2026-11-24 11:04:11
ᠬᠠᠮᠢᠶ᠎ᠠ ᠪᠦᠬᠦᠢ ᠬᠤᠯᠪᠤᠭᠠᠰᠦ᠄
ᠲᠦᠨᠭᠯᠢᠶᠤᠤ ᠬᠤᠲᠠ ᠵᠢᠨ ᠬᠤᠷᠴᠢᠨ ᠵᠡᠬᠦᠨ ᠭᠠᠷᠤᠨ ᠬᠤᠢᠲᠦ ᠬᠤᠰᠢᠭᠤᠨᠤ ᠠᠭᠤᠯᠠ ᠪᠠᠯᠭᠠᠰᠤᠨᠳᠤ ᠪᠠᠢᠷᠢᠯᠠᠭ᠎ᠠ ᠪᠠᠶᠠᠨᠴᠠᠭᠠᠨ ᠨᠠᠭᠤᠷ ᠨᠢ ᠦᠯᠢᠭᠡᠷ ᠳᠤᠮᠤᠭᠲᠤ ᠭᠠᠷᠳᠠᠭ ᠱᠤᠨᠭᠬᠤᠷᠤᠨ ᠠᠭᠤᠯᠠᠶᠢᠨ ᠪᠠᠷᠠᠭᠤᠨ ᠡᠮᠦᠨ᠎ᠡ ᠲᠠᠯᠠᠳᠤ ᠪᠠᠢᠷᠢᠯᠠᠵᠤ᠂ ᠲᠠᠯᠠᠪᠠᠢ ᠨᠢ 5000 ᠭᠠᠷᠤᠢ ᠮᠦ᠍ ᠪᠠᠢᠵᠤ᠂ ᠪᠣᠷᠣᠭᠠᠨ ᠬᠤᠷ᠎ᠠ ᠶᠡᠬᠡᠲᠡᠢ ᠵᠢᠯᠳᠦ 9000 ᠭᠠᠷᠤᠢ ᠮᠦ᠍ᠳᠦ ᠭᠦᠷᠳᠡᠭ᠃ ᠨᠠᠭᠤᠷᠤᠨ ᠡᠷᠬᠢᠨ ᠲᠤᠭᠤᠷᠢᠨᠳᠤ ᠬᠡᠳᠦᠨ ᠮᠢᠩᠭᠠᠨ ᠮᠦ᠍ ᠵᠢᠨ ᠨᠤᠭᠤ ᠭᠠᠵᠠᠷᠤᠳᠪᠦᠷᠢᠯᠳᠦᠵᠤ᠂ᠵᠡᠭᠡᠰᠦ ᠬᠤᠯᠤᠰᠤ ᠬᠠᠯᠢᠭᠤᠷᠠᠨ᠂ ᠵᠢᠬᠦᠷᠲᠡᠨ ᠠᠷᠢᠶᠠᠳᠠᠨ ᠤᠷᠤᠨᠭᠨᠠᠵᠤ᠂ ᠤᠰᠤᠨᠤ ᠠᠮᠢᠲᠠᠳᠤᠨ ᠴᠡᠨᠭᠭᠡᠯᠤᠨ ᠤᠷᠤᠨ᠂ ᠨᠡᠬᠦᠳᠡᠯᠤᠨ ᠰᠢᠪᠠᠭᠤᠳᠤᠨ ᠦᠷᠲᠡᠭᠡᠯᠡᠨ ᠪᠠᠭᠤᠬᠤ ᠴᠢᠬᠤᠯᠠ ᠪᠠᠭᠤᠴᠠ ᠪᠣᠯᠤᠭᠰᠠᠨ ᠪᠠᠢᠨ᠎ᠠ᠃
ᠰᠠᠶ᠎ᠠ ᠲᠦᠮᠡᠨ ᠪᠤᠭᠤᠷᠤᠯᠤᠨ ᠳᠤᠮᠤᠭ ᠰᠠᠯᠬᠢᠨᠤ ᠠᠶ᠎ᠠ ᠪᠡᠷ ᠬᠦᠭᠯᠡᠷᠡᠨ ᠬᠡᠢᠰᠦᠨ᠎ᠡ ᠁
ᠡᠷᠳᠡ ᠵᠢᠨ ᠡᠷᠳᠡ ᠵᠢᠨ ᠴᠠᠭ ᠲᠸ᠋᠂ ᠡᠵᠡᠨ ᠪᠤᠬᠲᠠ ᠭᠡᠰᠡᠷᠤᠨ ᠡᠷᠡᠯᠭᠡᠭ ᠨᠠᠴᠢᠨ ᠱᠤᠨᠭᠬᠤᠷ ᠨᠢ ᠠᠷᠵᠠᠭᠠᠷ ᠬᠠᠷ᠎ᠠ ᠮᠠᠨᠭᠭᠤᠰ ᠲᠠᠢ ᠠᠰ ᠲᠤᠯᠤᠨ ᠪᠠᠢᠯᠳᠤᠵᠤ᠂ ᠦᠰᠢᠶᠡᠲᠡᠨ ᠵᠢᠨᠨ ᠳᠠᠷᠤᠵᠤ ᠦᠨᠢᠲᠡ ᠵᠢᠨ ᠲᠠᠢᠪᠤᠨᠭ᠌ᠢ ᠠᠪᠴᠢᠷᠠᠬᠤᠳᠠᠭᠠᠨ᠂ ᠬᠠᠮᠤᠭ ᠪᠡᠶ᠎ᠡ ᠨᠢ ᠬᠤᠷᠴᠢᠨ ᠨᠤᠲᠤᠭᠲᠤ ᠠᠭᠤᠯᠠ ᠪᠤᠯᠤᠨ ᠰᠦᠨᠳᠡᠷᠯᠡᠵᠡᠢ ᠭᠡᠨ᠎ᠠ᠂ ᠪᠠᠷᠠᠭᠤᠨ ᠵᠢᠬᠦᠷ ᠵᠢᠠᠨ ᠳᠠᠯᠭᠡᠬᠦ ᠳ᠋ᠤᠨᠢ ᠪᠠᠷᠵᠠᠭᠠᠷ ᠦᠨᠳᠤᠷ ᠬᠠᠳᠠ ᠤᠷᠭᠤᠵᠤ ᠂ ᠵᠡᠬᠦᠨ ᠵᠢᠬᠦᠷ ᠵᠢᠠᠨ ᠬᠤᠮᠢᠬᠤ ᠳ᠋ᠤᠨᠢ ᠵᠦᠯᠭᠡᠳᠤ ᠳᠡᠨᠵᠢᠨ ᠳᠡᠭᠡᠷ᠎ᠠ ᠡᠭᠴᠡ ᠠᠰᠬ᠎ᠠ ᠬᠠᠳᠠ ᠪᠤᠰᠴᠤ᠂ ᠦᠵᠡᠬᠦ ᠨᠢᠳᠦᠨ ᠡᠴᠡ ᠨᠢ ᠤᠨᠠᠬᠰᠠᠨ ᠤᠶᠠᠷᠠᠯᠤᠨ ᠵᠦᠭᠡᠯᠡᠨ ᠨᠢᠯᠪᠤᠰᠤ ᠨᠢ ᠠᠭᠤᠯᠠ ᠪᠡᠨ ᠬᠠᠪᠴᠢᠵᠦ ᠤᠰᠬᠠᠯ ᠳᠤᠩᠭᠠᠯᠠᠭ ᠬᠤᠶᠠᠷ ᠨᠠᠭᠤᠷ ᠪᠤᠯᠵᠤ ᠮᠡᠯᠮᠡᠯᠵᠡᠵᠡᠢ ᠭᠡᠨ᠎ᠡ᠃ ᠦᠯᠢᠭᠡᠷ ᠳᠠᠭᠤᠤ ᠲᠠᠢ ᠬᠤᠷᠴᠢᠨ ᠨᠤᠲᠤᠭᠲᠤ ᠦᠵᠡᠮᠵᠢ ᠵᠢᠨ ᠰᠠᠢᠬᠠᠨ ᠱᠤᠨᠭᠬᠤᠷ ᠤ᠋ᠨ ᠠᠭᠤᠯᠠ ᠨᠢ ᠳᠤᠮᠤᠭ ᠬᠦᠤᠷᠨᠢᠵᠦ᠂ ᠳᠠᠭᠤᠤ ᠠᠶᠠᠯᠭᠤᠯᠠᠨ᠂ 《ᠨᠠᠷᠠᠨ ᠰᠡᠷᠡᠨ》 ᠮᠡᠳᠤ ᠪᠠᠶᠠᠨᠴᠠᠭᠠᠨ᠂ ᠯᠢᠩᠬᠤᠸᠠᠳᠤ ᠨᠠᠭᠤᠷ ᠳᠠᠭᠠᠨ ᠬᠡᠢᠮᠤᠷᠢ ᠬᠤᠷᠤᠢᠯᠡᠨ ᠬᠡᠰᠢᠭ ᠪᠤᠶᠠᠨ ᠢᠪᠡᠭᠡᠵᠦ ᠶᠠᠪᠤᠳᠠᠭ ᠤᠴᠢᠷᠳᠠᠢ᠃
ᠵᠠᠭᠤᠨ ᠵᠠᠭᠤᠨᠤ ᠤᠨᠳᠤᠷᠤᠯ ᠲᠠᠢ᠂ ᠵᠠᠭᠤᠨ ᠪᠤᠯᠠᠭᠤᠨ ᠰᠤᠳᠠᠰᠤ ᠵᠠᠯᠭᠠᠯᠳᠤᠬᠰᠠᠨ ᠪᠠᠶᠠᠨᠴᠠᠭᠠᠨ ᠨᠠᠭᠤᠷ ᠪᠤᠯᠤᠨ ᠯᠢᠨᠭᠬᠤᠸᠠᠲᠤ ᠨᠠᠭᠤᠷ ᠪᠤᠯ ᠬᠤᠷᠴᠢᠨ ᠨᠤᠳᠤᠭᠤᠨ ᠠᠭᠤᠯᠠ ᠵᠢᠨ ᠲᠠᠯ᠎ᠠ ᠳ᠋ᠡᠬᠢ ᠬᠤᠤᠰ ᠴᠡᠨᠭᠭᠡᠷ ᠨᠢᠳᠦᠨ ᠪᠢᠯᠡ᠃ ᠬᠤᠢᠲᠤ ᠲᠠᠯᠠᠳ᠋ᠤᠨᠢ ᠵᠢᠯᠲᠦ ᠵᠢᠨ ᠮᠠᠨᠭᠬᠠ ᠴᠠᠢᠯᠵᠠᠭᠠᠳ᠂ ᠬᠤᠢᠮᠤᠷ ᠬᠡᠰᠡᠭ ᠳᠤᠨᠢ ᠵᠡᠭᠡᠰᠦ ᠬᠤᠯᠤᠰᠤ ᠬᠠᠯᠢᠭᠤᠷᠠᠭᠠᠳ᠂ ᠱᠤᠨᠭᠬᠤᠷᠤᠨ ᠠᠭᠤᠯᠠ ᠪᠠᠨ ᠲᠤᠯᠢᠳᠠᠨ᠂ ᠪᠠᠢᠭᠠᠯᠢ ᠳᠡᠯᠡᠬᠡᠢ ᠵᠢᠨ ᠭᠤᠢᠳᠠ ᠦᠵᠡᠮᠵᠢ ᠵᠢ ᠪᠦᠷᠢᠳᠤᠬᠦᠯᠵᠦ᠂ ᠴᠡᠩᠬᠡᠷ ᠬᠦᠭᠡ ᠤᠰᠤᠨ ᠳ᠋ᠠᠭᠠᠨ ᠭᠠᠯᠠᠭᠤᠳ ᠰᠢᠪᠠᠭᠤᠳᠳᠤᠭᠯᠠᠭᠤᠯᠵᠦ᠂ ᠴᠡᠴᠡᠭᠳᠤ ᠠᠭᠤᠳᠠᠮ ᠳᠠᠯ᠎ᠠ ᠳ᠋ᠠᠭᠠᠨ ᠬᠦᠮᠦᠨ ᠠᠷᠠᠳ ᠵᠢᠠᠨ ᠲᠦᠯᠵᠢᠬᠦᠯᠦᠭᠰᠡᠨ ᠰᠡᠳᠬᠢᠯ ᠠᠷᠭᠠᠮᠵᠢᠭᠰᠠᠨ ᠨᠤᠳᠤᠭ ᠶᠤᠮᠰᠠᠨ!
ᠪᠠᠶᠠᠨᠴᠠᠭᠠᠨ ᠨᠠᠭᠤᠷ ᠳᠤᠮᠤᠭ ᠬᠦᠤᠷᠨᠢᠨᠠ ︱ ᠤᠰᠤ ᠨᠤᠲᠤᠭ ᠵᠢᠨᠨ ᠰᠠᠬᠢᠬᠰᠠᠨ 《ᠨᠤᠭᠤ ᠭᠠᠵᠠᠷᠤᠨ ᠴᠠᠬᠳᠠᠭ᠎ᠠ》
ᠬᠠᠶᠠ ᠨᠢᠭᠡ ᠲᠠᠭᠠᠷᠠᠯᠳᠤᠬᠤ ᠮᠠᠩᠬᠠᠨ ᠳᠤᠪᠤᠴᠠᠭ ᠵᠢᠴᠢ ᠬᠤᠯᠠ ᠤᠢᠷᠠᠳᠤ ᠰᠦᠭᠯᠡᠢᠬᠦ ᠮᠤᠳᠤᠳ ᠬᠠᠷᠠᠭ᠎ᠠ ᠬᠠᠯᠬᠠᠯᠠᠬᠤ ᠦᠭᠡᠢ ᠶᠤᠮ ᠪᠤᠯ ᠬᠤᠷᠴᠢᠨ ᠨᠤᠲᠤᠭᠤᠨ ᠦᠷᠭᠡᠨ ᠲᠠᠯ᠎ᠠ ᠲᠡᠭᠷᠢ ᠵᠢᠨ ᠬᠢᠵᠠᠭᠠᠷᠲᠤ ᠲᠤᠯᠵᠤ᠂ ᠪᠦᠮᠪᠦᠷᠴᠡᠭᠤᠨ ᠵᠠᠬ᠎ᠠ ᠪᠡᠷ ᠳᠠᠯᠳᠠ ᠤᠷᠤᠲᠠᠯ᠎ᠠ ᠲᠡᠨᠢᠢᠨ ᠦᠵᠡᠭᠳᠡᠬᠦ ᠰᠢᠭ᠃ ᠦᠵᠡᠭᠡᠳ ᠦᠭᠭᠦᠶ᠎ᠡ ᠭᠡᠬᠦᠳᠤ ᠨᠢᠭᠡᠴᠤ ᠠᠭᠤᠯᠠ ᠪᠠᠢᠬᠤ ᠦᠭᠡᠢ ᠭᠡᠮᠡᠷ ᠡᠨᠡ ᠨᠤᠲᠤᠭᠤᠨ ᠦᠷᠦᠴᠡᠨᠳᠤ ᠠᠭᠤᠯᠠ ᠪᠠᠯᠭᠠᠰᠤ ᠨᠡᠷ᠎ᠡ ᠲᠠᠢ ᠭᠠᠵᠠᠷ ᠪᠠᠢᠨ᠎ᠠ ᠭᠡᠵᠦ ᠢᠲᠡᠭᠡᠵᠦ ᠶᠠᠳᠠᠮ᠎ᠠ ᠪᠤᠯᠪᠠᠴᠤ ᠪᠢᠳᠡ ᠤᠳᠤ ᠶᠠᠭ ᠯᠡ ᠲᠡᠷᠡ ᠭᠠᠵᠠᠷᠢ ᠴᠢᠭᠯᠡᠵᠦ ᠮᠠᠰᠢᠨᠤ ᠵᠢᠯᠤᠭᠤ ᠵᠠᠯᠠᠴᠢᠬᠠᠭᠰᠠᠨ ᠳᠠᠪᠬᠢᠭᠤᠯᠵᠤ ᠶᠠᠪᠤᠨ᠎ᠠ᠃
ᠬᠡᠯᠡᠪᠡᠯ ᠪᠠᠰᠠ ᠨᠡᠭᠡᠷᠡᠨ ᠰᠤᠨᠢᠨ᠂ ᠲᠡᠭᠰᠢ ᠭᠠᠵᠠᠷᠤᠨ ᠳᠤᠮᠳᠠ ᠡᠴᠡ ᠭᠡᠨᠡᠳᠲᠡ ᠰᠤᠭᠤᠷᠠᠭᠰᠠᠨ ᠰᠢᠭ᠋ ᠨᠢᠭᠡᠨ ᠠᠭᠤᠯᠠ ᠤᠳᠠᠯ ᠦᠭᠡᠢ ᠪᠢᠳᠡᠨᠤ ᠬᠠᠷᠠᠭᠠᠨᠳᠤ ᠲᠤᠳᠤᠷᠠᠭᠰᠠᠨ ᠨᠢ ᠳᠠᠭᠤᠤ ᠳᠤᠮᠤᠭᠲᠤ ᠮᠦᠩᠭᠡᠷᠡᠭᠰᠡᠨ ᠱᠤᠩᠬᠤᠷᠤᠨ ᠠᠭᠤᠯᠠ ᠪᠠᠢᠵᠠᠢ᠃ ᠬᠤᠷᠴᠢᠨ ᠠᠷᠠᠳᠤᠨ ᠦᠯᠢᠭᠡᠷᠲᠦ ᠳᠠᠭᠤᠤᠳᠤ ᠤᠯᠠᠨᠲᠠ ᠳᠤᠷᠠᠳᠤᠭᠳᠠᠨ ᠭᠠᠷᠴᠤ ᠪᠠᠢᠳᠠᠭ ᠨᠦᠭᠦᠭᠡ ᠯᠡ ᠠᠯᠲᠠᠨ ᠰᠤᠪᠤᠷᠭᠠᠲᠤ ᠱᠤᠩᠬᠤᠷᠤᠨ ᠠᠭᠤᠯᠠ ᠵᠡᠭᠦᠨ ᠪᠠᠷᠠᠭᠤᠨ ᠰᠤᠭᠤᠨ ᠳ᠋ᠠᠭᠠᠨ ᠨᠢᠵᠡᠭᠡᠳ ᠨᠠᠭᠤᠷ ᠲᠠᠢ᠂ ᠦᠨᠡᠬᠡᠷ ᠦᠵᠡᠭᠰᠡᠨ ᠬᠠᠷᠠᠭᠰᠠᠨ ᠪᠦᠬᠦᠨᠳᠤ ᠰᠦᠰᠦᠭ ᠲᠦᠷᠦᠭᠦᠯᠦᠮᠡᠷ ᠦᠪᠡᠷᠮᠢᠴᠡ ᠤᠨᠴᠠᠯᠢᠭ ᠲᠠᠢ᠂ ᠨᠠᠪᠳᠠᠭ ᠰᠠᠪᠳᠠᠭ ᠲᠠᠢ ᠤᠷᠤᠨ ᠠᠵᠢ᠃
ᠱᠤᠨᠭᠬᠤᠷᠤᠨ ᠠᠭᠤᠯᠠᠨᠤ ᠪᠠᠷᠠᠭᠤᠨ ᠰᠤᠭᠤᠨ ᠳ᠋ᠡᠬᠢ ᠪᠠᠶᠠᠨᠴᠠᠭᠠᠨ ᠨᠠᠭᠤᠷ ᠨᠢ ᠵᠡᠭᠦᠨᠳᠡᠬᠢ ᠯᠢᠩᠬᠤᠸᠠᠲᠤ ᠨᠠᠭᠤᠷ ᠵᠢᠡᠨ ᠪᠤᠳᠤᠪᠠᠯ ᠬᠠᠪᠢ ᠦᠭᠡᠢ ᠶᠡᠬᠡ᠂ 5000 ᠭᠠᠷᠤᠢ ᠮᠸ᠋ ᠲᠠᠯᠠᠪᠠᠢ ᠵᠢ ᠡᠵᠡᠯᠡᠨ ᠨᠡᠯᠦᠢᠭᠰᠡᠨ ᠵᠢᠡᠷ ᠵᠢᠡᠨ ᠱᠤᠨᠭᠬᠤᠷ ᠨᠤᠭᠤ ᠭᠠᠵᠠᠷᠤᠨ ᠬᠠᠮᠠᠭᠠᠯᠠᠯᠲᠠ ᠵᠢᠨ ᠤᠷᠤᠨᠤ ᠴᠢᠬᠤᠯᠠ ᠨᠢᠭᠡ ᠪᠦᠷᠢᠯᠳᠦᠬᠦᠨ ᠪᠤᠯᠤᠭᠰᠠᠨ ᠪᠦᠭᠡᠳ ᠬᠦᠮᠦᠨ ᠠᠷᠠᠳ᠂ ᠠᠮᠢᠲᠠᠨ ᠤᠷᠭᠤᠮᠠᠯᠳᠤ ᠤᠭᠤᠷᠠᠭ ᠰᠢᠮ᠎ᠡ ᠪᠡᠨ ᠢᠪᠢᠯᠦᠬᠦᠯᠵᠤ ᠬᠠᠢᠷᠠᠯᠠᠭᠰᠠᠨ ᠦᠯᠢᠭᠡᠷ ᠲᠡᠤᠭᠡ ᠲᠠᠢ ᠤᠰᠬᠠᠯ ᠲᠤᠨᠭᠭᠠᠯᠠᠭ ᠨᠠᠭᠤᠷ ᠶᠤᠮ ᠡ᠃
ᠪᠠᠶᠠᠨᠴᠠᠭᠠᠨ ᠨᠠᠭᠤᠷᠤᠨ ᠪᠠᠷᠠᠭᠤᠨ ᠬᠦᠪᠡᠭᠡᠨᠤ ᠪᠤᠳᠠ ᠰᠤᠨᠳᠤᠤᠯᠠ ᠵᠢ ᠰᠦᠯᠵᠢᠨ ᠶᠠᠪᠤᠭᠰᠠᠭᠠᠷ ᠪᠢᠳᠡ ᠱᠤᠨᠭᠬᠤᠷ ᠨᠤᠭᠤ ᠭᠠᠵᠠᠷᠤᠨ ᠬᠠᠮᠠᠭᠠᠯᠠᠯᠲᠠ ᠵᠢᠨ ᠤᠷᠤᠨᠤ ᠵᠡᠷᠯᠢᠭ ᠠᠮᠢᠲᠠᠨᠢ ᠠᠪᠤᠷᠠᠨ ᠲᠤᠰᠠᠯᠠᠬᠤ ᠦᠷᠲᠡᠭᠡᠨᠳᠤ ᠬᠦᠷᠴᠦ ᠤᠴᠢᠯ᠎ᠠ᠃ ᠡᠨᠳᠡ ᠨᠤᠲᠤᠭᠤᠨ ᠵᠢᠨᠨ ᠨᠠᠭᠤᠷ ᠴᠦᠬᠦᠷᠦᠮ᠂ ᠨᠤᠭᠤ ᠭᠠᠵᠠᠷᠢ ᠰᠠᠬᠢᠨ ᠬᠠᠮᠠᠭᠠᠯᠠᠵᠤ᠂ ᠨᠡᠬᠦᠳᠡᠯᠤᠨ ᠰᠢᠪᠠᠭᠤᠳᠤᠨ ᠦᠷᠲᠡᠭᠡᠯᠡᠬᠦ ᠬᠠᠯᠠᠭᠤᠨ ᠪᠠᠭᠤᠴᠠ ᠳᠤᠯᠠᠭᠠᠨ ᠡᠬᠦᠷᠢ ᠬᠠᠷᠠᠵᠤ ᠰᠠᠭᠤᠭ᠎ᠠ ᠠᠷᠪᠠᠭᠠᠳ ᠬᠦᠮᠦᠨ ᠪᠠᠢᠳᠠᠭ᠂ ᠦᠷᠲᠡᠭᠡᠨ ᠳᠠᠷᠤᠭ᠎ᠠ ᠨᠢ ᠲᠤᠯᠭᠠᠭᠤᠷᠢ ᠭᠡᠭᠴᠢ ᠬᠦᠷᠦᠰᠦᠯᠢᠭ ᠪᠤᠷᠤ ᠵᠠᠯᠠᠭᠤ ᠪᠠᠢᠪᠠ᠃ᠲᠡᠷᠡ ᠦᠷᠲᠡᠭᠡᠨᠤ ᠲᠤᠮᠤ ᠴᠡᠭᠡᠨ ᠳᠡᠯᠭᠡᠴᠡᠨ ᠳᠡᠭᠡᠷ᠎ᠡ ᠨᠤᠭᠤ ᠭᠠᠵᠠᠷᠤᠨ ᠦᠨᠴᠦᠭ ᠪᠤᠯᠤᠩ ᠪᠦᠷᠢ ᠵᠢ ᠬᠠᠷᠠᠨ ᠠᠵᠢᠭᠯᠠᠵᠤ ᠴᠠᠭ ᠮᠦᠴᠡ ᠠᠯᠭᠠᠰᠠᠯ ᠦᠭᠡᠢ ᠠᠩᠬᠠᠷᠤᠨ ᠰᠠᠭᠤᠬᠤ ᠠᠵᠢ᠃
2020 ᠤᠨᠤ 4 ᠰᠠᠷᠠᠳᠤ᠂ ᠲᠤᠯᠭᠠᠭᠤᠷᠢ ᠵᠢ ᠠᠨᠭᠬ᠎ᠠ ᠡᠨᠳᠡ ᠢᠷᠡᠬᠦᠳᠤ ᠨᠡᠢᠲᠡ ᠳᠦᠷᠪᠡᠭᠡᠨ ᠠᠵᠢᠯᠲᠠᠨ ᠲᠠᠢ᠂ ᠲᠡᠷᠭᠡ ᠤᠨᠤᠭ᠎ᠠ ᠴᠸ᠋ ᠦᠭᠡᠢ᠂ ᠰᠠᠭᠤᠷᠢ ᠲᠦᠬᠦᠭᠡᠷᠦᠮᠵᠢᠴᠤ ᠠᠨᠠᠢ ᠪᠠᠢᠭᠰᠠᠨ ᠪᠤᠯᠬᠤᠷ ᠨᠠᠭᠤᠷ ᠵᠢᠡᠨ ᠴᠠᠭᠳᠠᠬᠤ ᠭᠡᠵᠦ ᠦᠪᠡᠷᠰᠡᠳ ᠵᠢᠨᠨ ᠲᠡᠷᠭᠡ ᠭᠠᠷᠭᠠᠵᠤ᠂ ᠡᠳᠦᠷᠤᠨ 24 ᠴᠠᠭ ᠵᠢᠨᠷ ᠡᠭᠡᠯᠵᠢᠯᠡᠨ ᠰᠡᠯᠭᠦᠨ ᠲᠤᠭᠤᠷᠢᠨ ᠪᠠᠢᠴᠠᠭᠠᠯᠲᠠ ᠬᠢᠳᠡᠭ ᠪᠠᠢᠬᠰᠠᠨ ᠵᠢᠡᠨ ᠨᠢᠭᠡ ᠮᠡᠳᠡᠬᠦᠳᠤ ᠵᠢᠷᠭᠤᠭᠠᠨ ᠵᠢᠯᠢ ᠨᠢᠭᠡ ᠯᠡ ᠡᠳᠦᠷ ᠰᠢᠤᠬᠠᠨ ᠦᠨᠭᠭᠡᠷᠡᠭᠡᠯᠡ᠃ ᠤᠳᠤ ᠪᠤᠯ ᠪᠠᠢᠳᠠᠯ ᠡᠷᠡᠰ ᠦᠭᠡᠷᠡᠴᠢᠯᠡᠭᠳᠡᠵᠦ᠂ ᠦᠷᠲᠡᠭᠡᠨ ᠳ᠋ᠡᠭᠡᠨ ᠰᠠᠭᠤᠭᠠᠳ ᠳᠡᠯᠭᠡᠴᠡ ᠪᠡᠷ ᠴᠠᠭᠳᠠᠵᠤ ᠪᠤᠯᠬᠤ ᠪᠦᠭᠡᠳ ᠲᠤᠭᠤᠷᠢᠨ ᠪᠠᠢᠴᠠᠭᠠᠯᠲᠠ ᠬᠢᠬᠦ ᠡᠴᠡ ᠲᠡᠷᠭᠡ ᠤᠨᠤᠭᠠᠴᠤ ᠬᠡᠳᠦ ᠲᠤᠬᠢᠷᠠᠭᠤᠯᠤᠭᠠᠳ ᠦᠭᠴᠢᠬᠡᠭᠰᠡᠨ ᠪᠠᠢᠪᠠ᠃ ᠲᠤᠬᠠᠢ ᠵᠢᠨ ᠦᠶᠡᠳᠤ ᠨᠤᠲᠤᠭᠤᠨ ᠠᠷᠠᠳ ᠨᠤᠭᠤ ᠭᠠᠵᠠᠷᠤᠨ ᠬᠠᠮᠠᠭᠠᠯᠠᠯᠲᠠ ᠵᠢᠨ ᠤᠷᠤᠨᠤ ᠬᠡᠪᠴᠢᠶ᠎ᠠ ᠬᠢᠵᠠᠭᠠᠷ᠂ ᠨᠠᠭᠤᠷ ᠤᠰᠤ ᠪᠠᠨ ᠬᠡᠷᠬᠢᠨ ᠰᠢᠨᠵᠢᠯᠡᠬᠦ ᠤᠬᠠᠭᠠᠨᠴᠢ ᠪᠡᠷ ᠬᠠᠮᠠᠭᠠᠯᠠᠬᠤ ᠲᠤᠬᠠᠢ ᠤᠬᠠᠮᠰᠠᠷ ᠬᠠᠷᠠᠬᠠᠨ ᠬᠦᠢᠴᠡᠳ ᠦᠭᠡᠢ ᠪᠠᠢᠵᠤ᠂ ᠨᠠᠭᠤᠷᠤᠨ ᠬᠦᠪᠡᠭᠡ ᠪᠡᠷ ᠮᠠᠯ ᠤᠨᠤᠭ᠎ᠠ ᠪᠠᠨ ᠪᠡᠯᠴᠢᠭᠡᠷᠯᠡᠬᠦᠯᠵᠤ᠂ ᠨᠡᠬᠦᠳᠡᠯᠤᠨ ᠰᠢᠪᠠᠭᠤᠳᠢ ᠲᠠᠭᠤᠵᠤ ᠦᠷᠬᠦᠭᠡᠬᠦ᠂ ᠨᠠᠭᠤᠷᠤᠨ ᠵᠢᠭᠠᠰᠤ ᠵᠢ ᠠᠨᠭᠨᠠᠳᠠᠭ ᠪᠠᠢᠬᠰᠠᠨ ᠡᠴᠡ ᠤᠯᠠᠨ ᠰᠢᠪᠠᠭᠤᠳ ᠵᠢᠭᠠᠰᠤᠨ ᠲᠤᠤᠷᠲᠤ ᠲᠤᠤᠷᠯᠠᠬᠳᠠᠵᠤ ᠳᠠᠨᠭᠳᠠ ᠰᠢᠷᠬᠠᠳᠤᠳᠠᠭ ᠪᠠᠢᠵᠠᠢ᠃ ᠲᠤᠯᠭᠠᠭᠤᠷᠢ ᠲᠡᠷᠡ ᠴᠠᠭ ᠡᠴᠡ ᠬᠤᠢᠰᠢ ᠠᠵᠢᠯᠲᠠᠨ ᠵᠢᠨᠨ ᠳᠠᠭᠠᠭᠤᠯᠵᠤ᠂ ᠡᠷᠦᠭᠡ ᠪᠦᠷᠢ ᠪᠡᠷ ᠤᠷᠤᠵᠤ᠂ ᠪᠠᠢᠭᠠᠯᠢ ᠵᠢᠨ ᠤᠷᠤᠨᠤ ᠬᠠᠮᠠᠭᠠᠯᠠᠯᠲᠠ ᠵᠢᠨ ᠵᠠᠷᠴᠢᠮ᠂ ᠨᠤᠭᠤ ᠭᠠᠵᠠᠷᠤᠨ ᠬᠠᠮᠠᠭᠠᠯᠠᠯᠲᠠ ᠵᠢᠨ ᠬᠠᠤᠯᠢ ᠵᠢ ᠤᠬᠠᠭᠤᠯᠬᠤ ᠭᠡᠮᠡᠨ ᠠᠮᠠ ᠪᠠᠨ ᠬᠠᠳᠠᠳᠠᠯ᠎ᠠ ᠲᠠᠢᠯᠤᠮᠵᠢ ᠬᠢᠳᠡᠭ ᠪᠠᠢᠯ᠎ᠠ᠃
— ᠮᠠᠨᠤ ᠭᠤᠤᠯ ᠠᠵᠢᠯ ᠪᠤᠯ ᠨᠠᠭᠤᠷ ᠵᠢᠨᠨ ᠲᠤᠭᠤᠷᠢᠨ ᠪᠠᠢᠴᠠᠭᠠᠯᠲᠠ ᠬᠢᠵᠤ᠂ ᠨᠤᠭᠤ ᠭᠠᠵᠠᠷᠤᠨ ᠡᠨᠭᠬᠡ ᠲᠠᠢᠪᠤᠨᠭ᠌ ᠡᠶ᠎ᠡ ᠵᠤᠬᠢᠴᠠᠯ ᠲᠠᠢ ᠪᠠᠢᠬᠤ ᠵᠢ ᠪᠠᠳᠤᠯᠠᠬᠤ ᠶᠠᠪᠤᠳᠠᠯ ᠪᠤᠯᠤᠨ᠎ᠠ᠃ ᠪᠠᠰᠠ ᠨᠠᠭᠤᠷᠤᠨ ᠡᠷᠬᠢᠨ ᠲᠤᠭᠤᠷᠢᠨᠳᠤ ᠭᠠᠯ ᠰᠡᠷᠬᠡᠢᠯᠡᠬᠦ᠂ ᠪᠤᠬᠢᠷᠳᠤᠯ ᠡᠴᠡ ᠰᠡᠷᠭᠡᠢᠯᠡᠬᠦ᠂ ᠠᠳᠠᠷ ᠬᠠᠭᠠᠯᠪᠤᠷᠢᠯᠠᠬᠤ ᠵᠢ ᠰᠡᠷᠭᠡᠢᠯᠡᠬᠦ ᠵᠡᠷᠭᠡ ᠤᠯᠠᠨ ᠠᠵᠢᠯᠢ ᠬᠠᠮᠳᠤᠳᠤᠨᠢ ᠬᠦᠢᠴᠡᠳᠭᠡᠨ᠎ᠡ ᠭᠡᠵᠤ ᠲᠤᠯᠭᠠᠭᠤᠷᠢ ᠬᠡᠳᠦᠬᠡᠨ ᠦᠬᠦᠯᠡᠪᠦᠷᠢ ᠪᠡᠷ ᠦᠪᠡᠷᠤᠨ ᠪᠦᠬᠦ ᠠᠵᠢᠯ ᠵᠢᠨᠨ ᠳᠦᠬᠦᠮᠴᠢᠯᠡᠵᠤ ᠭᠠᠷᠤᠯ᠎ᠠ᠃
ᠡᠳᠦᠷ ᠰᠦᠨᠢ ᠵᠢᠨ ᠬᠤᠪᠢᠳᠤ ᠠᠢᠯ ᠪᠤᠯᠭᠠᠨᠤ ᠡᠭᠦᠳᠡᠵᠢ ᠲᠤᠭᠰᠢᠨ᠂ ᠨᠤᠭᠤ ᠭᠠᠵᠠᠷᠤᠨ ᠬᠠᠮᠠᠭᠠᠯᠠᠯᠲᠠ ᠵᠢᠨ ᠤᠷᠤᠨᠤ 1456 ᠡᠷᠦᠭᠡ ᠪᠡᠷ ᠦᠯᠡᠳᠡᠭᠡᠯ ᠦᠭᠡᠢ ᠬᠡᠳᠦ ᠤᠳᠠᠭ᠎ᠠ ᠤᠷᠤᠵᠤ᠂ ᠲᠦᠷᠦ ᠵᠢᠨ ᠪᠤᠳᠤᠯᠭ᠎ᠠ᠂ ᠬᠠᠤᠯᠢ ᠳᠦᠷᠢᠮᠢ ᠤᠬᠠᠭᠤᠯᠤᠨ ᠲᠠᠨᠢᠭᠤᠯᠤᠭᠰᠠᠨ ᠵᠢᠡᠷ ᠨᠤᠲᠤᠭᠤᠨ ᠬᠦᠮᠦᠰ ᠲᠡᠳᠡᠨᠢ 《ᠨᠤᠭᠤ ᠭᠠᠵᠠᠷᠤᠨ ᠴᠠᠬᠳᠠᠭ᠎ᠠ》 ᠭᠡᠵᠤ ᠳᠤᠲᠤᠨᠤᠴᠢᠯᠠᠨ ᠳᠠᠭᠤᠳᠠᠬᠤ ᠪᠤᠯᠵᠠᠢ᠃ ᠲᠡᠳᠡ ᠪᠠᠰᠠ ᠤᠢᠷ᠎ᠠ ᠤᠷᠴᠢᠮᠤᠨ ᠰᠤᠷᠭᠠᠭᠤᠯᠢᠳᠤ ᠬᠦᠷᠴᠦ᠂ ᠬᠡᠤᠬᠡᠳᠪᠠᠭᠠᠴᠤᠳᠲᠤ ᠨᠤᠲᠤᠭᠤᠨ ᠪᠢᠴᠢᠬᠠᠨ ᠡᠵᠡᠨ᠂ ᠨᠠᠭᠤᠷ ᠴᠦᠬᠦᠷᠦᠮᠤᠨ ᠬᠠᠮᠠᠭᠠᠯᠠᠬᠴᠢ ᠭᠡᠬᠦ ᠤᠢᠯᠠᠭᠠᠬᠳᠠᠬᠤᠨᠢ ᠤᠬᠠᠮᠰᠠᠷᠯᠠᠭᠤᠯᠤᠬᠰᠠᠨ ᠡᠴᠡ ᠨᠤᠳᠤᠭᠤᠨ ᠤᠯᠠᠨ ᠲᠦᠮᠡᠨᠤ ᠨᠤᠭᠤ ᠭᠠᠵᠠᠷᠤᠨ ᠬᠠᠮᠠᠭᠠᠯᠠᠯᠲᠠ ᠵᠢᠨ ᠤᠷᠤᠨᠤ ᠬᠠᠤᠯᠢ ᠵᠢᠨ ᠮᠡᠳᠡᠯᠭᠡ ᠳᠡᠭᠡᠭᠰᠢᠯᠡᠭᠰᠡᠨ ᠵᠢᠨᠷ ᠪᠠᠷᠠᠬᠤ ᠦᠭᠡᠢ ᠰᠢᠷᠬᠠᠳᠤᠵᠤ ᠬᠡᠮᠳᠦᠭᠰᠡᠨ ᠭᠠᠯᠠᠭᠤ ᠰᠢᠪᠠᠭᠤ ᠵᠢ ᠤᠯᠵᠤ ᠦᠵᠡᠪᠡᠯ ᠲᠡᠲᠡᠨᠳᠤ ᠠᠪᠴᠢᠷᠠᠵᠤ ᠦᠭᠬᠦ ᠪᠤᠶᠤ ᠬᠡᠷᠡᠭ ᠮᠡᠳᠡᠬᠦᠯᠳᠡᠭ ᠪᠤᠯᠵᠠᠢ᠃
— 10 ᠰᠠᠷ᠎ᠠ ᠵᠢᠨ 30ᠤ᠋ ᠡᠳᠦᠷ ᠪᠢᠳᠡ ᠨᠠᠭᠤᠷ ᠵᠢᠡᠨ ᠲᠤᠭᠤᠷᠢᠨ ᠴᠠᠭᠳᠠᠬᠤ ᠳᠤᠮᠳᠠ ᠨᠢᠭᠡᠨ ᠰᠢᠷᠬᠠᠲᠤᠭᠰᠠᠨ ᠬᠤᠨᠢ ᠤᠯᠵᠤ ᠮᠡᠳᠡᠭᠡᠳ ᠠᠪᠤᠷᠠᠨ ᠠᠪᠴᠤ᠂ ᠤᠳᠤ ᠶᠠᠭ ᠭᠠᠳᠠᠨᠠᠬᠢ ᠲᠤᠤᠷᠲᠤ ᠲᠡᠵᠢᠭᠡᠵᠦ ᠪᠠᠢᠨ᠎ᠠ ᠭᠡᠵᠦ ᠲᠤᠯᠭᠠᠭᠤᠷᠢ ᠬᠡᠯᠡᠬᠦ ᠵᠢᠨ ᠳᠠᠭᠠᠤ ᠪᠢᠳᠡᠨᠢ ᠳᠠᠭᠠᠭᠤᠯᠤᠨ᠂ ᠰᠢᠷᠬᠠᠲᠤᠭᠰᠠᠨ ᠬᠤᠨᠢ ᠤᠴᠢᠵᠤ ᠦᠵᠡᠯ᠎ᠡ᠃ ᠵᠢᠭᠦᠷ ᠪᠤᠯᠤᠨ ᠬᠦᠯ ᠨᠢ ᠵᠡᠷᠭᠡ ᠰᠢᠷᠬᠠᠲᠤᠵᠤ᠂ ᠨᠢᠰᠴᠦ ᠴᠢᠳᠠᠬᠤ ᠦᠭᠡᠢ ᠪᠤᠯᠤᠭᠰᠠᠨ ᠤ ᠳᠡᠭᠡᠷ᠎ᠡ ᠢᠵᠢᠯᠢ ᠰᠦᠷᠦᠭ ᠨᠢ ᠤᠳᠠᠯ ᠦᠭᠡᠢ ᠡᠮᠦᠨ᠎ᠡ ᠵᠢ ᠵᠤᠷᠢᠨ ᠨᠢᠰᠬᠦ ᠪᠤᠯᠤᠭᠰᠠᠨ ᠲᠤᠯᠠ ᠰᠢᠷᠬᠠᠲᠤᠭᠰᠠᠨ ᠬᠤᠨᠢ ᠰᠦᠷᠦᠭᠢ ᠨᠢ ᠳᠠᠭᠠᠭᠤᠯᠵᠤ ᠲᠠᠯᠪᠢᠵᠤ ᠶᠠᠪᠤᠭᠤᠯᠬᠤ ᠵᠢᠨ ᠠᠷᠭ᠎ᠠ ᠦᠭᠡᠢ᠂ ᠡᠨᠳᠡ ᠪᠠᠨ ᠡᠪᠦᠯᠵᠢᠭᠦᠯᠵᠦ᠂ ᠳᠠᠷᠠᠭ᠎ᠠ ᠬᠠᠪᠤᠷᠤᠨ ᠰᠢᠪᠠᠭᠤᠳ ᠢᠷᠡᠬᠦ ᠪᠡᠷ ᠲᠠᠯᠪᠢᠬᠤ ᠪᠡᠯᠡᠳᠬᠡᠯ ᠲᠠᠢ ᠪᠠᠢᠭ᠎ᠠ ᠪᠠᠨ ᠪᠠᠰᠠ ᠲᠠᠢᠯᠪᠤᠷᠢᠯᠠᠨ ᠬᠡᠯᠡᠨ᠎ᠡ᠃
2001 ᠤᠨᠳᠤ ᠠᠩᠬ᠎ᠠ ᠪᠠᠢᠭᠤᠯᠤᠬᠳᠠᠭᠰᠠᠨ ᠱᠤᠨᠭᠬᠤᠷᠨᠤᠭᠤ ᠭᠠᠵᠠᠷᠤᠨ ᠬᠠᠮᠠᠭᠠᠯᠠᠯᠲᠠ ᠵᠢᠨ ᠤᠷᠤᠨ ᠨᠢ 2014 ᠤᠨᠳᠤ ᠤᠷᠤᠨᠤ ᠳᠡᠰᠤᠨ ᠪᠠᠢᠭᠠᠯᠢ ᠵᠢᠨ ᠬᠠᠮᠠᠭᠠᠯᠠᠯᠲᠠ ᠵᠢᠨ ᠤᠷᠤᠨ ᠪᠤᠯᠵᠤ᠂ 2023 ᠤᠨᠳᠤ ᠤᠯᠤᠰᠤᠨ ᠲᠦᠷᠤᠬᠦᠦ ᠪᠦᠯᠦᠭᠤᠨ ᠡᠬᠡ ᠬᠠᠭᠤᠷᠠᠢ ᠵᠢᠨ ᠬᠡᠬᠡᠷ᠎ᠡ ᠵᠢᠨ ᠠᠮᠢᠲᠠᠨᠤ ᠴᠢᠬᠤᠯᠠ ᠤᠷᠤᠰᠢᠨ ᠠᠮᠢᠳᠤᠷᠠᠬᠤ ᠭᠠᠵᠠᠷᠤᠨ ᠨᠡᠷᠡᠰᠲᠤ ᠰᠤᠨᠭᠭᠤᠬᠳᠠᠪᠠ᠃
ᠵᠢᠯ ᠪᠦᠷᠢ ᠵᠢᠨ 9 ᠰᠠᠷ᠎ᠠ ᠵᠢᠨ ᠦᠶ᠎ᠡ ᠪᠡᠷ᠂ ᠨᠤᠭᠤ ᠭᠠᠵᠠᠷ᠎ᠲᠤ 200 ᠭᠠᠷᠤᠢ ᠲᠦᠷᠦᠯᠤᠨ ᠰᠢᠪᠠᠭᠤᠳ ᠨᠡᠬᠦᠳᠡᠯᠯᠡᠨ ᠢᠷᠡᠵᠤ᠂ ᠬᠤᠶᠠᠷ ᠰᠠᠷ᠎ᠠ ᠭᠠᠷᠤᠢ ᠵᠢᠨ ᠬᠤᠭᠤᠴᠠᠭ᠎ᠠ ᠲᠠᠢ ᠦᠷᠲᠡᠭᠡᠯᠡᠨ ᠠᠮᠠᠷᠠᠵᠤ᠂ ᠳᠠᠬᠢᠨ 11 ᠰᠠᠷ᠎ᠠ ᠵᠢᠨ ᠳᠤᠮᠳᠠᠴᠢ ᠪᠡᠷ ᠡᠮᠦᠨᠡᠲᠦ ᠤᠷᠤᠨᠢ ᠵᠤᠷᠢᠳᠠᠭ᠃
