2021-07-23 16:21:20
ᠥᠪᠥᠷ ᠮᠣᠩᠭᠣᠯ᠎ᠤᠨ ᠮᠦᠽᠧᠶ᠎ᠶᠢᠨ ᠯᠢᠶᠣᠤ ᠤᠯᠤᠰ᠎ᠤᠨ ᠬᠢᠳᠠᠨ᠎ᠤ ᠦᠵᠡᠭᠦᠯᠭᠡ᠎ᠶᠢᠨ ᠲᠢᠩᠬᠢᠮ᠎ᠳ᠋ᠤ ᠬᠢᠳᠠᠨ ᠦᠰᠦᠭᠳᠦ ᠭᠠᠤᠯᠢᠨ ᠲᠣᠯᠢ ᠬᠣᠷᠭᠣᠨ᠎ᠳ᠋ᠤ ᠡᠯᠭᠦᠭᠳᠡᠵᠤ᠂ ᠮᠢᠩᠭᠠᠨ ᠤᠨ᠎ᠢ ᠲᠤᠭᠤᠯᠤᠭᠰᠠᠨ ᠴᠤ ᠮᠥᠨ ᠯᠡ ᠬᠡᠷᠡᠯᠳᠦᠭᠰᠡᠭᠡᠷ᠂ ᠡᠨᠡ ᠲᠤᠯᠢᠨ᠎ᠳ᠋ᠤ ᠬᠡᠨ ᠵᠢᠰᠦ᠎ᠪᠠᠨ ᠲᠤᠯᠢᠳᠠᠵᠤ ᠪᠠᠢᠭᠰᠠᠨ ᠪᠤᠯ ︖ ᠭᠡᠵᠤ ᠦᠵᠡᠭᠰᠡᠨ ᠪᠤᠯᠭᠠᠨ᠎ᠢ ᠡᠷᠭᠡ ᠦᠭᠡᠢ ᠭᠠᠢᠬᠠᠰᠢᠷᠠᠭᠤᠯᠤᠮᠠᠷ᠃
ᠭᠠᠤᠯᠢᠨ ᠲᠤᠯᠢ ᠪᠤᠯ ᠮᠠᠨ᠎ᠤ ᠤᠯᠤᠰ᠎ᠤᠨ ᠡᠷᠲᠡᠨ᠎ᠤ ᠦᠶ᠎ᠡ᠎ᠶᠢᠨ ᠡᠳᠦᠷ ᠲᠤᠳᠦᠮ᠎ᠤᠨ ᠬᠡᠷᠡᠭᠰᠡᠯ ᠪᠤᠯᠤᠨ᠎ᠠ᠂ ᠬᠡᠬᠦ᠎ᠳ᠋ᠡᠭᠡᠨ ᠲᠡᠷᠡ᠎ᠨᠢ ᠵᠦᠪᠭᠡᠨ ᠵᠢᠰᠦ ᠲᠤᠯᠢᠳᠠᠬᠤ ᠯᠠ ᠦᠢᠯᠡᠳᠦᠯ᠎ᠲᠠᠢ ᠪᠢᠰᠢ᠃ ᠲᠤᠨᠤᠷᠠᠭᠰᠠᠨ ᠲᠣᠭᠣᠰᠣ᠎ᠶᠢ ᠨᠡᠪᠲᠡᠯᠦᠨ᠂ ᠲᠤᠯᠢᠨ ᠲᠡᠭᠡᠷ᠎ᠡ ᠲᠤᠰᠬᠤ ᠭᠡᠷᠡᠯ᠎ᠤᠨ ᠤᠢᠯᠳᠠᠡᠴᠠ ᠪᠢᠳᠡ ᠡᠭᠡᠭᠡ ᠯᠡ ᠬᠦᠮᠦᠨ ᠲᠦᠷᠦᠯᠭᠢᠳᠡᠨᠤ ᠤᠷᠤᠬᠰᠢᠯᠠᠨ ᠲᠠᠪᠰᠢᠭᠰᠠᠨ ᠲᠡᠦᠭᠡ᠎ᠶᠢᠨ ᠭᠦᠴᠦᠳᠦ ᠤᠷᠤᠰᠬᠠᠯ᠎ᠢ ᠤᠯᠵᠤ ᠬᠠᠷᠠᠬᠤ ᠰᠢᠭ᠋᠃

ᠵᠢᠷᠤᠭ ᠄ ᠺᠦᠩ ᠴᠢᠶᠦᠢᠨ
ᠬᠢᠳᠠᠨ ᠦᠰᠦᠭᠳᠦ ᠭᠠᠤᠯᠢᠨ ᠲᠣᠯᠢ ᠨᠠᠷᠢᠯᠢᠭ ᠬᠢᠴᠡᠳᠡᠢ᠂ ᠬᠡᠯᠪᠡᠷᠢ ᠳᠦᠷᠰᠦ᠎ᠨᠢ ᠭᠣᠶᠣ᠂ ᠵᠢᠷᠤᠭ ᠬᠡᠨ᠎ᠢ ᠭᠤᠢᠳᠠ᠂ ᠪᠢᠴᠢᠭᠡᠰᠦ᠎ᠨᠢ ᠲᠣᠳᠣ ᠪᠠᠶᠢᠳᠠᠭᠢᠶᠠᠷᠢᠶᠡᠨ ᠮᠠᠨ᠎ᠤ ᠤᠯᠤᠰ᠎ᠤᠨ ᠡᠷᠲᠡᠨ᠎ᠤ ᠭᠠᠤᠯᠢᠨ ᠤᠷᠠᠯᠢᠭ᠎ᠤᠨ ᠰᠣᠶᠣᠯ᠎ᠤᠨ ᠥᠪᠲᠠᠬᠢ ᠦᠨᠡᠲᠦ ᠡᠷᠳᠡᠨᠢ ᠪᠤᠯᠤᠨ᠎ᠠ᠃
ᠶᠡᠭᠡ ᠲᠠᠷᠬᠠᠨ᠎ᠤ ᠤᠨᠴᠡ ᠤᠷᠠᠯᠠᠯ ᠢᠷᠦᠭᠡᠯ ᠵᠦᠩᠨᠡᠯ᠎ᠤᠨ ᠪᠡᠯᠭᠡᠳᠡᠯ
︽ ᠥᠪᠥᠷ ᠮᠣᠩᠭᠣᠯ᠎ᠤᠨ ᠬᠠᠷᠠᠴᠢᠨ ᠬᠣᠰᠢᠭᠤᠨ᠎ᠡᠴᠠ ᠣᠯᠳᠠᠭᠰᠠᠨ ᠬᠢᠳᠠᠨ᠎ᠤ ᠪᠠᠭ᠎ᠠ ᠦᠰᠦᠭᠲᠦ ᠭᠠᠤᠯᠢᠨ ᠲᠣᠯᠢ᠎ᠶᠢᠨ ᠲᠠᠶᠢᠯᠪᠤᠷᠢ︾᠎ᠳ᠋ᠤ ᠲᠡᠮᠳᠡᠭᠯᠡᠭᠰᠡᠨ᠎ᠢᠶᠠᠷ᠄ ︽1973 ᠣᠨ᠎ᠤ ᠬᠠᠪᠤᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠣᠣ ᠤᠳᠠ ᠠᠶᠢᠮᠠᠭ᠎ᠤᠨ ᠬᠠᠷᠠᠴᠢᠨ ᠬᠣᠰᠢᠭᠤᠨ᠎ᠤ ᠶᠦᠩ ᠹᠧᠩ ᠨᠢᠭᠡᠳᠦᠯ᠎ᠤᠨ ᠳ᠋ᠠᠩ ᠫᠦ᠋ ᠳ᠋ᠢ ᠪᠠᠷᠢᠭᠠᠳᠠ᠎ᠶᠢᠨ ᠭᠡᠰᠢᠭᠦᠳ ᠪᠠᠷᠢᠭᠠᠳᠠᠡᠴᠠᠪᠠᠨ ᠨᠠᠢᠮᠠᠯᠵᠢᠨ ᠭᠠᠤᠯᠢᠨ ᠲᠣᠯᠢ᠎ᠶᠢ ᠢᠯᠡᠷᠡᠭᠦᠯᠵᠡᠢ᠃ ᠨᠠᠷᠢᠨ ᠰᠤᠳᠤᠯᠬᠤ᠎ᠪᠠᠷ ᠳᠠᠮᠵᠢᠨ᠂ ᠲᠤᠰ ᠲᠤᠯᠢ ᠪᠤᠯ ᠬᠢᠳᠠᠨ ᠦᠰᠦᠭᠳᠦ ᠬᠣᠪᠣᠷ ᠨᠠᠨᠳᠢᠨ ᠲᠡᠦᠬᠡ᠎ᠶᠢᠨ ᠳᠤᠷᠠᠰᠬᠠᠯᠲᠤ ᠵᠦᠢᠯ ᠪᠣᠯᠬᠤ᠎ᠶᠢ ᠮᠡᠳᠡᠵᠡᠢ ︾᠃
ᠡᠨᠡ ᠬᠦ ᠬᠣᠪᠣᠷ ᠨᠠᠨᠳᠢᠨ ᠲᠡᠦᠬᠡ᠎ᠶᠢᠨ ᠳᠤᠷᠠᠰᠬᠠᠯᠲᠤ ᠵᠦᠢᠯ ᠪᠣᠯ ᠬᠢᠳᠠᠨ ᠦᠰᠦᠭᠳᠦ ᠭᠠᠤᠯᠢᠨ ᠲᠤᠯᠢ ᠪᠣᠯᠤᠨ᠎ᠠ᠃ ᠲᠤᠰ ᠭᠠᠤᠯᠢᠨ ᠲᠤᠯᠢ ᠲᠡᠭᠰᠢ ᠨᠠᠢᠮᠠᠯᠵᠢᠨ ᠭᠡᠯᠪᠡᠷᠢ᠎ᠲᠠᠢ᠂ ᠲᠠᠯ᠎ᠠ᠎ᠶᠢᠨ ᠤᠷᠳᠦ᠎ᠨᠢ 5.6 ᠰᠠᠨᠲ᠋ᠢᠮᠧᠲ᠋ᠷ᠂ ᠬᠠᠮᠤᠭ ᠶᠡᠬᠡ ᠳ᠋ᠢᠶᠠᠮᠧᠲ᠋ᠷ᠎ᠨᠢ 14.6 ᠰᠠᠨᠲ᠋ᠢᠮᠧᠲ᠋ᠷ᠃ ᠨᠠᠢᠮᠠᠯᠵᠢᠨ ᠬᠡᠯᠪᠡᠷᠢ ᠪᠣᠯ ᠯᠢᠶᠣᠤ ᠤᠯᠤᠰ᠎ᠤᠨ ᠦᠶ᠎ᠡ᠎ᠶᠢᠨ ᠭᠠᠤᠯᠢᠨ ᠲᠣᠯᠢ᠎ᠳ᠋ᠤ ᠬᠠᠮᠤᠭ ᠦᠷᠭᠦᠯᠵᠢ ᠬᠠᠷᠠᠭᠳᠠᠳᠠᠭ ᠬᠡᠯᠪᠡᠷᠢ᠎ᠶᠢᠨ ᠨᠢᠭᠡ ᠪᠤᠯᠤᠨ᠎ᠠ᠂ ᠨᠠᠢᠮᠠᠯᠵᠢᠨ ᠲᠣᠯᠢ᠎ᠨᠢ ᠲᠡᠩᠴᠡᠭᠦᠦ ᠲᠠᠯᠠᠲᠤ ᠨᠠᠢᠮᠠᠨ ᠥᠨᠴᠥᠭ᠎ᠲᠠᠢ ᠪᠠᠶᠢᠵᠤ ᠂ ᠨᠠᠢᠮᠠᠨ ᠥᠨᠴᠥᠭ᠎ᠨᠢ ᠪᠦᠷ ᠨᠡᠯᠢᠶᠡᠳ ᠪᠥᠭᠡᠷᠡᠩᠬᠡᠶ ᠶᠤᠮ᠃ ᠨᠠᠢᠮᠠᠯᠵᠢᠨ ᠲᠤᠯᠢ ᠲᠡᠡᠭ ᠤᠯᠤᠰ᠎ᠤᠨ ᠦᠶ᠎ᠡ᠎ᠳ᠋ᠤ ᠨᠢᠭᠡᠨᠲᠡ ᠪᠤᠢ ᠪᠤᠯᠵᠦ᠂ ᠯᠢᠶᠣᠤ ᠤᠯᠤᠰ᠎ᠤᠨ ᠭᠠᠤᠯᠢᠨ ᠲᠤᠯᠢ᠎ᠶᠢ ᠲᠡᠭᠦᠨ᠎ᠤ ᠳᠠᠭᠤᠷᠢᠶᠠᠮᠠᠯ ᠭᠡᠵᠦ ᠬᠡᠯᠡᠭᠰᠡᠨ ᠴᠤ ᠪᠣᠯᠤᠨ᠎ᠠ᠃
ᠬᠢᠳᠠᠨ ᠦᠰᠦᠭᠳᠦ ᠭᠠᠤᠯᠢᠨ ᠲᠣᠯᠢ᠎ᠶᠢᠨ ᠠᠷᠤ ᠲᠠᠯ᠎ᠠ᠎ᠨᠢ ᠭᠣᠣᠯ᠎ᠳᠠᠭᠠᠨ ᠲᠣᠪᠴᠢ᠎ᠲᠠᠢ᠂ ᠲᠤᠪᠴᠢ᠎ᠨᠢ ᠤᠭᠤᠰᠤᠷ᠎ᠲᠠᠢ᠃ ᠲᠣᠯᠢ᠎ᠶᠢᠨ ᠠᠷᠤ ᠲᠠᠯ᠎ᠠ᠎ᠨᠢ ᠬᠣᠣᠰ ᠱᠤᠭᠤᠮᠲᠤ ᠲᠡᠭᠰᠢ ᠳᠥᠷᠪᠡᠯᠵᠢᠨ᠎ᠢᠶᠠᠷ ᠳᠣᠲᠣᠷ ᠭᠠᠳᠠᠷ ᠬᠤᠶᠠᠷ ᠬᠡᠰᠡᠭ ᠬᠤᠪᠢᠶᠠᠭᠳᠠᠵᠤ᠂ ᠭᠠᠳᠠᠷ ᠬᠡᠰᠡᠭ᠎ᠨᠢ ᠳᠥᠷᠪᠡᠨ ᠱᠠᠲᠤᠯᠵᠢᠨ ᠬᠡᠯᠪᠡᠷᠢᠲᠡᠶ᠂ ᠳᠣᠲᠣᠷ ᠬᠡᠰᠡᠭ᠎ᠲᠤᠨᠢ ᠳᠥᠷᠪᠡᠨ ᠪᠠᠭ᠎ᠠ ᠬᠢᠳᠠᠨ ᠦᠰᠦᠭ᠎ᠲᠠᠢ ᠪᠠᠢᠵᠤ᠂ ︽ ᠤᠷᠲᠤ ᠨᠠᠰᠤᠯᠠᠵᠤ ᠤᠳᠠᠭᠠᠨ ᠵᠢᠷᠭᠠᠬᠤ︾ ᠭᠡᠰᠡᠨ ᠤᠳᠬ᠎ᠠ᠎ᠲᠠᠢ᠃ ᠲᠤᠯᠢᠨᠤ ᠴᠢᠨᠠᠷ ᠰᠠᠶᠢᠨ᠂ ᠵᠢᠷᠤᠭᠠᠰᠤ ᠵᠢᠭᠳᠡ ᠪᠠᠢᠵᠤ᠂ ᠬᠢᠳᠠᠨ ᠦᠨᠳᠦᠰᠦᠲᠡᠨ᠎ᠤ ᠰᠢᠨ᠎ᠡ ᠰᠡᠪᠡᠭᠦᠨ ᠰᠡᠳᠬᠢᠮᠵᠢ ᠪᠠ ᠬᠡᠲᠦᠶᠢᠳᠦᠭᠰᠡᠨ ᠤᠷ᠎ᠠ ᠮᠡᠷᠭᠡᠰᠢᠯ᠎ᠢ ᠢᠯᠡᠷᠡᠭᠦᠯᠪᠡ᠃ ︽ ᠡᠨᠡ ᠬᠦ ᠬᠢᠳᠠᠨ᠎ᠤ ᠪᠠᠭ᠎ᠠ ᠦᠰᠦᠭ᠎ᠨᠢ ᠳᠤᠮᠳᠠᠳᠤ ᠣᠷᠣᠨ᠎ᠡᠴᠠ ᠢᠷᠡᠭᠰᠡᠨ ᠢᠷᠦᠭᠡᠯ ᠵᠥᠩᠨᠡᠯ᠎ᠤᠨ ᠦᠭᠡ ᠪᠠᠶᠢᠵᠤ᠂ ᠬᠢᠳᠠᠨ ᠬᠥᠮᠦᠨ᠎ᠤ ᠢᠷᠡᠭᠡᠳᠦᠢ᠎ᠶᠢᠨ ᠲᠤᠬᠠᠢ ᠰᠠᠢᠨ ᠰᠠᠶᠢᠬᠠᠨ ᠬᠦᠰᠡᠯ ᠡᠷᠡᠮᠡᠯᠵᠡᠯ᠎ᠢ ᠬᠠᠷᠠᠭᠤᠯᠵᠤ᠂ ᠲᠤᠯᠢ᠎ᠶᠢᠨ ᠡᠵᠡᠨ᠎ᠨᠢ ᠤᠷᠳᠤ ᠨᠠᠰᠤᠯᠠᠵᠤ ᠤᠳᠠᠭᠠᠨ ᠵᠢᠷᠭᠠᠬᠤ᠎ᠶᠢ ᠢᠷᠦᠭᠡᠨ ᠵᠦᠩᠨᠡᠭᠰᠡᠨ ᠪᠠᠢᠨ᠎ᠠ︾ ᠭᠡᠵᠦ ᠥᠪᠥᠷ ᠮᠣᠩᠭᠣᠯ᠎ᠤᠨ ᠮᠦᠽᠧᠶ᠎ᠶᠢᠨ ᠬᠦᠷᠢᠶᠡᠯᠡᠩ᠎ᠤᠨ ᠯᠢᠶᠣᠤ ᠤᠯᠤᠰ᠎ᠤᠨ ᠬᠢᠳᠠᠨ᠎ᠤ ᠦᠵᠡᠭᠦᠯᠭᠡ᠎ᠶᠢᠨ ᠲᠢᠩᠬᠢᠮ᠎ᠤᠨ ᠦᠵᠡᠬᠦᠯᠭᠡ ᠤᠬᠠᠭᠠᠯᠠᠬᠴᠢ ᠵᠧᠩ ᠴᠧᠩ ᠶᠠᠨ ᠰᠤᠷᠪᠤᠯᠵᠢᠯᠠᠭᠴᠢ᠎ᠳ᠋ᠤ ᠶᠠᠷᠢᠨ᠎ᠠ᠃
ᠤᠷᠠᠨ ᠨᠠᠷᠢᠯᠢᠭ ᠦᠰᠦᠭ ᠪᠢᠴᠢᠭ ᠦᠨᠳᠦᠰᠦᠳᠡᠨ᠎ᠤ ᠰᠣᠶᠣᠯ᠎ᠤᠨ ᠠᠭᠤᠰᠤᠯᠴᠠᠯ
ᠰᠦᠩ ᠯᠢᠶᠣᠤ ᠠᠯᠳᠠᠨ ᠤᠯᠤᠰ᠎ᠤᠨ ᠦᠶ᠎ᠡ ᠪᠣᠯ ᠳᠤᠮᠳᠠᠳᠤ᠎ᠶᠢᠨ ᠦᠨᠳᠦᠰᠦᠲᠡᠨ᠎ᠤ ᠶᠡᠬᠡ ᠠᠭᠤᠰᠤᠯᠴᠠᠯ᠎ᠤᠨ ᠴᠢᠬᠤᠯᠠ ᠲᠡᠦᠬᠡᠨ ᠴᠠᠭ ᠦᠶ᠎ᠡ ᠪᠠᠶᠢᠵᠤ᠂ ᠦᠨᠳᠦᠰᠦᠲᠡᠨ᠎ᠨᠦᠭᠦᠳ᠎ᠤᠨ ᠬᠠᠷᠢᠯᠴᠠᠭ᠎ᠠ ᠶᠠᠪᠤᠯᠴᠠᠭ᠎ᠠ ᠣᠯᠠᠰᠢᠷᠠᠵᠤ᠂ ᠳᠤᠮᠳᠠᠳᠤ ᠣᠷᠣᠨ᠎ᠤ ᠰᠣᠶᠣᠯ ᠴᠥᠭᠡᠨ ᠲᠣᠭᠠᠲᠤ ᠦᠨᠳᠦᠰᠦᠲᠡᠨ᠎ᠤ ᠰᠣᠶᠣᠯ᠎ᠤᠨ ᠨᠥᠯᠥᠭᠡ᠎ᠶᠢ ᠬᠦᠷᠲᠡᠭᠰᠡᠨ᠎ᠢᠶᠠᠷ ᠪᠠᠷᠠᠬᠤ ᠦᠭᠡᠢ᠂ ᠴᠥᠭᠡᠨ ᠲᠣᠭᠠᠲᠤ ᠦᠨᠳᠦᠰᠦᠲᠡᠨ᠎ᠤ ᠰᠣᠶᠣᠯ ᠴᠤ ᠳᠤᠮᠳᠠᠳᠤ ᠣᠷᠣᠨ᠎ᠤ ᠰᠣᠶᠣᠯ᠎ᠤᠨ ᠭᠦᠨ ᠵᠤᠵᠠᠭᠠᠨ ᠥᠩᠭᠡ ᠪᠤᠳᠤᠭ᠎ᠲᠠᠢ ᠪᠣᠯᠤᠭᠰᠠᠨ ᠪᠠᠶᠢᠨ᠎ᠠ᠃
ᠬᠢᠳᠠᠨ ᠦᠨᠳᠦᠰᠦᠲᠡᠨ ᠬᠢᠲᠠᠳ ᠦᠨᠳᠦᠰᠦᠲᠡᠨ᠎ᠢᠶᠠᠷ ᠭᠣᠣᠯ ᠴᠣᠭᠴᠠ ᠪᠣᠯᠭᠠᠭᠰᠠᠨ ᠳᠤᠮᠳᠠᠳᠤ ᠣᠷᠣᠨ᠎ᠤ ᠲᠡᠷᠢᠭᠦᠨ᠎ᠤ ᠰᠣᠶᠣᠯ᠎ᠲᠠᠢ ᠥᠷᠭᠡᠨ᠎ᠢᠶᠠᠷ ᠬᠠᠷᠢᠯᠴᠠᠵᠤ ᠰᠢᠩᠭᠡᠭᠡᠨ ᠠᠪᠤᠭᠰᠠᠨ ᠪᠠᠶᠢᠨ᠎ᠠ᠂ ᠢᠯᠠᠩᠭᠤᠶ᠎ᠠ ᠴᠠᠨᠶᠤᠸᠠᠨ᠎ᠤ ᠬᠣᠯᠪᠣᠭ᠎ᠠ ᠪᠠᠶᠢᠭᠤᠯᠤᠭᠳᠠᠭᠰᠠᠨᠤ ᠳᠠᠷᠠᠭ᠎ᠠ᠂ ᠯᠢᠶᠣᠤ ᠰᠦᠩ ᠤᠯᠤᠰ ᠵᠠᠭᠤᠨ ᠵᠢᠯ ᠳᠠᠢᠨ ᠪᠠᠶᠢᠯᠳᠤᠭᠠᠨ ᠦᠭᠡᠢ ᠨᠠᠢᠷᠠᠮᠳᠠᠵᠦ᠂ ᠬᠢᠳᠠᠨ ᠦᠨᠳᠦᠰᠦᠲᠡᠨ ᠪᠣᠯᠤᠨ ᠳᠤᠮᠳᠠᠳᠤ ᠣᠷᠣᠨ᠎ᠤ ᠬᠢᠲᠠᠳ ᠦᠨᠳᠦᠰᠦᠲᠡᠨ᠎ᠤ ᠶᠠᠪᠤᠯᠴᠠᠭ᠎ᠠ ᠤᠯᠠᠮ ᠣᠯᠠᠰᠢᠷᠠᠵᠤ᠂ ᠬᠦᠭᠵᠢᠯᠳᠡ᠎ᠶᠢᠨ ᠤᠷᠭᠢᠯ᠎ᠤᠨ ᠴᠠᠭ ᠦᠶ᠎ᠡ᠎ᠳ᠋ᠤ ᠬᠦᠷᠦᠭᠰᠡᠨ ᠪᠠᠶᠢᠨ᠎ᠠ᠃
ᠬᠢᠳᠠᠨ ᠦᠰᠦᠭᠳᠦ ᠭᠠᠤᠯᠢᠨ ᠲᠣᠯᠢ ᠪᠣᠯ ᠣᠯᠠᠨ ᠡᠰᠢᠲᠦ ᠰᠣᠶᠣᠯ᠎ᠤᠨ ᠠᠭᠤᠰᠤᠯᠴᠠᠯ᠎ᠤᠨ ᠴᠢᠬᠤᠯᠠ ᠭᠡᠷᠡᠴᠢ ᠮᠥᠨ᠃ ︽ ᠬᠢᠳᠠᠨ᠎ᠤ ᠨᠡᠶᠢᠭᠡᠮ᠎ᠤᠨ ᠰᠣᠶᠣᠯ᠎ᠤᠨ ᠠᠭᠤᠰᠤᠯᠴᠠᠯ ᠨᠢᠭᠡᠨᠲᠡ ᠡᠯ᠎ᠡ ᠥᠨᠴᠥᠭ ᠪᠤᠯᠤᠩ᠎ᠳ᠋ᠤ ᠨᠡᠪᠴᠢᠵᠤ᠂ ᠬᠣᠶᠢᠯᠭᠠᠶᠢᠨ ᠡᠳ᠋᠎ᠤᠨ ᠳᠣᠲᠣᠷ᠎ᠠ ᠴᠤ ᠢᠯᠡᠷᠡᠵᠦ ᠪᠠᠶᠢᠨ᠎ᠠ︾ ᠂ ︽ ᠡᠭᠦᠨ᠎ᠡᠴᠠ ᠭᠠᠳᠠᠨ᠎ᠠ᠂ ᠬᠢᠳᠠᠨ ᠦᠰᠦᠭᠳᠦ ᠭᠠᠤᠯᠢᠨ ᠲᠤᠯᠢ ᠳᠡᠭᠡᠷ᠎ᠡ ᠴᠢᠳᠬᠤᠨ ᠰᠡᠶᠢᠯᠦᠭᠰᠡᠨ ᠬᠢᠳᠠᠨ᠎ᠤ ᠪᠠᠭ᠎ᠠ ᠦᠰᠦᠭ᠎ᠢ ᠵᠣᠬᠢᠶᠠᠬᠤ᠎ᠳᠠᠭᠠᠨ ᠬᠢᠲᠠᠳ ᠦᠰᠦᠭ᠎ᠢᠶᠠᠷ ᠯᠠᠪᠯᠠᠯᠲᠠ ᠪᠣᠯᠭᠠᠵᠠᠢ︾ ᠭᠡᠵᠤ ᠵᠧᠩ ᠴᠧᠩ ᠶᠠᠨ ᠲᠠᠨᠢᠯᠴᠠᠭᠤᠯᠤᠨ᠎ᠠ᠃
ᠶᠢᠷᠲᠢᠨᠴᠦ᠎ᠡᠴᠠ ᠥᠨᠢᠳᠡ ᠠᠩᠭᠢᠵᠢᠷᠠᠯ᠎ᠠ ᠴᠤ ᠭᠡᠰᠡᠨ ᠬᠢᠳᠠᠨ ᠬᠥᠮᠦᠨ ᠪᠠᠰᠠ ᠳᠤᠮᠳᠠᠳᠤ ᠣᠷᠣᠨ᠎ᠤ ᠬᠦᠮᠦᠰ᠎ᠤᠨ ᠡᠪᠦᠭᠡ ᠳᠡᠭᠡᠳᠦᠰ᠎ᠲᠠᠢ ᠠᠳᠠᠯᠢ ᠭᠠᠤᠯᠢᠨ ᠲᠤᠯᠢ᠎ᠶᠢ ᠭᠠᠵᠠᠷ ᠳᠣᠣᠷ᠎ᠠ ᠠᠪᠴᠤ ᠣᠷᠣᠭᠠᠳ᠂ ᠮᠠᠭᠤ ᠢᠷᠸ᠎ᠠ᠎ᠶᠢ ᠠᠷᠢᠯᠭᠠᠨ᠂ ᠠᠳᠠ ᠴᠢᠳᠬᠥᠷᠢ ᠦᠯᠳᠡᠵᠤ᠂ ᠠᠷᠢᠭᠤᠨ ᠴᠡᠪᠡᠷ ᠠᠮᠤᠷ ᠠᠮᠤᠭᠤᠯᠠᠩ ᠥᠭᠡᠷ᠎ᠡ ᠨᠢᠭᠡᠨ ᠶᠢᠷᠲᠢᠨᠴᠦ᠎ᠶᠢ ᠡᠭᠦᠳᠦᠨ ᠪᠠᠶᠢᠭᠤᠯᠬᠤ᠎ᠶᠢ ᠬᠦᠰᠡᠮᠵᠢᠯᠡᠵᠡᠢ᠃
ᠯᠢᠶᠣᠤ ᠤᠯᠤᠰ᠎ᠤᠨ ᠦᠶ᠎ᠡ᠎ᠶᠢᠨ ᠬᠢᠳᠠᠨ ᠦᠨᠳᠦᠰᠦᠲᠡᠨ ᠤᠤᠯ᠎ᠳᠠᠭᠠᠨ ᠦᠰᠦᠭ ᠪᠢᠴᠢᠭ ᠦᠭᠡᠶ ᠪᠠᠢᠪᠠ᠂ ᠲᠡᠦᠬᠡᠨ ᠮᠠᠲ᠋ᠧᠷᠢᠶᠠᠯ᠎ᠢ ᠦᠨᠳᠦᠰᠦᠯᠡᠪᠡᠯ᠂ ᠯᠢᠶᠣᠤ ᠤᠯᠤᠰ᠎ᠤᠨ ᠲᠠᠶᠢᠽᠦ ᠶᠸᠯᠢᠤᠢ ᠠᠪᠤᠤᠵᠢ ᠬᠢᠳᠠᠨ ᠤᠯᠤᠰ᠎ᠢ ᠪᠠᠶᠢᠭᠤᠯᠤᠭᠰᠠᠨᠤ ᠳᠠᠷᠠᠭ᠎ᠠ ᠤᠯᠤᠰ ᠲᠥᠷᠥ᠂ ᠠᠵᠤ ᠠᠬᠤᠶ᠂ ᠴᠡᠷᠢᠭ᠎ᠤᠨ ᠶᠠᠪᠤᠳᠠᠯ᠂ ᠰᠣᠶᠣᠯ ᠪᠠ ᠦᠨᠳᠦᠰᠦᠲᠡᠨ᠎ᠤ ᠬᠠᠶᠢᠷ᠎ᠠ ᠰᠡᠳᠬᠢᠯᠭᠡ ᠵᠡᠷᠭᠡ ᠲᠠᠯ᠎ᠠ᠎ᠶᠢᠨ ᠬᠡᠷᠡᠭᠴᠡᠭᠡ᠎ᠡᠴᠠ ᠪᠣᠯᠵᠤ᠂ ᠬᠢᠳᠠᠨ᠎ᠤ ᠶᠡᠬᠡ ᠦᠰᠦᠭ ᠪᠠ ᠪᠠᠭ᠎ᠠ ᠦᠰᠦᠭ ᠭᠡᠬᠦ ᠬᠣᠶᠠᠷ ᠵᠦᠢᠯ᠎ᠤᠨ ᠦᠰᠦᠭ ᠪᠢᠴᠢᠭ᠎ᠢ ᠤᠷᠢᠳ ᠬᠣᠵᠢᠳ ᠵᠤᠬᠢᠶᠠᠭᠰᠠᠨ ᠪᠠᠶᠢᠨ᠎ᠠ᠃ ᠬᠢᠳᠠᠨ᠎ᠤ ᠶᠡᠬᠡ ᠦᠰᠦᠭ ᠪᠠ ᠪᠠᠭ᠎ᠠ ᠦᠰᠦᠭ᠎ᠨᠢ ᠦᠰᠦᠭ᠎ᠤᠨ ᠶᠡᠬᠡ ᠪᠠᠭ᠎ᠠ᠎ᠡᠴᠠ ᠪᠣᠯᠤᠭᠰᠠᠨ ᠪᠢᠰᠢ᠂ ᠬᠠᠷᠢᠨ ᠵᠣᠬᠢᠶᠠᠭᠰᠠᠨ ᠴᠠᠭ᠎ᠤᠨ ᠤᠷᠢᠳ ᠬᠣᠵᠢᠳ᠎ᠡᠴᠠ ᠪᠣᠯᠤᠭᠰᠠᠨ ᠶᠤᠮ᠂ ᠪᠠᠰᠠ ᠪᠤᠰᠤᠳ ᠭᠠᠯᠢᠭ᠎ᠤᠨ ᠴᠢᠩᠭ᠎ᠠ ᠰᠤᠯᠠ ᠵᠡᠷᠭᠡ ᠮᠥᠨ ᠴᠢᠨᠠᠷ᠎ᠤᠨ ᠢᠯᠭᠠᠭ᠎ᠠ ᠪᠠᠶᠢᠨ᠎ᠠ᠃ ᠬᠢᠳᠠᠨ ᠶᠡᠬᠡ ᠦᠰᠦᠭ ᠯᠢᠶᠣᠤ ᠲᠠᠶᠢᠽᠦ ᠬᠠᠭᠠᠨ᠎ᠤ ᠱᠸᠨ ᠼᠸᠶᠢᠨ ᠲᠠᠪᠤᠳᠤᠭᠠᠷ ᠤᠨᠡᠴᠠ ᠡᠬᠢᠯᠡᠨ ᠵᠣᠬᠢᠶᠠᠭᠳᠠᠵᠠᠶ᠂ ᠲᠤᠬᠠᠶᠢᠯᠠᠪᠠᠯ 920 ᠣᠨ᠎ᠤ ᠴᠠᠭᠠᠨ ᠰᠠᠷ᠎ᠠ᠎ᠶᠢᠨ ᠰᠢᠨ᠎ᠡ᠎ᠶᠢᠨ ᠬᠣᠶᠠᠷ᠎ᠡᠴᠠ ᠡᠭᠢᠯᠡᠨ ᠲᠤᠰ ᠵᠢᠯ᠎ᠤᠨ ᠶᠢᠰᠦᠨ ᠰᠠᠷ᠎ᠠ᠎ᠶᠢᠨ ᠠᠷᠪᠠᠨ ᠲᠦᠷᠪᠡᠨ᠎ᠳ᠋ᠤ ᠵᠤᠭᠢᠶᠠᠵᠤ ᠲᠠᠭᠤᠰᠤᠭᠠᠳ᠂ ᠪᠤᠳᠤᠷᠤᠤᠯ ᠪᠢᠴᠢᠭ ᠪᠠᠭᠤᠯᠭᠠᠨ ᠬᠡᠷᠡᠭᠵᠢᠭᠦᠯᠵᠡᠢ᠃
