ᠲᠡᠷᠢᠭᠦᠨ ᠨᠢᠭᠤᠷ>ᠭᠡᠷ ᠤᠷᠤᠨ>ᠸᠢᠳᠢᠣ᠋

2021-04-06 10:32:18

ᠵᠣᠬᠢᠶᠠᠭ᠍ᠴᠢ᠄ ᠪᠤᠶᠠᠨ᠎ᠠ ᠭᠠᠪᠢᠷ᠎ᠠ ᠣᠩᠱᠢᠭ᠍ᠰᠠᠨ ᠣᠳᠠᠭ᠎ᠠ᠄ 3

ᠤᠶᠢᠷ᠎ᠠ᠎ᠳ᠋ᠤ᠂ ᠬᠠᠭᠤᠴᠢᠨ ᠪᠠᠷᠭᠤ ᠬᠤᠰᠢᠭᠤᠨ᠎ᠤ ᠦᠨᠳᠦᠰᠦᠳᠡᠨ᠎ᠤ ᠬᠡᠷᠡᠭ ᠡᠷᠬᠢᠯᠡᠬᠦ ᠵᠦᠪᠯᠡᠯ᠎ᠡᠴᠠ ᠪᠦᠬᠦ ᠬᠤᠰᠢᠭᠤᠨ᠎ᠤ ᠵᠢᠷᠭᠤᠭᠠᠨ ᠭᠠᠴᠠᠭᠠᠨ᠎ᠳ᠋ᠤ ᠨᠢᠭᠡ ᠭᠠᠷᠠᠭ᠎ᠤᠨ ᠬᠤᠭᠤᠴᠠᠭ᠎ᠠ᠎ᠲᠠᠢ ︽ ᠲᠤᠮᠳᠠᠳᠣ᠎ᠶᠢᠨ ᠦᠨᠳᠣᠰᠦᠳᠡᠨ᠎ᠤ ᠬᠠᠮᠳᠦ ᠴᠣᠭᠴᠠ᠎ᠶᠢᠨ ᠣᠬᠠᠮᠰᠠᠷ᠎ᠢ ᠪᠠᠳᠣ ᠴᠣᠭᠴᠠᠯᠠᠬᠤ︾ ᠲᠤᠰᠬᠠᠢ ᠰᠡᠳᠣᠪᠳᠦ ᠣᠬᠠᠭᠤᠯᠣᠨ ᠲᠠᠶᠢᠯᠪᠤᠷᠢᠯᠠᠬᠤ ᠬᠦᠳᠡᠯᠭᠡᠭᠡᠨ ᠵᠢᠴᠢ ᠮᠠᠯᠴᠢᠳ᠎ᠤᠨ ᠲᠠᠭᠤᠨ᠎ᠤ ᠤᠷᠤᠯᠳᠤᠭᠠᠨ ᠪᠤᠯᠤᠨ ᠮᠡᠳᠡᠯᠭᠡ᠎ᠶᠢᠨ ᠣᠷᠣᠯᠳᠣᠭᠠᠨ᠎ᠢ ᠠᠮᠵᠢᠯᠲᠠᠲᠠᠢ ᠶᠠᠪᠤᠭᠳᠠᠭᠤᠯᠤᠭᠰᠠᠨ ᠪᠠᠶᠢᠨ᠎ᠠ᠃



ᠦᠨᠳᠦᠰᠦᠳᠡᠨ᠎ᠤ ᠪᠦᠯᠬᠦᠮᠳᠡᠯ ᠲᠠᠪᠰᠢᠯᠳᠠ᠎ᠶᠢᠨ ᠦᠵᠡᠯ ᠣᠬᠠᠮᠰᠠᠷ᠎ᠢ ᠣᠯᠠᠮ ᠨᠢᠭᠡ ᠠᠯᠬᠤᠮ ᠬᠦᠨᠵᠡᠬᠡᠶᠢᠷᠡᠭᠦᠯᠬᠦ ᠵᠣᠷᠢᠯᠭ᠎ᠠ᠎ᠡᠴᠠ ᠵᠤᠬᠢᠶᠠᠨ ᠪᠠᠶᠢᠭᠤᠯᠤᠭᠳᠠᠵᠤ ᠪᠠᠶᠢᠭ᠎ᠠ ᠲᠤᠰ ᠣᠳᠠᠭᠠᠨ᠎ᠤ ᠠᠵᠢᠯᠯᠠᠭ᠎ᠠ᠎ᠨᠢ ᠬᠦᠬᠡᠨᠠᠭᠤᠷ ᠪᠠᠯᠭᠠᠰᠤᠨ᠎ᠤ ᠦᠪᠦᠷᠨᠠᠭᠤᠷ ᠭᠠᠴᠠᠭ᠎ᠠ᠂ ᠪᠠᠶᠠᠨᠬᠠᠳᠠ ᠰᠤᠮᠤᠨ᠎ᠤ ᠤᠯᠠᠭᠠᠨᠴᠢᠯᠠᠭᠤ ᠭᠠᠴᠠᠭ᠎ᠠ ᠪᠤᠯᠤᠨ ᠡᠸᠡᠩᠬᠢ ᠦᠨᠳᠣᠰᠦᠳᠡᠨ᠎ᠤ ᠰᠣᠮᠣ᠎ᠶᠢᠨ ᠬᠠᠵᠢ ᠭᠠᠴᠠᠭ᠎ᠠ ᠵᠡᠷᠭᠡ ᠵᠢᠷᠭᠤᠭᠠᠨ ᠭᠠᠴᠠᠭᠠᠨ᠎ᠤ ᠮᠠᠯᠴᠢᠳ᠎ᠤᠨ ᠬᠠᠯᠠᠭᠤᠨ ᠬᠦᠷᠢᠶᠡᠯᠡᠯ᠎ᠢ ᠣᠯᠵᠣ᠂ ᠲᠠᠶᠢᠯᠤᠮᠵᠢ ᠰᠣᠨᠣᠰᠴᠣ᠂ ᠲᠠᠭᠤᠨ᠎ᠤ ᠤᠷᠤᠯᠳᠣᠭᠠᠨ᠎ᠳ᠋ᠤ ᠣᠷᠣᠯᠴᠠᠬᠤ᠎ᠪᠠᠷ ᠬᠤᠷᠠᠨ ᠴᠣᠭᠯᠠᠷᠠᠭᠰᠠᠨ ᠪᠠᠶᠢᠨ᠎ᠠ᠃



ᠲᠤᠰ ᠣᠳᠠᠭᠠᠨ᠎ᠤ ᠬᠦᠳᠡᠯᠭᠡᠭᠡᠨ᠎ᠳ᠋ᠤ ᠦᠷᠭᠡᠨ ᠣᠯᠠᠨ ᠮᠠᠯᠴᠢᠳ᠎ᠤᠨ ᠦᠨᠳᠦᠰᠦᠳᠡᠨ᠎ᠤ ᠪᠦᠯᠬᠦᠮᠳᠡᠯ᠎ᠤᠨ ᠴᠢᠬᠤᠯᠠ ᠴᠢᠨᠠᠷ᠎ᠤᠨ ᠲᠤᠬᠠᠢ ᠲᠠᠨᠢᠯᠳᠠ᠎ᠶᠢ ᠣᠯᠠᠮ ᠴᠢᠨᠠᠭᠰᠢᠳᠠ ᠬᠦᠨᠵᠡᠭᠡᠶᠢᠷᠡᠬᠦᠯᠬᠦ᠎ᠶᠢᠨ ᠲᠦᠯᠦᠭᠡ᠂ ᠬᠤᠰᠢᠭᠤᠨ᠎ᠤ ᠨᠠᠮ᠎ᠤᠨ ᠰᠣᠷᠭᠠᠭᠤᠯᠢ᠎ᠶᠢᠨ ᠪᠠᠭᠰᠢ᠎ᠶᠢ ᠣᠷᠢᠨ ᠵᠠᠯᠠᠵᠤ᠂ ︽ ᠲᠤᠮᠳᠠᠳᠣ᠎ᠶᠢᠨ ᠦᠨᠳᠣᠰᠦᠳᠡᠨ᠎ᠤ ᠬᠠᠮᠳᠦ ᠴᠣᠭᠴᠠ᠎ᠶᠢᠨ ᠣᠬᠠᠮᠰᠠᠷ᠎ᠢ ᠬᠡᠷᠬᠢᠨ ᠪᠤᠢ ᠪᠤᠯᠭᠠᠬᠤ ᠪᠤᠢ︾ ᠬᠡᠬᠦ ᠰᠡᠳᠦᠪ᠎ᠢᠶᠠᠷ ᠣᠬᠠᠭᠤᠯᠤᠨ ᠲᠠᠶᠢᠯᠪᠤᠷᠢᠯᠠᠯᠳᠠ ᠬᠢᠯᠭᠡᠭᠰᠡᠨ ᠪᠠᠶᠢᠨ᠎ᠠ᠃