— ᠤᠳᠤ ᠤᠳᠠᠬᠤ ᠦᠭᠡᠢ ᠰᠢᠪᠠᠭᠤᠳ ᠪᠤᠴᠠᠵᠤ᠂ ᠨᠠᠭᠤᠷ ᠡᠵᠡᠭᠦᠢᠷᠡᠨ᠎ᠡ ᠳ᠋ᠡ ᠭᠡᠵᠦ ᠶᠠᠯᠢᠮ ᠦᠭᠡᠢ ᠭᠤᠨᠢᠭᠯᠠᠭᠤᠨ ᠠᠶᠠᠰ ᠲᠠᠢ ᠬᠡᠯᠡᠬᠦ ᠲᠤᠯᠭᠠᠭᠤᠷᠢ ᠵᠢ ᠬᠠᠷᠠᠬᠤᠳᠤ ᠲᠠᠰᠤᠭᠰᠠᠨ ᠬᠠᠷᠠᠭᠰᠠᠨ ᠰᠢᠪᠠᠭᠤᠳ ᠡᠴᠡ ᠪᠠᠨ ᠰᠠᠯᠵᠤ ᠶᠠᠳᠠᠵᠤ ᠪᠠᠢᠨ᠎ᠠ ᠤᠤ ᠬᠡᠮᠡᠷ⁈
ᠨᠠᠭᠤᠷᠤᠨ ᠬᠦᠪᠡᠭᠡᠨᠤ ᠵᠡᠬᠡᠰᠦᠨ ᠳᠤᠮᠳᠠ ᠡᠴᠡ ᠵᠢᠭᠠᠰᠤᠨᠤ ᠴᠤᠯᠭᠢᠶᠠᠨ ᠬᠠᠶᠠ ᠨᠢᠭᠡ ᠰᠤᠨᠤᠰᠳᠠᠵᠤ᠂ ᠬᠦᠪᠡᠭᠡᠨ ᠳ᠋ᠤᠨᠢ ᠠᠷᠭᠠᠮᠵᠢᠭᠰᠠᠨ ᠵᠢᠵᠢᠭᠬᠡᠨ ᠰᠠᠯ ᠪᠦᠷᠦᠢ ᠵᠢᠨ ᠲᠤᠯᠤᠩᠳᠤ ᠤᠯᠠᠪᠤᠷᠳᠠᠨ ᠦᠵᠡᠭᠳᠡᠬᠦ ᠨᠠᠭᠤᠷᠤᠨ ᠤᠰᠤᠨ᠎ᠠ ᠬᠦᠪᠦᠯᠵᠡᠬᠦ ᠨᠢ ᠲᠤᠰᠤᠨ ᠪᠤᠳᠤᠭᠤᠨ ᠵᠢᠷᠤᠭ ᠰᠢᠭ᠋᠃ ᠲᠡᠷᠳᠡᠭᠡᠳᠤ ᠱᠤᠤᠭᠢᠯᠳᠤᠬᠤ ᠰᠢᠪᠠᠭᠤᠳᠢ ᠬᠠᠷᠠᠭᠰᠠᠭᠠᠷ ᠨᠠᠭᠤᠷᠤᠨ ᠬᠦᠪᠡᠭᠡᠨᠳᠤ ᠤᠳᠠᠳᠠᠯ᠎ᠠ ᠵᠤᠭᠰᠤᠬᠤ ᠲᠤᠯᠭᠠᠭᠤᠷᠢ ᠱᠤᠩᠬᠤᠷᠤᠨ ᠠᠭᠤᠯᠠ ᠲᠠᠢ ᠪᠠᠷ᠎ᠠ ᠪᠠᠷ᠎ᠠ ᠪᠠᠨ ᠠᠪᠤᠯᠴᠠᠬᠤ ᠮᠡᠲᠦ ᠰᠦᠷᠯᠢᠭ ᠬᠠᠩᠬᠤᠯᠤᠭᠤᠨ ᠪᠤᠳᠤᠭᠳᠠᠯ᠎ᠠ᠃
ᠪᠠᠶᠠᠨᠴᠠᠭᠠᠨ ᠨᠠᠭᠤᠷ ᠳᠠᠭᠤᠤ ᠬᠠᠢᠯᠠᠨ᠎ᠠ ︱ ᠦᠭᠡᠷ ᠪᠤᠷᠳᠤᠵᠤ ᠦᠭᠡᠳᠡᠷᠭᠡᠭ ᠠᠮᠢᠳᠤᠷᠠᠯ ᠵᠢᠨᠨ ᠴᠤᠬᠴᠠᠯᠠᠬᠰᠠᠨ ᠮᠠᠯᠴᠢᠨ ᠪᠦᠰᠡᠬᠦᠢ
ᠬᠤᠯᠤᠰᠤ ᠵᠡᠭᠡᠰᠦ ᠬᠤᠨᠭᠭᠤᠷ ᠰᠠᠯᠬᠢᠨᠤ ᠠᠶ᠎ᠠ ᠪᠡᠷ ᠳᠤᠬᠢᠯᠵᠠᠬᠤ ᠨᠢ ᠬᠤᠯᠠ ᠵᠢᠨ ᠵᠤᠴᠢᠳ ᠵᠢᠨᠨ ᠤᠬᠳᠤᠵᠤ ᠪᠠᠢᠮᠠᠷ᠂ ᠬᠠᠯᠢᠭᠤᠨ ᠭᠠᠯᠠᠭᠤ ᠨᠠᠭᠤᠷᠤᠨ ᠳᠡᠭᠡᠬᠦᠷ ᠭᠠᠨᠭᠭᠠᠷ ᠭᠤᠨᠭᠭᠤᠷ ᠨᠢᠰᠬᠦ ᠨᠢ 《ᠵᠤᠷᠢᠭᠰᠠᠨ ᠵᠤᠷᠢᠯᠭ᠎ᠠ ᠬᠡᠨᠤ ᠬᠢᠳᠤ ᠪᠤᠢ?》 ᠭᠡᠵᠤ ᠠᠮᠠᠳᠠᠨ ᠤᠭᠲᠤᠨ ᠠᠰᠠᠭᠤᠬᠤ ᠮᠡᠲᠦ᠃
ᠪᠠᠶᠠᠨᠴᠠᠭᠠᠨ ᠨᠠᠭᠤᠷᠤᠨ ᠪᠠᠷᠠᠭᠤᠨ ᠲᠠᠯᠠᠳᠤ ᠪᠠᠢᠷᠢᠰᠢᠬᠤ ᠬᠤᠷᠴᠢᠨ ᠵᠡᠬᠦᠨ ᠭᠠᠷᠤᠨ ᠬᠤᠢᠳᠦ ᠬᠤᠰᠢᠭᠤᠨᠤ ᠠᠭᠤᠯᠠ ᠪᠠᠯᠭᠠᠰᠤᠨᠤ ᠰᠠᠢᠨᠬᠤᠳᠳᠤᠭ ᠭᠠᠴᠠᠭᠠᠨᠤ ᠬᠤᠨᠭ᠌ ᠮᠸᠢ ᠵᠢᠨ ᠬᠢᠨᠳᠤ ᠬᠦᠷᠬᠦᠳᠤ ᠶᠠᠭ ᠭᠤᠤᠯ ᠦᠳᠡ ᠵᠢᠨ ᠦᠶ᠎ᠡ ᠪᠠᠢᠯ᠎ᠠ᠃ ᠭᠡᠷᠤᠨ ᠡᠵᠡᠭᠲᠡᠢ ᠬᠤᠨᠭ᠌ ᠮᠸᠢ ᠬᠤᠸᠠᠷ ᠲᠠᠢ ᠠᠯᠴᠢᠭᠤᠷ ᠵᠢᠨᠷ ᠭᠡᠵᠢᠭᠡ ᠪᠠᠨ ᠪᠤᠭᠤᠵᠤ᠂ ᠠᠮᠠᠪᠴᠢ ᠵᠡᠬᠦᠴᠢᠭᠡᠭᠰᠡᠨ ᠡᠷᠳᠡᠨᠢ ᠰᠢᠰᠢ ᠰᠠᠢᠰᠠᠳᠠᠭᠠᠳ ᠶᠠᠭᠠᠷᠠᠤ᠃ ᠭᠡᠷ ᠪᠠᠷᠢᠯᠭ᠎ᠠ᠂ ᠬᠦᠷᠢᠶ᠎ᠡ ᠬᠠᠰᠢᠶ᠎ᠠ᠂ ᠫᠸᠨᠭ ᠰᠠᠷᠠᠪᠴᠢ᠂ ᠪᠠᠰᠠ ᠬᠠᠰᠢᠶᠠᠨᠳᠤ ᠬᠡᠪᠢᠵᠤ ᠬᠡᠪᠲᠡᠬᠦ 200 ᠭᠠᠷᠤᠢ ᠦᠭᠡᠷ᠂ ᠠᠯᠢ ᠲᠠᠯ᠎ᠠ ᠡᠴᠡ ᠨᠢ ᠦᠵᠡᠭᠰᠡᠨ ᠴᠸ᠋ ᠡᠨᠡ ᠪᠦᠬᠦᠨᠢ ᠭᠠᠬᠴᠠ ᠨᠢᠭᠡ ᠡᠮᠡᠭᠲᠡᠢ ᠬᠦᠮᠦᠨ ᠠᠪᠴᠤ ᠶᠠᠪᠤᠵᠤ ᠪᠠᠢᠨ᠎ᠠ ᠭᠡᠳᠡᠭᠢ ᠢᠲᠡᠭᠡᠵᠤ ᠶᠠᠳᠠᠨ᠎ᠠ᠃ ᠡᠨᠡ ᠵᠢᠯ 45 ᠨᠠᠰᠤᠲᠠᠢ ᠬᠤᠨᠭ᠌ ᠮᠸᠢᠵᠢ ᠦᠵᠡᠬᠦᠳᠤ ᠡᠴᠡᠨᠭᠬᠡᠢ ᠪᠤᠯᠪᠠᠴᠤ ᠦᠨᠡᠨ ᠳ᠋ᠡᠭᠡᠨ ᠡᠨᠡ ᠭᠡᠷᠤᠨ ᠵᠢᠨᠨ ᠲᠤᠯᠭᠠᠭᠤᠷᠢ ᠬᠦᠴᠦᠨ ᠮᠦᠨ᠃ ᠨᠦᠬᠦᠷ ᠨᠢ ᠬᠤᠷᠴᠢᠨ ᠵᠡᠬᠦᠨ ᠭᠠᠷᠤᠨ ᠬᠤᠢᠲᠤ ᠬᠤᠰᠢᠭᠤᠨᠤ ᠬᠠᠯᠢᠭᠤᠲᠤ ᠪᠠᠯᠭᠠᠰᠤᠨᠳᠤ ᠠᠯᠪᠠᠲᠠᠨᠤ ᠠᠵᠢᠯ ᠲᠠᠢ᠂ ᠭᠠᠬᠴᠠ ᠬᠦᠦ ᠨᠢ ᠤᠳᠤ ᠶᠡᠬᠡ ᠰᠤᠷᠭᠠᠭᠤᠯᠢᠳᠤ ᠰᠠᠭᠤᠵᠤ ᠪᠤᠢ ᠪᠤᠯᠬᠤᠷ ᠭᠡᠷᠤᠨ ᠭᠠᠳᠠᠨ᠎ᠠ ᠲᠤᠳᠤᠨᠠᠬᠢ ᠪᠦᠬᠦ ᠠᠵᠢᠯ ᠬᠤᠨᠭ᠌ ᠮᠸᠢ ᠵᠢᠨ ᠮᠦᠷᠦ ᠳᠡᠭᠡᠷ᠎ᠡ ᠲᠦᠪᠯᠡᠷᠡᠬᠦ ᠨᠢ ᠲᠡᠷᠡ᠃
ᠬᠤᠨᠭ᠌ ᠮᠸᠢ ᠵᠢᠨ ᠲᠦᠷᠦᠭᠰᠡᠨ ᠨᠤᠲᠤᠭ ᠪᠤᠯ ᠬᠤᠷᠴᠢᠨ ᠵᠡᠬᠦᠨ ᠭᠠᠷᠤᠨ ᠬᠤᠢᠲᠦ ᠬᠤᠰᠢᠭᠤᠨᠤ ᠶᠡᠬᠡᠲᠠᠯ᠎ᠠ ᠰᠤᠮᠤ ᠪᠤᠯᠤᠨ᠎ᠠ᠂ ᠠᠨᠭᠬ᠎ᠠ ᠲᠡᠬᠦᠨᠢ ᠪᠡᠷᠢ ᠪᠤᠯᠵᠤ ᠢᠷᠡᠬᠦᠳᠤ᠂ ᠡᠳᠡᠨᠡᠢᠬᠢᠨ ᠮᠦᠨ ᠦᠭᠡᠷ ᠮᠠᠯᠵᠢᠳᠠᠭ ᠠᠢᠯ ᠪᠠᠢᠪᠠ᠃ ᠦᠭᠡᠷ ᠵᠢᠨᠨ ᠦᠳᠡ ᠵᠢᠨ ᠡᠮᠦᠨ᠎ᠡ ᠨᠢ ᠪᠠᠷᠠᠭᠤᠨ ᠡᠮᠦᠨᠡᠬᠢ ᠴᠠᠭᠠᠨ ᠮᠠᠨᠭᠬᠠ ᠪᠡᠷ ᠪᠡᠯᠴᠢᠭᠡᠷᠯᠡᠬᠦᠯᠪᠡᠯ᠂ ᠦᠳᠡ ᠵᠢᠨ ᠬᠤᠢᠨ᠎ᠠ ᠨᠢ ᠪᠠᠶᠠᠨᠴᠠᠭᠠᠨ ᠨᠠᠭᠤᠷᠤᠨ ᠬᠦᠪᠡᠭᠡᠨᠳᠤ ᠬᠦᠷᠳᠡᠭ᠃ 《ᠡᠷᠲᠡ ᠴᠠᠭᠲᠤ᠂ ᠱᠤᠨᠭᠬᠤᠷᠤᠨ ᠠᠭᠤᠯᠠ ᠪᠤᠰᠴᠤ ᠢᠷᠡᠭᠰᠡᠨ ᠡᠴᠡ ᠪᠠᠶᠠᠨᠴᠠᠭᠠᠨ ᠨᠠᠭᠤᠷ ᠤᠷᠤᠰᠢᠵᠤ᠂ ᠡᠷᠲᠡᠨ ᠡᠴᠡ ᠡᠳᠦᠭᠡ ᠪᠤᠯᠲᠠᠯ᠎ᠠ ᠰᠢᠷᠬᠢᠬᠦ ᠦᠭᠡᠢ ᠨᠠᠭᠤᠷ ᠭᠡᠰᠡᠨ ᠠᠯᠳᠠᠷ ᠲᠠᠢ᠃ ᠤᠤᠯ ᠨᠢ ᠨᠠᠭᠤᠷᠤᠨ ᠤᠰᠤ ᠪᠡᠷ ᠮᠠᠯ ᠵᠢᠨᠨ ᠤᠰᠤᠯᠠᠵᠤ ᠲᠠᠯ᠎ᠠ ᠵᠢᠨ ᠡᠪᠡᠰᠦ ᠪᠡᠷ ᠮᠠᠯ ᠵᠢᠨᠨ ᠲᠡᠵᠢᠭᠡᠵᠤ᠂ ᠠᠳᠤᠭᠤ ᠮᠠᠯᠢ ᠳᠤᠷ᠎ᠠ ᠪᠡᠷ ᠪᠡᠯᠴᠢᠭᠡᠷᠯᠡᠬᠦᠯᠵᠤ ᠪᠠᠢᠬᠰᠠᠨ ᠦᠶᠡᠰ ᠨᠠᠭᠤᠷᠤᠨ ᠠᠮᠢ ᠠᠬᠤᠢ ᠨᠢᠭᠡᠨ ᠵᠡᠷᠭᠡ ᠮᠠᠭᠤᠲᠠᠵᠤ᠂ ᠨᠠᠮᠤᠷᠤᠨ ᠡᠴᠦᠰ ᠪᠤᠯᠬᠤ ᠦᠶ᠎ᠡ ᠪᠡᠷ ᠨᠠᠭᠤᠷᠤᠨ ᠬᠦᠪᠡᠬᠡ ᠬᠤᠪᠡᠬᠠᠢᠷᠠᠵᠤ᠂ ᠡᠪᠡᠰᠦ ᠴᠸ᠋ ᠦᠭᠡᠢ ᠦᠵᠡᠮᠵᠢ ᠴᠸ᠋ ᠦᠭᠡᠢ ᠪᠤᠯᠳᠠᠭ》 ᠭᠡᠵᠤ ᠬᠤᠨᠭ᠌ ᠮᠸᠢ ᠬᠠᠳᠠᠮ ᠠᠪᠤ ᠡᠴᠡ ᠪᠠᠨ ᠰᠤᠨᠤᠰᠤᠬᠰᠠᠨ ᠵᠢᠨᠨ ᠶᠠᠷᠢᠵᠤ᠂ ᠤᠳᠤᠬᠠᠨᠤ ᠪᠠᠢᠳᠠᠯ ᠲᠠᠢ ᠬᠠᠷᠢᠴᠠᠭᠤᠯᠪᠠᠯ ᠡᠷᠡᠰ ᠤᠨᠳᠤᠤ ᠪᠠᠢᠭᠰᠠᠨ᠂ ᠭᠡᠪᠡᠴᠦ ᠲᠡᠷᠡ ᠨᠢ ᠨᠢᠭᠡᠨᠲᠡ ᠲᠡᠤᠭᠡ ᠪᠤᠯᠤᠨ ᠬᠤᠴᠤᠷᠤᠬᠰᠠᠨᠢ ᠦᠬᠦᠯᠡᠨ᠎ᠡ᠃
ᠤᠢᠷ᠎ᠠ ᠵᠢᠨ ᠵᠢᠯ ᠡᠴᠡ ᠮᠠᠯ ᠤᠨᠤᠭ᠎ᠠ ᠪᠠᠨ ᠬᠠᠰᠢᠶᠠᠯᠠᠵᠤ ᠲᠡᠵᠢᠭᠡᠵᠤ᠂ ᠠᠮᠢ ᠠᠬᠤᠢ ᠵᠢ ᠬᠠᠮᠠᠭᠠᠯᠠᠬᠤ ᠪᠤᠯᠤᠬᠰᠠᠨ ᠡᠴᠡ ᠬᠤᠨᠭ᠌ ᠮᠸᠢ ᠦᠭᠡᠷ ᠦᠷᠡᠵᠢᠬᠦᠯᠦᠨ ᠲᠡᠵᠢᠭᠡᠵᠤ ᠪᠠᠢᠬᠰᠠᠨ ᠡᠴᠡ ᠦᠭᠡᠷ ᠪᠤᠷᠳᠤᠵᠤ ᠪᠤᠷᠤᠯᠠᠭᠤᠯᠬᠤ ᠰᠢᠨ᠎ᠡ ᠵᠠᠮᠢ ᠨᠡᠭᠡᠭᠡᠵᠡᠢ᠃ 2013 ᠤᠨ ᠡᠴᠡ ᠲᠡᠷᠡ ᠪᠡᠷ ᠭᠡᠷᠤᠨ ᠵᠢᠨᠨ ᠪᠦᠬᠦ ᠦᠨᠢᠶ᠎ᠡ ᠲᠤᠭᠤᠯ ᠵᠢᠨᠨ ᠬᠤᠳᠠᠯᠳᠤᠵᠤ᠂ ᠤᠢᠷ᠎ᠠ ᠬᠠᠪᠢ ᠵᠢᠨ ᠮᠠᠯᠤᠨ ᠴᠤᠬᠯᠠᠭ᠎ᠠ ᠮᠠᠢᠮᠠᠢ ᠡᠴᠡ ᠬᠡᠳᠦᠨ ᠠᠷᠪᠠᠨ ᠲᠤᠭᠤᠯ ᠬᠤᠳᠠᠯᠳᠤᠨ ᠠᠪᠴᠢᠷᠠᠵᠤ ᠲᠤᠷᠰᠢᠨ ᠲᠡᠵᠢᠬᠡᠯᠡ᠂ ᠲᠡᠭᠡᠵᠤ ᠬᠤᠶᠠᠷ ᠡᠴᠡ ᠭᠤᠷᠪᠠᠨ ᠰᠠᠷ᠎ᠠ ᠬᠢᠷᠢᠲᠡᠢ ᠰᠠᠢᠳᠤᠷ ᠪᠤᠷᠳᠤᠵᠤ ᠦᠨᠭᠰᠢᠬᠦᠯᠦᠭᠰᠡᠨᠤ ᠳᠠᠷᠠᠭ᠎ᠠ ᠮᠠᠯᠤᠨ ᠫᠠᠨᠽᠠᠴᠢᠨ ᠳᠠᠭᠤᠳᠠᠵᠤ ᠬᠤᠳᠠᠯᠳᠤᠪᠠ᠃ ᠬᠡᠳᠦ ᠤᠳᠠᠭ᠎ᠠ ᠢᠩᠭᠢᠵᠦ᠍ ᠲᠤᠷᠰᠢᠭᠠᠳ ᠠᠮᠵᠢᠯᠲᠠ ᠤᠯᠵᠤ᠂ ᠮᠦᠨ ᠠᠰᠢᠭ ᠤᠷᠤᠯᠭ᠎ᠠ ᠨᠡᠮᠡᠭᠳᠡᠭᠰᠡᠨ ᠡᠴᠡ ᠬᠠᠰᠢᠶ᠎ᠠ ᠬᠦᠷᠢᠶ᠎ᠡ ᠪᠠᠨ ᠦᠷᠭᠡᠳᠭᠡᠵᠤ᠂ ᠨᠢᠭᠡ ᠯᠡ ᠳᠤᠤᠷ᠎ᠠ 200 ᠭᠠᠷᠤᠢ ᠦᠭᠡᠷᠢ ᠪᠠᠬᠳᠠᠭᠠᠵᠤ ᠳᠡᠢᠯᠬᠦ ᠬᠠᠰᠢᠶ᠎ᠠ ᠰᠠᠷᠠᠪᠴᠢ ᠪᠠᠢᠭᠤᠯᠪᠠ᠃ ᠡᠢᠨ ᠬᠦ᠌ ᠬᠤᠨᠭ᠌ ᠮᠸᠢ ᠵᠢᠨ ᠦᠭᠡᠷ ᠪᠤᠷᠳᠤᠵᠤ ᠪᠤᠷᠤᠯᠠᠭᠤᠯᠬᠤ ᠠᠶᠠᠨ ᠡᠬᠢᠯᠡᠯ᠎ᠡ᠂ ᠤᠯᠠᠩᠬᠢ ᠵᠢᠯᠳᠤ ᠮᠠᠯᠤᠨ ᠵᠠᠬ᠎ᠠ ᠳᠡᠯᠭᠡᠬᠦᠷᠤᠨ ᠪᠠᠢᠳᠠᠯᠢ ᠦᠵᠡᠵᠤ ᠭᠤᠷᠪᠠ ᠡᠴᠡ ᠳᠦᠷᠪᠡ ᠤᠳᠠᠭ᠎ᠠ ᠲᠤᠭᠤᠯ ᠬᠤᠳᠠᠯᠳᠤᠨ ᠠᠪᠴᠢᠷᠠᠳᠠᠭ᠃ ᠬᠡᠷᠪᠡ ᠭᠤᠷᠪᠠᠨ ᠰᠠᠷ᠎ᠠ ᠵᠢᠨ ᠦᠶ᠎ᠡ ᠪᠡᠷ ᠮᠠᠯ ᠵᠢᠨᠨ ᠪᠠᠷᠢᠪᠠᠯ ᠬᠤᠶᠠᠷ ᠰᠠᠷ᠎ᠠ ᠪᠤᠷᠳᠤᠭᠠᠳ ᠬᠤᠳᠠᠯᠳᠤᠵᠤ ᠶᠠᠪᠤᠭᠤᠯᠳᠠᠭ᠃ ᠰᠠᠢᠳᠤᠷ ᠪᠤᠷᠳᠤᠵᠤ ᠴᠢᠳᠠᠪᠠᠯ ᠠᠭᠤᠷ ᠠᠮᠢᠰᠬᠤᠯ ᠲᠤᠬᠢᠲᠠᠢ ᠦᠶᠡᠳᠤ ᠰᠠᠷ᠎ᠠ ᠳᠤᠳᠤᠷ᠎ᠠ ᠪᠤᠷᠤᠯᠠᠭᠤᠯᠵᠤ ᠪᠤᠯᠳᠠᠭ᠃ ᠢᠩᠭᠢᠵᠦ᠍ ᠵᠢᠯᠳᠤ ᠪᠠᠷᠤᠭ ᠮᠢᠨᠭᠭᠠᠨ ᠦᠭᠡᠷ ᠪᠤᠷᠤᠯᠠᠭᠤᠯᠵᠤ᠂ ᠨᠢᠭᠡ ᠲᠤᠭᠤᠯ ᠡᠴᠡ ᠲᠡᠭᠰᠢᠳᠭᠡᠭᠡᠳ1500 ᠲᠦᠬᠦᠷᠢᠭᠤᠨ ᠠᠰᠢᠭ ᠤᠷᠤᠯᠭ᠎ᠠ ᠤᠯᠳᠠᠭ ᠠᠵᠢ᠃
ᠶᠡᠷᠦ ᠨᠢ ᠠᠵᠢᠯ ᠬᠢᠬᠦ ᠲᠤᠳᠤᠮ ᠤᠷᠤᠬᠰᠢᠲᠠᠢ ᠠᠮᠢᠳᠤᠷᠠᠯ ᠦᠭᠡᠳᠡᠷᠭᠡᠭ ᠪᠤᠯᠵᠤ ᠢᠷᠡᠨ᠎ᠡ ᠭᠡᠳᠡᠭᠢ ᠪᠠᠲᠤ ᠢᠲᠡᠭᠡᠳᠡᠭ ᠬᠤᠨᠭ᠌ ᠮᠸᠢ ᠪᠤᠯ ᠦᠭᠡᠷ ᠪᠤᠷᠳᠤᠵᠤ ᠲᠡᠵᠢᠭᠡᠭᠰᠡᠨ ᠵᠢᠨᠷ ᠬᠤᠰᠢᠭᠤ ᠪᠠᠯᠭᠠᠰᠤᠨᠳᠤ ᠲᠦᠷᠦᠬᠦᠦ ᠬᠡᠳᠦᠨ ᠡᠷᠦᠭᠡᠳᠤ ᠲᠤᠭᠠᠴᠢᠬᠳᠠᠵᠤ᠂ ᠭᠠᠴᠠᠭᠠᠨ ᠳ᠋ᠠᠭᠠᠨ ᠤᠯᠠᠨᠢ ᠳᠠᠭᠠᠭᠤᠯᠤᠨ ᠦᠭᠡᠷ ᠪᠤᠷᠳᠤᠵᠤ ᠲᠡᠵᠢᠭᠡᠭᠰᠡᠨ ᠠᠨᠭᠬᠠᠨᠤ ᠡᠷᠦᠭᠡ ᠪᠤᠯᠤᠨ᠎ᠠ᠃ ᠤᠳᠤᠬᠠᠨ ᠳ᠋ᠤ ᠲᠤᠰ ᠭᠠᠴᠠᠭᠠᠨᠳᠤ ᠦᠭᠡᠷ ᠪᠤᠷᠳᠤᠵᠤ ᠲᠡᠵᠢᠭᠡᠵᠤ ᠪᠠᠢᠭ᠎ᠠ ᠡᠷᠦᠭᠡ ᠤᠯᠠᠨ ᠪᠤᠯᠤᠬᠰᠠᠨ ᠪᠤᠯᠪᠠᠴᠤ ᠬᠤᠨᠭ᠌ ᠮᠸᠢ ᠵᠢ ᠪᠠᠬᠰᠢ ᠪᠠᠷᠢᠵᠤ ᠲᠡᠵᠢᠭᠡᠬᠦ ᠠᠷᠭ᠎ᠠ ᠠᠰᠠᠭᠤᠨ ᠰᠦᠪᠡᠭᠴᠢᠯᠡᠳᠡᠭ᠃ ᠲᠡᠷᠡ ᠪᠡᠷ ᠮᠦᠨᠴᠸ᠋ ᠭᠠᠴᠠᠭᠠᠨᠤ ᠪᠠᠨ《ᠦᠨᠡᠮᠯᠡᠯ ᠦᠭᠡᠢ ᠮᠠᠯᠤᠨ ᠡᠮᠴᠢ》᠂ ᠡᠨᠡ ᠨᠢ ᠪᠦᠷ ᠤᠯᠠᠨ ᠵᠢᠯ ᠵᠢᠨᠷ ᠮᠠᠯ ᠲᠡᠵᠢᠭᠡᠭᠰᠡᠨᠤ ᠲᠤᠷᠰᠢᠯᠭ᠎ᠠ ᠰᠤᠷᠭᠠᠮᠵᠢ ᠪᠢᠯᠡ᠃ ᠰᠢᠯᠦᠭᠡᠢ ᠡᠪᠡᠳᠴᠢᠨ᠂ ᠠᠭᠤᠰᠬᠢᠨ ᠦᠷᠪᠢᠰᠦᠯ᠂ ᠬᠡᠪᠡᠯᠢ ᠬᠦᠬᠡᠬᠡᠬᠦ ᠁ ᠭᠡᠬᠦ ᠮᠡᠳᠦ ᠡᠪᠡᠳᠴᠢᠨ ᠭᠡᠮᠢ ᠴᠦᠮ ᠦᠪᠡᠷ ᠵᠢᠡᠨ ᠠᠷᠭᠠᠯᠠᠴᠢᠬᠠᠬᠤ ᠡᠷᠳᠡᠮ ᠲᠠᠢ ᠪᠤᠯᠵᠤ᠂ ᠬᠡᠳᠦᠢᠨ ᠬᠠᠭᠠᠰ ᠮᠠᠯᠤᠨ ᠡᠮᠴᠢ ᠪᠤᠯᠴᠢᠬᠠᠵᠠᠢ᠃
《ᠦᠭᠡᠷ ᠵᠢᠨᠨ ᠡᠷᠳᠡ ᠤᠷᠤᠢ ᠬᠤᠶᠠᠷ ᠴᠠᠭ ᠵᠢᠨᠷ ᠲᠡᠵᠢᠭᠡᠨ᠎ᠡ᠂ ᠦᠭᠡᠷ ᠭᠡᠳᠡᠭ ᠴᠢᠨᠢ ᠴᠠᠳᠪᠠᠯ ᠬᠡᠪᠢᠭᠡᠳ ᠬᠡᠪᠳᠡᠳᠡᠭ ᠠᠮᠠᠷᠬᠠᠨ ᠠᠮᠢᠲᠠᠨ᠃ ᠮᠠᠯᠤᠨ ᠢᠳᠡᠵᠤ ᠤᠤᠭᠤᠬᠤ ᠪᠠᠢᠳᠠᠯ ᠡᠴᠡ ᠡᠪᠡᠳᠴᠢᠨ ᠬᠦᠷᠦᠭᠰᠡᠨ ᠡᠰᠡᠬᠦ ᠵᠢ ᠦᠵᠡᠵᠤ ᠭᠠᠷᠳᠠᠭ᠂ ᠬᠠᠨᠢᠶᠠᠵᠤ ᠪᠠᠢᠬᠤᠤᠤ᠂ ᠭᠡᠳᠡᠰᠦ ᠨᠢ ᠬᠦᠬᠡᠬᠡᠵᠤ ᠪᠠᠢᠬᠤᠤᠤ ᠭᠡᠳᠡᠭᠢ ᠠᠩᠬᠠᠷᠴᠤ ᠠᠵᠢᠭᠯᠠᠬᠤ ᠬᠡᠷᠡᠭᠲᠡᠢ᠃ ᠶᠡᠷᠦ ᠨᠢ ᠭᠡᠷᠲᠤ ᠮᠠᠯᠤᠨ ᠡᠮ ᠪᠡᠯᠡᠬᠡᠨ᠂ ᠭᠡᠮᠨᠡᠪᠡᠯ ᠪᠠᠷᠢᠨ ᠳᠤᠤᠷ᠎ᠠ ᠨᠢ ᠡᠮᠨᠡᠵᠤ ᠵᠠᠰᠠᠳᠠᠭ᠂ ᠡᠮᠲᠠᠷᠢᠬᠤ᠂ ᠡᠮᠶᠡᠬᠦᠯᠡᠬᠦ ᠪᠦᠷ ᠦᠪᠡᠷ ᠵᠢᠨᠨ ᠭᠠᠷᠳᠠᠵᠤ ᠬᠢᠨ᠎ᠡ》 ᠭᠡᠵᠤ ᠬᠤᠨᠭ᠌ ᠮᠸᠢ ᠰᠠᠭᠤᠬᠤ ᠵᠠᠪ ᠦᠭᠡᠢ ᠭᠤᠷᠪᠠᠨ ᠬᠦᠷᠳᠦᠲᠦ ᠮᠤᠲ᠋ᠤᠷ ᠵᠢᠯᠤᠭᠤᠳᠴᠦ ᠪᠤᠷᠳᠤᠭ᠎ᠠ ᠵᠢᠨ ᠬᠦᠮᠦᠷᠭᠡ ᠵᠦᠭ ᠵᠢᠨᠨ ᠴᠢᠭᠯᠡᠯ᠎ᠡ᠃ ᠡᠨᠡ ᠶᠡᠬᠡ ᠬᠦᠮᠦᠷᠭᠡ ᠳ᠋ᠡᠬᠢ ᠠᠭᠤᠯᠠ ᠮᠡᠲᠤ ᠤᠪᠤᠭᠠᠯᠠᠬᠰᠠᠨ ᠪᠤᠷᠳᠤᠭ᠎ᠠ ᠵᠢ ᠦᠵᠡᠨ ᠭᠠᠢᠬᠠᠰᠢᠷᠠᠬᠤᠳᠤ᠂ 《ᠡᠨᠡ ᠴᠸ᠋ ᠭᠠᠢᠭᠤᠢ᠂ ᠡᠪᠡᠰᠦ ᠪᠤᠷᠳᠤᠭ᠎ᠠ ᠪᠦᠷᠢᠨ ᠪᠤᠯᠪᠠᠯ ᠰᠠᠶᠢ ᠰᠠᠨᠠᠭ᠎ᠠ ᠠᠮᠤᠷ》 ᠭᠡᠬᠦ ᠬᠤᠨᠭ᠌ ᠮᠸᠢ ᠵᠢᠨ ᠰᠠᠨᠠᠭᠠᠰᠢᠷᠠᠯᠢ ᠤᠢᠯᠠᠭᠠᠯᠠ᠃ 2021 ᠤᠨᠤ ᠶᠡᠬᠡ ᠴᠠᠰᠤᠨᠳᠤ ᠮᠠᠯᠤᠨ ᠫᠸᠨᠭ ᠨᠢ ᠳᠠᠷᠤᠭᠳᠠᠵᠤ ᠤᠨᠠᠬᠰᠠᠨᠢ ᠬᠡᠯᠡᠬᠦ ᠦᠭᠡᠢ᠂ ᠨᠢᠭᠡ ᠪᠤᠭᠤᠵᠢ ᠡᠪᠡᠰᠦ ᠤᠯᠬᠤᠳᠤ ᠴᠸ᠋ ᠬᠦᠴᠢᠷ ᠪᠤᠯᠵᠤ᠂ ᠦᠪᠡᠷ ᠵᠢᠨᠨ ᠮᠠᠰᠢᠨ ᠵᠢᠯᠤᠭᠤᠳᠴᠤ ᠲᠡᠷᠳᠡᠬᠡ ᠬᠤᠯᠠ ᠵᠢᠨ ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤ ᠡᠴᠡ ᠡᠳᠦᠷ ᠪᠦᠷᠢ ᠵᠢᠨ ᠡᠪᠡᠰᠦ ᠪᠤᠷᠳᠤᠭ᠎ᠠ ᠪᠠᠨ ᠵᠦᠭᠡᠭᠡᠪᠦᠷᠢᠯᠡᠳᠡᠭ ᠪᠠᠢᠵᠠᠢ᠃ ᠲᠡᠳᠡᠨᠡᠢᠬᠢᠨ ᠦᠭᠡᠷ ᠠᠷᠪᠢᠨ ᠪᠤᠯᠬᠤᠷ ᠶᠡᠷᠦᠨᠢ ᠰᠠᠷᠠᠳᠤ 30 ᠡᠴᠡ 40 ᠲᠤᠨ ᠡᠪᠡᠰᠦ ᠪᠤᠷᠳᠤᠭ᠎ᠠ ᠵᠠᠷᠤᠴᠠᠭᠤᠯᠵᠤ᠂ ᠵᠢᠯᠳᠤ 20 ᠲᠦᠮᠡᠨ ᠵᠢᠨᠭ ᠡᠷᠳᠡᠨᠢ ᠰᠢᠰᠢ ᠬᠡᠷᠡᠭᠰᠡᠳᠡᠭ᠃
ᠮᠠᠯ ᠤᠨᠤᠭ᠎ᠠ ᠪᠠᠨ ᠬᠠᠰᠢᠶᠠᠯᠠᠨ ᠲᠡᠵᠢᠭᠡᠬᠦᠳᠤ᠂ ᠨᠠᠭᠤᠷᠤᠨ ᠬᠢᠨᠢ ᠤᠰᠤ ᠨᠢ ᠬᠦᠪᠡᠭᠡ ᠲᠡᠯᠡᠨ ᠦᠷᠭᠡᠵᠢᠭᠰᠡᠨ ᠪᠦᠭᠡᠳ ᠨᠠᠮᠤᠭᠲᠤ ᠲᠠᠯᠠᠳᠤᠨᠢ ᠵᠡᠭᠡᠰᠦ ᠬᠤᠯᠤᠰᠤ ᠬᠠᠯᠢᠭᠤᠷᠠᠵᠤ᠂ ᠬᠤᠨᠭ᠌ ᠮᠸᠢ ᠵᠢᠨ ᠬᠢᠨᠤ ᠠᠰᠢᠭ ᠤᠷᠤᠯᠭ᠎ᠠ ᠨᠢ ᠴᠸ᠋ ᠶᠡᠬᠡ ᠪᠡᠷ ᠨᠡᠮᠡᠭᠳᠡᠵᠡᠢ ᠁
ᠪᠠᠶᠠᠨᠴᠠᠭᠠᠨ ᠨᠠᠭᠤᠷ ᠳᠤᠷᠠᠯᠠᠯ ᠬᠡᠯᠡᠯᠴᠡᠨ᠎ᠠ ︱ ᠢᠮᠠᠭ᠎ᠠ ᠢᠮᠠᠭ᠎ᠠ ᠪᠡᠷ ᠵᠢᠨᠨ ᠲᠠᠨᠢᠯᠴᠠᠬᠰᠠᠨ ᠠᠮᠠᠷᠠᠭ ᠬᠤᠤᠰ
ᠨᠠᠮᠤᠷᠤᠨ ᠲᠤᠨᠭᠭᠠᠯᠠᠭ ᠨᠠᠭᠤᠷ ᠭᠡᠵᠤ ᠡᠵᠢ ᠵᠢᠨ ᠮᠢᠨᠢ ᠤᠰᠬᠠᠯ ᠮᠡᠯᠮᠡᠢ ᠰᠢᠭ᠃ ᠨᠠᠭᠤᠷᠤᠨ ᠤᠰᠤᠨᠳ᠋ᠠᠭᠠᠨ ᠬᠤᠷᠭᠤᠳᠠᠬᠰᠠᠨ ᠰᠢᠪᠠᠭᠤᠳ ᠨᠢ ᠨᠤᠲᠤᠭ ᠡᠷᠬᠢᠬᠦ ᠪᠡᠷ ᠭᠠᠨᠭᠭᠠᠷ ᠭᠤᠨᠭᠭᠤᠷ᠃ ᠡᠷᠲᠡ ᠳᠡᠭᠡᠳᠦᠰ ᠡᠴᠡ ᠪᠠᠨ ᠪᠠᠶᠠᠨᠴᠠᠭᠠᠨ ᠨᠠᠭᠤᠷ ᠨᠤᠲᠤᠭᠤᠨ ᠠᠷᠠᠳ ᠵᠢᠨᠨ ᠦᠷ᠎ᠡ ᠪᠠᠨ ᠮᠡᠲᠦ ᠪᠦᠪᠡᠢᠯᠡᠨ ᠲᠤᠷᠨᠢᠭᠤᠯᠵᠤ᠂ ᠤᠭᠤᠷᠠᠭ ᠰᠢᠮ᠎ᠡ ᠪᠠᠨ ᠬᠠᠷᠠᠮ ᠦᠭᠡᠢ ᠶᠡᠬᠦᠯᠡᠭᠰᠡᠭᠡᠷ᠃
《ᠮᠠᠨᠤ ᠡᠯᠦᠨᠴᠡ ᠡᠪᠦᠭᠡ ᠵᠢᠨ ᠦᠶᠡᠳᠤ᠂ ᠪᠠᠶᠠᠨᠴᠠᠭᠠᠨ ᠨᠠᠭᠤᠷᠤᠨ ᠬᠦᠪᠡᠭᠡ ᠪᠡᠷ ᠤᠯᠠᠨ ᠢᠮᠠᠭ᠎ᠠ ᠮᠠᠯᠵᠢᠳᠠᠭ ᠠᠢᠯ ᠪᠠᠢᠬᠰᠠᠨ᠂ ᠢᠮᠠᠭ᠎ᠠ ᠭᠡᠵᠤ ᠶᠠᠪᠤᠭᠠᠴᠢ ᠠᠮᠢᠲᠠᠨ᠂ ᠡᠳᠦᠷᠲᠤ ᠠᠷᠪᠠᠨ ᠭᠠᠵᠠᠷ ᠶᠠᠪᠤᠬᠰᠠᠨ ᠴᠸ᠋ ᠠᠯᠵᠢᠶᠠᠬᠤ ᠦᠭᠡᠢ》 ᠭᠡᠵᠤ ᠬᠤᠷᠴᠢᠨ ᠵᠡᠬᠦᠨ ᠭᠠᠷᠤᠨ ᠬᠤᠢᠲᠤ ᠬᠤᠰᠢᠭᠤᠨᠤ ᠠᠭᠤᠯᠠ ᠪᠠᠯᠭᠠᠰᠤ ᠵᠢᠨ ᠲᠠᠯᠤ ᠵᠢᠨ ᠠᠢᠯ ᠭᠠᠴᠠᠭ᠎ᠠ ᠵᠢᠨ ᠤᠤᠭᠠᠯ ᠳᠡᠯᠭᠡᠷᠡᠨᠭᠬᠦᠢ ᠬᠠᠭᠤᠴᠢ ᠳᠡᠯᠭᠡᠨ᠎ᠡ᠃
ᠡᠳᠡᠨᠡᠢᠬᠢᠨ ᠦᠶ᠎ᠠ ᠳᠡᠮᠵᠢᠨ ᠪᠠᠶᠠᠨᠴᠠᠭᠠᠨ ᠨᠠᠭᠤᠷᠤᠨ ᠡᠷᠬᠢ ᠳᠠᠭᠠᠨ ᠮᠠᠯᠵᠢᠵᠤ ᠢᠷᠡᠭᠰᠡᠨ ᠬᠡᠯᠲᠡᠢ᠂ ᠲᠤᠬᠠᠢ ᠵᠢᠨ ᠦᠶᠡᠳᠤ ᠢᠮᠠᠭᠠᠨ ᠰᠦᠷᠦᠭ ᠨᠢ 700 ᠲᠤᠯᠤᠭᠠᠢ ᠵᠢ ᠳᠠᠪᠠᠵᠤ ᠪᠠᠢᠪᠠ᠃ ᠨᠠᠭᠤᠷᠤᠨ ᠤᠰᠤ ᠳᠠᠭᠠᠬᠰᠠᠨ ᠭᠠᠵᠠᠷ ᠪᠡᠯᠴᠢᠭᠡᠷ ᠰᠠᠢᠲᠠᠢ ᠲᠤᠯᠠ ᠢᠮᠠᠭᠠᠨ ᠰᠦᠷᠦᠭ ᠨᠢ ᠡᠪᠡᠰᠦᠨᠳ᠋ᠡᠭᠡᠨ ᠴᠠᠳᠴᠦ᠂ ᠤᠰᠤᠨᠳ᠋ᠠᠭᠠᠨ ᠰᠢᠮᠡᠵᠢᠵᠤ ᠦᠷᠨᠢᠬᠦᠨ ᠲᠦᠯᠵᠢᠭᠰᠡᠨ ᠨᠢ ᠡᠨᠡ ᠪᠠᠢᠵᠠᠢ᠃ ᠶᠡᠷᠦ ᠨᠢ ᠪᠠᠶᠠᠨᠴᠠᠭᠠᠨ ᠨᠠᠭᠤᠷᠤᠨ ᠡᠷᠬᠢᠨ ᠲᠤᠭᠤᠷᠢᠨᠳᠤ ᠡᠮᠦᠨ᠎ᠡ ᠤᠰᠤ᠂ ᠵᠡᠬᠦᠨ ᠪᠠᠷᠠᠭᠤᠨ ᠬᠤᠶᠠᠷ ᠲᠤᠭᠤᠭᠠᠴᠢ ᠵᠢᠨ ᠤᠰᠤ᠂ ᠵᠡᠬᠦᠨ ᠬᠠᠭᠤᠴᠢᠳᠤᠨ ᠤᠰᠤ ᠭᠡᠮᠡᠨ ᠤᠯᠠᠨ ᠤᠰᠤ ᠨᠠᠭᠤᠷ ᠬᠤᠷᠠᠬᠰᠠᠨ ᠡᠴᠡ ᠨᠢ ᠪᠠᠶᠠᠨᠴᠠᠭᠠᠨ ᠨᠠᠭᠤᠷᠤᠨ ᠤᠰᠤ ᠲᠡᠤᠭᠡᠨ ᠡᠴᠡ ᠠᠪᠤᠭᠠᠳ ᠡᠯᠪᠡᠭ᠂ ᠨᠡᠨᠭ ᠴᠸ᠋ ᠨᠠᠭᠤᠷᠤᠨ ᠤᠰᠤᠨᠳᠤ ᠴᠠᠭᠠᠨ ᠬᠡᠯᠳᠡᠭᠡ᠂ ᠤᠯᠠᠭᠠᠨ ᠰᠡᠬᠦᠯᠲᠦ᠂ ᠰᠡᠮ ᠬᠤᠷᠤᠬᠠᠢ ᠵᠡᠷᠭᠡ ᠤᠰᠤᠨ ᠭᠠᠷᠤᠯᠲᠠ ᠪᠠᠶᠠᠯᠢᠭ ᠭᠠᠷᠳᠠᠭ ᠦᠤᠭᠡ ᠲᠡᠤᠬᠡ ᠲᠠᠢ ᠶᠤᠮ᠃ ᠤᠢᠷ᠎ᠠ ᠵᠢᠨ ᠵᠢᠯ ᠳ᠋ᠤ ᠠᠮᠢ ᠠᠬᠤᠢ ᠵᠢᠯ ᠡᠴᠡ ᠵᠢᠯ ᠰᠠᠢᠵᠢᠷᠠᠵᠤ᠂ ᠪᠠᠶᠠᠨᠴᠠᠭᠠᠨ ᠨᠠᠭᠤᠷᠤᠨ ᠤᠰᠤ ᠨᠢᠳᠦ ᠠᠯᠳᠠᠮ᠎ᠠ ᠦᠷᠭᠡᠵᠢᠵᠤ᠂ ᠠᠷᠤ ᠵᠢᠨ ᠮᠠᠨᠭᠬᠠ ᠪᠡᠷ ᠤᠰᠤ ᠵᠢ ᠲᠠᠳᠠᠬᠰᠠᠨ ᠴᠢᠨᠢ ᠲᠠᠳᠠᠵᠤ ᠭᠠᠷᠤᠬᠰᠠᠨ ᠤᠰᠤ ᠨᠢ ᠨᠤᠭᠤ ᠭᠠᠵᠠᠷ ᠪᠤᠯᠵᠤ᠂ ᠨᠡᠬᠦᠳᠡᠯᠤᠨ ᠰᠢᠪᠠᠭᠤᠳᠤᠨ ᠰᠢᠨᠡᠬᠡᠨ ᠪᠠᠭᠤᠴᠠ ᠪᠤᠯᠪᠠ᠃
ᠬᠤᠷᠴᠢᠨ ᠠᠷᠠᠳᠤᠨ ᠳᠠᠭᠤᠤᠳᠤ ᠭᠠᠷᠳᠠᠭ 《ᠳᠠᠨᠠᠪᠠᠯ》 ᠭᠡᠵᠤ ᠶᠠᠭ ᠳᠠᠯᠤ ᠵᠢᠨ ᠠᠢᠯᠤᠨ ᠬᠦᠮᠦᠨ ᠪᠠᠢᠵᠤ᠂ ᠲᠡᠷᠡ ᠱᠤᠨᠭᠬᠤᠷᠤᠨ ᠠᠭᠤᠯᠠ ᠵᠢᠨ ᠠᠷᠤ ᠳ᠋ᠡᠬᠢ ᠵᠢᠯᠲᠦ ᠵᠢᠨ ᠮᠠᠩᠬᠠᠨᠤ ᠬᠠᠪᠢ ᠪᠡᠷ ᠮᠠᠯ ᠵᠢᠨᠨ ᠪᠡᠯᠴᠢᠭᠡᠷᠯᠡᠬᠦᠯᠵᠤ ᠵᠢᠨᠰᠢᠶᠠᠨᠭ᠌ ᠲᠠᠢ ᠪᠠᠨ ᠠᠭᠤᠯᠵᠠᠵᠤ ᠬᠠᠮᠳᠤ ᠳ᠋ᠠᠭᠠᠨ ᠵᠢᠯᠲᠦ ᠵᠢᠨ ᠬᠤᠸᠠ ᠵᠢᠨ ᠡᠨᠭᠬᠡᠷ ᠲᠡᠬᠢ ᠮᠡᠯᠡᠬᠡᠢ ᠬᠠᠭᠲᠤ ᠮᠠᠯ ᠵᠢᠨᠨ ᠤᠰᠤᠯᠠᠳᠠᠭ ᠭᠡᠰᠡᠨ ᠰᠠᠢᠬᠠᠨ ᠵᠤᠭᠤᠭᠢ ᠨᠢ ᠨᠤᠲᠤᠭᠤᠨ ᠠᠷᠠᠳ ᠠᠮᠠ ᠳᠠᠮᠵᠢᠨ ᠤᠯᠠᠮᠵᠢᠯᠠᠨ᠎ᠠ᠃ 《ᠳᠠᠨᠠᠪᠠᠯ ᠵᠢᠨᠰᠢᠶᠠᠨᠭ᠌》 ᠬᠤᠶᠠᠷ ᠰᠢᠤᠬᠠᠨ ᠢᠮᠠᠭ᠎ᠠ ᠪᠡᠷ ᠳᠠᠮᠵᠢᠵᠤ ᠲᠠᠨᠢᠯᠴᠠᠵᠤ ᠬᠠᠨᠢᠯᠠᠬᠰᠠᠨ ᠳᠡᠯᠭᠡᠷᠡᠨᠭᠬᠦᠢ ᠪᠤᠯᠤᠨ ᠪᠤᠤ ᠮᠸᠢ ᠷᠦᠨᠭ ᠪᠤᠯ ᠠᠢᠯ ᠰᠠᠭᠠᠬᠠᠯᠲᠠᠳ᠋ᠠᠭᠠᠨ ᠠᠯᠳᠠᠷᠲᠠᠢ ᠢᠮᠠᠭ᠎ᠠ ᠲᠡᠵᠢᠭᠡᠳᠡᠭ ᠶᠡᠬᠡ ᠡᠷᠦᠭᠡ ᠶᠤᠮ᠃ ᠠᠮᠢᠳᠤᠷᠠᠯᠤᠨ ᠵᠠᠮᠳᠤ ᠤᠯᠠᠨᠭᠬᠢ ᠬᠠᠷᠠᠯᠲᠠᠳᠤ ᠬᠦᠷᠬᠦ ᠨᠢ ᠤᠷᠢᠳ ᠵᠢᠨᠷ ᠲᠦᠰᠦᠪᠯᠡᠭᠰᠡᠨ ᠪᠢᠰᠢ᠂ ᠬᠠᠷᠢᠨ ᠤᠷᠤᠬᠰᠢᠯᠠᠯᠲᠠ ᠵᠢᠨ ᠵᠡᠮ ᠳ᠋ᠡᠬᠢ ᠰᠠᠨᠠᠮᠰᠠᠷ ᠦᠭᠡᠢ ᠤᠯᠤᠯᠲᠠ ᠮᠦᠨ᠃ ᠡᠨᠡ ᠨᠢ 2019 ᠤᠨᠤ ᠤᠴᠢᠷ ᠪᠢᠯᠡ᠃ ᠨᠢᠭᠡᠨ ᠤᠳᠠᠭ᠎ᠠ ᠳᠡᠯᠭᠡᠷᠡᠨᠭᠬᠦᠢ ᠹᠦᠰᠢᠨᠤ ᠨᠢᠭᠡᠨ ᠠᠷᠠᠯᠵᠢᠶᠠᠴᠢᠨ ᠨᠠᠢᠵᠠ ᠪᠠᠨ ᠳᠠᠭᠠᠭᠤᠯᠵᠤ ᠢᠮᠠᠭᠠᠨᠤ ᠮᠠᠢᠮᠠᠢ ᠬᠢᠬᠦ ᠪᠡᠷ ᠪᠠᠶᠠᠨᠨᠠᠭᠤᠷᠲᠤ ᠬᠦᠷᠬᠦᠳᠤ᠂ ᠨᠢᠭᠡ ᠨᠤᠲᠤᠭᠤᠨ ᠬᠡᠤᠬᠡᠨ ᠪᠤᠤ ᠮᠸᠢ ᠷᠦᠨᠭ ᠶᠠᠭ ᠢᠮᠠᠭᠠᠨᠤ ᠮᠠᠢᠮᠠᠢ ᠬᠢᠵᠤ ᠪᠠᠢᠬᠰᠠᠨ ᠲᠠᠢ ᠲᠠᠭᠠᠷᠠᠯᠳᠤᠵᠤ᠂ ᠲᠡᠭᠡᠵᠤ ᠡᠨᠡ ᠬᠤᠶᠠᠷᠤᠨ ᠬᠤᠪᠢ ᠪᠠᠷᠢᠯᠳᠤᠯᠭ᠎ᠠ ᠡᠬᠢᠯᠡᠵᠡᠢ᠃ ᠳᠠᠳᠠ ᠬᠤᠶᠠᠭᠤᠯᠠ ᠪᠡᠨ 2021 ᠤᠨᠳᠤ ᠠᠢᠯ ᠭᠡᠷ ᠪᠤᠯᠵᠤ᠂ ᠬᠠᠨᠢᠯᠠᠨ ᠰᠠᠭᠤᠬᠰᠠᠨ ᠨᠢ ᠡᠨᠡ ᠪᠠᠢᠵᠠᠢ᠃ 《ᠮᠠᠨᠠᠢᠬᠢᠨᠤ ᠢᠮᠠᠭᠠᠨ ᠰᠦᠷᠦᠭ ᠪᠢᠳᠡᠨᠢ ᠠᠢᠯ ᠭᠡᠷ ᠪᠤᠯᠤᠬᠰᠠᠨ ᠡᠴᠡ ᠨᠠᠭᠠᠰᠢ ᠦᠨᠢᠷ ᠦᠷᠡᠵᠢᠵᠤ ᠪᠢᠯᠡ᠂ ᠡᠨᠡ ᠨᠢ ᠪᠦᠰᠡᠬᠦᠢ ᠵᠢᠨ ᠮᠢᠨᠢ ᠠᠴᠢ ᠲᠤᠰᠠ ᠡᠴᠡ ᠰᠠᠯᠵᠤ ᠴᠢᠳᠠᠬᠤ ᠦᠭᠡᠢ》 ᠭᠡᠮᠡᠨ ᠳᠡᠯᠭᠡᠷᠡᠨᠭᠬᠦᠢ ᠡᠬᠡᠨᠡᠷ ᠵᠢᠨᠨ ᠵᠦᠭᠡᠯᠡᠬᠡᠨ ᠰᠢᠷᠲᠡᠪᠡ᠃
ᠤᠷᠤᠢ ᠬᠤᠷᠢᠮᠯᠠᠬᠰᠠᠨ ᠴᠸ᠋ ᠠᠳᠠᠯ ᠭᠡᠷ ᠵᠢᠨᠨ ᠬᠡᠨ ᠡᠴᠡ ᠴᠸ᠋ ᠲᠤᠳᠠᠭᠤᠯᠤᠯ ᠦᠭᠡᠢ ᠴᠤᠬᠴᠠᠯᠠᠵᠤ ᠶᠠᠪᠤᠭ᠎ᠠ 46 ᠨᠠᠰᠤᠲᠠᠢ ᠳᠡᠯᠭᠡᠷᠡᠨᠭᠬᠦᠢ ᠡᠪᠦᠭᠡ ᠳᠡᠭᠡᠳᠦᠰ ᠡᠴᠡ ᠵᠠᠯᠭᠠᠮᠵᠢᠯᠠᠵᠤ ᠤᠯᠤᠬᠰᠠᠨ ᠡᠳ᠋ ᠬᠦᠷᠦᠨᠭᠭᠡ ᠪᠠᠨ ᠡᠯᠪᠡᠭᠵᠢᠬᠦᠯᠬᠦ ᠡᠴᠡ ᠪᠢᠰᠢ ᠬᠤᠷᠤᠭᠳᠠᠭᠤᠯᠬᠤ ᠦᠭᠡᠢ ᠭᠡᠮᠡᠨ ᠤᠯᠠᠨ ᠠᠷᠭ᠎ᠠ ᠰᠦᠪᠡᠭᠴᠢᠯᠡᠨ᠎ᠠ᠃ ᠶᠠᠭᠠᠷᠠᠬᠰᠠᠨ ᠬᠦᠮᠦᠨ ᠢᠮᠠᠭ᠎ᠠ ᠲᠡᠵᠢᠭᠡᠨ᠎ᠠ ᠭᠡᠳᠡᠭ ᠵᠢᠨᠷ᠂ ᠤᠤᠯ ᠨᠢ ᠳᠡᠯᠭᠡᠷᠡᠨᠭᠬᠦᠢ ᠵᠢᠨ ᠬᠢᠨ ᠪᠠᠰᠠ ᠦᠭᠡᠷ ᠲᠡᠵᠢᠭᠡᠳᠡᠭ ᠪᠠᠢᠪᠠ᠂ ᠭᠡᠲᠡᠯ᠎ᠡ ᠦᠭᠡᠷᠤᠨ ᠤᠷᠤᠯᠭ᠎ᠠ ᠨᠢ ᠢᠮᠠᠭ᠎ᠠ ᠵᠢᠨ ᠤᠷᠤᠯᠭᠠᠳᠤ ᠬᠦᠷᠬᠦ ᠦᠭᠡᠢ ᠲᠤᠯᠠ 2023 ᠤᠨᠳᠤ ᠦᠭᠡᠷ ᠵᠢᠨᠨ ᠪᠦᠬᠦᠨᠢ ᠬᠤᠳᠠᠯᠳᠤᠵᠤ᠂ ᠴᠤᠯ ᠢᠮᠠᠭ᠎ᠠ ᠮᠠᠯᠵᠢᠬᠤ ᠪᠤᠯᠪᠠ᠃ 《ᠢᠮᠠᠭ᠎ᠠ ᠡᠳᠦᠷᠲᠤ ᠨᠢᠭᠡ ᠵᠢᠨᠭ ᠡᠪᠡᠰᠦ ᠢᠳᠡᠳᠡᠭ᠂ ᠬᠡᠳᠦᠢᠪᠡᠷ ᠠᠯᠢᠶ᠎ᠠ ᠪᠤᠯᠪᠠᠴᠤ ᠬᠠᠰᠢᠶ᠎ᠠ ᠬᠦᠷᠢᠶ᠎ᠡ ᠶᠡᠬᠡ ᠪᠤᠯᠪᠠᠯ ᠮᠦᠨ ᠪᠤᠯᠴᠢᠬᠠᠳᠠᠭ》 ᠭᠡᠵᠤ ᠳᠡᠯᠭᠡᠷᠡᠨᠭᠬᠦᠢ ᠢᠰᠢᠭᠡ ᠪᠠᠨ ᠦᠬᠦᠭᠡᠷᠳᠦᠨᠡ᠃ ᠢᠮᠠᠭᠠᠨᠤ ᠠᠷᠠᠰᠤ᠂ ᠨᠤᠤᠯᠤᠭᠤᠷ᠂ ᠮᠢᠬ᠎ᠠ᠂ ᠢᠰᠢᠭᠡ ᠵᠡᠷᠭᠡ ᠡᠴᠡ ᠴᠦᠮ ᠤᠷᠤᠯᠭ᠎ᠠ ᠤᠯᠳᠠᠭ ᠡᠴᠡ ᠢᠮᠠᠭ᠎ᠠ ᠲᠡᠵᠢᠭᠡᠵᠤ ᠲᠠᠪᠬᠤᠷ ᠤᠷᠤᠯᠭ᠎ᠠ ᠡᠬᠦᠳᠦᠭᠰᠡᠨ ᠳᠡᠯᠭᠡᠷᠡᠨᠭᠬᠦᠢ ᠲᠡᠵᠢᠭᠡᠬᠦ ᠲᠤᠳᠤᠮ ᠤᠷᠮᠠᠰᠢᠯᠠ᠃ ᠲᠡᠬᠦᠨᠤ ᠢᠮᠠᠭ᠎ᠠ ᠡᠴᠡ ᠤᠯᠬᠤ ᠵᠢᠯᠤᠨ ᠤᠷᠤᠯᠭ᠎ᠠ ᠨᠢ 40 ᠲᠦᠮᠡᠡ ᠲᠦᠬᠦᠷᠢᠭᠢ ᠳᠠᠪᠠᠵᠤ᠂ ᠲᠡᠭᠰᠢᠳᠭᠡᠭᠡᠳ ᠨᠢᠭᠡ ᠢᠮᠠᠭ᠎ᠠ ᠡᠴᠡ ᠪᠠᠷᠤᠭ 1200 ᠲᠦᠬᠦᠷᠢᠭᠤᠨ ᠤᠷᠤᠯᠭ᠎ᠠ ᠲᠠᠢ᠃ ᠡᠨᠡ ᠨᠢ ᠵᠢᠷᠭᠤᠭᠠᠨ ᠠᠮᠠ ᠲᠠᠢ ᠭᠡᠷ ᠪᠦᠯᠢ ᠵᠢᠨ ᠵᠢᠨᠨ ᠬᠡᠷᠡᠭᠯᠡᠭᠡ ᠵᠠᠷᠤᠯᠭᠠᠳᠤ ᠡᠯᠪᠡᠭ ᠬᠦᠷᠳᠡᠭ ᠵᠢᠨᠷ ᠪᠠᠷᠠᠬᠤ ᠦᠭᠡᠢ ᠵᠤᠬᠢᠬᠤ ᠬᠠᠳᠠᠭᠠᠯᠠᠮᠵᠢ ᠲᠠᠢ ᠪᠤᠯᠪᠠ᠃ 《ᠪᠠᠭ᠎ᠠ ᠪᠡᠯᠡ ᠪᠡᠷ ᠶᠡᠬᠡ ᠤᠷᠤᠯᠭ᠎ᠠ ᠤᠯᠬᠤ》 ᠪᠤᠯ ᠲᠡᠬᠦᠨᠤ ᠮᠠᠯᠵᠢᠯᠤᠨ ᠵᠠᠷᠴᠢᠮ᠂ ᠤᠳᠤᠬᠠᠨ ᠳ᠋ᠤ ᠳᠡᠯᠭᠡᠷᠡᠨᠭᠬᠦᠢ ᠠᠷᠪᠠᠭᠠᠳ ᠬᠤᠷᠠᠭ᠎ᠠ ᠬᠤᠳᠠᠯᠳᠤᠨ ᠠᠪᠴᠢᠷᠠᠵᠤ᠂ ᠪᠠᠰᠠ ᠬᠤᠷᠠᠭ᠎ᠠ ᠬᠦᠬᠦᠬᠦᠯᠬᠦᠳᠤ ᠵᠤᠷᠢᠭᠤᠯᠤᠨ ᠰᠦᠨᠤ ᠢᠮᠠᠭ᠎ᠠ ᠠᠷᠪᠠ ᠭᠠᠷᠤᠢ ᠵᠢ ᠲᠤᠷᠰᠢᠨ ᠲᠡᠵᠢᠭᠡᠵᠤ ᠪᠠᠢᠳᠠᠭ᠃ ᠲᠡᠷᠡ 60 ᠭᠠᠷᠤᠢ ᠮᠸ᠋ ᠲᠠᠷᠢᠶᠠᠨ ᠭᠠᠵᠠᠷᠲᠠᠭᠠᠨ ᠪᠦᠷ ᠡᠷᠳᠡᠨᠢ ᠰᠢᠰᠢ ᠲᠠᠷᠢᠵᠤ ᠮᠠᠯᠤᠨ ᠵᠢᠡᠨ ᠪᠤᠷᠳᠤᠭ᠎ᠠ ᠵᠢ ᠬᠠᠨᠭᠭᠠᠳᠠᠭ ᠠᠵᠢ᠃