ᠮᠢᠩᠭᠠᠨ ᠤᠨ᠎ᠤ ᠲᠣᠯᠢᠨ ᠲᠡᠤᠭᠡ ᠮᠠᠨᠳᠤᠯ ᠪᠠᠭᠤᠷᠠᠯ᠎ᠤᠨ ᠶᠡᠭᠡ ᠰᠣᠯᠢᠭᠳᠠᠯ
ᠬᠢᠳᠠᠨ ᠦᠰᠦᠭᠳᠦ ᠭᠠᠤᠯᠢᠨ ᠲᠤᠯᠢ᠎ᠶᠢᠨ ᠦᠵᠡᠭᠦᠯᠭᠡ᠎ᠶᠢᠨ ᠬᠣᠷᠭᠣᠨ ᠡᠮᠦᠨ᠎ᠡ ᠵᠣᠭᠰᠣᠭᠠᠳ ᠲᠡᠦᠬᠡ᠎ᠶᠢ ᠡᠷᠭᠢᠴᠡᠭᠦᠯᠬᠦᠶ᠎ᠡ᠂ ᠪᠢᠳᠡ ᠭᠠᠤᠯᠢᠨ ᠲᠤᠯᠢᠨ᠎ᠡᠴᠠ ᠳᠤᠮᠳᠠᠳᠤ᠎ᠶᠢᠨ ᠪᠣᠯᠪᠠᠰᠤᠨ᠎ᠤ ᠤᠯᠠ ᠮᠥᠷ᠎ᠢ ᠣᠯᠵᠤ ᠬᠠᠷᠠᠬᠤ ᠮᠡᠲᠦ᠃
ᠬᠠᠨ ᠤᠯᠤᠰ᠎ᠤᠨ ᠦᠶ᠎ᠡ ᠪᠣᠯ ᠭᠠᠤᠯᠢᠨ ᠲᠣᠯᠢ᠎ᠶᠢᠨ ᠬᠥᠭᠵᠢᠯᠲᠡ᠎ᠶᠢᠨ ᠣᠷᠭᠢᠯ ᠦᠶ᠎ᠡ ᠪᠠᠶᠢᠵᠤ᠂ ᠬᠢᠲᠠᠳ ᠲᠣᠯᠢ᠎ᠶᠢᠨ ᠣᠯᠠᠩᠬᠢᠶᠢᠨᠢ ᠨᠠᠷᠢᠯᠢᠭ ᠦᠢᠯᠡᠳᠴᠦ᠂ ᠰᠤᠪᠤᠳ ᠡᠷᠳᠡᠨᠢ ᠰᠢᠭᠢᠳᠬᠡᠳᠡᠭ ᠪᠥᠭᠡᠳ ᠣᠯᠠᠩᠬᠢ᠎ᠨᠢ ᠥᠪᠡᠷ᠎ᠢ᠎ᠪᠠᠨ ᠰᠡᠷᠡᠮᠵᠢᠯᠡᠭᠦᠯᠵᠦ ᠵᠣᠷᠢᠭᠵᠢᠭᠤᠯᠬᠤ ᠪᠢᠴᠢᠭᠡᠰᠦ᠎ᠲᠠᠢ ᠪᠠᠶᠢᠳᠠᠭ᠋᠃ ᠭᠠᠵᠠᠷ ᠲᠤᠤᠷ᠎ᠠ ᠬᠡᠳᠦᠨ ᠮᠢᠩᠭᠠᠨ ᠵᠢᠯ ᠪᠤᠯᠠᠭᠳᠠᠭᠰᠠᠨ ᠬᠢᠲᠠᠳ ᠲᠣᠯᠢ᠎ᠶᠢ ᠥᠨᠥᠳᠦᠷ ᠬᠡᠷᠡᠭᠯᠡᠬᠦ᠎ᠳ᠋ᠤ ᠮᠥᠨ ᠠᠰᠠᠭᠤᠳᠠᠯ ᠦᠭᠡᠢ᠃ ᠲᠣᠯᠢᠨ ᠳᠡᠭᠡᠷᠡᠬᠢ ᠬᠡ ᠤᠭᠠᠯᠵᠠ ᠭᠣᠶᠣᠮᠰᠣᠭ ᠰᠠᠶᠢᠬᠠᠨ᠂ ᠵᠢᠭᠳᠡ ᠴᠡᠪᠡᠷ᠂ ᠪᠢᠴᠢᠭᠡᠰᠦ ᠵᠢᠷᠤᠭ ᠲᠣᠳᠣᠷᠬᠠᠢ ᠪᠠᠢᠳᠠᠭ᠋᠃
