ᠲᠡᠷᠢᠭᠦᠨ ᠨᠢᠭᠤᠷ>ᠰᠣᠳᠤᠨ ᠮᠡᠳᠡᠭᠡᠯᠡᠯ

2026-11-25 10:51:25

ᠵᠣᠬᠢᠶᠠᠭ᠍ᠴᠢ᠄ ᠪᠤᠶᠠᠨᠳᠤ ᠴᠢᠬᠢᠷᠠᠭ ᠬᠠᠢ ᠴᠢᠤᠸᠠᠨ ᠯᠢ ᠰᠠᠷᠠᠭᠤᠯ ᠦᠨᠢᠷ ᠴᠤᠯᠮᠤᠨ ᠬᠦᠭᠵᠢᠯᠳᠤ ᠪᠦᠷᠢᠨᠪᠠᠶ ᠣᠩᠱᠢᠭ᠍ᠰᠠᠨ ᠣᠳᠠᠭ᠎ᠠ᠄ 3

2026  ᠤᠨ᠎ᠦ 10 ᠰᠠᠷ᠎ᠠ ᠵᠢᠨ 16 ᠤ᠋ ᠡᠳᠦᠷ᠃ 

ᠶᠡᠷᠦᠩᠬᠡᠢ ᠱᠦᠵᠢ ᠰᠢ ᠵᠢᠨ ᠫᠢᠩ ᠤᠯᠠᠭᠠᠨᠴᠠᠪ ᠲᠦ᠍ ᠰᠢᠨᠵᠢᠯᠡᠨ ᠪᠠᠢᠴᠠᠭᠠᠬᠤ ᠳ᠋ᠠᠭᠠᠨ᠂ ᠬᠢᠬᠢᠷᠢ ᠵᠢᠨ ᠨᠠᠭᠤᠷ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠳ᠋ᠤ ᠪᠠᠢᠴᠠᠭᠠᠨ ᠦᠵᠡᠭᠰᠡᠨ ᠪᠦᠭᠡᠳ 《ᠪᠠᠢᠭᠠᠯᠢ ᠵᠢ ᠬᠦᠨᠳᠦᠳᠬᠡᠬᠦ᠂ ᠪᠠᠢᠭᠠᠯᠢ ᠲᠠᠢ ᠵᠣᠬᠢᠴᠠᠬᠤ᠂ ᠪᠠᠢᠭᠠᠯᠢ ᠵᠢ ᠬᠠᠮᠠᠭᠠᠯᠠᠬᠤ ᠵᠢ ᠪᠠᠷᠢᠮᠲᠠᠯᠠᠵᠤ᠂ ᠨᠤᠭᠤ ᠭᠠᠵᠠᠷ ᠤ᠋ᠨ ᠬᠠᠮᠠᠭᠠᠯᠠᠯᠳᠠ ᠵᠢᠨ ᠬᠠᠤᠯᠢ ᠵᠢ ᠪᠦᠬᠦ ᠲᠠᠯ᠎ᠠ ᠪᠠᠷ ᠬᠡᠷᠡᠭᠵᠢᠭᠦᠯᠵᠦ᠂ ᠠᠮᠢ ᠠᠬᠤᠢ ᠵᠢᠨ ᠬᠠᠮᠠᠭᠠᠯᠠᠯᠲᠠ ᠵᠢᠨ ᠤᠯᠠᠭᠠᠨ ᠱᠤᠭᠤᠮ ᠢ᠋ ᠴᠢᠩᠭ᠎ᠠ ᠰᠠᠬᠢᠵᠤ᠂ ᠠᠮᠢ ᠠᠬᠤᠢ ᠵᠢᠨ ᠰᠢᠰᠲᠧᠮ ᠤ᠋ᠨ ᠶᠠᠰᠤ ᠴᠢᠨᠠᠷ ᠪᠠ ᠲᠣᠭᠲᠠᠪᠤᠷᠢᠲᠤ ᠴᠢᠨᠠᠷ ᠢ᠋ ᠬᠦᠴᠦᠯᠡᠨ ᠳᠡᠭᠡᠭᠰᠢᠯᠡᠭᠦᠯᠵᠦ᠂ ᠠᠮᠢᠳᠤ ᠪᠣᠳᠠᠰ ᠤ᠋ᠨ ᠤᠯᠠᠨ ᠶᠠᠩᠵᠤᠲᠤ ᠴᠢᠨᠠᠷ ᠢ᠋ ᠬᠠᠮᠠᠭᠠᠯᠠᠬᠤ ᠬᠡᠷᠡᠭᠲᠡᠢ》 ᠭᠡᠵᠦ ᠴᠢᠬᠤᠯᠠᠴᠢᠯᠠᠪᠠ᠃

ᠬᠡ ᠲᠠᠲᠠᠨ ᠮᠢᠷᠠᠯᠵᠠᠬᠤ ᠬᠢᠬᠢᠷᠢ ᠵᠢᠨ ᠨᠠᠭᠤᠷ ᠲᠸ᠋ ᠵᠢᠭᠠᠰᠤ ᠢᠷᠠᠭᠠᠯᠠᠨ᠎ᠠ᠃ ᠨᠠᠭᠤᠷ ᠤ᠋ᠨ ᠮᠠᠨᠳᠠᠯ ᠳᠡᠭᠡᠬᠦᠷ ᠤᠰᠤᠨ ᠤ᠋ ᠰᠢᠪᠠᠭᠤᠳ ᠬᠠᠯᠢᠨ ᠳᠠᠬᠦᠯᠢᠵᠦ᠂ ᠨᠠᠭᠤᠷ ᠤ᠋ᠨ ᠬᠦᠪᠡᠭᠡᠨ ᠳ᠋ᠤᠨᠢ ᠵᠡᠭᠡᠰᠦ ᠬᠤᠯᠤᠰᠤ ᠨᠠᠢᠭᠤᠨ ᠭᠠᠡᠭᠬᠤᠨ᠎ᠠ᠃