ᠤᠬᠠᠭᠤᠯᠤᠨ ᠲᠠᠶᠢᠯᠪᠤᠷᠢᠯᠠᠯᠳᠠ᠎ᠶᠢᠨ ᠲᠠᠷᠠᠭ᠎ᠠ᠂ ᠤᠷᠤᠯᠳᠤᠭᠠᠨ ᠬᠦᠷ ᠬᠦᠭᠵᠢᠶᠡᠨ᠎ᠲᠠᠢ ᠡᠬᠢᠯᠡᠵᠦ᠂ ᠲᠠᠭᠤᠨ᠎ᠤ ᠤᠷᠤᠯᠳᠤᠭᠠᠨ᠎ᠳ᠋ᠤ ︽ ᠪᠠᠷᠭᠤ᠎ᠶᠢᠨ ᠵᠤᠰᠠᠯᠠᠩ ᠮᠡᠷᠭᠡᠯ︾ ᠂ ︽ ᠦᠨᠦᠴᠢᠨ ᠪᠦᠬᠦᠨ᠎ᠢ ᠲᠡᠮᠵᠢᠶ᠎ᠡ︾᠂ ︽ ᠪᠠᠷᠤᠶᠢᠭᠠᠳ ᠨᠡᠭᠦᠭᠰᠡᠨ ᠵᠤᠨ︾ ᠵᠡᠷᠭᠡ ᠭᠤᠴᠤ ᠰᠠᠶᠢᠬᠠᠨ ᠲᠠᠭᠤᠤ᠎ᠪᠠᠷ ᠦᠪᠡᠷ ᠦᠪᠡᠷ᠎ᠤᠨ ᠠᠪᠢᠶᠠᠰ᠎ᠢᠶᠡᠨ ᠮᠦᠷᠦᠶᠢᠴᠡᠭᠰᠡᠨ ᠪᠠᠶᠢᠨ᠎ᠠ᠃

ᠮᠡᠳᠡᠯᠭᠡ᠎ᠶᠢᠨ ᠣᠷᠣᠯᠳᠣᠭᠠᠨ᠎ᠳ᠋ᠤ᠂ ᠦᠨᠳᠦᠰᠦᠳᠡᠨ᠎ᠤ ᠪᠦᠯᠬᠦᠮᠳᠡᠯ ᠲᠠᠪᠰᠢᠯᠲᠠ᠂ ᠮᠤᠩᠭᠤᠯ ᠨᠡᠭᠦᠳᠡᠯ ᠰᠣᠶᠣᠯ᠂ ᠵᠦᠢᠷ ᠰᠡᠴᠡᠨ ᠦᠭᠡ ᠵᠡᠷᠭᠡ ᠡᠯᠪᠡᠭ ᠪᠠᠶᠠᠯᠢᠭ ᠬᠦᠷᠢᠶ᠎ᠡ ᠴᠠᠷ᠎ᠠ᠎ᠡᠴᠠ ᠰᠡᠳᠦᠪ ᠭᠠᠷᠭᠠᠨ᠂ ᠮᠠᠯᠴᠢᠳ᠎ᠤᠨ ᠣᠶᠣᠨ᠎ᠢ ᠬᠤᠷᠴᠠᠯᠠᠵᠤ᠂ ᠮᠡᠳᠡᠯᠭᠡ᠎ᠶᠢᠨ ᠬᠦᠷᠢᠶ᠎ᠡ ᠬᠡᠪᠴᠢᠶ᠎ᠡ᠎ᠶᠢ ᠳᠡᠯᠡᠭᠰᠡᠨ ᠪᠠᠶᠢᠨ᠎ᠠ᠃


