2026-11-17 10:25:21
ᠬᠠᠮᠢᠶ᠎ᠠ ᠪᠦᠬᠦᠢ ᠬᠤᠯᠪᠤᠭᠠᠰᠦ ᠄
ᠪᠤᠭᠤᠲᠤ ᠬᠤᠳᠠ᠎ᠶᠢᠨ ᠳ᠋ᠦᠩ ᠾᠧ ᠲᠤᠭᠤᠷᠢᠭᠲᠡᠬᠢ ᠨᠠᠨ ᠬᠠᠢ ᠨᠠᠭᠤᠷ ᠪᠣᠯ ᠬᠠᠲᠤᠨ ᠭᠣᠣᠯ ᠤᠨ ᠭᠤᠤᠯ ᠤᠨ ᠬᠡᠪᠡᠯᠢ ᠰᠢᠯᠵᠢᠵᠦ ᠪᠦᠳᠦᠭᠰᠡᠨ ᠨᠠᠭᠤᠷ ᠪᠠᠢᠵᠦ᠂ ᠤᠯᠤᠰ ᠤᠨ 4A ᠲᠠᠰ᠎ᠤᠨ ᠨᠤᠭᠤ ᠭᠠᠵᠠᠷ᠎ᠤᠨ ᠦᠵᠡᠮᠵᠢ᠎ᠶᠢᠨ ᠣᠷᠣᠨ ᠪᠤᠯᠤᠨ᠎ᠠ᠃ ᠨᠠᠨ ᠬᠠᠢ ᠨᠤᠭᠤ ᠭᠠᠵᠠᠷ᠎ᠤᠨ ᠳᠠᠯᠠᠪᠠᠢ ᠨᠢ24960 ᠮᠣ᠌ ᠂ ᠨᠠᠭᠤᠷ᠎ᠤᠨ ᠳᠠᠯᠠᠪᠠᠢ ᠨᠢ 7.13 ᠲᠡᠭᠰᠢ ᠲᠦᠷᠪᠡᠯᠵᠢᠨ ᠺᠢᠯᠤᠮᠧᠲ᠋ᠷ᠂ ᠶᠡᠷᠦᠩᠬᠡᠢ ᠤᠰᠤᠨ ᠤ᠋ ᠬᠡᠮᠵᠢᠶ᠎ᠡ 600 ᠲᠦᠮᠡᠨ ᠪᠤᠰᠤᠭ᠎ᠠ ᠲᠦᠷᠪᠡᠯᠵᠢᠨ ᠮᠧᠲ᠋ᠷ ᠲᠤᠯᠳᠠᠭ᠃ ᠨᠠᠨ ᠬᠠᠢ ᠨᠠᠭᠤᠷ ᠨᠢ ᠠᠮᠢ ᠠᠬᠤᠢ᠎ᠶᠢᠨ ᠬᠠᠮᠠᠭᠠᠯᠠᠯᠲᠠ᠂ ᠰᠣᠶᠣᠯ ᠵᠢᠭᠤᠯᠴᠢᠯᠠᠯ ᠤᠨ ᠬᠥᠭᠵᠢᠯᠲᠡ ᠪᠣᠯᠣᠨ ᠣᠨᠴᠠᠯᠢᠭ᠍ᠲᠤ ᠵᠢᠭᠠᠰᠤᠨ ᠠᠵᠤ ᠦᠢᠯᠡᠰ ᠤᠨ ᠬᠠᠮᠵᠢᠯᠴᠠᠨ ᠬᠥᠭᠵᠢᠬᠦ᠎ᠶᠢ ᠲᠤᠯᠭᠠᠭᠤᠷᠢᠯᠠᠵᠦ᠂ ᠪᠤᠭᠤᠲᠤ ᠬᠤᠳᠠ᠎ᠶᠢᠨ ᠴᠢᠬᠤᠯᠠ ᠠᠮᠢ ᠠᠬᠤᠢ᠎ᠶᠢᠨ ᠰᠡᠯᠡᠭᠦᠴᠡᠯ᠎ᠦᠨ ᠭᠠᠵᠠᠷ ᠪᠣᠯᠵᠠᠢ᠃
ᠠᠩᠬᠢᠷ ᠨᠠᠮᠤᠷᠠᠶᠠᠷᠯᠠᠨ᠂ ᠮᠤᠨᠢ ᠠᠭᠤᠯᠠ᠎ᠶᠢᠨ ᠤᠷᠬᠢᠯ᠎ᠳᠦ ᠪᠤᠳᠠᠩ ᠬᠦᠳᠡᠩ ᠢᠨᠠᠭᠯᠠᠵᠦ᠂ ᠨᠠᠭᠤᠷ᠎ᠤᠨ ᠨᠢᠭᠤᠷ᠎ᠲᠦ ᠨᠢᠮᠬᠡᠨ ᠮᠠᠨᠠᠨ ᠬᠦᠰᠢᠭᠡᠯᠡᠨ᠂ ᠡᠪᠡᠰᠦ ᠤᠷᠭᠤᠮᠠᠯ ᠬᠠᠯᠢᠭᠤᠷᠠᠨ ᠰᠢᠷᠭᠠᠯᠳᠤᠵᠦ᠂ ᠤᠰᠤᠨ᠎ᠤ ᠰᠢᠪᠠᠭᠤᠳ ᠨᠠᠭᠤᠷ᠎ᠢᠶᠡᠨ ᠴᠢᠮᠡᠨ ᠭᠠᠩᠭᠠᠨᠠᠯᠳᠤᠨ᠎ᠠ᠃
ᠬᠠᠳᠤᠨ ᠭᠤᠤᠯ᠎ᠤᠨ ᠲᠦᠯᠬᠡᠬᠡᠨ ᠤᠷᠤᠰᠬᠠᠯ ᠡᠴᠡ ᠵᠢᠷᠭᠤᠭᠠᠨ ᠵᠠᠭᠤᠨ ᠵᠢᠯ᠎ᠤᠨ ᠲᠡᠷᠳᠡᠭᠡᠬᠢ ᠲᠤᠷᠭᠠᠨ ᠵᠠᠮ᠎ᠤᠨ ᠠᠷᠠᠯᠵᠢᠶ᠎ᠠ ᠬᠤᠳᠠᠯᠳᠤᠭᠠᠨ᠎ᠤ ᠢᠮ ᠳᠠᠮᠠᠭ᠎ᠠ ᠮᠡᠳᠡᠷᠡᠭᠳᠡᠵᠦ᠂ ᠳᠤᠳᠤᠷ ᠭᠠᠵᠠᠷ᠎ᠤᠨ ᠴᠠᠢ᠂ ᠪᠦᠰ ᠪᠠᠷᠠᠭ᠎ᠠ ᠤᠰᠤᠨ ᠵᠠᠮ᠎ᠢᠶᠡᠷ ᠨᠠᠭᠠᠰᠢᠯᠠᠨ᠂ ᠪᠤᠭᠤᠮᠳᠠ᠎ᠶᠢᠨ ᠭᠠᠳᠠᠨᠠᠬᠢ ᠠᠷᠠᠰᠦ ᠰᠢᠷᠢ᠂ ᠡᠮ᠎ᠳᠦ ᠤᠷᠭᠤᠮᠠᠯ ᠡᠮᠦᠨᠡᠰᠢᠯᠡᠵᠦ ᠪᠠᠢᠭ᠎ᠠ ᠪᠠᠢᠳᠠᠯ ᠨᠢ 《 ᠤᠰᠤ ᠬᠠᠭᠤᠷᠠᠢ᠎ᠶᠢᠨ ᠭᠠᠷᠠᠮ 》 ᠬᠡᠮᠡᠬᠦ ᠫᠠᠢᠰᠠ ᠦᠰᠦᠭ ᠡᠴᠡ ᠪᠦᠥᠷ ᠲᠦᠥᠷ ᠬᠠᠷᠠᠭᠳᠠᠨ᠎ᠠ᠂ 《ᠪᠤᠭᠤᠮᠳᠠ᠎ᠶᠢᠨ ᠠᠶᠠᠨ 》 ᠢᠳᠡ ᠶᠠᠪᠤᠭᠳᠠᠵᠦ᠂ ᠤᠯᠤᠮ ᠭᠠᠷᠠᠮ ᠡᠴᠡ ᠪᠠᠨ ᠬᠤᠳᠠ ᠪᠠᠯᠭᠠᠤᠨ ᠪᠤᠯᠵᠦ ᠬᠦᠭᠵᠢᠭᠰᠡᠨ ᠪᠤᠭᠤᠳᠤ ᠬᠤᠳᠠ᠎ᠶᠢᠨ ᠲᠡᠥᠬᠡ᠎ᠶᠢᠨ ᠤᠯᠪᠠᠭ᠎ᠠ᠎ᠵᠢ ᠨᠠᠨ ᠬᠠᠢ ᠨᠠᠭᠤᠷ ᠲᠤᠳᠤᠷᠬᠠᠢᠯᠠᠵᠦ᠂ ᠬᠠᠳᠤᠨ ᠭᠤᠤᠯ ᠡᠴᠡ ᠴᠢᠳᠬᠤᠯᠠᠩ ᠠᠪᠴᠤ᠂ ᠡᠩᠬᠡ ᠠᠮᠤᠭᠤᠯᠠᠩ᠎ᠤᠨ ᠦᠶ᠎ᠠ ᠳ᠋ᠦ ᠪᠦᠷᠢᠯᠳᠦᠨ ᠲᠤᠭᠳᠠᠬᠰᠠᠨ 《ᠪᠣᠭᠣᠮᠲᠠ᠎ᠶᠢᠨ ᠭᠠᠳᠠᠨᠠᠬᠢ ᠰᠢ ᠬᠣ᠌ ᠨᠠᠭᠤᠷ 》 ᠬᠡᠮᠡᠭᠦ ᠠᠯᠳᠠᠷ ᠲᠠᠢ ᠨᠠᠨ ᠬᠠᠢ ᠨᠠᠭᠤᠷ ᠡᠨᠡ ᠪᠦᠬᠦᠨ᠎ᠢ ᠬᠡᠷᠡᠴᠢᠯᠡᠨ᠎ᠠ᠃
ᠦᠨᠦᠳᠦᠷ ᠨᠠᠨ ᠬᠠᠢ ᠨᠠᠭᠤᠷ᠎ᠢ ᠪᠠᠷᠠᠳᠠᠨ ᠰᠠᠭᠤᠷᠢᠰᠢᠭᠰᠠᠨ ᠪᠤᠯᠤᠳ᠎ᠤᠨ ᠬᠤᠳᠠ᠎ᠶᠢᠨ ᠬᠦᠮᠦᠨ ᠠᠷᠠᠳ ᠨᠠᠭᠤᠷ᠎ᠤᠨ᠎ᠢᠶᠡᠨ ᠰᠢᠮ᠎ᠠ ᠪᠡᠷ ᠬᠦᠯ᠎ᠵᠢᠨ ᠲᠦᠯᠵᠢᠵᠦ᠂ ᠨᠠᠭᠤᠷ ᠤᠰᠤ ᠪᠠᠨ ᠠᠯᠠᠭ ᠨᠢᠳᠤᠨ᠎ᠤ ᠪᠠᠨ ᠴᠡᠴᠡᠬᠡᠢ ᠮᠡᠳᠦ ᠬᠠᠮᠠᠭᠠᠯᠠᠨ ᠪᠦᠭᠡᠴᠡᠢᠯᠡᠵᠦ᠂ ᠠᠮᠢ ᠠᠮᠢᠵᠢᠷᠠᠯ᠎ᠤᠨ ᠲᠠᠷᠬᠠᠨ ᠤᠷᠤᠨ᠂ ᠵᠤᠯ ᠵᠢᠷᠭᠠᠯ᠎ᠤᠨ ᠳᠠᠭᠱ᠌ᠢᠨ ᠨᠤᠳᠤᠭ ᠵᠢᠡᠨ ᠪᠤᠯᠭᠠᠵᠠᠢ᠃
ᠨᠠᠢ ᠬᠠᠢ ᠨᠠᠭᠤᠷ᠎ᠢᠶᠡᠨ ᠬᠠᠮᠠᠭᠠᠯᠠᠨ᠎ᠠ — ᠮᠢᠶᠤᠤ ᠴᠦᠨ ᠯᠢᠨ᠎ᠤ ᠲᠡᠮᠡᠴᠡᠯ ᠵᠢᠳᠬᠦᠯ
ᠵᠤᠷᠰᠢᠯ ᠶᠤᠰᠤᠭᠠᠷ ᠠᠵᠢᠯ᠎ᠳᠠᠭᠠᠨ ᠡᠷᠳᠡᠯᠡᠨ ᠭᠠᠷᠤᠭᠰᠠᠨ ᠮᠢᠶᠤᠤ ᠴᠦᠨ ᠯᠢᠨ ᠨᠠᠭᠤᠷ᠎ᠤᠨ ᠬᠦᠪᠡᠬᠡᠨ᠎ᠳᠦ ᠭᠠᠩᠭᠠᠨᠠᠯᠳᠤᠬᠤ ᠭᠠᠯᠠᠭᠤ ᠰᠢᠪᠠᠭᠤᠳ᠎ᠢ ᠦᠷ᠎ᠠ ᠪᠠᠨ ᠮᠡᠳᠦ ᠡᠩᠬᠦᠷᠡᠢᠯᠡᠨ ᠪᠦᠷᠢᠳᠭᠡᠵᠦ᠂ ᠨᠠᠭᠤᠷ ᠴᠠᠭᠳᠠᠨ ᠬᠠᠮᠠᠭᠠᠯᠠᠬᠤ ᠠᠩᠬᠢ᠎ᠶᠢᠨ ᠨᠦᠬᠦᠳ᠎ᠲᠠᠢ ᠪᠠᠨ ᠰᠢᠨ᠎ᠠ ᠢᠷᠡᠭᠰᠡᠨ ᠰᠢᠪᠠᠭᠤᠳ᠎ᠤᠨ ᠲᠦᠷᠦᠯ ᠪᠠᠢᠳᠠᠯ᠎ᠢ ᠤᠷᠮᠠᠳᠠᠢᠬᠠᠨ ᠶᠠᠷᠢᠯᠴᠠᠵᠦ ᠡᠬᠢᠯᠡᠯ᠎ᠠ᠃
ᠬᠦᠯ ᠬᠦᠩᠭᠡᠨ᠂ ᠶᠠᠷᠢᠶ᠎ᠠ ᠬᠦᠬᠡᠷᠦᠬᠡ ᠲᠠᠢ ᠮᠢᠶᠤᠤ ᠴᠦᠨ ᠯᠢᠨ ᠪᠤᠯ ᠨᠠᠨ ᠬᠠᠢ ᠨᠠᠭᠤᠷ᠎ᠤᠨ ᠠᠮᠢ ᠠᠬᠤᠢ᠎ᠶᠢᠨ ᠬᠠᠮᠠᠭᠠᠯᠠᠯᠳᠠ᠂ ᠵᠢᠬᠦᠷᠳᠡᠨ᠎ᠤ ᠰᠤᠳᠤᠯᠭᠠᠨ᠂ ᠨᠤᠭᠤ ᠭᠠᠵᠠᠷ᠎ᠤᠨ ᠰᠢᠨᠵᠢᠯᠡᠬᠡ ᠵᠡᠷᠭᠡ ᠠᠵᠢᠯ᠎ᠳᠦ 34 ᠵᠢᠯ ᠵᠢᠳᠬᠦᠵᠦ ᠢᠷᠡᠭᠰᠡᠨ ᠠᠬᠠᠮᠠᠳ ᠠᠵᠢᠯᠳᠠᠨ᠃ 1992 ᠣᠨ᠎ᠳᠤ ᠥᠪᠥᠷ ᠮᠣᠩᠭᠣᠯ᠎ᠤᠨ ᠮᠠᠯ ᠲᠠᠷᠢᠶᠠᠯᠠᠩ᠎ᠤᠨ ᠳᠡᠭᠡᠳᠦ ᠰᠤᠷᠭᠠᠭᠤᠯᠢ᠎ᠡᠴᠡ ᠳᠡᠬᠦᠰᠦᠭᠡᠳ ᠡᠨᠳᠡ ᠠᠵᠢᠯ ᠤ᠋ᠨ ᠭᠠᠷᠤᠭ᠎ᠠ ᠪᠠᠨ ᠠᠪᠴᠠᠢ᠃
ᠦᠩᠭᠡᠷᠡᠭᠰᠡᠨ ᠳ᠋ᠦ ᠪᠤᠭᠤᠳᠤ ᠬᠤᠳᠠ᠎ᠶᠢᠨ ᠪᠤᠬᠢᠷ ᠤᠰᠤ᠎ᠵᠢ ᠳᠥᠷᠪᠡᠨ ᠲᠤᠮᠤ ᠭᠤᠤᠷᠰᠤ ᠪᠡᠷ ᠨᠠᠨ ᠬᠠᠢ ᠨᠠᠭᠤᠷ᠎ᠲᠦ ᠴᠢᠳᠬᠤᠵᠦ᠂ ᠨᠠᠭᠤᠷ᠎ᠤᠨ ᠪᠣᠬᠢᠷᠲᠤᠯ ᠬᠦᠨᠳᠦ ᠰᠦᠷᠡᠬᠡᠢ ᠪᠠᠢᠵᠠᠢ᠃ 1985 ᠣᠨ᠎ᠳᠤ ᠪᠤᠭᠤᠲᠤ ᠬᠤᠲᠠ 《ᠨᠠᠨ ᠬᠠᠢ ᠨᠠᠭᠤᠷ᠎ᠢ ᠠᠪᠤᠷᠠᠵᠤ᠂ ᠨᠠᠨ ᠬᠠᠢ ᠨᠠᠭᠤᠷ᠎ᠢ ᠪᠦᠲᠦᠭᠡᠨ ᠪᠠᠢᠭᠤᠯᠤᠨ᠎ᠠ》 ᠭᠡᠰᠡᠨ ᠵᠠᠷᠯᠠᠯ ᠨᠡᠢᠲᠡᠯᠡᠵᠦ ᠠᠮᠢ ᠠᠬᠤᠢ᠎ᠶᠢᠨ ᠬᠠᠮᠠᠭᠠᠯᠠᠯᠲᠠ᠎ᠶᠢᠨ ᠣᠷᠣᠨ᠎ᠢ ᠵᠠᠭᠠᠭᠯᠠᠨ ᠲᠣᠭᠲᠠᠭᠠᠬᠤ ᠪᠡᠷ ᠲᠤᠭᠳᠠᠬᠰᠠᠨ ᠪᠤᠯᠪᠠᠴᠤ ᠠᠩᠬᠠᠨ᠎ᠤ ᠵᠢᠯ ᠤᠳᠲᠦ᠂ ᠤᠰᠤᠨ ᠴᠤᠬᠴᠠ ᠵᠢ ᠨᠢ ᠵᠠᠰᠠᠵᠤ ᠲᠠᠭᠤᠰᠤᠭ᠎ᠠ ᠦᠭᠡᠢ᠂ᠪᠦᠳᠦᠭᠡᠨ ᠪᠠᠢᠭᠤᠯᠤᠯᠳᠠ ᠨᠢ ᠪᠠᠷᠤᠬᠳᠠᠢ ᠪᠠᠢᠵᠦ᠂ ᠵᠢᠭᠤᠯᠴᠢᠯᠠᠯ ᠦᠵᠡᠮᠵᠢ ᠵᠡᠷᠭᠡ ᠵᠢ ᠴᠢᠬᠤᠯᠠᠴᠢᠯᠠᠬᠰᠠᠨ ᠡᠴᠡ ᠪᠢᠰᠢ᠂ ᠠᠮᠢ ᠠᠬᠤᠢ᠎ᠶᠢᠨ ᠲᠠᠯ᠎ᠠ᠎ᠪᠠᠷ ᠭᠦᠢᠴᠡᠳ ᠪᠤᠳᠤᠯᠬᠢᠯᠠᠬᠰᠠᠨ ᠦᠭᠡᠢ᠃ ᠲᠤᠬᠠᠢ ᠵᠢᠨ ᠵᠢᠯ ᠤᠳᠲᠦ ᠮᠢᠶᠤᠤ ᠴᠦᠨ ᠯᠢᠨ ᠬᠠᠮᠳᠤ ᠠᠵᠢᠯᠳᠠᠳ ᠲᠠᠢ ᠪᠠᠨ ᠲᠡᠨᠳᠡ ᠤᠷᠭᠤᠮᠠᠯ᠎ᠤᠨ ᠪᠠᠢᠴᠠᠭᠠᠯᠲᠠ ᠥᠷᠨᠢᠭᠦᠯᠵᠦ᠂ ᠪᠠᠭ᠎ᠠ ᠬᠡᠯᠪᠡᠷᠢ᠎ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠲᠥᠰᠥᠯ ᠦᠷᠨᠢᠬᠦᠯᠵᠦ ᠪᠠᠢᠯ᠎ᠠ ᠃

ᠲᠡᠷᠡ ᠬᠡᠳᠦᠨ ᠵᠢᠯ ᠳ᠋ᠦ ᠮᠢᠶᠤᠤ ᠴᠦᠨ ᠯᠢᠨ ᠲᠠᠢ ᠴᠤᠭ ᠢᠷᠡᠭᠰᠡᠨ ᠬᠠᠮᠳᠦ ᠠᠵᠢᠯᠳᠠᠳ ᠤ᠋ᠨ ᠤᠯᠠᠩᠬᠢ ᠨᠢ ᠠᠷᠠᠯᠵᠢᠶ᠎ᠠ ᠮᠠᠢᠮᠠᠢ ᠡᠷᠬᠢᠯᠡᠬᠦ᠂ ᠭᠠᠳᠠᠭᠠᠳᠦ᠎ᠳᠦ ᠰᠤᠷᠤᠯᠴᠠᠬᠤ᠂ ᠪᠤᠰᠤᠳ ᠠᠵᠢᠯ ᠲᠦᠷᠦᠯ ᠬᠢᠬᠦ ᠭᠡᠳ ᠨᠠᠨ ᠬᠠᠢ ᠨᠠᠭᠤᠷ ᠡᠴᠡ ᠰᠠᠯᠵᠤ ᠶᠠᠪᠤᠬᠰᠠᠨ ᠪᠠᠢᠵᠠᠢ᠃ 《ᠵᠠᠯᠠᠭᠤ ᠽᠠᠨᠳᠠᠨ ᠨᠠᠰᠤ ᠪᠠᠨ ᠡᠨᠳᠡ ᠦᠷᠡᠭᠡᠭᠦ ᠪᠡᠷ ᠵᠢᠡᠨ ᠦᠭᠡᠷ᠎ᠡ ᠰᠤᠩᠭᠤᠯᠳᠠ ᠬᠢᠭᠰᠡᠨ ᠨᠢ ᠵᠦᠪ 》 ᠬᠡᠵᠤ ᠤᠯᠠᠨ ᠬᠦᠮᠦᠨ ᠮᠢᠶᠤᠤ ᠴᠦᠨ ᠯᠢᠨ ᠢ ᠢᠳᠬᠠᠵᠤ ᠪᠠᠢᠬᠰᠠᠨᠪᠠ ᠲᠡᠷᠡ ᠦᠪᠡᠷᠢᠶᠡᠨᠴᠤ ᠡᠷᠡᠭᠡᠯᠵᠡᠭᠡ ᠲᠠᠢ ᠪᠠᠢᠬᠰᠠᠨ᠎ᠢᠶᠡᠨ ᠨᠢᠭᠤᠯ ᠦᠬᠡᠢ ᠶᠠᠷᠢᠵᠦ ᠪᠢᠯᠡ᠃
ᠠᠮᠢᠳᠤᠷᠠᠯ ᠦᠢᠯᠡᠰ᠎ᠤᠨ ᠰᠤᠩᠭᠤᠯᠳᠠ᠎ᠶᠢᠨ ᠲᠤᠨᠤᠯᠵᠢᠨ ᠵᠠᠮ ᠳ᠋ᠦ᠂ ᠲᠡᠷᠡ ᠲᠤᠷ᠎ᠠ ᠪᠠᠬ᠎ᠠ᠂ ᠠᠵᠢᠯ ᠮᠡᠷᠭᠡᠵᠢᠯ ᠬᠡᠳ ᠬᠦᠨ ᠲᠤᠩᠭᠠᠵᠦ ᠪᠤᠳᠤᠬᠰᠠᠨ ᠵᠢᠡᠨ ᠡᠴᠦᠰ ᠲᠡᠭᠡᠨ ᠬᠠᠰᠢᠯᠠ ᠨᠠᠨ ᠬᠠᠢ ᠨᠠᠭᠤᠷ ᠲᠠᠭᠠᠨ ᠦᠯᠡᠳᠡᠯ᠎ᠡ᠃ ᠰᠤᠩᠭᠤᠭᠰᠠᠨ ᠰᠤᠩᠭᠤᠯᠳᠠ ᠡᠷᠬᠢᠯᠡᠭᠰᠡᠨ ᠦᠢᠯᠡᠰ᠎ᠲᠡᠭᠡᠨ ᠭᠤᠶᠠᠴᠢ ᠦᠬᠡᠢ ᠵᠢᠳᠬᠦᠭᠦ ᠪᠤᠯ ᠲᠡᠬᠦᠨ᠎ᠤ ᠡᠴᠢᠨᠡᠨ ᠵᠢᠯ᠎ᠤᠨ ᠪᠠᠷᠢᠮᠳᠠᠯᠠᠯ᠃ 2007 ᠣᠨ᠎ᠳᠤ ᠲᠡᠷᠡᠪᠡᠷ ᠨᠤᠭᠤ ᠭᠠᠵᠠᠷ᠎ᠤᠨ ᠬᠠᠮᠠᠭᠠᠯᠠᠯᠲᠠ᠎ᠶᠢᠨ ᠥᠷᠲᠡᠭᠡ᠎ᠶᠢᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠪᠡ ᠃ ᠲᠤᠬᠠᠢ ᠵᠢᠨ ᠦᠶ᠎ᠡ ᠳ᠋ᠦ ᠲᠡᠭᠦᠨ ᠤ ᠡᠮᠦᠨ᠎ᠠ ᠲᠠᠯᠪᠢᠬᠳᠠᠬᠰᠠᠨ ᠬᠠᠳᠠᠭᠤ ᠰᠢᠯᠭᠠᠯᠳᠠ ᠭᠡᠪᠡᠯ᠂ ᠴᠠᠭᠳᠠᠨ ᠬᠠᠮᠠᠭᠠᠯᠠᠬᠤ ᠠᠩᠭᠢ᠎ᠶᠢᠨ ᠬᠢᠨᠢ ᠤᠯᠠᠩᠬᠢ ᠨᠢ ᠵᠢᠭᠠᠰᠤᠴᠢᠨ ᠪᠤᠶᠤ ᠤᠢᠵᠢᠭᠤᠯᠤᠭᠴᠢ ᠭᠠᠷᠤᠯ ᠲᠠᠢ ᠪᠠᠢᠵᠤ᠂ ᠤᠯᠠᠨ ᠵᠢᠡᠷ ᠵᠢᠡᠨ ᠨᠤᠭᠤ ᠭᠠᠵᠠᠷ᠎ᠤᠨ ᠲᠤᠬᠠᠢ ᠤᠢᠯᠠᠭᠠᠯᠳᠠ ᠮᠡᠭᠦᠰ᠂ ᠶᠠᠭᠠᠬᠢᠵᠤ ᠬᠠᠮᠠᠭᠠᠯᠠᠵᠤ ᠬᠡᠷᠬᠢᠨ ᠬᠢᠭᠦ ᠪᠡᠨ ᠲᠠᠭ ᠮᠡᠳᠡᠭᠦ ᠦᠭᠡᠢ ᠪᠠᠢᠬᠰᠠᠨ ᠬᠡᠳᠡᠭ᠃ ᠲᠡᠭᠡᠭᠡᠳ ᠲᠡᠳᠡ ᠡᠳᠦᠷ ᠪᠤᠯᠭᠠᠨ ᠴᠠᠭᠳᠠᠨ ᠬᠠᠮᠠᠭᠠᠯᠠᠬᠤ ᠳᠤᠮᠳᠠ ᠪᠠᠨ ᠰᠦᠪᠡᠭᠴᠢᠯᠡᠵᠦ᠂ ᠰᠦᠪᠡᠭᠴᠢᠯᠡᠭᠦ ᠲᠤᠮᠳᠠ ᠪᠠᠨ ᠦᠢᠯᠡᠳᠦᠯᠭᠡᠵᠢᠭᠦᠯᠵᠦ᠂ ᠠᠵᠢᠯ᠎ᠤᠨ ᠲᠤᠷᠰᠢᠯᠭ᠎ᠠ ᠬᠤᠷᠠᠮᠳᠤᠭᠤᠯᠦᠨᠠ᠃ ᠡᠭᠦᠨ᠎ᠤ ᠲᠤᠮᠳᠠ ᠮᠢᠶᠤᠤ ᠴᠦᠨ ᠯᠢᠨ ᠳ᠋ᠦ ᠠᠯᠢ ᠤᠯᠠᠨ ᠢᠨᠢᠶᠡᠳᠦ ᠲᠠᠢ ᠬᠠᠨᠢᠶᠠᠳᠦ ᠲᠠᠢ ᠤᠴᠠᠷᠠᠯ ᠲᠤᠬᠢᠶᠠᠬᠰᠠᠨ ᠪᠠᠢᠯ᠎ᠠ ᠃
ᠨᠢᠭᠡ ᠤᠳᠠᠭ᠎ᠠ ᠲᠡᠳᠡ ᠴᠠᠭᠳᠠᠨ ᠲᠤᠭᠤᠷᠢᠵᠦ ᠪᠠᠢᠬᠤ᠎ᠳᠠᠭᠠᠨ ᠨᠢᠭᠡ ᠲᠠᠷᠢᠶᠠᠴᠢᠨ ᠨᠣᠬᠠᠢ ᠳᠠᠯᠪᠢᠨ ᠬᠤᠨᠪᠠᠷᠢᠭᠤᠯᠬᠤ ᠭᠡᠵᠦ ᠪᠠᠢᠬᠰᠠᠨ᠎ᠲᠠᠢ ᠳᠠᠭᠠᠷᠠᠯᠳᠤᠵᠠᠢ᠃ ᠳᠡᠳᠡ ᠲᠠᠷᠤᠢᠬᠠᠨ ᠬᠤᠷᠢᠭᠯᠠᠨ ᠵᠤᠭᠰᠤᠭᠠᠭᠰᠠᠨ᠎ᠳᠦ ᠲᠡᠷᠡ ᠲᠠᠷᠢᠶᠠᠴᠢᠨ᠄《ᠲᠠᠨᠤᠰ ᠶᠠᠭᠤᠨ᠎ᠳᠤ ᠭᠡᠷ᠎ᠲᠡᠭᠡᠨ ᠠᠪᠠᠴᠢᠵᠦ ᠬᠠᠮᠠᠭᠠᠯᠠᠬᠤ ᠦᠭᠡᠢ ᠪᠣᠶ᠂ ᠪᠢ ᠬᠤᠭᠤᠯᠠ ᠢᠳᠡᠨ᠎ᠠ᠂ ᠪᠢ ᠲᠠᠷᠢᠶ᠎ᠠ ᠲᠠᠷᠢᠨ᠎ᠠ᠂ ᠤᠷᠢᠳ ᠵᠢᠡᠷ ᠬᠣᠭᠣᠯᠠ ᠢᠳᠡᠬᠦ ᠦᠦ᠂ ᠤᠷᠢᠳ ᠵᠢᠡᠷ ᠬᠤᠨᠢ ᠬᠠᠮᠠᠭᠠᠯᠠᠬᠤ ᠦᠦ 》 ᠬᠡᠵᠦ ᠠᠮᠠ ᠪᠤᠯᠢᠶᠠᠯᠳᠤᠭᠰᠠᠨ ᠬᠡᠳᠡᠭ᠃ 《 ᠶᠠᠭᠠᠬᠢᠭᠠᠳ ᠡᠪᠡᠰᠦ ᠵᠡᠬᠡᠰᠦ᠎ᠵᠢ ᠦᠵᠢᠷᠡᠵᠦ ᠬᠤᠪᠠᠬᠠᠢᠷᠠᠭᠤᠯᠤᠭᠰᠠᠨᠴᠤ ᠦᠬᠡᠷ ᠬᠣᠨᠢᠨ᠎ᠳᠦ ᠢᠳᠡᠭᠦᠯᠬᠦ ᠦᠬᠡᠢ ᠪᠤᠢ?》 ᠭᠡᠵᠦ ᠬᠠᠮᠠᠭᠠᠯᠠᠯᠳᠠ᠎ᠶᠢᠨ ᠣᠷᠣᠨᠤᠲᠠᠷᠢᠶᠠᠴᠢᠳ ᠵᠦᠩᠳᠡᠭᠡᠨ ᠲᠡᠳᠡᠨ ᠲᠠᠢ ᠦᠵᠡᠯᠳᠡ ᠳᠠᠨᠢᠯᠳᠠ ᠵᠢᠨ ᠮᠥᠷᠭᠥᠯᠳᠦᠭᠡᠨ ᠡᠭᠦᠰᠴᠤ ᠬᠡᠯᠡ ᠠᠮᠠ ᠪᠤᠯᠳᠠᠭ ᠪᠠᠢᠵᠠᠢ᠃
ᠬᠦᠮᠦᠰ᠎ᠤᠨ ᠦᠵᠡᠯᠳᠡ ᠳᠠᠨᠢᠯᠳᠠ᠎ᠵᠢ ᠬᠤᠪᠢᠷᠠᠭᠤᠯᠬᠤ᠎ᠳᠦ ᠤᠷᠢᠳ ᠵᠢᠡᠷ ᠦᠪᠡᠷ ᠡᠴᠡ ᠪᠠᠨ ᠡᠬᠢᠯᠡᠵᠦ ᠬᠢᠭᠦ ᠴᠢᠬᠤᠯᠠᠳᠠᠢ ᠭᠡᠳᠡᠭ ᠢ᠋ ᠮᠢᠶᠤᠤ ᠴᠦᠨ ᠯᠢᠨ ᠬᠡᠨ ᠡᠴᠡᠴᠦ ᠰᠠᠢᠨ ᠤᠬᠠᠳᠠᠭ᠃ ᠲᠡᠷᠡ ᠴᠠᠭᠳᠠᠨ ᠬᠠᠮᠠᠭᠠᠯᠠᠬᠤ ᠠᠩᠬᠢ᠎ᠶᠢᠨ ᠵᠢᠡᠨ ᠬᠦᠮᠦᠨ ᠪᠤᠯᠭᠠᠨ ᠰᠢᠪᠠᠭᠤᠨ᠎ᠤ ᠨᠡᠷ᠎ᠡ ᠠᠪᠬᠤ ᠵᠢ ᠱᠠᠭᠠᠷᠳᠠᠵᠦ᠂ ᠦᠪᠡᠷ᠎ᠢᠶᠡᠨ 《ᠮᠤᠷᠢᠨ ᠬᠠᠷᠢᠶᠠᠴᠠᠢ》 ᠬᠡᠮᠡᠬᠦ ᠨᠡᠷ᠎ᠠ ᠵᠡᠭᠦᠭᠰᠡᠨ ᠪᠠᠢᠯ᠎ᠠ᠃ ᠮᠤᠷᠢᠨ ᠬᠠᠷᠢᠶᠠᠴᠠᠢ ᠬᠡᠵᠦ ᠨᠤᠮᠤᠬᠠᠨ ᠪᠤᠷᠤᠭᠵᠢᠭᠤᠨ᠂ ᠲᠡᠰᠪᠦᠷᠢ ᠳᠠᠭᠠᠭᠠᠴᠠ ᠲᠠᠢ᠂ ᠤᠷᠲᠦ ᠬᠤᠭᠤᠴᠠᠭ᠎ᠠ ᠬᠤᠯᠠ ᠨᠢᠰᠴᠤ ᠴᠢᠳᠠᠳᠠᠭ ᠰᠢᠪᠠᠭᠤ᠃ ᠮᠢᠶᠤᠤ ᠴᠦᠨ ᠯᠢᠨ᠎ᠤ ᠠᠵᠢᠯ ᠶᠠᠭ ᠯᠡ ᠮᠤᠷᠢᠨ ᠬᠠᠷᠢᠶᠠᠴᠠᠢ ᠵᠢᠨ ᠵᠠᠩ ᠠᠷᠠᠨᠰᠢᠨ ᠱᠠᠭᠠᠷᠳᠠᠬᠳᠠᠨ᠎ᠠ᠃
ᠲᠤᠬᠠᠢ ᠵᠢᠨ ᠦᠶ᠎ᠡ ᠳ᠋ᠦ᠂ ᠨᠤᠭᠤ ᠭᠠᠵᠠᠷ᠎ᠤᠨ ᠬᠠᠮᠠᠭᠠᠯᠠᠯᠳᠠ ᠵᠢᠨ ᠳᠦᠷᠢᠮ᠎ᠢ ᠨᠠᠢᠳᠠᠪᠤᠷᠢᠵᠢᠭᠤᠯᠬᠤ᠎ᠳᠤ ᠲᠤᠯᠭᠠᠷᠠᠭᠰᠠᠨ ᠨᠢᠭᠡᠨ ᠶᠡᠬᠡ ᠠᠰᠠᠭᠤᠳᠠᠯ ᠨᠢ ᠭᠠᠵᠠᠷ ᠰᠢᠷᠣᠢ᠎ᠶᠢᠨ ᠠᠰᠠᠭᠤᠳᠠᠯ ᠪᠠᠢᠯ᠎ᠠ᠃ ᠲᠠᠷᠢᠶᠠᠴᠢᠳ ᠲᠠᠷᠢᠶᠠᠯᠠᠬᠤ ᠬᠡᠷᠡᠭᠲᠡᠢ᠂ ᠳᠡᠳᠡ ᠬᠠᠮᠠᠭᠠᠯᠠᠬᠤ ᠬᠡᠷᠡᠭᠲᠡᠢ᠃ ᠡᠨᠡ ᠬᠦ᠌ ᠵᠦᠷᠢᠴᠡᠯ᠎ᠢ ᠰᠢᠢᠳᠪᠦᠷᠢᠯᠡᠭᠦ ᠵᠢᠨ ᠲᠦᠯᠦᠭᠡ ᠮᠢᠶᠤᠤ ᠴᠦᠨ ᠯᠢᠨ ᠶᠤᠰᠤᠳᠠᠢ ᠤᠯᠠᠶᠢᠨ ᠬᠦᠯᠦᠰᠦ ᠪᠠᠨ ᠤᠷᠤᠢ᠎ᠳᠠᠭᠠᠨ ᠭᠠᠷᠳᠠᠯ᠎ᠠ ᠵᠢᠳᠬᠦᠭᠰᠡᠨ ᠪᠠᠢᠵᠠᠢ᠃ 《ᠮᠠᠨ᠎ᠤ ᠪᠤᠭᠤᠳᠤ ᠬᠣᠲᠠ᠎ᠳᠤ ᠡᠢᠮᠦ ᠭᠠᠵᠠᠷ ᠨᠢᠭᠡ ᠯᠡ ᠬᠡᠰᠡᠭ ᠪᠤᠢ᠂ ᠡᠨᠡ ᠨᠢ ᠠᠮᠢ ᠠᠬᠤᠢ ᠵᠢᠨ ᠬᠠᠮᠠᠭᠠᠯᠠᠯᠳᠠ ᠵᠢᠨ ᠤᠷᠤᠨ ᠮᠦᠷᠳᠡᠭᠡᠨ ᠰᠢᠪᠠᠭᠤᠳ᠎ᠤᠨ ᠤᠷᠤᠩᠨᠠᠬᠤ ᠤᠷᠤᠨ ᠵᠠᠢ ᠃ ᠡᠴᠤᠰ ᠤᠨ ᠡᠴᠤᠰ᠎ᠲᠦ ᠮᠠᠨ ᠤ᠋ ᠦᠷ᠎ᠠ ᠬᠤᠢᠴᠢᠰ᠎ᠲᠦ ᠦᠯᠡᠳᠡᠬᠦ ᠦᠪ ᠬᠦᠷᠦᠩᠭᠡ ᠰᠢᠦ 》 ᠬᠡᠵᠦ ᠠᠮᠠ ᠪᠠᠨ ᠬᠦᠭᠡᠰᠦᠷᠡᠳᠡᠯᠡ ᠪᠠᠨ ᠤᠬᠠᠭᠤᠯᠵᠦ ᠶᠠᠷᠢᠳᠠᠭ᠃ 《ᠲᠡᠷᠡ ᠦᠶ᠎ᠠ᠎ᠳᠦ ᠲᠠᠷᠢᠶᠠᠴᠢᠳ ᠮᠠᠨᠤᠰ᠎ᠢ ᠪᠦᠷ 〈ᠳᠠᠢᠰᠤᠩᠨᠠᠭᠴᠢ ᠡᠳᠡᠭᠡᠳ〉 ᠢ᠋ᠶ᠋ᠡᠨ ᠪᠤᠯᠭᠠᠭᠠᠳ ᠪᠠᠢᠭᠰᠠᠨ ᠰᠢᠦ ᠂ ᠪᠢ ᠨᠥᠬᠥᠳ᠎ᠲᠠᠢ᠎ᠪᠡᠨ ᠪᠠᠰᠠ ᠤᠳᠠᠭᠠᠨ ᠳᠠᠭᠠᠭᠠᠮᠠᠭᠠᠢ 〈ᠳᠠᠢ᠍ᠢᠨ 〉 ᠬᠢᠬᠦ ᠪᠡᠯᠡᠳᠬᠡᠯ᠎ᠲᠠᠢ ᠪᠠᠢᠬᠰᠠᠨ》 ᠭᠡᠳ ᠮᠢᠶᠤᠤ ᠴᠦᠨ ᠯᠢᠨ᠎ᠤ ᠲᠠᠭᠤ ᠨᠢ ᠡᠷᠢᠶᠡᠨᠳᠦᠨᠠ᠃
ᠬᠤᠷᠢ ᠭᠠᠷᠤᠢ ᠵᠢᠯ᠎ᠦᠨ ᠲᠡᠮᠡᠴᠡᠯ ᠵᠢᠳᠭᠦᠯ ᠤᠨ ᠬᠠᠷᠢᠭᠤ ᠳ᠋ᠦ᠂ 《ᠨᠠᠨ ᠬᠠᠢ ᠨᠤᠭᠤ ᠭᠠᠵᠠᠷ》᠂《ᠨᠠᠨ ᠬᠠᠢ ᠨᠤᠭᠤ ᠭᠠᠵᠠᠷ᠎ᠤᠨ ᠪᠠᠢᠭᠠᠯᠢ᠎ᠶᠢᠨ ᠬᠠᠮᠠᠭᠠᠯᠠᠯᠳᠠ᠎ᠶᠢᠨ ᠤᠷᠤᠨ᠎ᠤ ᠪᠠᠢᠭᠠᠯᠢ᠎ᠶᠢᠨ ᠡᠬᠢ ᠪᠠᠶᠠᠯᠢᠭ᠎ᠤᠨ ᠰᠤᠳᠤᠯᠭᠠᠨ》᠂《ᠦᠪᠦᠷ ᠮᠤᠨᠭᠭᠤᠯ᠎ᠤᠨ ᠨᠠᠨ ᠬᠠᠢ ᠨᠤᠭᠤ ᠭᠠᠵᠠᠷ᠎ᠤᠨ ᠵᠢᠬᠦᠷᠳᠡᠨ᠎ᠤ ᠲᠦᠷᠦᠯ 》 ᠵᠡᠷᠭᠡ ᠨᠤᠮ᠎ᠤᠳ ᠨᠢ ᠠᠷᠤ ᠠᠷᠤ ᠡᠴᠡ ᠪᠠᠨ ᠬᠡᠪᠯᠡᠭᠳᠡᠵᠦ᠂ ᠦᠪᠦᠷ ᠮᠤᠨᠭᠭᠤᠯ ᠤᠷᠤᠨ᠂ ᠲᠡᠷᠡᠴᠢᠯᠡᠨ ᠪᠦᠬᠦ ᠤᠯᠤᠰ᠎ᠤᠨ ᠨᠤᠭᠤ ᠭᠠᠵᠠᠷ᠎ᠢ ᠬᠠᠮᠠᠭᠠᠯᠠᠨ ᠰᠡᠷᠬᠦᠬᠡᠬᠦ᠂ ᠠᠮᠢᠳᠤ ᠪᠤᠳᠠᠰ᠎ᠤᠨ ᠡᠬᠢ ᠪᠡᠶᠠᠯᠢᠭᠢ ᠪᠦᠷᠢᠳᠬᠡᠨ ᠬᠠᠮᠠᠭᠠᠯᠠᠬᠤ᠎ᠳᠦ ᠴᠢᠬᠤᠯᠠ ᠯᠠᠪᠯᠠᠯᠳᠠ ᠵᠢᠨ ᠮᠠᠲᠸᠷᠢᠶᠠᠯ ᠪᠤᠯᠤᠬᠰᠠᠨ ᠶᠤᠮ᠃ 《ᠪᠢ ᠨᠠᠨ ᠬᠠᠢ ᠨᠠᠭᠤᠷ᠎ᠢᠶᠡᠨ ᠬᠠᠢᠷᠠᠯᠠᠨ ᠬᠠᠮᠠᠭᠠᠯᠠᠬᠤ ᠳ᠋ᠦ ᠨᠠᠨ ᠬᠠᠢ ᠨᠠᠭᠤᠷᠴᠤ ᠨᠠᠮ᠎ᠠ᠎ᠵᠢ ᠢᠪᠡᠭᠡᠨ ᠲᠡᠳᠭᠦᠵᠦ᠂ ᠠᠩᠬᠠᠨ᠎ᠤ ᠨᠠᠰᠤ ᠪᠠᠭ᠎ᠠ ᠴᠢᠰᠤ ᠰᠢᠩᠬᠡᠨ ᠤᠶᠤᠳᠠᠨ ᠵᠠᠯᠠᠭᠤ ᠡᠴᠡ ᠨᠤᠭᠤ ᠭᠠᠵᠠᠷ᠎ᠤᠨ ᠳᠡᠭᠡᠳᠦ ᠳᠡᠰ᠎ᠤᠨ ᠢᠨᠵᠧᠨ᠋ᠧᠷ ᠪᠤᠯᠤᠬᠰᠠᠨ》 ᠭᠡᠳ ᠮᠢᠶᠤᠤ ᠴᠦᠨ ᠯᠢᠨ ᠮᠦᠰᠢᠶᠡᠳᠦ ᠴᠠᠯᠬᠢᠯᠠᠭᠤᠯᠦᠯᠠ᠃
ᠨᠠᠨ ᠬᠠᠢ ᠨᠠᠭᠤᠷ᠎ᠢᠶᠡᠨ ᠲᠦᠰᠢᠨ᠎ᠠ — ᠵᠠᠩ ᠬᠤᠢ᠎ᠶᠢᠨ ᠬᠤᠭᠤᠯᠠᠨ ᠭᠡᠷ
ᠦᠳᠡ᠎ᠶᠢᠨ ᠨᠠᠷᠠ ᠬᠢᠯᠪᠡᠵᠦ᠂ ᠨᠠᠨ ᠬᠠᠢ ᠨᠠᠭᠤᠷ᠎ᠲᠦ ᠵᠤᠭᠠᠴᠠᠨ ᠲᠤᠭᠤᠷᠢᠭᠰᠠᠳ ᠳᠠᠪᠤ ᠭᠤᠷᠪᠠ ᠪᠡᠷ ᠨᠡᠢᠯᠡᠨ ᠪᠤᠯᠵᠤᠭ᠎ᠠ ᠲᠠᠢ ᠮᠡᠳᠦ ᠬᠤᠢᠳᠦ ᠡᠬᠦᠳᠡᠨ ᠤ ᠵᠢᠭᠠᠰᠤᠨ ᠬᠤᠭᠤᠯᠠᠨ ᠭᠡᠷ ᠢ ᠴᠢᠭᠯᠡᠨ᠎ᠡ᠃
ᠬᠠᠯᠠᠭᠤᠬᠠᠨ ᠴᠢᠷᠠᠢ ᠲᠠᠢ ᠵᠠᠯᠠᠭᠤᠬᠠᠨ ᠪᠦᠰᠡᠬᠦᠢ ᠢᠷᠡᠭᠰᠡᠨ ᠬᠡᠢᠴᠢᠳ᠎ᠢᠶᠡᠨ ᠤᠭᠳᠤᠨ ᠵᠤᠴᠢᠯᠠᠬᠤ᠎ᠶᠢᠨ ᠳᠠᠭᠠᠤ ᠭᠠᠷ ᠤᠳᠠᠰᠤ ᠪᠠᠨ ᠭᠠᠷᠭᠠᠨ᠄ 《ᠯᠢ ᠠᠬ᠎ᠠ ᠡ᠂ ᠪᠠᠰᠠ 10 ᠵᠢᠭᠠᠰᠤ ᠬᠦᠷᠭᠡᠭᠡᠳ ᠦᠭᠬᠦᠭᠡᠷᠡᠢ᠂ ᠲᠤᠮᠤ᠎ᠵᠢ ᠨᠢ ᠠᠪᠤᠨ᠎ᠠ ᠰᠢᠦ》 ᠬᠡᠵᠦ ᠶᠠᠭᠠᠷᠠᠯᠳᠠᠢᠬᠠᠨ ᠵᠠᠬᠢᠶᠠᠯᠠᠭ᠎ᠠ ᠦᠭᠬᠦᠨ᠎ᠠ᠃

ᠬᠤᠭᠤᠯᠠᠨ ᠭᠡᠷ᠎ᠤᠨ ᠡᠵᠡᠭᠳᠡᠢ ᠵᠠᠩ ᠬᠤᠢ ᠪᠤᠯ ᠪᠤᠭᠤᠳᠤ ᠬᠤᠳᠠ᠎ᠶᠢᠨ ᠬᠥᠨᠳᠡᠯᠡᠨ ᠲᠣᠭᠣᠷᠢᠭ᠋᠎ᠤᠨ ᠤᠤᠭᠠᠯ᠃《ᠤᠤᠯ ᠨᠢ ᠪᠢ ᠶᠠᠮᠠᠷ᠎ᠴᠤ ᠠᠵᠢᠯ᠎ᠢ ᠪᠦᠷ ᠬᠢᠵᠦ ᠦᠩᠭᠡᠷᠡᠭᠰᠡᠨ》ᠭᠡᠳ ᠵᠠᠩ ᠬᠤᠢ ᠦᠩᠭᠡᠷᠡᠭᠰᠡᠨ ᠵᠢᠡᠨ ᠲᠤᠭᠠᠴᠢᠯᠠ᠃ ᠰᠤᠷᠭᠠᠭᠤᠯᠢ ᠰᠤᠶᠤᠯ᠎ᠤᠨ ᠮᠦᠷ᠎ᠢ ᠲᠤᠷᠭᠤᠨ ᠵᠤᠭᠰᠤᠭᠰᠠᠨ ᠲᠡᠷᠡ ᠪᠡᠷ ᠭᠠᠳᠠᠭᠰᠢ ᠭᠠᠷᠴᠤ ᠬᠦᠯᠦᠰᠦᠨ ᠠᠵᠢᠯ᠎ᠢ ᠠᠯᠢ ᠵᠢ ᠨᠢᠴᠤ ᠭᠤᠯᠤᠯ ᠦᠬᠡᠢ ᠬᠢᠵᠦ ᠶᠠᠪᠤᠭᠰᠠᠨ᠂ ᠰᠡᠬᠦᠯ᠎ᠳᠦ᠎ᠨᠢ ᠬᠤᠳᠠᠯᠳᠤᠭᠠᠨ᠎ᠤ ᠬᠤᠳᠠ ᠳ᠋ᠦ ᠮᠦᠩᠬᠦ ᠬᠤᠷᠢᠶᠠᠵᠦ ᠬᠡᠳᠦᠨ ᠵᠢᠯ ᠠᠵᠢᠯᠯᠠᠭᠰᠠᠨ᠎ᠢᠶᠡᠨ ᠬᠠᠨᠢ᠎ᠶᠢᠨ ᠵᠠᠶᠠᠭ᠎ᠠ ᠬᠤᠯᠪᠤᠨ᠂ 2006 ᠤᠨ᠎ᠳᠦ ᠠᠢᠯ ᠬᠡᠷ ᠪᠤᠯᠵᠦ ᠂ ᠨᠥᠬᠥᠷ᠎ᠲᠠᠢ᠎ᠪᠡᠨ ᠪᠤᠭᠤᠳᠤ ᠬᠤᠳᠠ᠎ᠶᠢᠨ 38 ᠳ᠋ᠤᠭᠠᠷ ᠵᠠᠮ᠎ᠤᠨ ᠨᠡᠶ᠋ᠢᠲᠡ᠎ᠶᠢᠨ ᠮᠠᠰᠢᠨ ᠲᠡᠷᠭᠡ᠎ᠶᠢ ᠳᠠᠭᠠᠭᠠᠴᠢᠯᠠᠵᠤ ᠠᠪᠴᠠᠢ᠃ ᠨᠥᠬᠥᠷ ᠨᠢ ᠲᠡᠷᠭᠡ ᠵᠢᠯᠤᠭᠣᠳᠤᠨ᠂ ᠲᠡᠷᠡ ᠪᠢᠯᠧᠲ ᠬᠤᠷᠢᠶᠠᠵᠦ᠂ ᠡᠳᠦᠷᠵᠢᠨ ᠪᠤᠷᠪᠢ ᠪᠤᠬᠢᠰᠬᠢᠯ ᠦᠬᠡᠢ ᠶᠠᠭᠠᠷᠠᠵᠦ ᠪᠠᠢᠭᠰᠠᠨ᠎ᠴᠤ ᠵᠢᠯ᠎ᠳᠡᠭᠡᠨ ᠲᠤᠰᠳᠠᠭ ᠨᠢᠮᠭᠡᠭᠡᠨ ᠣᠷᠣᠯᠭ᠎ᠠ᠎ᠪᠠᠨ ᠬᠠᠷᠠᠭᠠᠳ ᠶᠡᠷᠦ ᠨᠢ ᠰᠡᠳᠬᠢᠯ ᠲᠤᠮᠳᠠᠭᠤᠷ ᠪᠠᠢᠵᠠᠢ᠃ ᠳᠡᠭᠡᠵᠦ ᠪᠠᠢᠳᠠᠯ᠎ᠠ ᠨᠡᠶ᠋ᠢᠲᠡ᠎ᠶᠢᠨ ᠮᠠᠰᠢᠨ ᠲᠡᠷᠭᠡᠨ᠎ᠦ ᠳᠠᠭᠠᠭᠠᠴᠢᠯᠠᠯᠲᠠ᠎ᠶᠢᠨ ᠭᠡᠷ᠎ᠡ᠎ᠶᠢᠨ ᠬᠤᠭᠤᠴᠠᠭ᠎ᠠ ᠨᠢ᠎ᠴᠦ ᠲᠤᠯᠵᠦ᠂ ᠦᠪᠡᠷ᠎ᠢᠶᠡᠨ ᠦᠷ᠎ᠠ᠎ᠶᠢᠨ ᠵᠤᠯᠠᠢ ᠦᠨᠦᠷᠯᠡᠨ᠂ ᠬᠡᠳᠦᠨ ᠵᠢᠯ ᠬᠡᠥᠬᠡᠳ᠎ᠢᠶᠡᠨ ᠠᠰᠠᠷᠠᠨ ᠬᠡᠷ ᠵᠠᠭᠤᠷ᠎ᠠ ᠪᠡᠨ ᠡᠷᠬᠢᠯᠳᠦᠵᠡᠢ᠃
2017 ᠣᠨ᠎ᠤ ᠨᠢᠭᠡ ᠡᠳᠦᠷ ᠪᠠᠢᠵᠤ ᠪᠢᠯᠡ᠃ ᠲᠡᠷᠡ ᠬᠡᠥᠬᠡᠳ᠎ᠢᠶᠡᠨ ᠳᠠᠭᠠᠭᠤᠯᠤᠨ ᠨᠠᠨ ᠬᠠᠢ ᠨᠠᠭᠤᠷ᠎ᠲᠦ ᠲᠤᠭᠤᠷᠢᠬᠤ ᠪᠡᠷ ᠤᠴᠢᠭᠠᠳ ᠰᠠᠨᠠᠮᠰᠠᠷ ᠦᠬᠡᠢ ᠨᠢᠭᠡᠨ ᠵᠢᠭᠠᠰᠤᠨ ᠬᠤᠭᠤᠯᠠᠨ ᠬᠡᠷ ᠡᠵᠡᠩᠨᠡᠯᠳᠡ᠎ᠶᠢᠨ ᠡᠷᠭᠡ ᠪᠠᠨ ᠰᠢᠯᠵᠢᠬᠦᠯᠵᠦ ᠪᠠᠢᠬᠤ ᠲᠠᠢ ᠲᠠᠭᠠᠷᠠᠯᠳᠤᠵᠠᠢ᠃ ᠢᠩᠬᠢᠭᠡᠳ ᠲᠡᠷᠡ ᠨᠢᠭᠡ ᠳᠠᠨᠢᠯ ᠲᠤᠭᠤᠭᠠᠴᠢ ᠲᠠᠢ ᠪᠠᠨ ᠬᠤᠷᠰᠢᠨ ᠨᠠᠢ ᠬᠠᠢ ᠨᠠᠭᠤᠷ᠎ᠤᠨ ᠡᠬᠦᠳᠡᠨ ᠳ᠋ᠦ ᠵᠢᠭᠠᠰᠤᠨ ᠬᠣᠭᠣᠯᠠᠨ ᠭᠡᠷ ᠡᠵᠡᠩᠨᠡᠵᠦ ᠡᠬᠢᠯᠡᠭᠰᠡᠨ ᠵᠢᠡᠨ ᠤᠳᠤ ᠨᠢᠭᠡᠨᠲᠡ 10 ᠰᠢᠬᠠᠮ ᠵᠢᠯ ᠤ᠋ᠨ ᠨᠢᠭᠤᠷ ᠢ᠋ ᠦᠵᠡᠪᠡ᠃
ᠨᠠᠨ ᠬᠠᠢ ᠨᠠᠭᠤᠷ᠎ᠤᠨ ᠲᠤᠭᠤᠷᠢᠨᠳ᠋ᠡᠬᠢ ᠵᠢᠭᠠᠰᠤᠨ ᠬᠤᠭᠤᠯᠠᠨ ᠬᠡᠷ᠎ᠤᠳ ᠨᠠᠨ ᠬᠠᠢ ᠨᠤᠭᠤ ᠭᠠᠵᠠᠷ᠎ᠤᠨ ᠦᠵᠡᠮᠵᠢ᠎ᠶᠢᠨ ᠤᠷᠤᠨ ᠲᠠᠢ ᠤᠷᠲᠦ ᠬᠤᠭᠤᠴᠠᠭᠠᠨ᠎ᠤ ᠬᠡᠯᠡᠯᠴᠡᠬᠡᠷ ᠲᠤᠬᠢᠷᠠᠵᠦ᠂ ᠪᠦᠬᠡᠮ᠎ᠢᠶᠡᠷ ᠪᠤᠷᠤᠯᠠᠭᠤᠯᠬᠤ ᠦᠨ᠎ᠠ ᠪᠡᠷ ᠨᠠᠨ ᠬᠠᠢ ᠨᠠᠭᠤᠷ᠎ᠤᠨ ᠵᠢᠭᠠᠰᠤ ᠵᠢ ᠤᠷᠤᠭᠤᠯᠳᠠᠭ ᠪᠤᠯᠬᠤᠷ ᠬᠤᠭᠤᠯᠠᠨ ᠬᠡᠷ᠎ᠤᠨ ᠬᠢᠨᠢ ᠵᠠᠷᠤᠳᠠᠯᠳ᠋ᠦ ᠠᠷᠪᠢᠳᠠᠢᠮᠦᠷᠳᠡᠭᠡᠨ ᠵᠢᠭᠠᠰᠤᠨ᠎ᠤ ᠠᠮᠳᠠ ᠰᠢᠮ᠎ᠠ᠎ᠵᠢ ᠪᠠᠳᠤᠯᠠᠵᠦ ᠴᠢᠳᠠᠳᠠᠭ᠃ ᠵᠠᠬ᠎ᠠ ᠲᠡᠯᠭᠡᠭᠦᠷ᠎ᠲᠦ ᠴᠦᠭᠡᠨ ᠬᠠᠷᠠᠬᠳᠠᠳᠠᠭ ᠨᠠᠨ ᠬᠠᠢ ᠨᠠᠭᠤᠷ᠎ᠤ᠋ᠨ ᠳᠠᠬᠤ ᠵᠢᠭᠠᠰᠤ᠂ ᠮᠥᠷᠭᠥ ᠵᠢᠭᠠᠰᠤᠵᠡᠷᠭᠡ ᠨᠢ 《ᠬᠠᠳᠤᠨ ᠭᠤᠤᠯ᠎ᠤᠨ ᠵᠢᠭᠠᠰᠤ》 ᠡᠴᠡ ᠢᠯᠡᠭᠦᠦ ᠬᠡᠷᠡᠭᠯᠡᠭᠴᠢᠳ᠎ᠲᠦ ᠬᠦᠷᠢᠶᠡᠯᠡᠭᠳᠡᠳᠡᠭ ᠪᠠᠢᠯ᠎ᠠ᠃
ᠵᠠᠩ ᠬᠤᠢ᠎ᠶᠢᠨ ᠬᠤᠭᠤᠯᠠᠨ ᠭᠡᠷ ᠶᠡᠷᠦ ᠨᠢ 4 ᠵᠢᠩ ᠤᠷᠴᠢᠮ᠎ᠦᠨ ᠳᠠᠬᠤ ᠵᠢᠭᠠᠰᠤ᠂ 3 ᠵᠢᠩ ᠤᠷᠴᠢᠮ᠎ᠦᠨ ᠮᠥᠷᠭᠥ ᠵᠢᠭᠠᠰᠤ᠎ᠶᠢ ᠰᠣᠩᠭᠣᠳᠠᠭ᠂ ᠡᠨᠡ ᠨᠢ ᠠᠮᠲᠠ ᠰᠢᠮᠳᠡ ᠦᠨ᠎ᠡ ᠬᠠᠩᠰᠢ᠎ᠶᠢ ᠬᠠᠮᠲᠤ ᠳ᠋ᠤᠨᠢ ᠬᠠᠷᠠᠭᠠᠯᠵᠠᠳᠠᠭ ᠡᠴᠡ ᠪᠤᠯᠵᠠᠢ᠃ 《ᠨᠠᠨ ᠬᠠᠢ ᠨᠠᠭᠤᠷ᠎ᠤᠨ ᠮᠥᠷᠭᠥ ᠵᠢᠭᠠᠰᠤ᠎ᠶᠢᠨ ᠮᠢᠬ᠎ᠠ ᠨᠢ ᠤᠯᠠᠭᠠᠪᠳᠤᠷ ᠪᠠᠢᠳᠠᠭ᠂ ᠳᠡᠵᠢᠬᠡᠪᠦᠷᠢ ᠵᠢᠭᠠᠰᠤᠨ᠎ᠤ ᠮᠢᠬ᠎ᠠ ᠰᠢᠭ᠋ ᠴᠠᠢᠪᠳᠤᠷ ᠪᠢᠰᠢ᠃ ᠪᠢᠳᠡ ᠠᠮᠢᠳᠤ ᠵᠢᠭᠠᠰᠤ᠎ᠶᠢ ᠪᠠᠷᠢᠨ ᠬᠢᠬᠦ᠎ᠶᠢ ᠪᠠᠷᠢᠮᠲᠠᠯᠠᠵᠦ ᠢᠷᠡᠭᠰᠡᠨ᠎ᠢᠶᠡᠷ ᠬᠡᠢᠴᠢᠨ ᠤᠯᠠᠮ᠎ᠢᠶᠡᠷ ᠤᠯᠠᠰᠢᠷᠠᠵᠤ᠂ ᠤᠯᠠᠷᠢᠯ ᠤᠨ ᠴᠢᠨᠠᠷᠳᠠᠢ ᠡᠵᠡᠩᠨᠡᠳᠡᠭ ᠪᠤᠯᠪᠠᠴᠤ ᠤᠷᠤᠯᠭ᠎ᠠ ᠶᠡᠬᠡ ᠵᠦᠬᠡᠷ》 ᠬᠡᠵᠤ ᠵᠠᠩ ᠬᠤᠢ ᠪᠠᠶᠠᠷᠳᠠᠢᠬᠠᠨ ᠶᠠᠷᠢᠨ᠎ᠠ᠃