ᠬᠠᠷᠠᠵᠤ ᠪᠠᠢᠳᠠᠯ᠎ᠠ ᠬᠡᠳᠤᠨ ᠵᠢᠭᠠᠰᠤ ᠤᠰᠤᠨ ᠡᠴᠡ ᠴᠤᠯᠬᠢᠨ ᠦᠰᠦᠷᠦᠭᠰᠡᠨ ᠵᠢᠡᠨ ᠨᠠᠭᠤᠷ ᠤ᠋ᠨ ᠬᠦᠨ ᠳ᠋ᠤ ᠱᠤᠮᠪᠠᠨ ᠤᠷᠤᠯ᠎ᠠ᠃ ᠡᠨᠡ ᠪᠤᠯ ᠡᠩ ᠤ᠋ᠨ ᠵᠢᠭᠠᠰᠤ ᠪᠢᠰᠢ᠂ 27 ᠵᠢᠯ ᠤ᠋ᠨ ᠳᠠᠷᠠᠭ᠎ᠠ ᠬᠢᠬᠢᠷᠢ ᠵᠢᠨ ᠨᠠᠭᠤᠷ ᠲᠸ᠋ ᠳᠠᠬᠢᠨ ᠢᠯᠡᠷᠡᠭᠰᠡᠨ 《ᠭᠤᠸᠠᠨ ᠼᠦᠨ ᠤ᠋ ᠬᠡᠯᠲᠡᠭᠡ ᠵᠢᠭᠠᠰᠤ》 ᠪᠤᠯᠬᠤ ᠵᠢ ᠬᠤᠩᠭᠤᠷ ᠰᠠᠯᠬᠢᠨ ᠳ᠋ᠤ ᠨᠠᠢᠭᠤᠬᠤ ᠬᠤᠯᠤᠰᠤ ᠵᠡᠭᠡᠰᠦ ᠬᠤᠯᠠ ᠵᠢᠨ ᠬᠤᠯᠠ ᠨᠡᠭᠦᠳᠡᠯᠯᠡᠬᠦ ᠠᠶᠠᠨ ᠤ᠋ ᠰᠢᠪᠠᠭᠤᠳ ᠲᠸ᠋ ᠰᠢᠪᠠᠨᠠᠨ᠎ᠠ᠃

ᠴᠠᠬᠠᠷ ᠪᠠᠷᠠᠭᠤᠨ ᠭᠠᠷᠤᠨ ᠡᠮᠤᠨᠡᠳᠤ ᠬᠤᠰᠢᠭᠤᠨ ᠳ᠋ᠤ ᠪᠠᠢᠳᠠᠭ ᠬᠢᠬᠢᠷᠢ ᠵᠢᠨ ᠨᠠᠭᠤᠷ ᠲᠡᠤᠬᠡᠨ ᠳ᠋ᠤ 130 ᠲᠡᠭᠰᠢ ᠳᠥᠷᠪᠡᠯᠵᠢᠨ ᠺᠢᠯᠣᠮᠧᠲ᠋ᠷ ᠤᠰᠤᠨ ᠤ᠋ ᠴᠠᠷᠠᠭ᠎ᠠ ᠲᠠᠢ ᠪᠠᠢᠭᠰᠠᠨ ᠢ᠋ᠢᠡᠨ ᠨᠢᠭᠡᠨ ᠦᠶ᠎ᠡ ᠬᠠᠲᠠᠵᠤ ᠰᠢᠷᠭᠢᠭᠡᠳ 5 ᠲᠡᠭᠰᠢ ᠳᠥᠷᠪᠡᠯᠵᠢᠨ ᠺᠢᠯᠣᠮᠧᠲ᠋ᠷ ᠴᠤ᠌ ᠬᠥᠷᠬᠥ᠌ ᠥᠬᠡᠶ ᠪᠣᠯᠵᠤ᠂ ᠰᠡᠭᠦᠯᠡᠷ ᠨᠢ ᠣᠯᠠᠨ ᠵᠢᠯ ᠤ᠋ᠨ ᠶᠡᠷᠦᠩᠬᠡᠢᠯᠡᠭᠰᠡᠨ ᠵᠠᠰᠠᠯᠲᠠ ᠪᠠᠷ ᠳᠠᠮᠵᠢᠭᠠᠳ ᠠᠮᠢ ᠠᠬᠤᠢ ᠰᠠᠢᠵᠢᠷᠠᠵᠦ᠂ ᠣᠯᠠᠨ ᠵᠢᠯ ᠣᠷᠣ ᠮᠥᠷ ᠲᠠᠰᠤᠷᠠᠭᠰᠠᠨ 《ᠭᠤᠸᠠᠨ ᠼᠦᠨ ᠤ᠋ ᠬᠡᠯᠲᠡᠭᠡ ᠵᠢᠭᠠᠰᠤ》 ᠳᠠᠬᠢᠨ ᠢᠯᠡᠷᠡᠭᠰᠡᠨ ᠨᠢ ᠡᠨᠡ ᠠᠵᠢ᠃

ᠬᠢᠬᠢᠷᠢ ᠢ᠋ᠢᠨ ᠨᠠᠭᠤᠷ ᠢ᠋ᠢᠡᠷ ᠵᠤᠭᠰᠤᠬᠤ ᠦᠭᠡᠢ᠂ ᠦᠷᠭᠡᠨ ᠠᠭᠤᠳᠠᠮ ᠬᠦᠯᠦᠨ ᠪᠤᠢᠷ ᠡᠴᠡ ᠦᠡᠭ ᠦᠷᠭᠡᠨ ᠠᠯᠠᠱᠠ ᠬᠦᠷᠲᠡᠯᠡᠬᠢ᠂ ᠨᠠᠭᠤᠷ ᠪᠦᠷᠢᠳᠤ ᠨᠤᠭᠤ ᠭᠠᠵᠠᠷ ᠪᠦᠬᠦᠨ ᠨᠢ ᠦᠪᠤᠷ ᠮᠤᠩᠭᠤᠯ ᠤ᠋ᠨ ᠵᠠᠰᠠᠯᠲᠠ ᠵᠢᠨ ᠦᠯᠢᠭᠡᠷ ᠢ᠋ ᠬᠦᠤᠷᠨᠢᠵᠤ᠂ ᠠᠮᠢ ᠠᠬᠤᠢ ᠵᠢᠨ ᠪᠣᠯᠪᠠᠰᠤᠨ ᠤ᠋ ᠪᠠᠢᠭᠤᠯᠤᠯᠲᠠ ᠵᠢᠨ ᠰᠦᠪᠡᠭᠴᠢᠯᠡᠯᠲᠡ ᠪᠣᠳᠣᠯᠬᠢᠯᠠᠯ ᠪᠠ ᠦᠢᠯᠡᠳᠦᠯᠭᠡ ᠲᠤᠷᠰᠢᠯᠭ᠎ᠠ ᠢ᠋ᠢ ᠭᠡᠷᠡᠴᠢᠯᠡᠵᠤ ᠪᠠᠢᠨᠠᠮ᠃

ᠨᠠᠭᠤᠷ ᠳᠠᠭᠠᠨ ᠳᠠᠷᠤᠭ᠎ᠠ ᠲᠠᠢ   ᠨᠤᠲᠤᠭ ᠲᠠᠭᠠᠨ ᠡᠵᠡᠨ ᠲᠠᠢ

ᠥᠪᠥᠷ ᠮᠣᠩᠭᠣᠯ 2018 ᠣᠨ ᠤ᠋ ᠰᠡᠭᠦᠯᠴᠢ ᠪᠡᠷ ᠨᠠᠭᠤᠷ ᠴᠥᠭᠥᠷᠥᠮ ᠤ᠋ᠨ ᠳᠠᠷᠤᠭ᠎ᠠ ᠵᠢᠨ ᠲᠦᠷᠢᠮ ᠢ᠋ ᠪᠥᠬᠥ᠌ ᠲᠠᠯ᠎ᠠ ᠪᠠᠷ ᠪᠠᠶ᠋ᠢᠭᠤᠯᠤᠨ᠂ᠦᠪᠡᠷᠳᠡᠬᠡᠨ ᠵᠠᠰᠠᠬᠤ ᠣᠷᠣᠨ᠂ ᠠᠶ᠋ᠢᠮᠠᠭ ᠬᠣᠲᠠ᠂ ᠬᠣᠰᠢᠭᠤ ᠰᠢᠶᠠᠨ᠂ ᠰᠤᠮᠤ ᠰᠢᠶᠠᠩ ᠪᠠᠯᠭᠠᠰᠤ᠂ ᠭᠠᠴᠠᠭ᠎ᠠ ᠲᠣᠰᠬᠣᠨ ᠲᠠᠪᠤᠨ ᠱᠠᠲᠤᠨ ᠤ᠋ ᠨᠠᠭᠤᠷ ᠴᠥᠭᠥᠷᠥᠮ ᠤ᠋ᠨ ᠳᠠᠷᠤᠭ᠎ᠠ ᠵᠢᠨ ᠬᠠᠷᠢᠭᠤᠴᠠᠯᠭ᠎ᠠ ᠵᠢᠨ ᠰᠢᠰᠲ᠋ᠧᠮ ᠢ᠋ ᠪᠠᠶ᠋ᠢᠭᠤᠯᠵᠤ᠂ ᠨᠠᠭᠤᠷ ᠴᠥᠭᠥᠷᠥᠮ ᠢ᠋ ᠨᠠᠷᠢᠨ ᠣᠨᠣᠴᠠᠲᠠᠶ ᠵᠠᠰᠠᠬᠤ ᠳ᠋ᠤ ᠲᠦᠷᠢᠮ ᠤ᠋ᠨ ᠪᠠᠲᠤᠯᠠᠭ᠎ᠠ ᠬᠠᠩᠭᠠᠵᠡᠢ᠃



ᠬᠡᠰᠢᠭᠲᠡᠨ ᠬᠤᠰᠢᠭᠤᠨ ᠤ᠋ ᠳᠠᠷᠬᠠᠠᠠᠠᠭᠤᠯᠠ ᠰᠤᠮᠤ ᠵᠢᠨ ᠲᠦᠷᠦᠭᠡᠨᠡᠭᠤᠷ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠰᠠᠴᠤᠷᠠᠯᠲᠤ ᠪᠤᠯ ᠳᠡᠳ᠋ ᠨᠠᠭᠤᠷ ᠤ᠋ᠨ ᠳᠠᠷᠤᠭ᠎ᠠ ᠪᠤᠯᠤᠨ᠎ᠠ᠃ ᠲᠡᠷᠡ ᠡᠳᠦᠷ ᠲᠤᠳᠤᠮ ᠳ᠋ᠠᠭᠠᠨ ᠳᠠᠯᠠᠢᠨᠠᠭᠤᠷ ᠤ᠋ᠨ ᠡᠷᠭᠢ ᠳᠠᠭᠠᠤ ᠢ᠋ᠢᠨ ᠪᠣᠬᠢᠷᠲᠤᠯ ᠢ᠋ ᠵᠢᠭᠰᠠᠭᠠᠨ ᠪᠠᠶ᠋ᠢᠴᠠᠭᠠᠵᠤ ᠴᠡᠭᠴᠡᠯᠡᠨ ᠵᠠᠰᠠᠬᠤ᠂ ᠲᠣᠭᠲᠠᠭᠠᠯ ᠡᠴᠡ ᠵᠥᠷᠢᠴᠡᠨ ᠵᠢᠭᠠᠰᠤ ᠠᠩᠨᠠᠵᠤ ᠱᠦᠭᠦᠬᠦ᠌᠂ ᠨᠤᠭᠤ ᠭᠠᠵᠠᠷ ᠢ᠋ ᠡᠪᠳᠡᠬᠦ᠌ ᠵᠡᠷᠭᠡ ᠠᠰᠠᠭᠤᠳᠠᠯ ᠢ᠋ ᠭᠣᠣᠯᠳᠠᠯᠭ᠎ᠠ ᠲᠠᠢ ᠪᠠᠶ᠋ᠢᠴᠠᠭᠠᠨ ᠴᠠᠭᠳᠠᠵᠤ᠂ ᠮᠠᠯ ᠪᠡᠯᠴᠢᠭᠡᠷ ᠤ᠋ᠨ ᠲᠡᠩᠴᠡᠭᠦᠷᠢ ᠢ᠋ᠢ ᠬᠠᠮᠢᠶᠠᠷᠤᠨ ᠡᠵᠡᠮᠳᠡᠬᠦ᠌᠂ ᠨᠠᠭᠤᠷ ᠲᠣᠭᠣᠷᠢᠭᠰᠠᠨ ᠠᠵᠤ ᠦᠢᠯᠡᠰ ᠢ᠋ ᠵᠢᠷᠤᠮᠵᠢᠭᠤᠯᠤᠨ ᠬᠥᠭᠵᠢᠭᠦᠯᠬᠦ᠌ ᠵᠡᠷᠭᠡ ᠠᠵᠢᠯ ᠢ᠋ ᠵᠣᠬᠢᠴᠠᠭᠤᠯᠵᠤ ᠶᠠᠪᠤᠨ᠎ᠠ᠃

— ᠪᠢ ᠭᠠᠷᠠᠭ ᠪᠤᠯᠭᠠᠨ ᠨᠠᠭᠤᠷ ᠤ᠋ᠨ ᠬᠥᠪᠡᠭᠡ ᠪᠡᠷ ᠲᠣᠭᠣᠷᠢᠨ ᠴᠠᠭᠳᠠᠳᠠᠭ᠃ ᠭᠠᠴᠠᠭᠠᠨ ᠤ᠋ ᠮᠠᠯᠴᠢᠳ ᠮᠠᠨᠢ᠎ᠴᠤ  ᠳᠠᠯᠠᠢᠨᠠᠭᠤᠷ ᠢ᠋ᠢᠡᠨ ᠨᠢᠳᠤᠨ ᠤ᠋ ᠪᠡᠨ ᠴᠡᠴᠡᠬᠡᠢ ᠮᠡᠲᠤ ᠬᠠᠢᠷᠠᠯᠠᠨ ᠬᠢᠮᠠᠭᠠᠳᠠᠳᠠᠭ᠃ ᠲᠡᠷᠡ ᠵᠢᠯ ᠮᠠᠨ ᠤ᠋ ᠭᠠᠴᠠᠭᠠᠨ ᠤ᠋ ᠨᠢᠭᠡ ᠠᠬ᠎ᠠ ᠡᠪᠡᠳᠴᠢᠯᠡᠭᠰᠡᠨ ᠴᠠᠭᠠᠨ ᠭᠠᠯᠠᠭᠤ ᠢ᠋ᠢ ᠡᠳᠡᠭᠡᠭᠡᠳ ᠨᠠᠭᠤᠷ ᠲᠤ᠌ ᠪᠤᠴᠠᠭᠠᠵᠤ ᠳᠠᠯᠪᠢᠭᠰᠠᠨ᠃ ᠡᠢᠮᠤ ᠤᠴᠢᠷ ᠵᠦᠡᠭᠳᠡᠭᠡᠨ ᠪᠤᠢ᠃ ᠪᠢᠳᠡ ᠪᠦᠭᠦᠳᠡᠭᠡᠷ ᠡᠨᠡ ᠨᠠᠭᠤᠷ ᠢ᠋ᠢᠡᠨ ᠬᠠᠮᠠᠭᠠᠯᠠᠵᠤ ᠪᠠᠢᠨ᠎ᠠ᠂ ᠭᠠᠭᠴᠠ ᠪᠢ ᠪᠢᠰᠢ ᠰᠢᠤ  ᠭᠡᠳ ᠰᠠᠴᠤᠷᠠᠯᠲᠤ ᠢᠨᠢᠶᠡᠮᠰᠦᠭᠯᠡᠪᠠ᠃

