2026-10-26 09:43:26
— 《ᠲᠠᠯ᠎ᠠ ᠨᠤᠳᠤᠭ ᠤ᠋ᠨ ᠠᠷᠠᠰᠤᠨ ᠡᠳ᠋ᠯᠡᠯ ᠤ᠋ᠨ ᠬᠤᠳᠠ》 ᠵᠢᠨ ᠬᠦᠭᠵᠢᠯᠲᠡ ᠵᠢᠨ ᠠᠨᠢᠰᠦ ᠵᠢ ᠳᠠᠢᠯᠬᠤᠢ
ᠨᠠᠮᠤᠷ ᠤ᠋ᠨ ᠰᠡᠷᠢᠬᠦᠨ ᠤᠷᠤᠵᠦ᠂ ᠨᠠᠪᠴᠢ ᠴᠡᠴᠡᠭ ᠰᠢᠷᠭᠠᠯᠳᠤᠨ᠂ ᠨᠠᠭᠠᠰᠢ ᠴᠠᠭᠠᠰᠢ ᠵᠤᠷᠴᠢᠬᠤ ᠠᠮᠢᠳᠠᠨ ᠭᠤᠤᠯᠳᠠᠨ ᠪᠦᠬᠦᠨ ᠳ᠋ᠦ ᠡᠪᠦᠯ ᠤ᠋ᠨ ᠠᠮᠢᠰᠬᠤᠭ᠎ᠠ ᠵᠢ ᠰᠡᠷᠡᠭᠳᠡᠭᠦᠯᠦᠭᠰᠡᠨ 9 ᠰᠠᠷ᠎ᠠ ᠵᠢᠨ ᠰᠡᠭᠦᠯᠴᠢ ᠪᠡᠷ ᠮᠠᠨ ᠤ᠋ ᠰᠤᠷᠪᠤᠯᠵᠢᠯᠠᠭ᠎ᠠ ᠵᠢᠨ ᠪᠦᠯᠬᠦᠮ ᠤ᠋ᠨ ᠬᠢᠨ ᠲᠤᠮᠳᠠᠳᠤ ᠤᠯᠤᠰ ᠤ᠋ᠨ ᠤᠮᠠᠷᠠᠳᠤ ᠵᠢᠨ ᠬᠠᠮᠤᠭ ᠤ᠋ᠨ ᠲᠤᠮᠤ ᠠᠷᠠᠰᠤ ᠰᠢᠷᠢ ᠵᠢᠨ ᠬᠤᠳᠠ᠂《ᠲᠠᠯ᠎ᠠ ᠨᠤᠳᠤᠭ ᠤ᠋ᠨ ᠠᠷᠠᠰᠤᠨ ᠡᠳ᠋ᠯᠡᠯ ᠤ᠋ᠨ ᠬᠤᠳᠠ》 ᠭᠡᠮᠡᠭᠳᠡᠭᠰᠡᠨ ᠤᠯᠠᠭᠠᠨᠴᠠᠪ ᠬᠤᠳᠠ ᠵᠢᠨ ᠵᠢᠨᠢᠩ ᠲᠤᠭᠤᠷᠢᠭ ᠲᠦ᠍ ᠬᠦᠷᠴᠦ ᠰᠤᠷᠪᠤᠯᠵᠢᠯᠠᠭ᠎ᠠ ᠠᠪᠤᠯ᠎ᠠ᠃
ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠣᠲᠠ ᠳ᠋ᠦ ᠤᠷᠤᠪᠠᠯ ᠠᠭᠤᠳᠠᠮ ᠰᠠᠷᠠᠭᠤᠯᠬᠠᠨ ᠲᠠᠩᠬᠢᠮ ᠳ᠋ᠦ 2000 ᠭᠠᠷᠤᠢ ᠬᠤᠳᠠᠯᠳᠤᠭᠠᠴᠢᠨ ᠡᠷᠦᠬᠡ ᠠᠷᠠᠰᠤᠨ ᠬᠤᠪᠴᠠᠰᠤ᠂ ᠠᠷᠠᠰᠤᠨ ᠡᠳ᠋ᠯᠡᠯ ᠡᠴᠡ ᠭᠠᠳᠠᠨ᠎ᠠ ᠳᠠᠬᠤ᠂ ᠦᠰᠦᠯᠢᠭ ᠳᠠᠬᠤ᠂ ᠪᠤᠭᠴᠤ᠂ ᠱᠠᠬᠠᠢ᠂ ᠨᠤᠤᠯᠤᠭᠤᠷ ᠤ᠋ᠨ ᠦᠢᠯᠡᠳᠬᠦᠨ᠂ ᠠᠷᠠᠰᠤᠨ ᠤᠷᠠᠯᠠᠯ ᠵᠡᠷᠭᠡ 6 ᠲᠦᠷᠦᠯ ᠵᠤᠢᠯ ᠤ᠋ᠨ ᠪᠠᠷᠠᠭ᠎ᠠ ᠬᠤᠳᠠᠯᠳᠤᠵᠦ ᠪᠠᠢᠬᠤ ᠮᠦᠷᠳᠡᠭᠡᠨ ᠢᠳᠡᠭᠡᠨ ᠤᠮᠳᠠᠭᠠᠨ᠂ ᠵᠤᠭ᠎ᠠ ᠰᠡᠯᠡᠬᠦᠴᠡᠯ ᠵᠡᠷᠭᠡ ᠤᠯᠠᠨ ᠲᠦᠷᠦᠯ ᠢ᠋ ᠬᠠᠮᠤᠷᠴᠤ᠂ ᠨᠢᠭᠡ ᠦᠷᠳᠡᠭᠡᠴᠢᠯᠡᠭᠰᠡᠨ ᠠᠷᠠᠰᠤᠨ ᠡᠳ᠋ᠯᠡᠯ ᠬᠤᠳᠠᠯᠳᠤᠭ᠎ᠠ ᠰᠤᠶᠤᠯ ᠵᠢᠭᠤᠯᠴᠢᠯᠠᠯ ᠤ᠋ᠨ ᠶᠡᠷᠦᠩᠬᠡᠢᠯᠡᠭᠰᠡᠨ ᠳᠠᠯᠠᠪᠠᠢ ᠪᠤᠯᠤᠨ ᠬᠦᠭᠵᠢᠵᠤ᠂ ᠪᠦᠬᠦ ᠬᠤᠳᠠ ᠵᠢᠨ ᠠᠷᠠᠰᠤ ᠰᠢᠷᠢ ᠵᠢᠨ ᠠᠵᠤ ᠦᠢᠯᠡᠰ ᠤ᠋ᠨ ᠬᠦᠭᠵᠢᠯᠳᠡ ᠵᠢ ᠲᠠᠢᠴᠢᠯᠠᠨ ᠲᠤᠯᠭᠠᠭᠤᠷᠢᠯᠡᠪᠡ᠃ ᠪᠦᠷᠢᠳᠬᠡᠯ ᠵᠢᠡᠷ᠂ 2025 ᠤᠨ ᠳ᠋ᠤ ᠤᠯᠠᠭᠠᠨᠴᠠᠪ ᠬᠤᠳᠠ ᠠᠷᠠᠰᠤ ᠰᠢᠷᠢ ᠦᠢᠯᠡᠳᠪᠦᠷᠢᠯᠡᠵᠦ ᠡᠳ᠋ᠰᠢᠭᠦᠯᠬᠦ 300 ᠭᠠᠷᠤᠢ ᠠᠵᠤ ᠠᠬᠤᠢᠯᠠᠯ ᠲᠠᠢ ᠪᠤᠯᠵᠤ᠂ 2 ᠲᠦᠮᠡ ᠰᠢᠬᠠᠮ ᠬᠥᠮᠥᠨ ᠠᠷᠠᠰᠤ ᠰᠢᠷᠢ ᠶ᠋ᠢᠨ ᠠᠵᠢᠯ ᠲᠦᠷᠦᠯ ᠡᠷᠬᠢᠯᠡᠨ᠂ ᠵᠢᠯ ᠳ᠋ᠦ 5000 ᠲᠦᠮᠡᠨ ᠬᠡᠰᠡᠭ ᠡᠴᠡ ᠳᠡᠭᠡᠭᠰᠢ ᠠᠷᠠᠰᠤ ᠰᠢᠷᠢ ᠪᠣᠯᠪᠠᠰᠤᠷᠠᠭᠤᠯᠵᠤ᠂ ᠤᠳᠤ ᠠᠷᠠᠰᠤ ᠰᠢᠷᠢ ᠶ᠋ᠢᠨ ᠠᠵᠤ ᠦᠢᠯᠡᠰ ᠤ᠋ᠨ ᠵᠢᠯ ᠤ᠋ᠨ ᠦᠢᠯᠡᠳᠬᠦᠨ ᠤ᠋ ᠥᠷᠲᠡᠭ ᠨᠢ 30 ᠳ᠋ᠦᠩᠰᠢᠭᠤᠷ ᠲᠥᠭᠥᠷᠢᠭ ᠢ᠋ ᠲᠠᠪᠠᠵᠤ ᠪᠠᠢᠨ᠎ᠠ᠃
ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠣᠲᠠ 2012 ᠣᠨ ᠳ᠋ᠦ ᠡᠵᠡᠩᠨᠡᠯᠲᠡ ᠪᠡᠨ ᠡᠬᠢᠯᠡᠭᠦᠯᠵᠦ᠂ ᠠᠷᠠᠯᠵᠢᠶ᠎ᠠ ᠬᠤᠳᠠᠯᠳᠤᠭ᠎ᠠ ᠶᠡᠬᠡ ᠪᠡᠷ ᠬᠦᠭᠵᠢᠭᠰᠡᠨ ᠵᠢᠡᠷ ᠵᠢᠨᠢᠩ ᠲᠤᠭᠤᠷᠢᠭ ᠨᠢ《ᠳᠠᠯ᠎ᠠ ᠨᠤᠲᠤᠭ ᠤ᠋ᠨ ᠠᠷᠠᠰᠤᠨ ᠡᠳ᠋ᠯᠡᠯ ᠤ᠋ᠨ ᠬᠤᠳᠠ》᠂ 《ᠡᠮᠦᠨᠡᠳᠦ ᠵᠢᠨ ᠬᠠᠢᠨᠢᠩ᠂ ᠤᠮᠠᠷᠠᠳᠦ ᠵᠢᠨ ᠵᠢᠨᠢᠩ》 ᠬᠡᠮᠡᠨ ᠠᠯᠳᠠᠷᠰᠢᠵᠦ᠂ ᠮᠠᠨ ᠤ᠋ ᠤᠯᠤᠰ ᠤ᠋ᠨ ᠤᠮᠠᠷᠠᠳᠦ ᠤᠷᠤᠨ ᠤ᠋ ᠬᠠᠮᠤᠭ ᠤ᠋ᠨ ᠲᠤᠮᠤ᠂ ᠬᠠᠮᠤᠭ ᠡᠴᠡ ᠲᠤᠰᠬᠠᠢᠵᠢᠭᠰᠠᠨ ᠠᠷᠠᠰᠤ ᠰᠢᠷᠢ ᠶ᠋ᠢᠨ ᠬᠤᠳᠠᠯᠳᠤᠭᠠᠨ ᠤ᠋ ᠲᠦᠪ ᠪᠤᠯᠵᠦ᠂ ᠦᠪᠦᠷ ᠮᠤᠨᠭᠭᠤᠯ ᠤᠷᠤᠨ ᠤ᠋ ᠴᠢᠬᠤᠯᠠ ᠦᠪᠡᠷᠮᠢᠴᠡ ᠤᠨᠴᠠᠯᠢᠭ ᠲᠠᠢ ᠬᠦᠩᠬᠡᠨ ᠠᠵᠤ ᠦᠢᠯᠡᠳᠪᠦᠷᠢ ᠪᠤᠯᠤᠨ ᠠᠷᠠᠯᠵᠢᠶ᠎ᠠ ᠬᠤᠳᠠᠯᠳᠤᠭ᠎ᠠ ᠬᠦᠢᠯᠬᠡᠬᠡᠨ ᠤ᠋ ᠲᠦᠪ ᠪᠤᠯᠵᠠᠢ᠃ ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠤᠳᠠ ᠨᠢ ᠥᠪᠥᠷ ᠮᠣᠩᠭᠣᠯ᠂ ᠱᠠᠨ ᠰᠢ᠂ ᠾᠧᠪᠧᠢ 3 ᠮᠤᠵᠢ ᠶ᠋ᠢᠨ ᠠᠭᠤᠯᠵᠠᠷ ᠲᠦ᠍ ᠪᠠᠢᠷᠢᠯᠠᠵᠦ ᠪᠠᠢᠭ᠎ᠠ ᠣᠷᠣᠨ ᠪᠠᠢᠷᠢ ᠶ᠋ᠢᠨ ᠳᠠᠪᠠᠭᠤᠯᠢᠭ᠋ ᠲᠠᠢ᠂ ᠲᠠᠯ᠎ᠠ ᠨᠤᠲᠤᠭ ᠤ᠋ᠨ ᠦᠬᠡᠷ ᠬᠣᠨᠢᠨ ᠤ᠋ ᠠᠷᠠᠰᠤ ᠰᠢᠷᠢ ᠶ᠋ᠢᠨ ᠭᠠᠷᠤᠯᠲᠠ ᠶ᠋ᠢᠨ ᠲᠦᠰᠢᠭ ᠲᠠᠢ᠂ ᠭᠠᠳᠠᠭᠠᠳᠤ ᠠᠷᠠᠯᠵᠢᠶ᠎ᠠ ᠵᠢᠨ ᠲᠥᠬᠥᠮ ᠲᠦᠳᠡ ᠨᠦᠬᠦᠴᠡᠯ ᠲᠠᠢ᠂ ᠬᠠᠷᠢᠴᠠᠩᠭᠤᠢ ᠣᠷᠳᠣ᠌ ᠠᠷᠠᠰᠤᠨ ᠡᠳ᠋ᠯᠡᠯ ᠤ᠋ᠨ ᠬᠡᠷᠡᠭᠯᠡᠭᠡ ᠶ᠋ᠢᠨ ᠬᠤᠭᠤᠴᠠᠭ᠎ᠠ ᠲᠠᠢ᠂ ᠵᠣᠨ ᠤ᠋ ᠤᠯᠠᠷᠢᠯ ᠤ᠋ᠨ ᠰᠤᠳᠤᠨ ᠵᠢᠭᠤᠯᠴᠢᠯᠠᠯ ᠲᠠᠢ ᠪᠠᠢᠵᠤ᠂ ᠤᠯᠤᠰ ᠤ᠋ᠨ ᠳᠣᠲᠣᠭᠠᠳᠤ ᠶ᠋ᠢᠨ ᠣᠯᠠᠩᠬᠢ ᠭᠠᠵᠠᠷ ᠤ᠋ᠨ ᠬᠣᠶᠠᠷ ᠭᠤᠷᠪᠠᠬᠠᠨ ᠰᠠᠷ᠎ᠠ ᠶ᠋ᠢᠨ ᠪᠣᠷᠤᠯᠠᠭᠤᠯᠭ᠎ᠠ ᠲᠠᠢ ᠬᠤᠳᠠᠯᠳᠤᠭᠠᠨ ᠤ᠋ ᠲᠦᠪ ᠡᠴᠡ ᠠᠶᠠᠨᠳᠠᠭᠠᠨ ᠤᠨᠴᠠᠯᠢᠭᠳᠠᠵᠦ ᠢᠯᠭᠠᠷᠠᠵᠠᠢ᠃
ᠠᠷᠠᠰᠤᠨ ᠡᠳ᠋ᠯᠡᠯ ᠨᠢ ᠡᠷᠳᠡ ᠢᠵᠠᠭᠤᠷ ᠡᠴᠡ ᠠᠪᠤᠭᠠᠳ ᠲᠡᠭᠡᠳᠦ ᠲᠡᠰ ᠤ᠋ᠨ ᠬᠡᠷᠡᠭᠯᠡᠭᠡ᠂ ᠡᠷᠬᠢᠮᠰᠦᠭ ᠭᠡᠭᠡᠨᠴᠢᠷ ᠤ᠋ᠨ ᠬᠦᠭᠡᠭᠡᠴᠡᠯᠳᠦᠯ ᠪᠤᠯᠤᠬᠰᠠᠨ ᠡᠴᠡ《ᠲᠠᠯ᠎ᠠ ᠨᠤᠳᠤᠭ ᠤ᠋ᠨ ᠠᠷᠠᠰᠤᠨ ᠡᠳ᠋ᠯᠡᠯ ᠤ᠋ᠨ ᠬᠤᠳᠠ》 ᠨᠢ ᠤᠯᠠᠭᠠᠨᠴᠠᠪ ᠬᠤᠳᠠ ᠵᠢ ᠵᠤᠷᠢᠵᠦ ᠬᠦᠷᠦᠭᠰᠡᠳ ᠤ᠋ᠨ ᠵᠠᠪᠠᠯ ᠤᠴᠢᠬᠤ ᠭᠠᠵᠠᠷ ᠤ᠋ᠨ ᠨᠢᠭᠡ ᠪᠤᠯᠵᠤ᠂ ᠬᠡᠷᠡᠭᠯᠡᠭᠴᠢᠳ᠂ ᠵᠢᠭᠤᠯᠴᠢᠯᠠᠬᠰᠠᠳ᠂ ᠰᠦᠯᠵᠢᠶᠡᠨ ᠤᠳᠤᠳ ᠪᠦᠬᠦᠨ ᠡᠨᠳᠡ ᠢᠷᠡᠵᠦ ᠳᠠᠮᠠᠭ᠎ᠠ ᠳᠠᠷᠤᠵᠦ ᠲᠤᠷᠠᠰᠬᠠᠯ ᠦᠯᠡᠳᠡᠭᠡᠳᠡᠭ᠂ ᠢᠯᠠᠨᠭᠭᠤᠶ᠎ᠠ ᠵᠠᠮ ᠤ᠋ᠨ ᠵᠠᠷᠤᠳᠠᠯ ᠤ᠋ᠨ ᠨᠦᠬᠦᠪᠦᠷᠢ ᠦᠭᠳᠡᠭ ᠠᠵᠢᠯᠯᠠᠭ᠎ᠠ ᠨᠢ ᠬᠦᠮᠦᠨ ᠤᠯᠠᠨ ᠤ᠋ ᠬᠦᠷᠢᠶᠡᠯᠡᠯ ᠢ᠋ ᠶᠡᠬᠡᠳᠡ ᠤᠯᠵᠠᠢ᠃ ᠪᠦᠷᠢᠳᠭᠡᠯ ᠢ᠋ ᠦᠨᠳᠦᠰᠦᠯᠡᠪᠡᠯ《ᠲᠠᠯ᠎ᠠ ᠨᠤᠳᠤᠭ ᠤ᠋ᠨ ᠠᠷᠠᠰᠤᠨ ᠡᠳ᠋ᠯᠡᠯ ᠤ᠋ᠨ ᠬᠤᠳᠠ》 ᠵᠢᠨ ᠵᠢᠯ ᠪᠦᠷᠢ ᠵᠢᠨ ᠬᠦᠯᠢᠶᠡᠨ ᠠᠪᠬᠤ ᠵᠢᠭᠤᠯᠴᠢᠯᠠᠬᠴᠢ ᠬᠡᠷᠡᠭᠯᠡᠭᠴᠢ 150 ᠲᠦᠮᠡ ᠵᠢ ᠳᠠᠪᠠᠵᠤ ᠪᠠᠢᠨ᠎ᠠ᠃
ᠰᠤᠷᠪᠤᠯᠵᠢᠯᠠᠭ᠎ᠠ ᠵᠢᠨ ᠶᠠᠪᠤᠴᠠ ᠳ᠋ᠤ ᠤᠢᠯᠠᠭᠠᠭᠰᠠᠨ ᠢ᠋ᠶ᠋ᠡᠷ ᠲᠤᠰ ᠬᠤᠳᠠᠯᠳᠤᠭᠠᠨ ᠤ᠋ ᠬᠤᠳᠠ ᠶ᠋ᠢᠨ ᠵᠢᠯ ᠤ᠋ᠨ ᠪᠤᠷᠤᠯᠠᠭᠤᠯᠭ᠎ᠠ ᠬᠠᠮᠤᠭ ᠤ᠋ᠨ ᠰᠠᠢᠨ ᠪᠠᠢᠭᠰᠠᠨ ᠦᠶ᠎ᠠ ᠳ᠋ᠡᠭᠡᠨ 20 ᠳ᠋ᠦᠩᠰᠢᠭᠤᠷ ᠲᠥᠭᠥᠷᠢᠭ ᠬᠦᠷᠴᠦ ᠪᠠᠢᠵᠠᠢ᠃ ᠦᠷᠨᠢᠨ ᠬᠦᠭᠵᠢᠭᠰᠡᠨ ᠰᠦᠯᠵᠢᠶᠡᠨ ᠪᠤᠷᠤᠯᠠᠭᠤᠯᠭ᠎ᠠ ᠵᠡᠷᠬᠡ ᠤᠯᠠᠨ ᠰᠢᠯᠳᠠᠭᠠᠨ ᠡᠴᠡ ᠪᠤᠯᠤᠭᠠᠳ ᠬᠤᠳᠠᠯᠳᠤᠭᠠᠨ ᠤ᠋ ᠬᠤᠳᠠ ᠶ᠋ᠢᠨ ᠪᠤᠷᠤᠯᠠᠭᠤᠯᠭ᠎ᠠ ᠨᠢᠬᠡᠨ ᠦᠶ᠎ᠠ ᠢᠯᠡᠷᠬᠡᠢ ᠪᠠᠭᠤᠷᠠᠵᠤ᠂ ᠬᠦᠷᠦᠯᠴᠡᠨ ᠢᠷᠡᠭᠰᠡᠨ ᠵᠢᠭᠤᠯᠴᠢᠯᠠᠭᠰᠠᠳ ᠨᠡᠮᠡᠭᠳᠡᠭᠰᠡᠨ ᠴᠦ᠍ ᠬᠥᠮᠥᠨ ᠳᠤᠮᠳᠠᠴᠢ ᠶ᠋ᠢᠨ ᠬᠡᠷᠡᠭᠯᠡᠭᠡ ᠳᠡᠭᠡᠭᠰᠢᠯᠡᠭᠰᠡᠨ ᠦᠭᠡᠢ᠂ ᠪᠣᠷᠤᠯᠠᠭᠤᠯᠭ᠎ᠠ ᠶ᠋ᠢᠨ ᠬᠡᠮᠵᠢᠶᠡᠨ ᠤ᠋ ᠨᠡᠮᠡᠭᠳᠡᠯ ᠤ᠋ᠨ ᠬᠤᠷᠳᠤᠴᠠ ᠨᠢ ᠵᠢᠭᠤᠯᠴᠢᠯᠠᠭᠰᠠᠳ ᠤ᠋ᠨ ᠨᠡᠮᠡᠭᠳᠡᠯ ᠤ᠋ᠨ ᠬᠤᠷᠳᠤᠴᠠ ᠡᠴᠡ ᠤᠳᠠᠭᠠᠨ ᠪᠠᠢᠬᠤ᠂ ᠰᠦᠯᠵᠢᠶᠡᠨ ᠳᠡᠭᠡᠷ᠎ᠠ ᠰᠢᠭᠤᠳ ᠠᠷᠠᠯᠵᠢᠶ᠎ᠠ ᠪᠦᠲᠦᠭᠰᠡᠨ ᠬᠡᠮᠵᠢᠶ᠎ᠡ ᠮᠥᠨ ᠯᠡ ᠪᠠᠭ᠎ᠠ ᠪᠠᠢᠬᠤ᠂ ᠭᠠᠳᠠᠭᠠᠳᠤ ᠠᠷᠠᠯᠵᠢᠶ᠎ᠡ ᠠᠨᠠᠢ ᠪᠠᠢᠬᠤ᠂ ᠵᠠᠯᠠᠭᠤ ᠬᠡᠷᠡᠭᠯᠡᠭᠴᠢᠳ ᠵᠢᠡᠷ ᠲᠤᠳᠠᠮᠠᠭ ᠪᠠᠢᠬᠤ ᠵᠡᠷᠭᠡ ᠪᠣᠳᠠᠲᠠᠢ ᠠᠰᠠᠭᠤᠳᠠᠯ ᠳ᠋ᠤ ᠲᠤᠯᠭᠠᠷᠠᠪᠠ᠃
ᠠᠷᠠᠯᠵᠢᠶᠠᠨ ᠤ᠋ ᠲᠠᠯᠠᠪᠠᠢ ᠵᠢ ᠶᠠᠷᠤ ᠨᠢ ᠲᠠᠢᠨ ᠤ᠋ ᠲᠠᠯᠠᠪᠤᠷ ᠲᠠᠢ ᠲᠦᠷᠰᠦᠯᠡᠨ ᠶᠠᠷᠢᠳᠠᠭ ᠶᠤᠮ᠃ ᠤᠴᠢᠷ ᠨᠢ ᠠᠷᠠᠯᠵᠢᠶᠡᠨ ᠤ᠋ ᠲᠠᠯᠠᠪᠠᠢ ᠴᠠᠭ ᠮᠦᠴᠡ ᠪᠦᠬᠦᠨ ᠳ᠋ᠦ ᠮᠦᠬᠦᠵᠦ ᠰᠦᠨᠦᠬᠦ᠂ ᠰᠢᠭᠰᠢᠭᠳᠡᠵᠦ ᠬᠠᠶᠠᠭᠳᠠᠬᠤ ᠲᠦᠭᠰᠢᠭᠦᠷᠢ ᠤᠷᠤᠰᠢᠵᠦ ᠪᠠᠢᠳᠠᠭ᠃ ᠥᠩᠭᠡᠷᠡᠭᠰᠡᠨ ᠳ᠋ᠦ ᠪᠦᠬᠦ ᠤᠯᠤᠰ ᠲᠦ᠍ 800 ᠭᠠᠷᠤᠢ ᠠᠷᠠᠰᠤ ᠰᠢᠷᠢ ᠶ᠋ᠢᠨ ᠲᠤᠰᠬᠠᠢ ᠬᠤᠳᠠᠯᠳᠤᠭᠠᠨ ᠤ᠋ ᠲᠦᠪ ᠲᠠᠢ ᠪᠠᠢᠭᠰᠠᠨ ᠴᠦ᠍ ᠴᠠᠭ ᠦᠶ᠎ᠡ ᠶ᠋ᠢᠨ ᠬᠤᠪᠢᠷᠠᠯᠲᠠ᠂ ᠬᠡᠷᠡᠭᠯᠡᠭᠡᠨ ᠤ᠋ ᠳᠠᠨᠢᠯᠳᠠ ᠪᠠ ᠭᠤᠸ᠎ᠠ ᠰᠠᠢᠬᠠᠨ ᠤ᠋ ᠬᠤᠪᠢᠷᠠᠯᠳᠠ ᠵᠡᠷᠬᠡ ᠵᠢ ᠳᠠᠭᠠᠯᠳᠤᠨ ᠦᠨᠦᠳᠦᠷ ᠪᠤᠯᠬᠤ ᠳ᠋ᠦ ᠵᠣᠩᠬᠢᠯᠠᠬᠤ ᠤᠯᠠᠨ ᠲᠣᠭᠠᠨ ᠤ᠋ ᠬᠤᠳᠠᠯᠳᠤᠭᠠᠨ ᠤ᠋ ᠬᠤᠳᠠ (ᠲᠦᠪ) ᠨᠢᠬᠡᠨᠳᠡ ᠳᠠᠮᠫᠤᠷᠠᠴᠢᠬᠠᠵᠠᠢ᠃ ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠣᠲᠠ ᠵᠢᠨ ᠬᠢᠨ ᠬᠦᠴᠢᠷ ᠤ᠋ᠨ ᠡᠮᠦᠨ᠎ᠠ ᠲᠤᠯᠤᠭᠠᠢ ᠪᠦᠬᠦᠢᠭᠰᠡᠨ ᠦᠬᠡᠢ᠂ ᠬᠠᠷᠢᠨ ᠰᠢᠨ᠎ᠠ ᠵᠢ ᠡᠬᠦᠳᠤᠨ ᠰᠦᠯᠵᠢᠶᠡᠨ ᠬᠤᠳᠠᠯᠳᠤᠭ᠎ᠠ ᠪᠠ ᠰᠦᠯᠵᠢᠶᠡᠨ ᠨᠡᠪᠳᠡᠷᠡᠬᠦᠯᠬᠡ ᠪᠡᠷ ᠬᠡᠷᠡᠭᠯᠡᠭᠴᠢ ᠵᠢ ᠳᠠᠳᠠᠬᠤ᠂ ᠬᠡᠷᠡᠭᠯᠡᠭᠴᠢ ᠵᠢᠭᠤᠯᠴᠢᠯᠠᠭᠴᠢ ᠵᠢ ᠤᠷᠮᠠᠰᠢᠭᠤᠯᠬᠤ᠂ ᠦᠢᠯᠡᠴᠢᠯᠡᠬᠡ ᠪᠠᠨ ᠰᠠᠢᠵᠢᠷᠠᠭᠤᠯᠬᠤ᠂ ᠦᠢᠯᠡᠳᠬᠦᠨ ᠵᠢᠡᠨ ᠰᠢᠨᠡᠴᠢᠯᠡᠬᠦ ᠵᠡᠷᠭᠡ ᠣᠯᠠᠨ ᠠᠷᠭ᠎ᠠ ᠠᠪᠴᠠᠯ ᠵᠢᠡᠷ ᠤᠯᠠᠮᠵᠢᠯᠠᠯᠲᠤ ᠳᠡᠯᠭᠡᠭᠦᠷ ᠤ᠋ᠨ ᠰᠢᠨ᠎ᠠ ᠮᠠᠶᠢᠭ ᠢ᠋ᠶ᠋ᠡᠷ ᠣᠷᠣᠰᠢᠨ ᠬᠦᠭᠵᠢᠬᠦ ᠰᠢᠪᠲᠤᠯᠤᠯᠲᠠ ᠶ᠋ᠢᠨ ᠵᠠᠮ ᠢ᠋ ᠨᠡᠬᠡᠬᠡᠵᠤ᠂ ᠤᠯᠤᠰ ᠤ᠋ᠨ ᠳᠣᠲᠣᠭᠠᠳᠤ ᠳ᠋ᠦ ᠴᠥᠭᠡᠨ ᠦᠯᠡᠳᠡᠵᠦ ᠪᠠᠢᠭ᠎ᠠ ᠲᠣᠮᠣ᠌ ᠬᠡᠯᠪᠡᠷᠢ ᠶ᠋ᠢᠨ ᠪᠣᠳᠠᠲᠤ ᠴᠣᠭᠴᠠ ᠶ᠋ᠢᠨ ᠲᠤᠰᠬᠠᠢ ᠬᠤᠳᠠᠯᠳᠤᠭᠠᠨ ᠤ᠋ ᠬᠤᠳᠠ ᠵᠢᠨ ᠨᠢᠬᠡ ᠪᠤᠯᠵᠤ ᠬᠦᠭᠵᠢᠭᠰᠡᠨ ᠨᠢ ᠪᠠᠬᠠᠷᠤᠭᠤᠰᠢᠳᠠᠢ ᠶᠤᠮ᠃
ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠣᠲᠠ ᠵᠢᠨ ᠬᠢᠨ 《ᠪᠥᠬᠥ ᠲᠠᠯ᠎ᠠ ᠶ᠋ᠢᠨ ᠰᠦᠯᠵᠢᠶᠡᠨ ᠬᠤᠳᠠᠯᠳᠤᠭ᠎ᠠ》 ᠪᠤᠯᠭᠠᠬᠤ ᠤᠷᠤᠰᠬᠠᠯ ᠢ᠋ ᠲᠡᠷᠡ ᠬᠡᠪ ᠢ᠋ᠶ᠋ᠡᠷ ᠨᠢ ᠨᠡᠭᠦᠯᠭᠡᠨ ᠬᠡᠷᠡᠭᠯᠡᠭᠰᠡᠨ ᠦᠭᠡᠢ᠂ ᠬᠠᠷᠢᠨ ᠠᠷᠠᠰᠤ ᠨᠤᠤᠰᠤᠨ ᠬᠤᠪᠴᠠᠰᠤ ᠵᠢ ᠵᠠᠪᠠᠯ ᠲᠤᠷᠰᠢᠨ ᠡᠮᠦᠰᠬᠦ ᠵᠢ ᠳᠡᠭᠡᠳᠦ ᠬᠡᠮᠵᠢᠶ᠎ᠡ ᠪᠡᠷ ᠴᠢᠬᠤᠯᠠᠴᠢᠯᠠᠳᠠᠭ ᠤᠨᠴᠠᠯᠢᠭ ᠲᠦ᠍ ᠲᠤᠬᠢᠷᠠᠭᠤᠯᠵᠦ᠂ ᠰᠦᠯᠵᠢᠶᠡᠨ ᠨᠡᠪᠳᠡᠷᠡᠬᠦᠯᠬᠡ ᠪᠡᠷ ᠬᠡᠷᠡᠭᠯᠡᠭᠴᠢᠳ ᠤ᠋ᠨ ᠠᠩᠬᠠᠷᠤᠯ ᠢ᠋ ᠳᠠᠳᠠᠨ᠂ ᠠᠬᠤᠢ ᠳᠠᠯᠠᠪᠠᠢ ᠳ᠋ᠦ ᠬᠤᠳᠠᠯᠳᠤᠨ ᠠᠪᠬᠤ ᠬᠥᠭᠵᠢᠯᠲᠡ ᠶ᠋ᠢᠨ ᠠᠷᠭ᠎ᠠ ᠵᠠᠮ ᠢ᠋ ᠰᠦᠪᠡᠭᠴᠢᠯᠡᠵᠡᠢ᠃ ᠨᠡᠢᠰᠯᠡᠯ ᠪᠡᠭᠡᠵᠢᠩ ᠤ᠋ᠨ ᠰᠦᠯᠵᠢᠶᠡᠨ ᠤᠳᠤᠨ ᠢ᠋ ᠤᠷᠢᠵᠦ᠂《ᠪᠡᠭᠡᠵᠢᠩ ᠡᠴᠡ ᠪᠠᠷᠠᠭᠤᠨᠳᠡᠬᠢ ᠨᠢᠭᠡ ᠦᠷᠳᠡᠭᠡ ᠤᠯᠠᠭᠠᠨᠴᠠᠪ》ᠬᠡᠮᠡᠬᠦ ᠤᠷᠤᠨ ᠪᠠᠢᠷᠢ ᠶ᠋ᠢᠨ ᠳᠠᠪᠠᠭᠤᠯᠢᠭ ᠢ᠋ᠶ᠋ᠡᠨ ᠪᠠᠳᠠᠷᠠᠭᠤᠯᠤᠨ᠂ ᠪᠡᠭᠡᠵᠢᠩ ᠤ᠋ᠨ ᠬᠡᠷᠡᠭᠯᠡᠭᠡᠨ ᠤ᠋ ᠵᠠᠬ᠎ᠠ ᠳᠡᠯᠭᠡᠭᠦᠷ ᠯᠤᠬᠡ ᠬᠦᠴᠦᠯᠡᠨ ᠵᠤᠯᠭᠠᠭᠤᠯᠵᠤ᠂ ᠳᠥᠷᠪᠡᠨ ᠤᠯᠠᠷᠢᠯ ᠤ᠋ᠨ ᠵᠢᠭᠤᠯᠴᠢᠯᠠᠯ ᠤ᠋ᠨ ᠪᠠᠷᠠᠭ᠎ᠠ ᠬᠤᠳᠠᠯᠳᠤᠨ ᠠᠪᠬᠤ ᠵᠣᠷᠢᠯᠳᠠᠳᠦ ᠭᠠᠵᠠᠷ ᠢ᠋ ᠪᠠᠢᠭᠤᠯᠤᠭᠠᠳ ᠶᠡᠬᠡ ᠰᠠᠢᠨ ᠦᠷ᠎ᠠ ᠪᠦᠳᠦᠮᠵᠢ ᠤᠯᠵᠠᠢ᠃ 2023 ᠣᠨ ᠡᠴᠡ ᠨᠠᠭᠠᠰᠢ ᠬᠤᠳᠠᠯᠳᠤᠭᠠᠨ ᠤ᠋ ᠬᠤᠳᠠ ᠵᠢᠨ ᠪᠤᠷᠤᠯᠠᠭᠤᠯᠭ᠎ᠠ ᠲᠠᠬᠢᠨ ᠲᠠᠰᠤᠷᠠᠯᠳᠠ ᠦᠬᠡᠢ ᠨᠡᠮᠡᠭᠳᠡᠵᠦ᠂ ᠨᠢᠳᠤᠨᠤᠨ ᠤ᠋ ᠪᠤᠷᠤᠯᠠᠭᠤᠯᠭ᠎ᠠ ᠵᠢᠨ ᠬᠡᠮᠵᠢᠶ᠎ᠠ ᠨᠢ 15 ᠳ᠋ᠦᠩᠰᠢᠭᠤᠷ ᠲᠥᠭᠥᠷᠢᠭ ᠢ᠋ ᠲᠠᠪᠠᠪᠠ᠃《ᠵᠠᠬ᠎ᠠ ᠳᠡᠯᠭᠡᠭᠦᠷ ᠤ᠋ᠨ ᠪᠦᠳᠦᠭᠦᠪᠴᠢ ᠪᠦᠷᠢᠳᠬᠡᠯ ᠢ᠋ ᠦᠨᠳᠦᠰᠦᠯᠡᠪᠡᠯ᠂ ᠨᠢᠳᠤᠨᠤᠨ ᠰᠦᠯᠵᠢᠶᠡᠨ ᠳᠡᠭᠡᠷ᠎ᠡ ᠰᠢᠭᠤᠳ ᠪᠣᠷᠣᠯᠠᠭᠤᠯᠤᠭᠰᠠᠨ ᠪᠠᠷᠠᠭᠠᠨ ᠤ᠋ ᠬᠡᠮᠵᠢᠶ᠎ᠠ ᠪᠠᠷᠤᠭ 3700 ᠲᠦᠮᠡᠨ ᠲᠥᠭᠥᠷᠢᠭ ᠲᠦ᠍ ᠬᠦᠷᠴᠠᠢ᠃ ᠣᠯᠠᠩᠬᠢ ᠰᠦᠯᠵᠢᠶᠡᠨ ᠳ᠋ᠤᠭᠠᠷ ᠨᠢ ᠭᠤᠤᠯᠳᠠᠭᠤ ᠤᠬᠠᠭᠤᠯᠬᠤ ᠴᠢᠳᠠᠮᠵᠢ ᠵᠢ ᠨᠠᠩ ᠢᠯᠡᠬᠦᠦ ᠠᠰᠢᠭᠯᠠᠵᠤ᠂ ᠰᠦᠯᠵᠢᠶᠡᠨ ᠳᠡᠭᠡᠷᠡᠬᠢ ᠳᠠᠯᠳᠠ ᠬᠡᠷᠡᠭᠯᠡᠭᠴᠢᠳ ᠢ᠋ ᠬᠥᠲᠥᠯᠥᠨ ᠵᠢᠯᠤᠭᠣᠳᠴᠤ ᠪᠠᠢᠭᠠᠳ ᠬᠤᠳᠠᠯᠳᠤᠭᠠᠨ ᠤ᠋ ᠬᠤᠳᠠ ᠳ᠋ᠦ ᠢᠷᠡᠬᠦᠯᠦᠨ ᠪᠠᠷᠠᠭ᠎ᠠ ᠦᠵᠡᠬᠦ᠂ ᠡᠮᠦᠰᠴᠤ ᠦᠵᠡᠬᠦ᠂ ᠬᠤᠳᠠᠯᠳᠤᠨ ᠠᠪᠬᠤ ᠵᠢ ᠪᠡᠶᠡᠯᠡᠭᠦᠯᠵᠤ ᠪᠠᠢᠨ᠎ᠠ》 ᠬᠡᠵᠦ ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠤᠳᠠ ᠶ᠋ᠢᠨ ᠶᠡᠷᠦᠩᠬᠡᠢ ᠲᠠᠭᠠᠭᠠᠮᠠᠯ ᠰᠢᠥᠢ ᠱᠣ᠌ ᠹᠧᠩ ᠲᠠᠨᠢᠯᠴᠠᠭᠤᠯᠤᠨ᠎ᠠ᠃
ᠣᠯᠠᠨ ᠲᠦᠮᠡᠨ ᠤ᠋ ᠠᠶᠠᠯᠠᠯ ᠵᠢᠭᠤᠯᠴᠢᠯᠠᠯ ᠤ᠋ᠨ ᠠᠷᠭ᠎ᠠ ᠬᠡᠯᠪᠡᠷᠢ ᠵᠢᠨ ᠬᠤᠪᠢᠷᠠᠯ ᠳ᠋ᠦ ᠵᠤᠬᠢᠴᠠᠭᠤᠯᠤᠨ᠂ ᠵᠢᠨᠢᠩ ᠤ᠋ᠨ ᠠᠷᠠᠰᠤ ᠰᠢᠷᠢ ᠶ᠋ᠢᠨ ᠬᠣᠲᠠ ᠨᠢ ᠲᠦᠷᠭᠡᠨ ᠤ᠋ ᠭᠠᠯᠳᠦ ᠲᠡᠷᠭᠡᠨ ᠳ᠋ᠤ ᠰᠠᠭᠤᠵᠤ ᠢᠷᠡᠭᠰᠡᠳ ᠤ᠋ᠨ ᠵᠠᠮ ᠤ᠋ᠨ ᠵᠠᠷᠤᠳᠠᠯ ᠳ᠋ᠦ ᠬᠠᠮᠤᠭ ᠤ᠋ᠨ ᠥᠨᠳᠥᠷ ᠲᠡᠬᠡᠨ 100 ᠲᠥᠭᠥᠷᠢᠭ ᠤ᠋ᠨ ᠨᠦᠬᠦᠪᠦᠷᠢ ᠦᠭᠴᠦ᠂ ᠬᠦᠮᠦᠰ ᠤ᠋ᠨ ᠬᠦᠷᠢᠶᠡᠯᠡᠯ ᠢ᠋ ᠤᠯᠵᠠᠢ᠃ ᠨᠢᠳᠤᠨᠤᠨ ᠲᠤᠰ ᠬᠤᠳᠠᠯᠳᠤᠭᠠᠨ ᠤ᠋ ᠬᠤᠳᠠ 600 ᠭᠠᠷᠤᠢ ᠵᠢᠭᠤᠯᠴᠢᠯᠠᠯ ᠤ᠋ᠨ ᠪᠦᠯᠬᠦᠮ ᠢ᠋ ᠬᠦᠯᠢᠶᠡᠨ ᠠᠪᠴᠤ᠂ ᠡᠨᠡ ᠵᠢᠯ ᠲᠤᠰᠬᠠᠢᠯᠠᠨ ᠪᠡᠶ᠎ᠠ ᠤᠬᠢᠶᠠᠬᠤ᠂ ᠲᠡᠷᠭᠡ ᠤᠬᠢᠶᠠᠵᠦ ᠵᠠᠰᠠᠬᠤ᠂ ᠠᠮᠢᠳᠤᠷᠠᠯ ᠤ᠋ᠨ ᠬᠡᠷᠡᠭᠰᠡᠯ ᠪᠦᠷᠢᠨ ᠬᠠᠩᠭᠠᠬᠤ ᠵᠡᠷᠭᠡ ᠢᠵᠢ ᠪᠦᠷᠢᠳᠦᠭᠰᠡᠨ ᠦᠢᠯᠡᠴᠢᠯᠡᠬᠡ ᠵᠢ ᠪᠦᠷᠢᠨᠰᠢᠬᠦᠯᠵᠦ ᠪᠠᠢᠨ᠎ᠠ᠃ ᠲᠤᠰ ᠬᠤᠳᠠᠯᠳᠤᠭᠠᠨ ᠤ᠋ ᠬᠤᠳᠠ ᠨᠢ ᠪᠠᠰᠠ《ᠨᠢᠭᠡ ᠬᠡᠯᠪᠡᠷᠢ ᠵᠢᠨ ᠬᠤᠪᠴᠠᠰᠤ ᠵᠢ ᠬᠡᠳᠦᠨ ᠠᠷᠪᠠᠨ ᠵᠢᠯ ᠵᠢᠡᠷ ᠪᠣᠷᠣᠯᠠᠭᠤᠯᠬᠤ》ᠬᠡᠪᠰᠢᠮᠡᠯ ᠪᠠᠢᠳᠠᠯ ᠵᠢᠡᠨ ᠦᠭᠡᠷᠡᠴᠢᠯᠡᠨ᠂ ᠠᠷᠠᠰᠤᠨ ᠮᠠᠲᠧᠷᠢᠶᠠᠯ ᠡᠴᠡ ᠪᠤᠰᠤᠳ ᠥᠲᠥᠨ ᠮᠠᠲ᠋ᠧᠷᠢᠶᠠᠯ᠂ ᠬᠦᠷᠢ ᠶ᠋ᠢᠨ ᠰᠢᠷᠬᠡᠭ᠂ ᠲᠤᠷᠭ᠎ᠠ᠂ ᠱᠠ ᠪᠦᠰ ᠵᠡᠷᠭᠡ ᠣᠯᠠᠨ ᠮᠠᠲᠧᠷᠢᠶᠠᠯ ᠢ᠋ ᠠᠭᠤᠰᠤᠯᠴᠠᠭᠤᠯᠵᠤ ᠂ ᠲᠤᠮᠳᠠᠳᠦ ᠤᠯᠤᠰ ᠤ᠋ᠨ ᠤᠯᠠᠮᠵᠢᠯᠠᠯᠳᠦ ᠮᠠᠶᠢᠭ ᠤ᠋ᠨ ᠬᠤᠪᠴᠠᠰᠤ᠂ ᠲᠠᠮᠢᠷ ᠤ᠋ᠨ ᠬᠤᠪᠴᠠᠰᠤ ᠵᠡᠷᠭᠡᠡᠯᠧᠮᠧᠨ᠋ᠲ ᠢ᠋ ᠤᠷᠤᠭᠤᠯᠤᠨ᠂ ᠵᠢᠯ ᠳ᠋ᠦ 1000 ᠰᠢᠬᠠᠮ ᠰᠢᠨ᠎ᠠ ᠵᠠᠭᠪᠤᠷ ᠦᠢᠯᠡᠳᠴᠤ᠂ ᠪᠦᠬᠦᠶ᠋ᠢᠯᠡ ᠠᠵᠢᠯ ᠲᠥᠷᠥᠯ ᠤ᠋ᠨ ᠬᠢᠨ ᠲᠤᠭ᠎ᠠ ᠬᠡᠮᠵᠢᠶ᠎ᠠ ᠵᠢ ᠬᠦᠭᠡᠭᠡᠴᠡᠯᠳᠦᠵᠦ ᠪᠠᠢᠭᠰᠠᠨ ᠡᠴᠡ ᠪᠠᠨ ᠶᠠᠰᠤ ᠴᠢᠨᠠᠷ ᠢ᠋ ᠴᠢᠬᠤᠯᠠᠴᠢᠯᠠᠬᠤ ᠪᠤᠯᠵᠠᠢ᠃
ᠬᠤᠳᠠᠯᠳᠤᠭᠠᠨ ᠤ᠋ ᠬᠣᠲᠠ ᠨᠢ《ᠲᠦᠷᠢᠶᠡᠰᠦ ᠬᠤᠷᠢᠶᠠᠬᠤ ᠬᠤᠳᠠᠯᠳᠤᠭᠠᠨ ᠤ᠋ ᠲᠠᠯᠠᠪᠤᠷ》ᠤ᠋ᠨ ᠤᠯᠠᠮᠵᠢᠯᠠᠯᠲᠤ ᠪᠠᠢᠷᠢ ᠲᠣᠭᠲᠠᠭᠠᠯᠲᠠ ᠪᠠᠨ ᠬᠤᠪᠢᠷᠠᠭᠤᠯᠵᠦ᠂ ᠬᠤᠳᠠᠯᠳᠤᠭᠠᠴᠢᠨ ᠡᠷᠦᠬᠡ ᠶ᠋ᠢᠨ ᠪᠤᠷᠤᠯᠠᠭᠤᠯᠭ᠎ᠠ ᠳ᠋ᠦ ᠬᠦᠴᠦᠨ ᠨᠡᠮᠡᠷᠢᠯᠡᠬᠦ ᠵᠢ ᠴᠢᠬᠤᠯᠠ ᠪᠠᠢᠷᠢᠨ ᠳ᠋ᠦ ᠲᠠᠯᠪᠢᠪᠠ᠃ ᠡᠵᠡᠩᠨᠡᠯᠲᠡ ᠶ᠋ᠢᠨ ᠪᠦᠯᠬᠦᠮ ᠨᠢ ᠠᠶᠠᠨᠴᠢᠳ ᠤ᠋ᠨ ᠤᠷᠤᠰᠬᠠᠯ ᠪᠤᠯᠤᠨ ᠪᠣᠷᠤᠯᠠᠭᠤᠯᠭ᠎ᠠ ᠵᠡᠷᠭᠡ ᠲᠤᠭ᠎ᠠ ᠪᠠᠷᠢᠮᠳᠠ ᠵᠢ ᠴᠤᠭᠯᠠᠭᠤᠯᠤᠨ ᠡᠮᠬᠢᠯᠡᠵᠦ᠂ ᠠᠷᠠᠰᠤ ᠰᠢᠷᠢ ᠶ᠋ᠢᠨ ᠠᠵᠢᠯ ᠲᠥᠷᠥᠯ ᠤ᠋ᠨ 《ᠴᠠᠭᠠᠨ ᠭᠠᠳᠠᠷᠲᠤ ᠳᠡᠪᠳᠡᠷ》 ᠢ᠋ ᠨᠠᠢᠷᠠᠭᠤᠯᠤᠨ᠂ ᠳᠤᠮᠳᠠ ᠪᠠᠭ᠎ᠠ ᠬᠤᠳᠠᠯᠳᠤᠭᠠᠴᠢᠨ ᠡᠷᠦᠬᠡ ᠳ᠋ᠦ ᠪᠠᠷᠠᠭ᠎ᠠ ᠣᠷᠣᠭᠤᠯᠬᠤ ᠠᠷᠭ᠎ᠠ ᠵᠠᠮ᠂ ᠥᠪᠡᠷ ᠤ᠋ᠨ ᠥᠷᠲᠡᠭ ᠤ᠋ᠨ ᠯᠠᠪᠯᠠᠯᠲᠠ᠂ ᠤᠷᠤᠰᠬᠠᠯ ᠳᠠᠭᠠᠭᠰᠠᠨ ᠬᠡᠯᠪᠡᠷᠢ ᠮᠠᠶᠢᠭ᠂ ᠥᠩᠭᠡ᠂ ᠪᠣᠷᠤᠯᠠᠭᠤᠯᠭ᠎ᠠ ᠶ᠋ᠢᠨ ᠦᠨ᠎ᠡ ᠬᠠᠩᠰᠢ ᠵᠡᠷᠭᠡ ᠪᠥᠬᠥ ᠬᠡᠯᠬᠢᠶᠡᠨ ᠤ᠋ ᠡᠵᠡᠩᠨᠡᠯᠲᠡ ᠶ᠋ᠢᠨ ᠵᠢᠯᠣᠭᠣᠳᠤᠯᠭ᠎ᠠ ᠬᠠᠩᠭᠠᠵᠠᠢ᠃ ᠡᠭᠦᠨ ᠤ᠋ ᠬᠠᠮᠲᠤ ᠬᠤᠳᠠᠯᠳᠤᠭᠠᠨ ᠤ᠋ ᠬᠤᠳᠠ ᠶ᠋ᠢᠨ ᠦᠢᠯᠡᠴᠢᠯᠡᠭᠡᠨ ᠤ᠋ ᠰᠢᠰᠲᠧᠮ ᠢ᠋ ᠪᠠᠢᠭᠤᠯᠵᠤ᠂ ᠬᠡᠷᠡᠭᠯᠡᠭᠴᠢᠳ ᠲᠦ᠍ ᠠᠷᠠᠰᠤ ᠰᠢᠷᠢ ᠵᠢ ᠤᠬᠢᠶᠠᠨ ᠴᠡᠪᠡᠷᠯᠡᠬᠦ᠂ ᠠᠷᠠᠴᠢᠯᠠᠨ ᠬᠠᠮᠠᠭᠠᠯᠠᠬᠤ᠂ ᠪᠤᠴᠠᠭᠠᠨ ᠬᠤᠳᠠᠯᠳᠤᠵᠦ ᠠᠪᠬᠤ᠂ ᠪᠣᠷᠣᠯᠠᠭᠤᠯᠤᠭᠰᠠᠨ ᠤ᠋ ᠳᠠᠷᠠᠭᠠᠬᠢ ᠦᠢᠯᠡᠴᠢᠯᠡᠭᠡ ᠬᠠᠩᠭᠠᠬᠤ ᠵᠡᠷᠭᠡ ᠢᠵᠢ ᠪᠦᠷᠢᠨ ᠦᠢᠯᠡᠴᠢᠯᠡᠬᠡ ᠨᠢ ᠬᠡᠷᠡᠭᠯᠡᠭᠴᠢᠳ ᠤ᠋ᠨ ᠳᠠᠭᠠᠰᠢᠶᠠᠯ ᠢ᠋ ᠤᠯᠵᠦ᠂ ᠬᠤᠳᠠᠯᠳᠤᠭᠠᠨ ᠤ᠋ ᠬᠤᠳᠠ ᠶ᠋ᠢᠨ ᠨᠡᠷ᠎ᠠ ᠨᠦᠯᠦᠬᠡ ᠵᠢ ᠤᠯᠠᠮ ᠰᠠᠢᠵᠢᠷᠠᠭᠤᠯᠤᠭᠰᠠᠨ ᠪᠠᠢᠨ᠎ᠠ᠃
ᠵᠢᠨᠢᠩ ᠤ᠋ᠨ ᠤᠯᠠᠨ ᠤᠯᠤᠰ ᠤ᠋ᠨ ᠠᠷᠠᠰᠤ ᠰᠢᠷᠢ ᠶ᠋ᠢᠨ ᠬᠣᠲᠠ ᠶ᠋ᠢᠨ ᠬᠡᠯᠪᠡᠷᠢ ᠪᠠᠨ ᠬᠤᠪᠢᠷᠠᠭᠤᠯᠵᠤ ᠳᠡᠰ ᠳᠡᠪᠰᠢᠬᠦᠯᠦᠭᠰᠡᠨ ᠠᠮᠵᠢᠯᠳᠠ ᠲᠠᠢ ᠦᠢᠯᠡᠳᠦᠯᠭᠡ ᠨᠢ᠂ ᠪᠣᠳᠠᠲᠤ ᠳᠡᠯᠭᠡᠭᠦᠷ ᠪᠤᠯ ᠰᠦᠯᠵᠢᠶᠡᠨ ᠳᠡᠯᠭᠡᠬᠦᠷ ᠲᠦ᠍ ᠬᠢᠯᠪᠠᠷᠬᠠᠨ ᠵᠢᠡᠷ ᠣᠷᠣᠯᠠᠭᠳᠠᠬᠤ ᠵᠦᠢᠯ ᠪᠢᠰᠢ᠂ ᠬᠡᠶ᠎ᠠ ᠴᠦ᠍ ᠬᠠᠭᠤᠴᠢᠨ ᠲᠤᠷᠰᠢᠯᠭ᠎ᠠ ᠪᠠᠨ ᠦᠬᠦᠮᠡᠯ ᠢ᠋ᠶ᠋ᠡᠷ ᠪᠠᠷᠢᠮᠲᠠᠯᠠᠵᠤ ᠪᠤᠯᠬᠤ ᠦᠬᠡᠢ᠂ ᠬᠠᠷᠢᠨ ᠠᠷᠭ᠎ᠠ ᠲᠤᠷᠰᠢᠯᠭ᠎ᠠ᠂ ᠣᠷᠣᠨ ᠪᠠᠢᠷᠢ ᠪᠠ ᠠᠵᠤ ᠦᠢᠯᠡᠰ ᠤ᠋ᠨ ᠬᠤᠷᠠᠮᠳᠤᠯ ᠤ᠋ᠨ ᠭᠣᠣᠯᠯᠠᠬᠤ ᠳᠠᠪᠠᠭᠤᠯᠢᠭ᠋ ᠢ᠋ᠶ᠋ᠠᠨ ᠨᠠᠷᠢᠨ ᠣᠨᠣᠴᠠᠲᠠᠢ ᠳ᠋ᠦᠩᠨᠡᠵᠦ᠂ ᠵᠥᠷᠢᠴᠡᠯ ᠳ᠋ᠦ ᠰᠢᠭᠤᠳ ᠬᠠᠨᠳᠤᠵᠤ᠂ ᠪᠠᠢᠳᠠᠯ ᠢ᠋ ᠳᠠᠭᠠᠨ ᠬᠤᠪᠢᠷᠠᠯᠲᠠ ᠵᠢ ᠠᠷᠭᠠᠴᠠᠭᠠᠵᠤ ᠴᠢᠳᠠᠪᠠᠯ ᠤᠯᠠᠮᠵᠢᠯᠠᠯᠳᠤ ᠳᠡᠯᠭᠡᠭᠦᠷ ᠮᠥᠨ ᠬᠦ᠌ ᠥᠪᠡᠷ ᠤ᠋ᠨ ᠣᠷᠣᠰᠢᠨ ᠲᠣᠭᠲᠠᠨᠢᠵᠤ ᠬᠦᠭᠵᠢᠬᠦ ᠤᠬᠢ ᠰᠠᠢᠨ ᠣᠷᠣᠨ ᠵᠠᠢ ᠪᠠᠨ ᠣᠯᠵᠤ ᠴᠢᠳᠠᠨ᠎ᠠ ᠭᠡᠳᠡᠭ ᠢ᠋ ᠬᠠᠷᠠᠭᠤᠯᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