ᠵᠢᠯ ᠪᠤᠯᠭᠠᠨ᠎ᠤ 3 ᠰᠠᠷ᠎ᠠ᠎ᠶᠢᠨ ᠲᠤᠮᠳᠠᠴᠢ ᠪᠡᠷ᠂ ᠨᠠᠨ ᠬᠠᠢ ᠨᠠᠭᠤᠷ ᠭᠡᠰᠴᠦ ᠬᠠᠳᠤᠨ ᠭᠤᠤᠯ ᠴᠦᠯᠡᠵᠦ ᠡᠬᠢᠯᠡᠳᠡᠭ᠃ ᠡᠢᠨ ᠬᠥ᠌ 5 ᠰᠠᠷ᠎ᠠ ᠦᠩᠭᠡᠷᠡᠳᠡᠯᠠ ᠪᠤᠭᠤᠳᠤ ᠬᠤᠳᠠ᠎ᠶᠢᠨ ᠬᠢᠨ ᠪᠤᠯᠤᠨ ᠡᠷᠬᠢᠨ ᠲᠤᠭᠤᠷᠢᠨ᠎ᠤ ᠤᠯᠠᠨ ᠲᠦᠮᠡᠨ᠎ᠤ ᠭᠤᠤᠯ ᠴᠦᠯᠡᠯᠭᠡ᠎ᠶᠢᠨ ᠵᠢᠭᠠᠰᠤ ᠢᠳᠡᠬᠦ ᠬᠠᠮᠤᠭ᠎ᠤᠨ ᠬᠦᠭᠵᠢᠶᠡᠨᠳᠡᠢ ᠤᠯᠠᠷᠢᠯ ᠪᠤᠯᠵᠦ᠂ ᠵᠠᠩ ᠬᠤᠢ᠎ᠶᠢᠨ ᠵᠢᠭᠠᠰᠤᠨ ᠬᠣᠭᠣᠯᠠᠨ ᠭᠡᠷᠰᠠᠷᠠᠳᠠᠭᠠᠨ 11 ᠲᠦᠮᠡ ᠤᠷᠴᠢᠮ᠎ᠤᠨ ᠣᠷᠣᠯᠭ᠎ᠠ ᠤᠯᠳᠠᠭ ᠪᠠᠢᠯ᠎ᠠ᠃
ᠨᠠᠨ ᠬᠠᠢ ᠨᠠᠭᠤᠷ᠎ᠢ 3 ᠤᠳᠠᠭ᠎ᠠ ᠶᠡᠬᠡ ᠪᠡᠷ ᠴᠡᠭᠴᠡᠯᠡᠨ ᠵᠠᠰᠠᠬᠤ ᠪᠡᠷ ᠲᠠᠮᠵᠢᠨ ᠨᠠᠭᠤᠷ᠎ᠤᠨ ᠠᠮᠢ ᠠᠬᠤᠢ᠂ ᠦᠩᠭᠡ ᠦᠵᠡᠮᠵᠢ ᠪᠣᠯᠣᠨ ᠤᠰᠤᠨ᠎ᠤ ᠴᠢᠨᠠᠷ ᠮᠡᠳᠡᠭᠳᠡᠮ᠎ᠡ ᠰᠠᠢᠵᠢᠷᠠᠵᠤ᠂ ᠵᠢᠭᠤᠯᠴᠢᠯᠠᠭᠰᠠᠳ ᠡᠳᠦᠷ ᠢᠷᠡᠬᠦᠶ᠎ᠠ ᠨᠡᠮᠡᠭᠳᠡᠵᠤ᠂ ᠵᠢᠭᠠᠰᠤᠨ ᠬᠣᠭᠣᠯᠠᠨ ᠭᠡᠷ ᠤᠨ ᠠᠰᠢᠭ ᠤᠷᠤᠯᠭᠠᠴᠤ ᠤᠯᠠᠮ ᠰᠠᠢᠵᠢᠷᠠᠵᠠᠢ᠃《ᠪᠢᠳᠡ ᠴᠢᠨᠢ ᠨᠠᠭᠤᠷ ᠵᠢᠡᠨ ᠪᠠᠷᠠᠳᠠᠵᠦ᠂ ᠨᠠᠭᠤᠷ ᠤᠨ ᠵᠢᠭᠠᠰᠤ ᠪᠡᠷ ᠬᠤᠭᠤᠯᠠ ᠬᠢᠵᠦ᠂ ᠨᠠᠭᠤᠷ᠎ᠤᠨ ᠦᠩᠬᠡ ᠪᠡᠷ ᠬᠡᠢᠴᠢᠨ ᠳᠠᠳᠠᠵᠦ᠂ ᠨᠠᠭᠤᠷ᠎ᠤᠨ ᠠᠰᠢᠭ ᠰᠢᠮ᠎ᠠ ᠪᠡᠷ ᠰᠡᠳᠬᠢᠯ ᠬᠠᠩᠬᠤᠯᠤᠭᠤᠨ ᠠᠮᠢᠳᠤᠷᠠᠵᠦ ᠪᠠᠢᠭ᠎ᠠ ᠬᠦᠮᠦᠰ ᠰᠢᠦ 》 ᠭᠡᠵᠦ ᠵᠠᠩ ᠬᠤᠢ ᠨᠠᠨ ᠬᠠᠢ ᠨᠠᠭᠤᠷ᠎ᠢᠶᠡᠨ ᠰᠦᠵᠢᠭᠯᠡᠨ ᠳᠡᠭᠡᠳᠦᠯᠡᠨᠠ᠃
ᠨᠠᠨ ᠬᠠᠢ ᠨᠠᠭᠤᠷ᠎ᠲᠠᠭᠠᠨ ᠢᠳᠡᠭᠡᠰᠢᠨᠠ — ᠵᠠᠩ ᠬᠠᠢ ᠴᠢᠩ᠎ᠤᠨ ᠵᠤᠭᠠᠳᠠᠢ ᠵᠤᠭᠤᠭ
ᠦᠳᠡ ᠬᠡᠯᠪᠡᠢᠵᠦ᠂ ᠨᠠᠭᠤᠷ ᠳᠡᠭᠡᠷ᠎ᠠ ᠤᠯᠠᠭᠠᠨ ᠬᠤᠰᠢᠭᠤᠳᠦ ᠴᠠᠬᠤᠯᠠᠢ ᠨᠦᠮᠦᠷᠢᠨ ᠪᠠᠭᠤᠯ᠎ᠠ᠃ ᠨᠠᠭᠤᠷ᠎ᠤᠨ ᠦᠵᠡᠮᠵᠢ᠎ᠶᠢᠨ ᠤᠷᠤᠨ᠎ᠤ ᠬᠦᠮᠦᠰ 《ᠵᠠᠩ ᠠᠬ᠎ᠠ᠎ᠶᠢᠨ ᠴᠠᠬᠤᠯᠠᠢ ᠢᠷᠡᠭᠰᠡᠨ》 ᠭᠡᠳ ᠬᠦᠬᠡᠷᠦᠯᠳᠦᠨᠠ᠃ ᠬᠦᠮᠦᠰ᠎ᠤᠨ ᠶᠠᠷᠢᠳᠠᠭ ᠵᠠᠩ ᠠᠬ᠎ᠠ ᠪᠤᠯ ᠵᠠᠩ ᠬᠠᠢ ᠴᠢᠩ ᠭᠡᠳᠡᠭ ᠬᠠᠰᠢᠷ ᠰᠠᠭᠤᠭᠰᠠᠨ ᠬᠢᠵᠢᠶᠡᠯᠢ ᠨᠠᠰᠤᠨ᠎ᠤ ᠬᠦᠮᠦᠨ ᠪᠠᠢᠯ᠎ᠠ᠃ ᠬᠠᠷᠠᠬᠤ᠎ᠳᠦ ᠶᠡᠬᠡ ᠲᠦᠩᠰᠦᠬᠦᠷ ᠴᠢᠷᠠᠢ ᠲᠠᠢ ᠪᠠᠢᠭᠰᠠᠨ᠎ᠴᠤ ᠨᠠᠨ ᠬᠠᠢ ᠨᠠᠭᠤᠷ᠎ᠤᠨ ᠲᠤᠬᠠᠢ ᠵᠤᠭᠤᠭ ᠡᠬᠦᠰᠬᠡᠬᠦ᠎ᠳᠦ ᠨᠢᠳᠦ ᠨᠢ ᠰᠡᠷᠭᠦᠵᠦ ᠢᠷᠡᠯ᠎ᠠ᠃

ᠵᠠᠩ ᠬᠠᠢ ᠴᠢᠩ ᠪᠣᠯ ᠨᠠᠨ ᠬᠠᠢ ᠨᠠᠭᠤᠷ᠎ᠤᠨ ᠦᠵᠡᠮᠵᠢ᠎ᠶᠢᠨ ᠣᠷᠣᠨ᠎ᠤ ᠠᠬᠠᠮᠠᠳ ᠦᠶ᠎ᠠ᠎ᠶᠢᠨ ᠠᠵᠢᠯᠴᠢᠨ᠃ 1987 ᠣᠨ᠎ᠳᠤ᠂ ᠲᠡᠷᠡ 18 ᠨᠠᠰᠤᠲᠠᠢ ᠳᠠᠭᠠᠨ ᠨᠠᠨ ᠬᠠᠢ ᠨᠠᠭᠤᠷ᠎ᠲᠤ ᠠᠵᠢᠯ᠎ᠤᠨ ᠭᠠᠷᠤᠭ᠎ᠠ ᠠᠪᠴᠤ᠂ 40 ᠵᠢᠯ ᠨᠠᠭᠤᠷ᠎ᠤᠨ ᠡᠷᠬᠢᠨ ᠲᠤᠭᠤᠷᠢᠨ᠎ᠳᠦ ᠠᠵᠢᠯᠯᠠᠵᠦ ᠠᠮᠢᠳᠤᠷᠠᠵᠦ᠂ ᠨᠠᠨ ᠬᠠᠢ ᠨᠠᠭᠤᠷ᠎ᠤᠨ ᠬᠤᠪᠢᠷᠠᠯᠳᠠ ᠦᠬᠡᠷᠡᠴᠢᠯᠠᠯᠳᠠ᠎ᠵᠢ ᠪᠡᠶ᠎ᠡ᠎ᠪᠡᠷ᠎ᠢᠶᠡᠨ ᠦᠩᠭᠡᠷᠡᠬᠦᠯᠦᠭᠰᠡᠨ ᠨᠢᠭᠡᠨ᠃
ᠲᠤᠷᠠᠰᠴᠤ ᠶᠠᠷᠢᠬᠤ ᠪᠡᠷ᠂ ᠳᠡᠭᠡᠷ᠎ᠡ ᠵᠠᠭᠤᠨ᠎ᠤ ᠨᠠᠶᠠᠭᠠᠳ ᠣᠨ᠎ᠳᠤ ᠨᠠᠨ ᠬᠠᠢ ᠨᠠᠭᠤᠷ᠎ᠲᠦ ᠤᠰᠤᠨ ᠭᠠᠷᠤᠯᠲᠠ᠎ᠶᠢ ᠲᠡᠵᠢᠭᠡᠨ ᠦᠷᠡᠵᠢᠭᠦᠯᠬᠦ᠎ᠪᠡᠷ ᠭᠣᠣᠯᠯᠠᠵᠤ᠂ᠵᠢᠭᠤᠯᠴᠢᠯᠠᠯ ᠨᠢ ᠲᠤᠰᠠᠯᠠᠬᠤ ᠦᠢᠯᠡᠰ ᠪᠠᠢᠵᠠᠢ᠃ ᠠᠵᠢᠯ᠎ᠳᠤ ᠭᠠᠷᠤᠭᠰᠠᠨ ᠡᠬᠢᠨ᠎ᠦ ᠬᠤᠭᠤᠴᠠᠭᠠᠨ᠎ᠳᠤ ᠵᠠᠩ ᠬᠠᠢ ᠴᠢᠩ ᠵᠢᠭᠠᠰᠤ ᠪᠣᠷᠣᠯᠠᠭᠤᠯᠬᠤ ᠳᠡᠯᠭᠡᠭᠦᠷ᠎ᠲᠦ ᠬᠤᠪᠢᠶᠠᠷᠢᠯᠠᠭᠳᠠᠨ ᠠᠵᠢᠯᠯᠠᠵᠠᠢ ᠃ ᠲᠡᠷᠡ᠄ 《 ᠪᠢ ᠡᠳᠦᠷ ᠪᠤᠯᠭᠠᠨ ᠵᠢᠩ ᠲᠠᠳᠠᠵᠦ᠂ ᠲᠤᠤᠬᠠᠢ ᠡᠷᠬᠢᠬᠦᠯᠦᠨ ᠵᠢᠭᠠᠰᠤ ᠬᠤᠳᠠᠯᠳᠤᠳᠠᠭ ᠪᠠᠢᠭᠰᠠᠨ᠂ ᠲᠤᠬᠠᠢ᠎ᠶᠢᠨ ᠦᠶ᠎ᠡ᠎ᠳᠦ ᠨᠠᠨ ᠬᠠᠢ ᠨᠠᠭᠤᠷ᠎ᠤᠨ ᠠᠯᠲᠠᠨ ᠰᠡᠷᠪᠡᠭᠡᠲᠦ ᠲᠣᠮᠣ᠌ ᠮᠥᠷᠭᠥ ᠵᠢᠭᠠᠰᠤ᠎ᠶᠢ ᠪᠤᠭᠤᠲᠤ᠎ᠶᠢᠨ ᠬᠥᠮᠥᠨ ᠪᠣᠯᠭᠠᠨ ᠮᠡᠳᠡᠨ᠎ᠡ᠂ ᠠᠷᠠᠳ᠎ᠤᠨ ᠳᠤᠮᠳᠠ〈ᠨᠢᠭᠡ ᠦᠬᠡᠷ᠎ᠦᠨ ᠲᠣᠯᠣᠭᠠᠢ᠎ᠵᠢ ᠬᠠᠶᠠᠬᠰᠠᠨᠴᠤ᠂ ᠨᠢᠭᠡ ᠵᠢᠭᠠᠰᠤᠨ ᠲᠣᠯᠣᠭᠠᠢ᠎ᠵᠢ ᠬᠠᠶᠠᠬᠤ ᠦᠭᠡᠢ〉 ᠭᠡᠬᠦ ᠬᠡᠯᠡᠯᠬᠡ ᠲᠠᠢ ᠪᠠᠢᠭᠰᠠᠨ》 ᠭᠡᠵᠦ ᠵᠤᠭᠤᠭ ᠦᠷᠭᠦᠯᠵᠢᠯᠡᠨ᠎ᠡ᠃