ᠲᠦᠩᠯᠢᠶᠤᠤ ᠬᠤᠳᠠ ᠪᠠᠶᠠᠨᠴᠠᠭᠠᠨ ᠨᠠᠭᠤᠷ ᠢ᠋ ᠬᠦᠷᠢᠶᠡᠯᠡᠨ᠂ ᠮᠠᠯ ᠮᠠᠯᠵᠢᠬᠤ ᠪᠠ ᠠᠲᠠᠷ ᠬᠠᠭᠠᠯᠪᠤᠷᠢᠯᠠᠬᠤ ᠵᠡᠷᠭᠡ ᠠᠵᠢᠯᠯᠠᠭ᠎ᠠ ᠵᠢ ᠭᠤᠤᠯᠳᠠᠯᠭ᠎ᠠ ᠲᠠᠶ ᠬᠠᠮᠢᠶᠠᠷᠤᠨ ᠡᠵᠡᠮᠳᠡᠵᠤ ᠂ ᠨᠠᠭᠤᠷ ᠤ᠋ᠨ ᠳᠠᠷᠤᠭ᠎ᠠ ᠲᠦᠷᠦᠭᠦᠯᠡᠨ ᠪᠡᠯᠴᠢᠭᠡᠷᠯᠡᠭᠦᠯᠬᠦ  ᠵᠢ  ᠴᠠᠭᠠᠵᠠᠯᠠᠵᠤ ᠰᠡᠯᠭᠦᠨ ᠮᠠᠯᠵᠢᠬᠤ ᠵᠢ  ᠨᠠᠶ᠋ᠢᠳᠠᠪᠤᠷᠢᠵᠢᠭᠤᠯᠵᠤ᠂ ᠲᠣᠭᠣᠷᠢᠨ ᠬᠠᠮᠠᠭᠠᠯᠠᠬᠤ ᠨᠠᠷᠢᠨ ᠲᠠᠩᠰᠠ ᠪᠠᠶ᠋ᠢᠭᠤᠯᠤᠨ᠂ ᠭᠠᠵᠠᠷ ᠳᠤᠤᠷᠠᠬᠢ ᠤᠰᠤᠨ ᠤ᠋ ᠬᠠᠮᠢᠶᠠᠷᠤᠯᠲᠠ ᠡᠵᠡᠮᠳᠡᠯ ᠢ᠋ ᠨᠢᠭᠡᠳᠦᠯᠲᠡᠶ ᠲᠥᠯᠥᠪᠵᠢᠭᠦᠯᠵᠦ᠍᠂ ᠨᠠᠭᠤᠷ ᠤ᠋ᠨ ᠤᠰᠤᠨ ᠲᠦᠪᠰᠢᠨ ᠳᠣᠷᠣᠭᠰᠢᠯᠠᠬᠤ ᠵᠢ ᠰᠡᠷᠭᠡᠶ᠋ᠢᠯᠡᠪᠠ; ᠪᠤᠭᠤᠲᠤ ᠬᠤᠲᠠ ᠢ᠋ᠢᠨ ᠬᠢᠨ ᠨᠠᠭᠤᠷ ᠤ᠋ᠨ ᠳᠠᠷᠤᠭ᠎ᠠ ᠵᠢᠨ ᠬᠣᠯᠪᠣᠭᠠᠯᠠᠨ ᠬᠥᠳᠡᠯᠦᠯᠴᠡᠬᠦ᠌ ᠦᠢᠯᠡᠳᠦᠯ ᠢ᠋ ᠪᠠᠳᠠᠷᠠᠭᠤᠯᠵᠤ᠂ ᠨᠠᠨ ᠬᠠᠢ ᠨᠠᠭᠤᠷ ᠲᠤ᠌ ᠴᠢᠳᠬᠤᠬᠤ ᠰᠠᠯᠪᠤᠷᠢ ᠤᠷᠤᠰᠬᠠᠯ ᠤ᠋ᠨ ᠪᠣᠬᠢᠷᠲᠤᠯ ᠢ᠋ ᠬᠠᠮᠢᠶᠠᠷᠤᠨ ᠡᠵᠡᠮᠳᠡᠵᠤ᠂ ᠬᠠᠲᠤᠨ ᠭᠤᠤᠯ ᠡᠴᠡ ᠤᠰᠤ ᠲᠠᠲᠠᠨ ᠠᠮᠢ ᠠᠬᠤᠶ ᠵᠢᠨ ᠤᠰᠤ ᠨᠥᠬᠥᠪᠥᠷᠢᠯᠡᠬᠦ ᠵᠢ ᠰᠢᠨᠵᠢᠯᠡᠬᠦ᠌ ᠤᠬᠠᠭᠠᠨᠴᠢ ᠪᠠᠷ ᠲᠣᠬᠢᠷᠠᠭᠤᠯᠵᠤ᠂ ᠡᠬᠡ ᠭᠤᠤᠯ ᠡᠴᠡ ᠢᠷᠡᠯᠲᠡ ᠲᠡᠶ ᠡᠨᠡ ᠬᠦ᠌ ᠤᠰᠤᠨ ᠤ᠋ ᠰᠤᠷᠪᠤᠯᠵᠢ ᠪᠡᠨ ᠬᠠᠮᠠᠭᠠᠯᠠᠵᠤ ᠪᠠᠢᠨ᠎ᠠ᠃

ᠨᠠᠭᠤᠷ ᠨᠠᠭᠤᠷ᠎ᠤᠨ ᠲᠤᠯᠬᠢᠶᠠᠯᠠᠬᠤ ᠨᠢ ᠤᠨᠲᠤᠦ    ᠨᠤᠳᠤᠭ ᠨᠤᠳᠤᠭ᠎ᠤᠨ ᠬᠠᠮᠠᠭᠠᠯᠠᠬᠤ ᠨᠢ ᠤᠨᠲᠤᠦ

ᠦᠪᠦᠷ ᠮᠤᠡᠭᠭᠤᠯ 2019 ᠣᠨ ᠳ᠋ᠤ 《ᠨᠢᠭᠡ ᠨᠠᠭᠤᠷ ᠲᠤ᠌ ᠨᠢᠭᠡ ᠠᠷᠭ᠎ᠠ ᠪᠤᠳᠤᠯᠭ᠎ᠠ ᠬᠡᠷᠡᠭᠵᠢᠭᠦᠯᠬᠦ》 ᠲᠥᠰᠦᠯ ᠢ᠋ ᠪᠦᠬᠦ ᠲᠠᠯ᠎ᠠ ᠪᠡᠷ ᠬᠡᠷᠡᠭᠵᠢᠭᠦᠯᠵᠤ᠂ ᠤᠰᠤᠨ ᠤ᠋ ᠬᠡᠮᠵᠢᠢ᠎ᠡ᠂ ᠤᠰᠤᠨ ᠤ᠋ ᠴᠢᠨᠠᠷ᠂ ᠪᠣᠬᠢᠷᠲᠤᠯ ᠤ᠋ᠨ ᠢᠷᠡᠯᠳᠡ᠂ ᠤᠰᠤᠨ ᠤ᠋ ᠡᠬᠢ ᠰᠤᠷᠪᠤᠯᠵᠢ ᠢ᠋ᠢᠨ ᠳᠠᠭᠠᠭᠠᠴᠠ ᠵᠡᠷᠭᠡ ᠢ᠋ᠢ ᠦᠨᠳᠦᠰᠦᠯᠡᠨ ᠨᠠᠭᠤᠷ ᠪᠦᠷᠢᠳᠤ ᠪᠤᠯᠭᠠᠨ ᠢ᠋ ᠬᠠᠷᠠᠯᠲᠠ ᠲᠠᠢ ᠪᠠᠷ ᠨᠠᠷᠢᠨ ᠤᠨᠤᠴᠠᠳᠠᠢ ᠬᠠᠮᠠᠭᠠᠯᠠᠵᠤ ᠵᠠᠰᠠᠵᠤ ᠡᠬᠢᠯᠠᠪᠠ᠃

ᠬᠦᠬᠡᠬᠤᠲᠠ ᠬᠠᠷᠠᠠᠤᠰᠤ ᠨᠠᠭᠤᠷ ᠢ᠋ᠢᠡᠨ ᠬᠠᠮᠠᠭᠠᠯᠠᠬᠤ ᠢ᠋ᠢᠨ ᠲᠦᠯᠦᠭᠡ ᠪᠣᠬᠢᠷᠲᠤᠯ ᠢ᠋ ᠡᠬᠢ ᠡᠭᠦᠰᠦᠯ ᠡᠴᠡ ᠨᠢ ᠡᠵᠡᠮᠳᠡᠵᠤ᠂ ᠳᠡᠭᠡᠳᠦ ᠤᠷᠤᠰᠬᠠᠯ ᠤ᠋ᠨ ᠭᠤᠤ ᠰᠤᠪᠠᠭ ᠲᠤ᠌ ᠡᠯᠡᠰᠦ ᠢ᠋ᠢ ᠬᠣᠷᠢᠭᠯᠠᠬᠤ ᠲᠥᠬᠥᠭᠡᠷᠦᠮᠵᠢ ᠪᠠᠶ᠋ᠢᠷᠢᠯᠠᠭᠤᠯᠤᠨ ᠡᠯᠡᠰᠦ ᠰᠢᠪᠠᠷ ᠢ᠋ ᠬᠠᠰᠢᠵᠤ᠂ ᠨᠠᠭᠤᠷ ᠤ᠋ᠨ ᠤᠰᠤᠨ ᠤ᠋ ᠥᠪᠡᠷ ᠢ᠋ ᠪᠡᠨ ᠴᠡᠪᠡᠷᠰᠢᠭᠦᠯᠬᠦ᠌ ᠴᠢᠳᠠᠪᠤᠷᠢ ᠢ᠋ᠢ ᠳᠡᠭᠡᠭᠰᠢᠯᠡᠭᠦᠯᠪᠠ᠃ ᠪᠠᠰᠠ ᠨᠠᠭᠤᠷ ᠤ᠋ᠨ ᠤᠰᠤ᠂ ᠨᠤᠭᠤ ᠭᠠᠵᠠᠷ ᠢ᠋ ᠣᠶᠤᠨᠴᠢ ᠪᠠᠷ ᠬᠢᠨᠠᠨ ᠰᠢᠨᠵᠢᠬᠦ᠌ ᠰᠢᠰᠲ᠋ᠧᠮ ᠢ᠋ ᠲᠡᠭᠦᠯᠳᠡᠷᠵᠢᠭᠦᠯᠵᠦ᠍᠂ ᠤᠰᠤᠨ ᠲᠦᠪᠰᠢᠨ ᠪᠠ ᠠᠮᠢ ᠠᠬᠤᠶ ᠢ᠋ᠢᠨ ᠤᠷᠤᠰᠬᠠᠯ ᠤ᠋ᠨ ᠬᠡᠮᠵᠢᠶ᠎ᠡ ᠢ᠋ᠢ ᠣᠨᠣᠪᠴᠢᠲᠠᠶ ᠬᠠᠮᠢᠶᠠᠷᠤᠨ ᠡᠵᠡᠮᠳᠡᠵᠠᠢ᠃

ᠨᠠᠨ ᠬᠠᠢ ᠨᠠᠭᠤᠷ ᠢ᠋ ᠪᠤᠭᠤᠲᠤ ᠬᠤᠲᠠ ᠢ᠋ᠢᠨ ᠬᠢᠨ 《ᠵᠠᠰᠠᠬᠤ + ᠬᠠᠮᠠᠭᠠᠯᠠᠬᠤ + ᠠᠰᠢᠭᠯᠠᠬᠤ》 ᠰᠡᠳᠬᠢᠮᠵᠢ ᠪᠡᠷ ᠤᠰᠤᠨ ᠴᠣᠭᠴᠠ ᠢ᠋ᠢ ᠵᠠᠰᠠᠬᠤ ᠪᠠ ᠠᠮᠢ ᠠᠬᠤᠢ ᠢ᠋ᠢ ᠰᠡᠷᠭᠦᠭᠡᠬᠦ ᠢᠨᠵᠧᠨᠧᠷᠢᠩ ᠢ᠋ ᠬᠡᠷᠡᠭᠵᠢᠭᠦᠯᠵᠦ᠂ ᠪᠣᠬᠢᠷᠲᠤᠯ ᠤ᠋ᠨ ᠡᠬᠢ ᠰᠤᠷᠪᠤᠯᠵᠢ ᠢ᠋ᠢ ᠳᠠᠰᠤᠯᠤᠨ᠂ ᠨᠤᠭᠤ ᠭᠠᠵᠠᠷ ᠢ᠋ ᠴᠡᠪᠡᠷᠰᠢᠭᠦᠯᠬᠦ᠂ ᠠᠮᠢ ᠠᠬᠤᠢ ᠢ᠋ᠢᠨ ᠤᠰᠤ ᠨᠥᠬᠥᠪᠦᠷᠢᠯᠡᠬᠦ ᠢ᠋ᠢ ᠴᠢᠬᠤᠯᠠᠴᠢᠯᠠᠵᠤ᠂ ᠡᠷᠭᠢ ᠱᠤᠭᠤᠮ ᠪᠠ ᠨᠤᠭᠤ ᠭᠠᠵᠠᠷ ᠤ᠋ᠨ ᠣᠷᠣᠨ ᠵᠠᠢ ᠢ᠋ᠢ ᠲᠣᠭᠣᠷᠢᠭ᠋ ᠬᠤᠪᠢᠶᠠᠨ ᠬᠠᠮᠢᠶᠠᠷᠤᠨ ᠡᠵᠡᠮᠳᠡᠵᠦ᠂ ᠤᠰᠤᠨ ᠤ᠋ ᠣᠷᠴᠢᠨ ᠲᠣᠭᠣᠷᠢᠨ ᠢ᠋ ᠰᠠᠢᠵᠢᠷᠠᠭᠤᠯᠤᠨ᠂ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠢ᠋ ᠬᠠᠮᠠᠭᠠᠯᠡᠪᠠ᠃

ᠨᠠᠭᠤᠷ ᠪᠦᠷᠢᠳᠤ ᠢ᠋ᠢᠨ ᠲᠤᠭᠳᠠᠭᠰᠠᠨ ᠤᠨᠴᠠᠯᠢᠭ ᠰᠢᠨᠵᠢ᠂ ᠨᠠᠭᠤᠷ ᠤ᠋ᠨ ᠤᠰᠤ ᠲᠠᠳᠠᠭᠤᠷᠠᠭᠰᠠᠨ ᠤᠴᠢᠷ ᠰᠢᠯᠳᠠᠭᠠᠨ ᠵᠢᠴᠢ ᠪᠤᠬᠢᠷᠳᠤᠯ ᠤ᠋ᠨ ᠡᠬᠢ ᠦᠨᠳᠦᠰᠦ ᠨᠢ ᠪᠦᠷ ᠤᠨᠳᠤᠤ ᠤᠨᠳᠤᠤ ᠪᠠᠢᠳᠠᠭ᠃ 《ᠨᠢᠭᠡ ᠨᠠᠭᠤᠷ ᠲᠤ᠌ ᠨᠢᠭᠡ ᠠᠷᠭ᠎ᠠ ᠪᠤᠳᠤᠯᠭ᠎ᠠ ᠬᠡᠷᠡᠭᠵᠢᠬᠦᠯᠬᠦ》 ᠪᠤᠯ ᠤᠰᠤᠨ ᠤ᠋ ᠠᠮᠢ ᠠᠬᠤᠢ ᠢ᠋ᠢᠨ ᠶᠡᠷᠦᠡᠭᠬᠡᠢᠯᠡᠭᠰᠡᠨ ᠵᠠᠰᠠᠯᠲᠠ ᠢ᠋ᠢᠨ ᠵᠠᠩᠭᠢᠯᠠᠭ᠎ᠠ ᠢ᠋ᠢᠨ ᠠᠷᠭ᠎ᠠ ᠬᠡᠮᠵᠢᠶ᠎ᠠ ᠪᠣᠯᠬᠤ ᠵᠢ ᠬᠠᠷᠠᠠᠤᠰᠤ ᠨᠠᠭᠤᠷ᠂ ᠨᠠᠨ ᠬᠠᠢ ᠨᠠᠭᠤᠷ ᠤ᠋ᠨ ᠴᠡᠩᠬᠡᠷ ᠳᠤᠯᠬᠢᠶ᠎ᠠ ᠬᠦᠮᠦᠨ ᠤᠯᠠᠨ ᠳ᠋ᠤ ᠬᠠᠷᠠᠭᠤᠯᠵᠤ ᠪᠠᠢᠨ᠎ᠠ᠃