2bf464b5c882d9178a9a6bf2a5ba502.jpg


ᠦᠰᠪᠤᠷᠢ᠎ᠶᠢᠨ ᠨᠠᠰᠣᠨ᠎ᠤ ᠵᠠᠯᠠᠭᠤᠴᠤᠳ ᠪᠠᠭᠠᠴᠣᠳ᠎ᠲᠤ᠎ᠪᠠᠨ ᠲᠤᠮᠳᠠᠳᠣ᠎ᠶᠢᠨ ᠦᠨᠳᠦᠰᠦᠳᠡᠨ᠎ᠤ ᠬᠠᠮᠳᠦ ᠴᠣᠭᠴᠠ᠎ᠶᠢᠨ ᠲᠠᠨᠢᠯᠳᠠ᠎ᠶᠢ ᠤᠯᠠᠮ ᠨᠢᠭᠡ ᠠᠯᠬᠤᠮ ᠪᠠᠳᠣᠵᠢᠭᠤᠯᠬᠤ᠎ᠶᠢᠨ ᠲᠦᠯᠦᠭᠡ᠂ ᠬᠠᠭᠤᠴᠢᠨ ᠪᠠᠷᠭᠤ ᠬᠤᠰᠢᠭᠤᠨ᠎ᠤ ᠦᠨᠳᠦᠰᠦᠳᠡᠨ᠎ᠤ ᠬᠡᠷᠡᠭ ᠡᠷᠬᠢᠯᠡᠬᠦ ᠵᠦᠪᠯᠡᠯ᠎ᠡᠴᠠ ᠭᠤᠤᠯᠯᠠᠨ ᠡᠷᠬᠢᠯᠡᠵᠤ᠂ ᠬᠠᠭᠤᠴᠢᠨ ᠪᠠᠷᠭᠤ ᠬᠤᠰᠢᠭᠤᠨ᠎ᠤ ᠡᠮᠡᠭᠲᠡᠶᠢᠴᠦᠳ᠎ᠤᠨ ᠬᠤᠯᠪᠤᠭᠠᠳᠤ ᠬᠤᠷᠠᠯ ᠪᠤᠯᠤᠨ ᠦᠨᠳᠦᠰᠦᠳᠡᠨ᠎ᠤ ᠲᠤᠮᠳᠠᠳᠣ ᠰᠣᠷᠭᠠᠭᠤᠯᠢ᠎ᠡᠴᠠ ᠲᠠᠭᠠᠭᠠᠴᠢᠯᠠᠨ ᠡᠷᠬᠢᠯᠡᠭᠰᠡᠨ ︽ ᠲᠤᠮᠳᠠᠳᠣ᠎ᠶᠢᠨ ᠦᠨᠳᠣᠰᠦᠳᠡᠨ᠎ᠤ ᠬᠠᠮᠳᠦ ᠴᠣᠭᠴᠠ᠎ᠶᠢᠨ ᠣᠬᠠᠮᠰᠠᠷ᠎ᠢ ᠪᠠᠳᠣ ᠴᠣᠭᠴᠠᠯᠠᠬᠤ︾ ᠲᠤᠰᠬᠠᠢ ᠰᠡᠳᠣᠪᠳᠦ ᠣᠬᠠᠭᠤᠯᠣᠨ ᠲᠠᠶᠢᠯᠪᠤᠷᠢᠯᠠᠬᠤ ᠠᠵᠢᠯᠯᠠᠭ᠎ᠠ ᠵᠢᠴᠢ ᠬᠠᠭᠤᠴᠢᠨ ᠪᠠᠷᠭᠤ ᠬᠤᠰᠢᠭᠤᠨ᠎ᠤ ᠦᠨᠳᠦᠰᠦᠳᠡᠨ᠎ᠤ ᠲᠤᠮᠳᠠᠳᠣ ᠰᠣᠷᠭᠠᠭᠤᠯᠢ᠎ᠶᠢᠨ ᠬᠠᠮᠳᠦ᠎ᠶᠢᠨ ᠲᠠᠭᠤᠨ᠎ᠤ ᠤᠷᠤᠯᠳᠤᠭᠠᠨ᠎ᠢ ᠴᠦ ᠠᠮᠵᠢᠯᠲᠠᠲᠠᠢ ᠶᠠᠪᠤᠭᠳᠠᠭᠤᠯᠤᠭᠰᠠᠨ ᠪᠠᠶᠢᠨ᠎ᠠ᠃