ᠲᠠᠩ ᠤᠯᠤᠰ᠎ᠤᠨ ᠦᠶ᠎ᠡ ᠪᠣᠯᠬᠤ᠎ᠳ᠋ᠤ ᠭᠡᠷᠡᠯ ᠨᠡᠪᠲᠡᠷᠡᠬᠦ ᠲᠤᠯᠢ᠎ᠲᠠᠢ ᠪᠣᠯᠵᠤ᠂ ᠳᠤᠯᠢᠨᠤ ᠠᠷᠤ ᠲᠠᠯ᠎ᠠ᠎ᠶᠢᠨ ᠦᠰᠦᠭ ᠪᠢᠴᠢᠭ᠎ᠨᠢ ᠨᠠᠷᠠ᠎ᠶᠢ ᠤᠭᠲᠤᠨ ᠲᠣᠳᠣ ᠬᠠᠷᠠᠭᠳᠠᠬᠤ ᠪᠣᠯᠵᠠᠶ᠃ ᠳᠠᠩ ᠤᠯᠤᠰ᠎ᠤᠨ ᠬᠥᠮᠦᠨ᠎ᠤ ᠡᠯᠪᠡᠭ ᠲᠠᠯᠪᠢᠭᠤᠨ ᠲᠦᠷᠢ᠎ᠨᠢ ᠭᠠᠤᠯᠢᠨ ᠲᠣᠯᠢᠨ᠎ᠳ᠋ᠤ ᠠᠳᠠᠯᠢ ᠪᠤᠰᠤ ᠠᠭᠤᠯᠤᠭᠳᠠᠬᠤᠨ᠎ᠢ ᠣᠯᠭᠣᠵᠠᠶ᠃ ︽ ᠭᠠᠤᠯᠢ᠎ᠪᠠᠷ ᠲᠤᠯᠢ ᠪᠣᠯᠭᠠᠪᠠᠰᠤ ᠲᠡᠪᠡᠯ ᠮᠠᠯᠠᠭᠠᠢ᠎ᠪᠠᠨ ᠲᠡᠭᠰᠢᠯᠡᠵᠦ ᠪᠣᠯᠤᠮᠤᠢ︔ ᠡᠷᠲᠡᠨ᠎ᠤ᠎ᠬᠢ᠎ᠪᠠᠷ ᠲᠣᠯᠢ ᠪᠣᠯᠭᠠᠪᠠᠯ᠂ ᠬᠥᠭᠵᠢᠯᠲᠡ ᠪᠠᠭᠤᠷᠠᠯᠢ ᠤᠬᠠᠵᠤ ᠪᠤᠯᠤᠮᠤᠢ ︔ ᠬᠦᠮᠦᠨ᠎ᠢᠶᠠᠷ ᠲᠤᠯᠢ ᠪᠤᠯᠭᠠᠪᠠᠰᠤ᠂ ᠤᠯᠵᠤ ᠠᠯᠳᠠᠬᠤ᠎ᠶᠢ ᠮᠡᠳᠡᠷᠡᠵᠤ ᠪᠤᠯᠤᠮᠤᠢ︾ ᠭᠡᠰᠡᠨ ᠲᠠᠩ ᠲᠠᠢᠽᠦᠢᠩ ᠯᠢ ᠱᠢ ᠮᠢᠨ ᠪᠤᠯᠤᠨ ᠰᠠᠢᠳ ᠸᠸᠢ ᠵᠸᠩᠯᠦᠭᠡᠶᠢᠨ ︽ ᠲᠤᠯᠢᠨᠤ ᠲᠤᠬᠠᠢ ᠠᠯᠳᠠᠷᠳᠤ ᠪᠠᠳᠠᠭ᠋︾᠎ᠨᠢ ᠮᠢᠩᠭᠠᠨ ᠦᠶ᠎ᠡ᠎ᠳ᠋ᠤ ᠠᠯᠳᠠᠷᠰᠢᠭᠰᠠᠨ ᠰᠤᠩᠭᠤᠳᠠᠭ ᠦᠭᠡ ᠪᠤᠯᠤᠭᠰᠠᠨ ᠠᠵᠢ᠃
ᠦᠨᠦᠳᠦᠷ᠂ ᠪᠢᠳᠡ ᠦᠪᠦᠷ ᠮᠤᠩᠭᠤᠯ᠎ᠤᠨ ᠮᠦᠽᠸᠢ᠎ᠶᠢᠨ ᠬᠦᠷᠢᠶᠡᠯᠡᠩ᠎ᠳ᠋ᠤ ᠰᠤᠨᠢᠷᠬᠠᠭᠰᠠᠨ ᠭᠢᠳᠡᠨᠤ ᠭᠠᠤᠯᠢᠨ ᠲᠤᠯᠢ ᠪᠤᠯ ᠦᠦᠭᠡ ᠲᠡᠦᠭᠡ᠎ᠡᠴᠠ ᠮᠠᠨ᠎ᠳ᠋ᠤ ᠦᠯᠡᠳᠡᠭᠡᠭᠰᠡᠨ ᠬᠡᠷᠡᠴᠢ ᠮᠦᠨ᠃ ᠲᠡᠦᠭᠡ᠎ᠶᠢᠨ ᠲᠤᠷᠠᠰᠬᠠᠯᠳᠤ ᠵᠦᠢᠯᠡᠰ᠎ᠡᠴᠠ ᠪᠢᠳᠡ ᠲᠠᠰᠤᠷᠠᠯᠳᠠ ᠦᠭᠡᠢ ᠲᠡᠦᠭᠡ᠎ᠶᠢᠨ ᠦᠨᠳᠦᠰᠦ ᠰᠤᠷᠪᠤᠯᠵᠢ᠎ᠶᠢ ᠬᠠᠢᠵᠤ᠂ ᠰᠤᠶᠤᠯ᠎ᠤᠨ ᠢᠳᠡᠭᠡᠯ᠎ᠢᠶᠡᠨ ᠴᠤᠭᠴᠠᠯᠠᠵᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠤᠶᠠᠨ᠍ᠦ᠌ᠨᠳᠦᠰᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