2023 ᠤᠨᠳᠤ ᠳᠡᠯᠭᠡᠷᠡᠨᠭᠬᠦᠢ ᠵᠢᠨ ᠢᠮᠠᠭ᠎ᠠ 700 ᠳᠤᠯᠤᠭᠠᠢ ᠵᠢ ᠳᠠᠪᠠᠵᠤ᠂ ᠲᠡᠷᠡ ᠪᠡᠷ ᠡᠯᠦᠨᠴᠡ ᠡᠪᠦᠭᠡ ᠵᠢᠨ ᠦᠶ᠎ᠡ ᠪᠠᠨ ᠬᠦᠢᠴᠡᠯᠡ ᠭᠡᠵᠤ ᠰᠡᠮ ᠪᠠᠶᠠᠷᠯᠠᠵᠤ ᠠᠪᠤᠬᠰᠠᠨᠤ ᠳᠠᠷᠠᠭᠠᠬᠠᠨ᠂ ᠢᠮᠠᠭᠠᠨ ᠰᠦᠷᠦᠭᠲᠤᠨᠢ ᠠᠭᠤᠰᠬᠢᠨ ᠦᠷᠪᠢᠰᠦᠯ ᠤᠷᠤᠵᠤ ᠶᠡᠬᠡ ᠬᠡᠮᠵᠢᠶᠡᠨᠤ ᠬᠤᠬᠢᠷᠠᠯ ᠪᠤᠯᠪᠠ᠃ ᠤᠯᠠᠨ ᠭᠠᠵᠠᠷ ᠡᠴᠡ ᠡᠮ ᠵᠤᠷ ᠵᠠᠯᠠᠬᠰᠠᠭᠠᠷ ᠪᠠᠢᠵᠤ᠂ ᠠᠵᠠ ᠪᠡᠷ ᠪᠠᠶᠠᠠᠨᠠᠭᠤᠷᠤᠨ ᠮᠠᠯᠤᠨ ᠡᠮᠴᠢ ᠡᠴᠡ ᠡᠮ ᠠᠪᠴᠦ ᠡᠮᠨᠡᠬᠦᠯᠦᠭᠡᠳ ᠰᠠᠶᠢ ᠨᠡᠩ ᠶᠡᠬᠡ ᠬᠤᠬᠢᠷᠠᠯ ᠳ᠋ᠤ ᠤᠴᠠᠷᠠᠬᠤ ᠡᠴᠡ ᠵᠠᠢᠯᠠᠰᠬᠢᠵᠡᠢ᠃ ᠳᠡᠯᠭᠡᠷᠡᠨᠭᠬᠦᠢ ᠢᠮᠠᠭᠠᠳ ᠵᠢᠨᠨ ᠲᠦᠷᠦᠯ ᠬᠤᠪᠢᠶᠠᠵᠤ᠂ ᠢᠰᠢᠭᠡᠯᠡᠬᠦ ᠨᠠᠰᠤᠨᠤ ᠢᠮᠠᠭ᠎ᠠ᠂ ᠬᠠᠪᠤᠷᠤᠨ ᠲᠦᠯ ᠪᠠ ᠬᠦᠭᠰᠢᠨ ᠢᠮᠠᠭ᠎ᠠ᠂ ᠡᠬᠡ ᠮᠠᠯ᠂ ᠰᠦᠨᠤ ᠢᠮᠠᠭ᠎ᠠ ᠭᠡᠵᠤ ᠲᠤᠰ ᠲᠤᠰ ᠲᠤᠨᠢ ᠬᠠᠰᠢᠶᠠᠯᠠᠳᠠᠭ ᠪᠤᠯᠤᠬᠰᠠᠨ ᠡᠴᠡ ᠢᠮᠠᠭᠠᠨ ᠰᠦᠷᠦᠭ ᠵᠢᠨᠨ ᠰᠢᠰᠲ᠋ᠧᠮ ᠲᠠᠢ ᠠᠷᠠᠴᠢᠯᠠᠬᠤ ᠪᠤᠯᠪᠠ᠃
ᠢᠮᠠᠭᠠᠳᠤᠨ ᠮᠠᠢᠯᠠᠬᠤ ᠳᠠᠭᠤᠨ ᠨᠢ ᠳᠡᠯᠭᠡᠷᠡᠨᠭᠬᠦᠢ ᠪᠤᠯᠤᠨ ᠪᠤᠤ ᠮᠸᠢ ᠷᠦᠨᠭᠤᠨ ᠦᠯᠢᠭᠡᠷᠢ ᠬᠦᠤᠷᠨᠢᠬᠦ ᠰᠢᠤᠬᠠᠨ᠃ ᠡᠨᠡ ᠵᠢᠯ ᠡᠳᠡᠨᠡᠢᠬᠢᠨ ᠬᠠᠪᠤᠷᠤᠨ ᠲᠦᠯ 300 ᠭᠠᠷᠤᠢ ᠲᠤᠰᠴᠤ᠂ ᠬᠡᠳᠦᠨ ᠰᠠᠷ᠎ᠠ ᠵᠢᠨ ᠳᠠᠷᠠᠭ᠎ᠠ ᠡᠪᠦᠯᠤᠨ ᠲᠦᠯ ᠵᠢᠨᠨ ᠲᠤᠰᠬᠤ ᠪᠡᠷ ᠬᠦᠰᠡᠨ ᠬᠦᠯᠢᠶᠡᠨ᠎ᠡ᠃ 《ᠪᠢᠳᠡ ᠴᠢᠨᠢ ᠲᠦᠯ ᠲᠤᠰᠬᠤ ᠪᠦᠷᠢ ᠪᠠᠶᠠᠷ ᠨᠡᠮᠡᠭᠳᠡᠳᠡᠭ᠂ ᠬᠡᠳᠦᠢᠪᠡᠷ ᠡᠳᠦᠷ ᠰᠦᠨᠢ ᠦᠭᠡᠢ ᠶᠠᠭᠠᠷᠠᠳᠠᠭ ᠴᠸ᠋ ᠮᠠᠰᠢ ᠵᠢᠷᠭᠠᠯᠲᠠᠢ᠂ ᠮᠠᠯᠴᠢᠨ ᠬᠦᠮᠦᠨᠳᠤ ᠮᠠᠯ ᠵᠢᠨᠨ ᠬᠠᠷᠠᠬᠤ ᠡᠴᠡ ᠦᠭᠡᠷ᠎ᠡ ᠵᠢᠷᠭᠠᠯ ᠶᠠᠭᠤ ᠪᠠᠢᠨ᠎ᠠ?》 ᠭᠡᠵᠦ ᠬᠡᠯᠡᠬᠦ ᠳᠡᠯᠭᠡᠷᠡᠨᠭᠬᠦᠢ ᠪᠤᠯᠤᠨ ᠪᠤᠤ ᠮᠸᠢ ᠷᠦᠨᠭᠢ ᠦᠵᠡᠭᠡᠳ ᠪᠢᠳᠠ ᠪᠤᠷᠤᠬᠵᠢᠭᠤᠨ᠂ ᠠᠵᠢᠯᠴᠢ᠂ ᠴᠠᠭᠠᠪᠤᠷ ᠠᠮᠠᠷᠠᠭ ᠬᠤᠤᠰ ᠶᠤᠮ ᠳᠠ ᠭᠡᠵᠤ ᠪᠢᠴᠢᠭᠰᠡᠨ ᠲᠡᠮᠲᠡᠭᠯᠡᠯ ᠳᠡᠭᠡᠷ᠎ᠡ ᠪᠠᠨ ᠳᠤᠳᠤᠷᠯᠢᠭ᠂ ᠰᠡᠳᠬᠢᠭᠴᠢ᠂ ᠨᠠᠷᠢᠯᠢᠭ᠂ ᠴᠡᠴᠡᠨ ᠭᠡᠰᠡᠨ ᠬᠡᠳᠦᠨ ᠦᠰᠦᠭᠢ ᠰᠡᠮᠡᠭᠡᠷ ᠨᠡᠮᠡᠵᠤ ᠪᠢᠴᠢᠯ᠎ᠡ᠃
ᠰᠤᠷᠪᠤᠯᠵᠢᠯᠠᠭᠴᠢ ᠵᠢᠨ ᠡᠪᠦᠷ ᠲᠡᠮᠳᠡᠭᠯᠡᠯ᠄
ᠭᠤᠤᠯ ᠮᠦᠷᠡᠨ ᠳᠠᠢ ᠭᠠᠵᠠᠷ ᠠᠮᠢᠳᠤᠷᠠᠯ ᠪᠤᠴᠠᠯᠵᠦ᠂ ᠨᠠᠭᠤᠷ ᠪᠦᠷᠢᠳᠤ ᠳᠠᠢ ᠨᠤᠳᠤᠭ ᠲᠸ᠋ ᠵᠢᠷᠭᠠᠯ ᠴᠠᠯᠬᠢᠯᠠᠳᠠᠭ᠃ ᠱᠤᠩᠬᠤᠷᠤᠨ ᠠᠭᠤᠯᠠᠨᠦ ᠪᠡᠨ ᠪᠠᠷᠠᠭᠤᠨ ᠪᠡᠯ ᠳ᠋ᠤ ᠪᠢᠳᠤᠷᠶ᠎ᠠ ᠴᠡᠩᠬᠡᠷ ᠤᠰᠤᠨ ᠨᠢ ᠬᠦᠪᠡᠭᠡ ᠪᠡᠨ ᠳᠠᠭᠠᠨ ᠨᠠᠯᠠᠷᠠᠭᠠᠳ ᠪᠠᠶᠠᠨᠴᠠᠭᠠᠨ ᠨᠠᠭᠤᠷ ᠮᠡᠯᠮᠡᠯᠵᠡᠨᠠ᠂ ᠪᠤᠴᠠᠬᠤ ᠪᠡᠨ ᠮᠠᠷᠳᠠᠬᠰᠠᠨ ᠭᠠᠯᠠᠭᠤᠳ ᠬᠠᠯᠢᠨ ᠳᠡᠪᠳᠡᠷᠢᠨ ᠡᠷᠬᠢᠯᠳᠤᠭᠡᠳ ᠡᠰᠡᠨᠢᠯ ᠠᠮᠢᠵᠢᠷᠠᠯ ᠵᠢᠠᠷ ᠪᠢᠯᠬᠠᠨ᠎ᠠ᠃ ᠨᠠᠮᠤᠷ ᠰᠡᠬᠦᠯᠴᠢ ᠪᠡᠷ ᠨᠠᠭᠤᠷ ᠲᠸ᠋ ᠬᠤᠷᠭᠤᠳᠠᠨ ᠠᠶᠠᠯᠠᠬᠤ ᠬᠡᠭᠴᠢ ᠶᠠᠭᠤᠳᠠᠢ ᠵᠢᠷᠭᠠᠯ ᠪᠢᠯᠡ⁈
ᠳᠡᠯᠭᠡᠷ ᠵᠤᠨ ᠵᠢᠠᠷ ᠵᠢᠭᠠᠰᠤ ᠵᠢᠷᠠᠭᠠᠬᠠᠢ ᠤᠮᠪᠠᠯᠴᠠᠨ᠂ ᠴᠠᠰᠤᠳᠤ ᠡᠪᠤᠯ ᠵᠢᠠᠷ ᠴᠠᠩ ᠠᠭᠤᠷ ᠰᠠᠪᠰᠠᠵᠦ᠂ ᠤᠷᠢᠬᠠᠨ ᠬᠠᠪᠤᠷ ᠵᠢᠠᠷ ᠤᠷᠢᠨᠦ ᠰᠢᠪᠠᠭᠤᠳ ᠴᠤᠭᠯᠠᠷᠠᠵᠦ᠂ ᠰᠢᠷᠭᠠᠯ ᠨᠠᠮᠤᠷ ᠵᠢᠠᠷ ᠵᠡᠭᠡᠰᠤ ᠬᠤᠯᠤᠰᠤ ᠬᠠᠯᠢᠭᠤᠷᠠᠨ᠎ᠠ ᠁ ᠳᠦᠷᠪᠡᠨ ᠴᠠᠭᠤᠨ ᠪᠠᠶᠠᠨᠴᠠᠭᠠᠨ ᠨᠠᠭᠤᠷᠭᠡᠵᠤ ᠡᠢᠮᠦ ᠯᠡ ᠭᠤᠶᠤᠬᠠᠨ ᠳ᠋ᠠ᠃ ᠬᠤᠷᠮᠤᠢ ᠰᠤᠭᠤ ᠳ᠋ᠠᠭᠠᠨ ᠬᠤᠤᠰ ᠨᠠᠭᠤᠷ ᠵᠢᠨᠨ ᠮᠠᠯᠮᠡᠯᠵᠡᠬᠦᠯᠦᠭᠰᠡᠨ ᠱᠤᠩᠬᠤᠷᠤᠨ ᠠᠭᠤᠯᠠᠨᠦ ᠨᠤᠭᠤ ᠭᠠᠵᠠᠷ ᠨᠢ ᠤᠳᠤ ᠦᠪᠡᠷᠳᠡᠭᠡᠨ ᠵᠠᠰᠠᠬᠤ ᠤᠷᠤᠨᠦ ᠳᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠯᠤᠭᠰᠠᠨ ᠳᠡᠳᠤᠢ ᠦᠭᠡᠢ᠂ ᠤᠯᠤᠰᠤᠨ ᠲᠦᠷᠤᠬᠦᠦ ᠪᠦᠯᠦᠭᠤᠨ ᠡᠬᠡ ᠬᠠᠭᠤᠷᠠᠢ ᠵᠢᠨ ᠠᠮᠢᠲᠠᠨᠤ ᠴᠢᠬᠤᠯᠠ ᠤᠷᠤᠰᠢᠨ ᠠᠮᠢᠳᠤᠷᠠᠬᠤ ᠭᠠᠵᠠᠷᠤᠨ ᠨᠡᠷᠡᠰᠤᠨ ᠵᠢᠭᠰᠠᠭᠠᠯᠳᠠ ᠳ᠋ᠤ ᠳᠤᠳᠤᠷᠠᠭᠰᠠᠨ ᠪᠠᠢᠨ᠎ᠠ᠃
ᠨᠤᠲᠤᠭ ᠤᠰᠤ ᠪᠠᠨ ᠭᠡᠰᠡᠨ ᠬᠠᠢᠷ᠎ᠠ ᠪᠠᠷᠢᠮᠳᠠᠯᠠᠯ᠂ ᠨᠠᠭᠤᠷ ᠪᠦᠷᠢᠳᠦᠳᠡᠭᠡᠨ ᠬᠤᠷᠭᠤᠳᠠᠬᠰᠠᠨ ᠠᠮᠢᠳᠤᠷᠠᠯ ᠵᠢᠳᠬᠦᠯ᠂ ᠲᠡᠷᠡ ᠪᠦᠬᠦᠨᠢ ᠪᠠᠶᠠᠨᠴᠠᠭᠠᠨ ᠨᠠᠭᠤᠷ ᠨᠢ ᠠᠷ ᠲᠠᠳᠠᠨ ᠦᠬᠦᠯᠡᠬᠦ ᠮᠡᠲᠦ! ᠰᠤᠷᠪᠤᠯᠵᠢᠯᠠᠭ᠎ᠠ ᠮᠠᠨᠢ ᠳᠠᠭᠤᠰᠴᠦ ᠪᠤᠴᠠᠬᠤ ᠵᠠᠮ ᠵᠢᠨᠨ ᠡᠯᠬᠦᠬᠦᠳᠤ᠂ ᠦᠳᠡ ᠵᠢᠨ ᠨᠠᠷᠠᠨ ᠪᠠᠷᠠᠭᠤᠨ᠎ᠠ ᠬᠡᠯᠪᠡᠢᠵᠤ᠂ ᠠᠶᠠᠨᠤ ᠰᠢᠪᠠᠭᠤᠳ ᠦᠷᠲᠡᠭᠡᠯᠡᠨ ᠪᠠᠭᠤᠵᠤ᠂ ᠰᠦᠷᠦᠭ ᠰᠦᠷᠦᠭ ᠵᠢᠨᠷ ᠲᠡᠭᠷᠢ ᠴᠢᠮᠡᠨ ᠵᠡᠯᠡᠯᠡᠨ ᠨᠢᠰᠴᠦ᠂ ᠡᠬᠡ ᠪᠠᠢᠭᠠᠯᠢ ᠵᠢᠨ ᠡᠳᠡᠭᠡᠳ ᠭᠤᠶᠤᠬᠠᠨ ᠨᠠᠢᠷᠠᠯ ᠬᠦᠭᠵᠢᠮᠢ ᠴᠢᠪᠬᠠᠳᠠᠨ᠎ᠠ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