caf1d0d90032d034ef4ac7a22a07f40.jpg


ᠤᠷᠤᠯᠳᠦᠭᠠᠨ᠎ᠳ᠋ᠤ ᠠᠩᠬ᠎ᠠ ᠨᠢᠭᠡ ᠪᠤᠯᠤᠨ ᠠᠩᠬ᠎ᠠ ᠬᠤᠶᠠᠳᠣᠭᠠᠷ ᠤᠨ᠎ᠤ 200 ᠭᠠᠷᠤᠢ ᠰᠤᠷᠤᠭᠴᠢ ᠤᠷᠤᠯᠴᠠᠵᠦ᠂ ᠨᠢᠭᠡᠳᠦᠭᠡᠷ ᠰᠢᠭᠰᠢᠭᠡ ᠣᠷᠣᠯᠳᠣᠭᠠᠨ᠎ᠳ᠋ᠤ ᠡᠬᠡ ᠤᠯᠤᠰ᠎ᠢᠶᠡᠨ ᠮᠠᠭᠳᠠᠨ ᠲᠠᠭᠤᠯᠠᠬᠤ᠎ᠪᠠᠷ ᠭᠤᠤᠯ ᠰᠡᠳᠦᠪ᠎ᠢᠶᠡᠨ ᠪᠤᠯᠭᠠᠭᠰᠠᠨ ︽ ᠡᠬᠡ ᠣᠯᠣᠰ᠎ᠢᠶᠡᠨ ᠮᠠᠭᠳᠠᠨ ᠲᠠᠭᠤᠯᠠᠶ᠎ᠠ︾ ᠭᠡᠬᠦ ᠲᠠᠭᠤᠤ᠎ᠪᠠᠷ ᠬᠦᠰᠢᠭᠡ᠎ᠪᠠᠨ ᠢᠷᠠᠵᠤ᠂ ᠬᠤᠶᠠᠳᠣᠭᠠᠷ ᠰᠢᠭᠰᠢᠭᠡ ᠤᠷᠤᠯᠳᠤᠭᠠᠨ᠎ᠳ᠋ᠤ ᠠᠩᠭᠢ ᠨᠢᠭᠡᠴᠢ᠎ᠶᠢᠨ ᠦᠪᠡᠷᠰᠡᠳ᠎ᠤᠨ ᠰᠣᠩᠭᠤᠭᠰᠠᠨ ︽ ᠬᠡᠦᠬᠡᠳ ᠮᠣᠷᠢ ᠬᠤᠶᠠᠷ︾ ᠂ ︽ ᠪᠠᠶᠠᠷᠳᠣ ᠮᠣᠩᠭᠤᠯ ᠣᠷᠣᠨ︾ ᠵᠡᠷᠭᠡ ᠬᠦᠭᠵᠢᠶᠡᠨᠳᠦ ᠲᠠᠭᠤᠤ᠎ᠪᠠᠨ ᠬᠠᠩᠬᠢᠨᠠᠭᠤᠯᠤᠨ᠂ ᠠᠬᠤᠢ ᠲᠠᠯᠠᠪᠠᠢ᠎ᠶᠢᠨ ᠪᠠᠭᠰᠢ ᠰᠣᠷᠣᠭᠴᠢᠳ ᠭᠡᠷ᠎ᠤᠨ ᠠᠬᠠᠮᠠᠳ᠎ᠤᠨ ᠬᠠᠯᠠᠭᠤᠨ ᠬᠦᠷᠢᠶᠡᠯᠡᠯ᠎ᠢ ᠣᠯᠣᠭᠰᠠᠨ ᠪᠠᠶᠢᠨ᠎ᠠ᠃


283128a7fe98af446a850dfaa6687fa.jpg

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面