬᠦᠭᠵᠢᠬᠦᠯᠬᠦ ᠪᠤᠢ ︖ ᠡᠨᠡ ᠪᠤᠯ ᠤᠶᠤᠨᠬᠡᠷᠡᠯ᠎ᠤᠨ ᠨᠢᠬᠡ ᠰᠡᠳᠬᠢᠯ᠎ᠢᠶᠠᠷ ᠪᠤᠳᠤᠯᠬᠢᠯᠡᠵᠦ ᠪᠠᠢᠭ᠎ᠠ ᠠᠰᠠᠭᠤᠳᠠᠯ ᠪᠤᠯᠤᠨ᠎ᠠ ᠃
ᠤᠶᠤᠨᠬᠡᠷᠡᠯ ᠬᠡᠯᠡᠬᠦ᠎ᠳ᠋ᠡᠭᠡᠨ ᠂ ︽ ᠠᠷᠪᠠᠨ ᠲᠦᠷᠪᠡᠳᠦᠬᠡᠷ ᠲᠠᠪᠤᠨ ᠵᠢᠯ ︾᠎ᠤᠨ ᠬᠤᠭᠤᠴᠠᠭᠠᠨ᠎ᠳ᠋ᠤ ᠦᠪᠡᠷᠳᠡᠬᠡᠨ ᠵᠠᠰᠠᠬᠤ ᠤᠷᠤᠨ᠎ᠤ ᠤᠳᠬ᠎ᠠ ᠤᠷᠠᠯᠢᠬ᠎ᠤᠨ ᠠᠵᠢᠯ ᠲᠤᠮᠳᠠᠳᠤ᠎ᠶᠢᠨ ᠦᠨᠳᠦᠰᠦᠳᠡᠨ᠎ᠤ ᠬᠠᠮᠳᠤ ᠴᠤᠬᠴᠠ᠎ᠶᠢᠨ ᠤᠬᠠᠮᠰᠠᠷ᠎ᠢ ᠪᠠᠳᠤ ᠴᠤᠬᠴᠠᠯᠠᠬᠤ ᠡᠨᠡ ᠬᠦ ᠭᠤᠤᠯ ᠱᠤᠭᠤᠮ᠎ᠤᠨ ᠲᠤᠭᠤᠷᠢᠨ᠎ᠳ᠋ᠤ ᠂ ᠠᠷᠠᠳ ᠲᠦᠮᠡᠨ᠎ᠢᠶᠠᠷ ᠭᠤᠤᠯ ᠪᠤᠯᠭᠠᠬᠰᠠᠨ ᠵᠤᠬᠢᠶᠠᠨ ᠪᠦᠲᠦᠬᠡᠯᠬᠡ᠎ᠶᠢᠨ ᠤᠳᠤᠷᠢᠳᠤᠮᠵᠢ᠎ᠶᠢ ᠪᠠᠷᠢᠮᠳᠠᠯᠠᠨ ᠂ ᠴᠢᠬᠤᠯᠠ ᠶᠡᠬᠡ ᠴᠠᠬ᠎ᠤᠨ ᠭᠤᠬᠴᠤᠭ᠎ᠠ᠎ᠶᠢ ᠠᠳᠬᠤᠵᠦ ᠂ ᠴᠢᠬᠤᠯᠠ ᠶᠡᠬᠡ ᠭᠤᠤᠯ ᠰᠡᠳᠦᠪᠳᠤ ᠤᠳᠬ᠎ᠠ ᠤᠷᠠᠯᠢᠬ᠎ᠤᠨ ᠪᠦᠲᠦᠬᠡᠯ᠎ᠤᠨ ᠵᠤᠬᠢᠶᠠᠨ ᠪᠦᠲᠦᠭᠡᠯᠬᠡ᠎ᠶᠢ ᠴᠢᠩᠭᠠᠳᠬᠠᠨ ᠂ ᠤᠯᠠᠨ ᠲᠦᠮᠡᠨᠴᠢ ᠰᠤᠶᠤᠯ᠎ᠢ ᠶᠡᠬᠡ᠎ᠪᠠᠷ ᠴᠡᠴᠡᠭᠯᠡᠬᠦᠯᠦᠨ ᠬᠦᠭᠵᠢᠬᠦᠯᠦᠨ᠎ᠠ ᠃ ᠵᠤᠬᠢᠶᠠᠯᠴᠢ ᠤᠷᠠᠯᠢᠬᠴᠢᠳ᠎ᠤᠨ ᠠᠮᠢᠳᠤᠷᠠᠯ᠎ᠳ᠋ᠤ ᠬᠦᠨᠵᠡᠬᠡᠢᠷᠡᠬᠦ᠎ᠶᠢ ᠲᠡᠮᠵᠢᠬᠦ ᠂ ᠭᠤᠤᠯᠳᠠᠯᠭ᠎ᠠ᠎ᠲᠠᠢ ᠪᠦᠲᠦᠬᠡᠯ᠎ᠤᠨ ᠵᠤᠬᠢᠶᠠᠨ ᠪᠦᠲᠦᠬᠡᠯᠬᠡ᠎ᠶᠢᠨ ᠬᠦᠲᠦᠯᠦᠮᠵᠢ᠎ᠶᠢ ᠰᠠᠢᠵᠢᠷᠠᠭᠤᠯᠬᠤ ᠂ ᠭᠤᠤᠯᠳᠠᠯᠭ᠎ᠠ᠎ᠲᠠᠢ ᠲᠦᠷᠦᠯ ᠵᠦᠢᠯ᠎ᠢ ᠬᠦᠳᠡᠯᠦᠩᠬᠦᠢ ᠲᠡᠮᠵᠢᠬᠦ ᠲᠤᠬᠳᠠᠴᠠ᠎ᠶᠢ ᠪᠠᠢᠭᠤᠯᠬᠤ ᠂ ᠤᠳᠬ᠎ᠠ ᠤᠷᠠᠯᠢᠬ᠎ᠤᠨ ᠰᠤᠳᠤᠨ ᠪᠦᠲᠦᠬᠡᠯ᠎ᠢ ᠰᠢᠯᠭᠠᠷᠠᠭᠤᠯᠵᠦ ᠳᠡᠯᠭᠡᠨ ᠦᠵᠡᠬᠦᠯᠵᠦ ᠲᠠᠨᠢᠯᠴᠠᠭᠤᠯᠬᠤ ᠲᠠᠪᠴᠠᠩ᠎ᠢ ᠪᠠᠢᠭᠤᠯᠬᠤ ᠵᠡᠷᠬᠡ ᠠᠷᠭ᠎ᠠ ᠬᠡᠮᠵᠢᠶ᠎ᠠ ᠠᠪᠬᠤ᠎ᠪᠠᠷ ᠲᠠᠮᠵᠢᠵᠦ ᠂ ᠪᠤᠳᠠᠳᠤ ᠠᠬᠤᠢ᠎ᠶᠢᠨ ᠰᠡᠳᠦᠪᠳᠤ ᠵᠤᠬᠢᠶᠠᠨ ᠪᠦᠲᠦᠭᠡᠯᠬᠡ᠎ᠶᠢᠨ ᠡᠷᠴᠢᠮ᠎ᠢ ᠲᠠᠰᠤᠷᠠᠯᠳᠠ ᠦᠬᠡᠢ ᠴᠢᠩᠭᠠᠷᠠᠭᠤᠯᠤᠨ ᠂ ᠡᠯ᠎ᠠ ᠤᠷᠠᠯᠢᠬ᠎ᠤᠨ ᠲᠦᠷᠦᠯ ᠵᠦᠢᠯ᠎ᠳ᠋ᠤ ᠪᠦᠷ ᠦᠵᠡᠯ ᠰᠠᠨᠠᠭ᠎ᠠ ᠬᠦᠨ ᠂ ᠤᠷᠠᠯᠢᠬ ᠪᠤᠯᠪᠠᠰᠤᠷᠠᠩᠭᠤᠢ ᠂ ᠪᠦᠲᠦᠬᠡᠯᠬᠡ ᠤᠬᠢ ᠨᠢᠬᠡ ᠪᠦᠯᠦᠭ ᠰᠢᠯᠢᠳᠡᠭ ᠪᠦᠲᠦᠬᠡᠯᠤᠳᠢ ᠵᠤᠬᠢᠶᠠᠨ ᠪᠦᠲᠦᠬᠡᠨᠠ ᠃ ᠤᠯᠠᠨ ᠨᠡᠢᠳᠡ᠎ᠶᠢᠨ ᠰᠤᠶᠤᠯ᠎ᠤᠨ ᠦᠢᠯᠡᠴᠢᠯᠡᠬᠡᠨ᠎ᠤ ᠴᠢᠳᠠᠪᠤᠷᠢ᠎ᠶᠢᠨ ᠪᠠᠢᠭᠤᠯᠤᠯᠳᠠ᠎ᠶᠢ ᠴᠢᠩᠭᠠᠳᠬᠠᠨ ᠂ ᠤᠯᠠᠨ ᠲᠦᠮᠡᠨᠴᠢ ᠰᠤᠶᠤᠯ᠎ᠤᠨ ᠠᠵᠢᠯᠯᠠᠭ᠎ᠠ᠎ᠶᠢ ᠪᠠᠢᠩᠭᠤᠵᠢᠭᠤᠯᠬᠤ᠎ᠶᠢ ᠪᠠᠳᠤᠯᠠᠬᠤ ᠠᠵᠢᠯ᠎ᠤᠨ ᠲᠤᠬᠳᠠᠴᠠ᠎ᠶᠢᠨ ᠪᠠᠢᠭᠤᠯᠤᠯᠲᠠ᠎ᠶᠢ ᠠᠬᠢᠭᠤᠯᠵᠦ ᠂ ᠨᠠᠢᠷᠠᠯ ᠲᠠᠭᠤᠤ᠎ᠶᠢᠨ ᠨᠠᠢᠷ ᠂ ᠠᠭᠤᠳᠠᠮ ᠲᠠᠯᠠᠪᠠᠢ᠎ᠶᠢᠨ ᠪᠦᠵᠢᠭ᠎ᠤᠨ ᠤᠷᠤᠯᠳᠤᠭᠠᠨ ᠵᠡᠷᠬᠡ ᠤᠯᠠᠨ ᠲᠦᠮᠡᠨᠴᠢ ᠰᠤᠶᠤᠯ᠎ᠤᠨ ᠠᠵᠢᠯᠯᠠᠭ᠎ᠠ᠎ᠶᠢ ᠶᠡᠬᠡ᠎ᠪᠠᠷ ᠦᠷᠨᠢᠬᠦᠯᠦᠨ ᠂ ᠨᠠᠮ᠎ᠤᠨ ᠲᠡᠤᠬᠡ ᠂ ᠰᠢᠨ᠎ᠠ ᠲᠤᠮᠳᠠᠳᠤ ᠤᠯᠤᠰ᠎ᠤᠨ ᠲᠡᠤᠬᠡ ᠂ ᠦᠬᠡᠷᠡᠴᠢᠯᠡᠯᠳᠡ ᠨᠡᠬᠡᠬᠡᠯᠳᠡ᠎ᠶᠢᠨ ᠲᠡᠤᠬᠡ ᠂ ᠨᠡᠢᠬᠡᠮ ᠵᠢᠷᠤᠮ᠎ᠤᠨ ᠬᠦᠭᠵᠢᠯᠳᠡ᠎ᠶᠢᠨ ᠲᠡᠤᠬᠡ᠎ᠶᠢᠨ ᠬᠦᠮᠦᠵᠢᠯ᠎ᠢ ᠬᠦᠨᠵᠡᠬᠡᠢ ᠦᠷᠨᠢᠬᠦᠯᠵᠦ ᠂ ᠤᠯᠠᠨ ᠲᠦᠮᠡᠨ᠎ᠢ ᠬᠦᠲᠦᠯᠦᠨ ᠵᠢᠯᠤᠭᠤᠳᠴᠤ ᠵᠦᠪ ᠤᠯᠤᠰ᠎ᠤᠨ ᠦᠵᠡᠯᠳᠡ ᠂ ᠲᠡᠤᠬᠡ᠎ᠶᠢᠨ ᠦᠵᠡᠯᠳᠡ ᠂ ᠦᠨᠳᠦᠰᠦᠳᠡᠨ᠎ᠤ ᠦᠵᠡᠯᠳᠡ ᠂ ᠰᠤᠶᠤᠯ᠎ᠤᠨ ᠦᠵᠡᠯᠳᠡ ᠂ ᠱᠠᠰᠢᠨ ᠰᠤᠷᠳᠠᠬᠤᠨ᠎ᠤ ᠦᠵᠡᠯᠳᠡ᠎ᠶᠢ ᠱᠤᠭᠤᠨ᠎ᠠ ᠃ ᠰᠢᠨ᠎ᠠ ᠴᠠᠬ ᠦᠶ᠎ᠠ᠎ᠶᠢᠨ ᠤᠯᠠᠭᠠᠨᠮᠦᠢᠴᠢᠷ᠎ᠤᠨ ᠦᠢᠯᠡᠰ᠎ᠤᠨ ᠬᠦᠭᠵᠢᠯᠳᠡ᠎ᠶᠢ ᠲᠦᠷᠬᠡᠳᠬᠡᠨ ᠠᠬᠢᠭᠤᠯᠵᠦ ᠂ ᠨᠠᠮ᠎ᠤᠨ ᠲᠠᠭᠤᠨ ᠪᠠ ᠬᠠᠯᠠᠮᠵᠢᠯᠠᠯ᠎ᠢ ᠨᠡᠩ ᠰᠠᠢᠳᠤᠷ ᠲᠠᠮᠵᠢᠭᠤᠯᠤᠨ ᠂ ᠦᠷᠬᠡᠨ ᠤᠯᠠᠨ ᠮᠠᠯᠴᠢᠨ ᠲᠠᠷᠢᠶᠠᠴᠢᠨ᠎ᠳ᠋ᠤ ᠪᠠᠶᠠᠷ ᠪᠠᠶᠠᠰᠤᠯ ᠪᠠ ᠪᠤᠯᠪᠠᠰᠤᠨ᠎ᠢ ᠬᠦᠷᠬᠡᠵᠦ ᠂ ᠤᠯᠠᠭᠠᠨᠮᠦᠢᠴᠢᠷ ᠬᠡᠬᠦ ᠡᠨᠡ ᠬᠦ ᠪᠦᠬᠦ ᠤᠯᠤᠰ᠎ᠤᠨ ᠤᠳᠬ᠎ᠠ ᠤᠷᠠᠯᠢᠬ᠎ᠤᠨ ᠹᠷᠤᠨᠲ᠎ᠤᠨ ᠲᠤᠬ᠎ᠢ ᠦᠨᠳᠦᠷ ᠮᠠᠨᠳᠤᠭᠤᠯᠤᠨ᠎ᠠ ᠃
︽ ᠵᠦᠪᠬᠡᠨ ᠨᠠᠮ᠎ᠢᠶᠡᠨ ᠡᠷᠡᠰ ᠲᠠᠭᠠᠪᠠᠯ ᠂ ᠠᠯᠢᠪᠠ ᠬᠦᠴᠢᠷ ᠪᠡᠷᠬᠡ ᠬᠠᠷᠰᠢ ᠰᠠᠭᠠᠳ᠎ᠢ ᠢᠯᠠᠨ ᠲᠠᠪᠠᠵᠦ ᠴᠢᠳᠠᠨ᠎ᠠ ᠬᠡᠳᠡᠭ᠎ᠢ ᠪᠢᠳᠡ ᠡᠬᠦᠷᠢᠳᠡ ᠪᠠᠳᠤ ᠢᠳᠡᠬᠡᠨᠠ ᠃ ᠤᠯᠤᠰ᠎ᠤᠨ ᠲᠤᠳᠤᠭᠠᠳᠤ ᠭᠠᠳᠠᠭᠠᠳᠤ᠎ᠶᠢᠨ ᠡᠯ᠎ᠠ ᠵᠦᠢᠯ᠎ᠤᠨ ᠦᠷᠢᠰᠦᠯᠳᠦᠬᠡᠨ᠎ᠤ ᠡᠮᠦᠨ᠎ᠠ ᠂ ᠰᠢᠨ᠎ᠠ ᠴᠠᠬ ᠦᠶ᠎ᠠ᠎ᠶᠢᠨ ᠤᠳᠬ᠎ᠠ ᠤᠷᠠᠯᠢᠬ᠎ᠤᠨ ᠠᠵᠢᠯ᠎ᠤᠨ ᠦᠨᠳᠦᠰᠦ᠎ᠶᠢ ᠪᠤᠢᠵᠢᠭᠤᠯᠤᠨ ᠰᠦᠭ ᠰᠦᠨᠡᠰᠤ᠎ᠶᠢ ᠱᠤᠭᠤᠬᠤ ᠴᠢᠬᠤᠯᠠ ᠦᠢᠯᠡᠳᠦᠯ᠎ᠢ ᠰᠠᠢᠳᠤᠷ ᠪᠠᠳᠠᠷᠠᠭᠤᠯᠤᠨ ᠂ ᠲᠤᠮᠳᠠᠳᠤ᠎ᠶᠢᠨ ᠦᠨᠳᠦᠰᠦᠳᠡᠨ᠎ᠤ ᠬᠠᠮᠳᠤ ᠴᠤᠬᠴᠠ᠎ᠶᠢᠨ ᠤᠬᠠᠮᠰᠠᠷ᠎ᠢ ᠪᠠᠳᠤ ᠴᠤᠬᠴᠠᠯᠠᠨ ᠂ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ ᠪᠠ ᠤᠯᠤᠰ᠎ᠤᠨ ᠨᠢᠬᠡᠳᠦᠯᠳᠡᠢ ᠨᠠᠢᠷᠠᠭᠤᠯᠤᠬᠰᠠᠨ ᠵᠢᠭᠠᠬᠤ ᠮᠠᠲ᠋ᠧᠷᠢᠶᠠᠯ᠎ᠢ ᠲᠡᠯᠬᠡᠷᠡᠬᠦᠯᠦᠨ ᠬᠡᠷᠡᠭᠯᠡᠬᠦ᠎ᠳ᠋ᠤ ᠬᠦᠴᠦᠨ ᠨᠡᠮᠡᠷᠢᠯᠡᠵᠦ ᠂ ᠦᠨᠳᠦᠰᠦᠳᠡᠨ᠎ᠨᠦᠭᠦᠳ᠎ᠤᠨ ᠤᠯᠠᠨ ᠲᠦᠮᠡᠨ᠎ᠤ ᠠᠨᠠᠷ᠎ᠤᠨ ᠦᠷ᠎ᠡ ᠮᠡᠳᠤ ᠨᠢᠬᠳᠠᠷᠠᠨ ᠪᠦᠯᠬᠦᠮᠳᠡᠬᠦ᠎ᠶᠢ ᠠᠬᠢᠭᠤᠯᠤᠨ ᠂ ᠲᠤᠮᠳᠠᠳᠤ᠎ᠶᠢᠨ ᠦᠨᠳᠦᠰᠦᠳᠡᠨ᠎ᠤ ᠠᠭᠤᠤ ᠶᠡᠬᠡ ᠰᠡᠷᠬᠦᠨ ᠮᠠᠨᠳᠤᠯᠳᠠ᠎ᠶᠢ ᠪᠡᠶᠡᠯᠡᠬᠦᠯᠬᠦ᠎ᠳ᠋ᠤ ᠲᠠᠳᠠᠭᠤᠷᠠᠰᠢ ᠦᠬᠡᠢ ᠵᠤᠷᠢᠬ ᠰᠠᠨᠠᠭᠠᠨ᠎ᠤ ᠬᠦᠳᠡᠯᠬᠡᠬᠦ ᠬᠦᠴᠦᠨ ᠬᠠᠩᠭᠠᠨ ᠂ ᠰᠢᠯᠢᠳᠡᠭ ᠬᠢᠷᠢ ᠪᠦᠲᠦᠮᠵᠢ᠎ᠪᠠᠷ ᠨᠠᠮ ᠪᠠᠢᠭᠤᠯᠤᠬᠳᠠᠬᠰᠠᠨ 100 ᠵᠢᠯ᠎ᠤᠨ ᠤᠢ᠎ᠶᠢ ᠪᠡᠯᠭᠡᠯᠡᠨ᠎ᠠ ︾ ᠬᠡᠵᠦ ᠤᠶᠤᠨᠬᠡᠷᠡᠯ ᠰᠢᠳᠮᠡᠭ ᠬᠡᠯᠡᠵᠦ ᠪᠠᠢᠪᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