ᠵᠠᠩ ᠬᠠᠢ ᠴᠢᠩ ᠡᠳᠦᠷᠵᠢᠨ ᠵᠢᠭᠠᠰᠤ ᠲᠠᠢ ᠨᠤᠴᠤᠯᠳᠤᠵᠦ ᠶᠠᠪᠤᠬᠤ᠎ᠳᠠᠭᠠᠨ ᠡᠢᠮᠦ ᠰᠠᠢᠨ ᠡᠬᠢ ᠪᠠᠶᠠᠯᠢᠭ᠎ᠢ ᠠᠰᠢᠭᠯᠠᠬᠤ ᠦᠭᠡᠢ ᠶᠠᠭᠠᠬᠢᠬᠤᠪ ᠬᠡᠰᠡᠨ ᠪᠤᠳᠤᠯ ᠤᠷᠤᠵᠤ᠂ ᠦᠵᠡᠮᠵᠢ᠎ᠶᠢᠨ ᠤᠷᠤᠨ᠎ᠤ ᠭᠤᠤᠯ ᠡᠬᠦᠳᠡᠨ ᠬᠠᠵᠠᠭᠤ᠎ᠳᠦ ᠬᠤᠭᠤᠯᠠᠨ ᠬᠡᠷ ᠡᠵᠡᠩᠨᠡᠭᠰᠡᠨ ᠪᠠᠢᠯ᠎ᠠ᠃ ᠲᠡᠷᠡ ᠤᠷᠤᠨ ᠨᠤᠲᠤᠭ᠎ᠤᠨ ᠰᠠᠢᠨ ᠲᠤᠭᠤᠭᠠᠴᠢ ᠵᠢ ᠤᠷᠢᠵᠦ᠂ ᠨᠠᠨ ᠬᠠᠢ ᠨᠠᠭᠤᠷ᠎ᠤᠨ ᠵᠢᠭᠠᠰᠤ ᠰᠠᠮ ᠵᠢᠡᠷ ᠡᠯᠳᠡᠪ ᠠᠮᠳᠠᠳᠦ ᠢᠳᠡᠭᠡᠨ ᠬᠢᠵᠦ᠂ ᠮᠠᠢᠮᠠᠢ ᠨᠢ ᠬᠥᠭᠵᠢᠶᠡᠨᠳᠡᠢ ᠦᠶ᠎ᠡ ᠳ᠋ᠦ ᠡᠳᠦᠷ᠎ᠦᠨ ᠡᠵᠡᠩᠨᠡᠯᠲᠡ᠎ᠶᠢᠨ ᠤᠷᠤᠯᠭ᠎ᠠ᠎ᠨᠢ 2 ᠲᠦᠮᠡᠨ ᠲᠥᠭᠥᠷᠢᠭ ᠬᠦᠷᠴᠤ ᠪᠠᠢᠯ᠎ᠠ᠃ ᠭᠡᠪᠡᠴᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ᠎ᠦᠨ ᠪᠠᠢᠳᠠᠯ ᠦᠷᠪᠢᠰᠦᠨ ᠳᠡᠯᠭᠡᠷᠡᠵᠦ᠂ ᠡᠵᠡᠩᠨᠡᠯᠲᠡ ᠨᠢ ᠦᠷᠭᠦᠯᠵᠢᠯᠡᠬᠦᠶ᠎ᠡ ᠪᠡᠷᠬᠡ ᠪᠣᠯᠵᠤ᠂ ᠠᠷᠭ᠎ᠠ ᠪᠤᠰᠤ ᠠᠷᠪᠠᠭᠠᠳ ᠵᠢᠯ ᠡᠵᠡᠩᠨᠡᠭᠰᠡᠨ ᠬᠣᠭᠣᠯᠠᠨ ᠭᠡᠷ᠎ᠢᠶᠡᠨ ᠬᠠᠭᠠᠵᠠᠢ᠃
ᠢᠩᠬᠢᠭᠡᠳ ᠵᠠᠩ ᠬᠠᠢ ᠴᠢᠩ ᠳᠠᠬᠢᠨ ᠦᠵᠡᠮᠵᠢ᠎ᠶᠢᠨ ᠣᠷᠣᠨ᠎ᠤ ᠵᠢᠭᠤᠯᠴᠢᠯᠠᠯ᠎ᠤᠨ ᠣᠩᠭᠣᠴᠠ᠎ᠵᠢ ᠳᠠᠭᠠᠭᠠᠴᠢᠯᠠᠵᠤ᠂ ᠡᠳᠦᠬᠡ᠎ᠳᠦ ᠲᠤᠯᠵᠠᠢ᠃ ᠣᠳᠣᠬᠠᠨ᠎ᠳᠤ ᠨᠠᠭᠤᠷ᠎ᠤᠨ ᠤᠰᠤᠨ ᠳᠡᠭᠡᠷᠡᠬᠢ ᠵᠤᠭ᠎ᠠ ᠴᠡᠩᠭᠡᠯ᠎ᠦᠨ ᠡᠵᠡᠩᠨᠡᠯᠲᠡ᠎ᠶᠢᠨ ᠬᠡᠯᠪᠡᠷᠢ ᠪᠠᠶᠠᠯᠢᠬᠵᠢᠵᠦ᠂ ᠴᠠᠬᠢᠯᠭᠠᠨ ᠬᠥᠳᠡᠯᠭᠡᠭᠦᠷᠲᠦ ᠵᠢᠭᠤᠯᠴᠢᠯᠠᠯ᠎ᠤᠨ ᠣᠩᠭᠣᠴᠠ᠂ ᠪᠦᠷᠬᠦᠬᠦᠯ᠎ᠳᠦ ᠣᠩᠭᠣᠴᠠ᠂ ᠮᠤᠲ᠋ᠤᠷ᠎ᠲᠦ ᠣᠩᠭᠣᠴᠠ᠂ ᠤᠰᠤᠨ ᠳᠡᠭᠡᠷᠡᠬᠢ ᠤᠷᠤᠯᠳᠤᠭᠠᠨ᠎ᠤ ᠲᠡᠷᠭᠡ ᠵᠡᠷᠭᠡ ᠣᠯᠠᠨ ᠶᠠᠩᠵᠤ᠎ᠶᠢᠨ ᠲᠥᠬᠦᠭᠡᠷᠦᠮᠵᠢ᠎ᠲᠠᠢ ᠪᠤᠯᠵᠠᠢ᠃ ᠲᠡᠷᠡ 6 ᠲᠣᠭᠲᠠᠮᠠᠯ ᠠᠵᠢᠯᠴᠢᠨ᠎ᠢ ᠳᠠᠭᠠᠭᠤᠯᠤᠨ ᠪᠠᠢᠩᠭᠤᠵᠢᠭ᠍ᠰᠠᠨ ᠡᠵᠡᠩᠨᠡᠯᠲᠡ ᠬᠢᠵᠦ᠂ ᠡᠪᠦᠯ ᠨᠠᠭᠤᠷ ᠬᠦᠯᠳᠡᠪᠡᠯᠠᠵᠢᠯᠴᠢᠨᠢᠶᠡᠨ ᠳᠠᠭᠠᠭᠤᠯᠤᠨ ᠡᠪᠦᠯ᠎ᠤᠨ ᠵᠢᠭᠤᠯᠴᠢᠯᠠᠯ᠎ᠤᠨ ᠠᠵᠢᠯᠯᠠᠭ᠎ᠠ ᠡᠷᠬᠢᠯᠡᠨ ᠵᠢᠯ ᠲᠤᠵᠢ ᠪᠠᠶᠠᠷ ᠵᠢᠷᠭᠠᠯ ᠲᠠᠢ ᠠᠵᠢᠯᠯᠠᠨ᠎ᠠ᠃
ᠠᠮᠢ ᠠᠬᠤᠢ᠎ᠶᠢᠨ ᠰᠠᠢᠵᠢᠷᠠᠯᠲᠠ ᠨᠢ ᠦᠵᠡᠮᠵᠢ᠎ᠶᠢᠨ ᠣᠷᠣᠨ᠎ᠤ ᠡᠵᠡᠩᠨᠡᠯᠲᠡ᠎ᠶᠢᠨ ᠦᠶᠡᠯᠡᠯ᠎ᠦᠨ ᠬᠤᠭᠤᠴᠠᠭ᠎ᠠ᠎ᠶᠢ ᠲᠤᠢᠯᠪᠤᠷᠢᠲᠠᠢ ᠤᠷᠲᠤᠳᠬᠠᠪᠠ ᠃ ᠥᠩᠭᠡᠷᠡᠭᠰᠡᠨ᠎ᠳᠦ ᠤᠯᠤᠰ᠎ᠤᠨ ᠪᠠᠶᠠᠷ ᠦᠩᠬᠡᠷᠡᠮᠡᠭᠴᠡ ᠵᠢᠭᠤᠯᠴᠢᠯᠠᠭᠴᠢ ᠶᠡᠬᠡᠪᠡᠷ ᠴᠥᠭᠡᠷᠡᠳᠡᠭ᠃ ᠬᠠᠷᠢᠨ ᠰᠠᠨᠠᠭᠠᠨ ᠡᠴᠡ ᠭᠠᠳᠠᠭᠤᠷ ᠡᠨᠡ ᠬᠤᠶᠠᠷ ᠵᠢᠯ ᠨᠠᠮᠤᠷ ᠡᠪᠦᠯ᠎ᠦᠨ ᠤᠯᠠᠷᠢᠯ᠎ᠳᠤ ᠶᠡᠬᠡ ᠬᠡᠮᠵᠢᠶᠡᠨ᠎ᠦ ᠤᠯᠠᠭᠠᠨ ᠬᠣᠰᠢᠭᠤᠲᠤ ᠴᠠᠬᠤᠯᠠᠢ ᠨᠡᠭᠦᠳᠡᠯᠯᠡᠨ ᠢᠷᠡᠬᠦ᠎ᠳᠦ᠂ ᠵᠠᠩ ᠬᠠᠢ ᠴᠢᠩ ᠤᠩᠭᠤᠴᠠ ᠪᠠᠨ ᠰᠡᠯᠢᠬᠦᠷᠳᠡᠨ ᠶᠠᠪᠤᠬᠤ᠎ᠶᠢᠨ ᠳᠠᠭᠠᠤ ᠭᠠᠷᠤᠨ ᠠᠶ᠎ᠠ ᠪᠡᠷ ᠢᠳᠡᠰᠢ ᠬᠠᠶᠠᠵᠦ ᠦᠭᠬᠦᠭᠰᠡᠨ᠎ᠳᠦ ᠤᠯᠠᠭᠠᠨ ᠬᠤᠰᠢᠭᠤᠳᠦ ᠴᠠᠬᠤᠯᠠᠢᠶᠡᠬᠡ ᠲᠦᠷᠭᠡᠨ ᠡᠭᠡᠨᠡᠭᠰᠢᠨ ᠲᠠᠰᠴᠤ᠂ ᠡᠨᠡ ᠵᠢᠯ 3000 ᠭᠠᠷᠤᠢ ᠰᠢᠪᠠᠭᠤ ᠨᠡᠭᠦᠳᠡᠯᠯᠡᠵᠦ ᠢᠷᠡᠭᠰᠡᠨ ᠪᠠᠢᠯ᠎ᠠ᠃ ᠤᠢᠷ᠎ᠠ ᠲᠤᠭᠤᠷᠢᠨ᠎ᠤ ᠬᠦᠮᠦᠰ 《ᠵᠠᠩ ᠠᠬ᠎ᠠ᠎ᠶᠢᠨ ᠴᠠᠬᠤᠯᠠᠢ》 ᠬᠡᠮᠡᠡ ᠲᠤᠳᠤᠨᠤᠴᠢᠯᠠᠨ ᠳᠠᠭᠤᠳᠠᠵᠦ᠂ ᠬᠣᠲᠠ᠎ᠶᠢᠨ ᠠᠷᠠᠳᠪᠤᠯᠤᠨ ᠤᠯᠠᠨ ᠵᠢᠭᠤᠯᠴᠢᠯᠠᠬᠰᠠᠳ ᠲᠤᠰᠬᠠᠢᠯᠠᠨ ᠢᠷᠡᠵᠦ ᠴᠠᠬᠤᠯᠠᠢ ᠲᠡᠵᠢᠭᠡᠬᠦ ᠪᠣᠯᠤᠭᠰᠠᠨ᠎ᠢᠶᠡᠷ ᠵᠢᠭᠤᠯᠴᠢᠯᠠᠯ᠎ᠤᠨ ᠣᠩᠭᠣᠴᠠᠨ᠎ᠤ ᠡᠵᠡᠩᠨᠡᠯᠲᠡ ᠨᠢ 11 ᠰᠠᠷ᠎ᠠ᠎ᠶᠢᠨ ᠳᠤᠮᠳᠠᠴᠢ ᠪᠣᠯᠲᠠᠯ᠎ᠠ ᠦᠷᠭᠦᠯᠵᠢᠯᠡᠵᠦ᠂ ᠪᠥᠬᠥ ᠵᠢᠯ᠎ᠳᠦ ᠢᠯᠡᠭᠦᠦ ᠨᠢᠭᠡ ᠰᠠᠷ᠎ᠠ ᠬᠠᠭᠠᠰ ᠡᠵᠡᠩᠨᠡᠬᠦ ᠪᠤᠯᠪᠠ᠃ ᠢᠩᠬᠢᠵᠦ ᠵᠠᠩ ᠬᠠᠢ ᠴᠢᠩ ᠤᠨ ᠰᠠᠢᠨ ᠰᠠᠨᠠᠭᠠᠨ᠎ᠤ ᠬᠢᠳᠡᠯ ᠨᠢ ᠲᠡᠬᠦᠨ᠎ᠳᠦ ᠰᠠᠨᠠᠭᠠᠨ ᠡᠴᠡ ᠭᠠᠳᠠᠭᠤᠷ ᠤᠷᠤᠯᠭ᠎ᠠ ᠤᠯᠭᠤᠬᠤ ᠪᠤᠯᠤᠬᠰᠠᠨ ᠢᠶᠡᠷ ᠦᠯᠦ ᠪᠠᠷᠠᠮ ᠨᠠᠨ ᠬᠠᠢ ᠨᠠᠭᠤᠷ᠎ᠤᠨ ᠨᠡᠷ᠎ᠡ ᠨᠦᠯᠦᠬᠡ᠎ᠵᠢ ᠦᠷᠭᠡᠳᠬᠡᠨ᠂ ᠬᠦᠮᠦᠨ ᠪᠠᠢᠭᠠᠯᠢ ᠡᠶ᠎ᠠ ᠵᠤᠬᠢᠴᠠᠯ ᠲᠠᠢ ᠬᠠᠮᠳᠤ ᠤᠷᠤᠰᠢᠬᠤ ᠭᠤᠢᠳᠠ ᠰᠠᠢᠬᠠᠨ ᠦᠵᠡᠮᠵᠢ ᠵᠢᠷᠤᠭ ᠢ ᠪᠦᠷᠢᠳᠦᠬᠦᠯᠵᠡᠢ᠃
ᠨᠠᠭᠤᠷ᠎ᠢᠶᠡᠨ ᠰᠠᠬᠢᠨ ᠨᠤᠳᠤᠭ ᠲᠠᠭᠠᠨ ᠢᠳᠡᠭᠡᠰᠢᠭᠰᠡᠨ ᠵᠠᠩ ᠬᠠᠢ ᠴᠢᠩ ᠨᠠᠭᠤᠷ ᠤᠨᠢᠶᠡᠨ ᠳᠡᠷᠭᠡᠳᠡ ᠨᠢᠳᠦ ᠲᠦᠬᠦᠷᠡᠩ᠂ ᠰᠡᠳᠬᠢᠯ ᠳᠡᠨᠢᠬᠦᠨ ᠶᠠᠪᠤᠨ᠎ᠠ᠃《ᠮᠠᠨ᠎ᠤ ᠬᠢᠨ ᠠᠪᠤ᠎ᠶᠢᠨ ᠦᠶ᠎ᠠ᠎ᠳᠦ ᠱᠠᠨ ᠰᠢ ᠡᠴᠡ ᠨᠡᠬᠦᠵᠦ ᠢᠷᠡᠭᠰᠡᠨ ᠬᠦᠮᠦᠰ᠂ ᠪᠢ ᠤᠤᠯ ᠨᠢ ᠵᠢᠭᠠᠰᠤ ᠲᠡᠮᠡᠢ ᠢᠳᠡᠬᠦ ᠦᠬᠡᠢ ᠪᠠᠢᠭᠰᠠᠨ᠂ ᠶᠠᠪᠤᠭᠠᠨ᠎ᠳᠠᠭᠠᠨ ᠵᠢᠭᠠᠰᠤᠨ ᠮᠢᠬ᠎ᠠ ᠡᠴᠡ ᠰᠠᠯᠵᠦ ᠴᠢᠳᠠᠬᠤ ᠪᠠᠨ ᠪᠤᠯᠢᠬᠰᠠᠨ᠃ ᠤᠳᠤ ᠭᠠᠷᠠᠭ᠎ᠲᠦ 2 — 3 ᠤᠳᠠᠭ᠎ᠠ ᠢᠳᠡᠳᠡᠭ ᠨᠢ ᠮᠢᠨᠤ ᠠᠮᠢᠳᠤᠷᠠᠯ᠎ᠤᠨ ᠵᠤᠷᠰᠢᠯ ᠪᠤᠯᠤᠭᠰᠠᠨ》 ᠭᠡᠳ ᠵᠠᠩ ᠬᠠᠢ ᠴᠢᠩ ᠵᠢᠷᠭᠠᠯᠳᠠᠢᠬᠠᠨ ᠮᠦᠰᠢᠶᠡᠵᠦ ᠰᠠᠭᠤᠨ᠎ᠠ᠃
ᠰᠤᠷᠪᠤᠯᠵᠢᠯᠠᠭᠴᠢ ᠵᠢᠨ ᠡᠪᠤᠷ ᠳᠡᠮᠳᠡᠭᠯᠡᠯ᠄
ᠵᠢᠷᠭᠠᠬᠤ ᠨᠠᠷᠠᠨ᠎ᠤ ᠤᠯᠠᠪᠢᠷ ᠲᠤᠶᠠᠭᠠᠨ᠎ᠳᠦ ᠨᠠᠨ ᠬᠠᠢ ᠨᠠᠭᠤᠷ ᠰᠢᠵᠢᠷᠳᠦᠨ ᠲᠤᠯᠬᠢᠶᠠᠯᠠᠵᠦ᠂ ᠮᠤᠨᠢ ᠠᠭᠤᠯᠠ᠎ᠶᠢᠨ ᠡᠩᠬᠡᠷ ᠨᠦᠮᠦᠷᠢ᠎ᠳᠦ ᠲᠦᠮᠡᠨ ᠪᠤᠳᠠᠰ ᠡᠰᠡᠨᠢᠨ ᠲᠦᠯᠵᠢᠨᠠ᠃
ᠡᠭᠡ ᠪᠠᠢᠭᠠᠯᠢ ᠵᠢᠨ ᠰᠤᠶᠤᠷᠬᠠᠯ᠂ ᠡᠵᠢ ᠭᠤᠤᠯ ᠤᠨ ᠢᠪᠡᠭᠡᠯ ᠵᠢᠡᠷ ᠪᠦᠳᠦᠭᠰᠡᠨ ᠨᠠᠨ ᠬᠠᠢ ᠨᠠᠭᠤᠷ ᠠᠩᠬᠠᠨ᠎ᠤ ᠵᠢᠵᠢᠭᠬᠡᠨ ᠵᠢᠭᠠᠰᠤᠨ ᠳᠠᠯᠠᠪᠠᠢ ᠪᠡᠷ 《ᠠᠮᠠ ᠪᠠᠨ ᠳᠠᠬᠢᠵᠦ》ᠪᠠᠢᠭᠰᠠᠨ ᠡᠴᠡ ᠪᠠᠨ ᠨᠠᠮ ᠵᠠᠰᠠᠭ ᠬᠦᠮᠦᠨ ᠠᠷᠠᠳ᠎ᠨᠢ ᠬᠤᠯᠠ᠎ᠶᠢᠨ ᠪᠤᠳᠤᠯ ᠠᠯᠤᠰ᠎ᠤᠨ ᠵᠤᠷᠢᠯᠳᠠ᠎ᠵᠢ ᠡᠪᠦᠷᠯᠡᠨ᠂ ᠡᠷᠡᠰ ᠰᠢᠢᠳᠮᠡᠬᠡᠢ ᠪᠡᠷ ᠦᠭᠡᠷᠡᠴᠢᠯᠡᠯᠳᠡ ᠬᠢᠵᠦ ᠡᠬᠢᠯᠡᠭᠰᠡᠨ᠎ᠢ ᠨᠢ ᠦᠨᠦᠳᠦᠷ ᠡᠷᠬᠢᠨ ᠬᠠᠷᠠᠬᠤ ᠳ᠋ᠦ ᠦᠨᠡᠬᠡᠷ ᠪᠠᠬᠠᠳᠤᠨ ᠪᠢᠰᠢᠷᠡᠬᠦᠰᠢᠳᠡᠢ ᠦᠢᠯᠡ᠃
ᠠᠮᠢ ᠠᠬᠤᠢ᠎ᠵᠢ ᠰᠠᠢᠵᠢᠷᠠᠭᠤᠯᠵᠦ᠂ ᠠᠮᠢ ᠠᠬᠤᠢ ᠡᠴᠡ ᠠᠰᠢᠭ ᠬᠦᠷᠳᠡᠬᠦ ᠪᠤᠯᠳᠠᠯᠠᠬᠢ ᠤᠷᠲᠦ ᠤᠳᠠᠭᠠᠨ ᠬᠤᠭᠤᠴᠠᠭᠠᠨ᠎ᠤ ᠲᠡᠮᠡᠴᠡᠯ ᠵᠢᠳᠬᠦᠯ ᠨᠢ ᠦᠨᠦᠳᠦᠷ ᠤᠯᠤᠰ᠎ᠤᠨ ᠳᠡᠰ᠎ᠤᠨ ᠦᠵᠡᠮᠵᠢ᠎ᠶᠢᠨ ᠤᠷᠤᠨ᠂ ᠤᠯᠤᠰ᠎ᠤᠨ ᠳᠡᠰ᠎ᠤᠨ ᠤᠰᠤᠨ ᠠᠰᠢᠭᠯᠠᠯᠳᠠ᠎ᠶᠢᠨ ᠦᠵᠡᠮᠵᠢ᠎ᠶᠢᠨ ᠤᠷᠤᠨ᠂ ᠪᠦᠬᠦ ᠤᠯᠤᠰ᠎ᠤᠨ ᠬᠡᠬᠡᠷ᠎ᠠ᠎ᠶᠢᠨ ᠠᠮᠢᠳᠠᠨ᠎ᠤ ᠬᠠᠮᠠᠭᠠᠯᠠᠯᠳᠠ᠎ᠶᠢᠨ ᠰᠢᠨᠵᠢᠯᠡᠬᠦ ᠤᠬᠠᠭᠠᠨ᠎ᠢ ᠲᠦᠭᠡᠮᠡᠯᠵᠢᠬᠦᠯᠬᠦ ᠰᠠᠭᠤᠷᠢᠨ ᠵᠡᠷᠭᠡ ᠢᠷᠠᠭᠤ ᠠᠯᠳᠠᠷ᠎ᠢ ᠬᠦᠷᠳᠡᠭᠡᠭᠰᠡᠨ ᠪᠦᠭᠡᠳ ᠦᠩᠭᠡ ᠦᠵᠡᠮᠵᠢ ᠡᠳᠡᠭᠡᠳ ᠰᠠᠢᠬᠠᠨ᠂ ᠠᠮᠢ ᠠᠬᠤᠢ᠂ ᠠᠵᠤ ᠠᠬᠤᠢ᠂ ᠰᠤᠶᠤᠯ ᠵᠢᠭᠤᠯᠴᠢᠯᠠᠯ᠎ᠤᠨ ᠪᠦᠷᠢᠨ ᠴᠢᠳᠠᠮᠵᠢᠳᠦ ᠤᠷᠤᠨ ᠪᠤᠯᠵᠦ 《ᠠᠴᠢ ᠬᠠᠷᠢᠭᠤᠯᠤᠨ᠎ᠠ》᠃
ᠤᠷᠢᠳᠦ ᠭᠤᠤᠯ᠎ᠤᠨ ᠤᠷᠤᠰᠬᠠᠯ ᠠᠭᠤᠯᠠᠨ ᠲᠤᠮᠳᠠᠭᠤᠷ ᠮᠢᠷᠠᠯᠵᠠᠨ᠎ᠠ᠂ ᠤᠰᠤ᠎ᠵᠢ ᠨᠢ ᠤᠤᠭᠤᠭᠰᠠᠨ ᠬᠦᠮᠦᠰ ᠤᠷᠲᠦ ᠨᠠᠰᠤᠯᠠᠭᠠᠳ ᠵᠢᠷᠭᠠᠨ᠎ᠠ ᠳ᠋ᠠ᠃
(ᠪᠤᠭᠤᠲᠦ ᠬᠤᠲᠠ ᠵᠢᠨ ᠳ᠋ᠦᠩ ᠾᠸ ᠲᠤᠭᠤᠷᠢᠭ ᠤ᠋ᠨ ᠬᠠᠮ ᠵᠠᠭᠤᠴᠢᠯᠠᠭᠤᠷ ᠤ᠋ᠨ ᠲᠦᠪ ᠤ᠋ᠨ ᠰᠤᠷᠪᠤᠯᠵᠢᠯᠠᠭᠴᠢ ᠶᠤᠸᠠᠨ ᠪᠢ ᠰᠢᠶᠠ ᠬᠠᠮᠵᠢᠨ ᠰᠤᠷᠪᠤᠯᠵᠢᠯᠠᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