ᠨᠠᠭᠤᠷ᠎ᠤᠨ ᠤᠰᠤᠨ ᠴᠡᠩᠭᠡᠷ   ᠨᠤᠳᠤᠭ᠎ᠤᠨ ᠮᠠᠩᠨᠠᠢ ᠳᠠᠨᠢᠭᠡᠷ

ᠰᠢᠯᠢ ᠢ᠋ᠢᠨ ᠭᠤᠤᠯ ᠠᠶ᠋ᠢᠮᠠᠭ ᠬᠦᠤᠯ ᠴᠠᠭᠠᠠᠨᠠᠭᠤᠷ ᠤ᠋ᠨ ᠵᠡᠭᠦᠨ ᠪᠠᠷᠠᠭᠤᠨ ᠨᠠᠭᠤᠷ ᠤ᠋ᠨ ᠣᠷᠣᠨ ᠤ᠋  ᠠᠮᠢ ᠠᠬᠤᠢ ᠢ᠋ᠢᠨ ᠪᠠᠶ᠋ᠢᠳᠠᠯ ᠳ᠋ᠤ ᠴᠢᠭᠯᠡᠭᠦᠯᠦᠨ ᠨᠤᠭᠤ ᠭᠠᠵᠠᠷ ᠪᠣᠯᠤᠨ ᠨᠠᠭᠤᠷ ᠤ᠋ᠨ ᠬᠥᠪᠡᠭᠡᠨ ᠤ᠋ ᠵᠠᠪᠰᠠᠷ ᠤ᠋ᠨ ᠪᠦᠰᠡ ᠢ᠋ᠢ ᠰᠡᠷᠭᠦᠭᠡᠬᠦ᠌ ᠲᠤᠷᠰᠢᠯᠲᠠ ᠢ᠋ᠢᠨ ᠴᠡᠭ ᠤ᠋ᠨ ᠠᠵᠢᠯ ᠢ᠋ ᠠᠬᠢᠭᠤᠯᠵᠤ᠂ ᠡᠬᠢ ᠡᠭᠦᠰᠦᠯ ᠡᠴᠡ ᠨᠢ ᠵᠠᠰᠠᠬᠤ᠂ ᠤᠷᠭᠤᠮᠠᠯ ᠤ᠋ᠨ ᠪᠦᠷᠬᠦᠴᠡ ᠢ᠋ᠢ ᠰᠡᠷᠭᠦᠭᠡᠬᠦ᠌᠂ ᠡᠷᠭᠢ ᠳᠠᠭᠠᠤ ᠣᠷᠣᠨ ᠤ᠋ ᠡᠯᠡᠰᠦ ᠢ᠋ᠢ ᠲᠣᠭᠲᠠᠪᠤᠷᠢᠵᠢᠭᠤᠯᠬᠤ ᠪᠠᠢ᠌ᠩᠭᠤᠵᠢᠭᠰᠠᠨ ᠬᠠᠮᠢᠶᠠᠷᠤᠯᠲᠠ ᠬᠠᠮᠠᠭᠠᠯᠠᠯᠲᠠ ᠢ᠋ᠢᠨ ᠬᠠᠮ ᠠᠷᠭ᠎ᠠ ᠬᠡᠮᠵᠢᠶ᠎ᠠ ᠢ᠋ᠢ ᠬᠡᠷᠡᠭᠵᠢᠭᠦᠯᠵᠦ᠍ ᠂ 13 ᠲᠦᠮᠡ ᠰᠢᠬᠠᠮ ᠮᠥ᠍ ᠬᠤᠵᠢᠷᠯᠢᠭ ᠭᠠᠵᠠᠷ ᠲᠦ᠍ ᠬᠡᠷᠡᠰᠤ ᠡᠪᠡᠰᠦ ᠵᠢ ᠬᠦᠮᠦᠨ ᠤ᠋ ᠬᠦᠴᠦ ᠪᠡᠷ ᠲᠠᠷᠢᠵᠦ ᠨᠤᠳᠤᠭᠰᠢᠭᠤᠯᠤᠭᠠᠳ ᠠᠮᠵᠢᠯᠳᠠ ᠤᠯᠵᠤ᠂ ᠦᠡᠭᠭᠡᠷᠡᠭᠰᠡᠨ ᠤ᠋ ᠬᠤᠵᠢᠷ ᠱᠠᠤ ᠲᠠᠭᠠᠭᠠᠪᠤᠷᠢᠯᠠᠭᠰᠠᠨ ᠡᠵᠡᠬᠦᠢ ᠲᠠᠯ᠎ᠠ ᠠᠭᠠᠵᠢᠮ ᠵᠢᠡᠷ ᠠᠮᠢᠯᠠᠯ ᠤ᠋ᠨ ᠨᠤᠭᠤᠭᠠᠨ ᠦᠡᠭᠭᠡ ᠪᠡᠷ ᠬᠤᠴᠢᠭᠳᠠᠵᠠᠢ᠃



ᠬᠡᠳᠦᠨ ᠠᠷᠪᠠᠨ ᠵᠢᠯ ᠤ᠋ᠨ ᠵᠠᠰᠠᠯᠲᠠ ᠪᠡᠷ ᠳᠡᠮᠵᠢᠭᠠᠳ ᠳ᠋ᠸᠩᠺᠸᠤ ᠰᠢᠶᠠᠨ ᠤ᠋ ᠨᠠᠷᠠᠨᠨᠠᠭᠤᠷ ᠬᠠᠳᠠᠮᠠᠯ ᠤᠷᠤ ᠪᠠᠢᠭᠰᠠᠨ ᠡᠴᠡ ᠳᠤᠨᠤᠮᠠᠯ ᠤᠰᠤᠨ ᠪᠤᠯᠵᠤ᠂ ᠳᠤᠨᠤᠮᠠᠯ ᠤᠰᠤᠨ ᠡᠴᠡ ᠪᠡᠨ ᠪᠦᠷ ᠴᠦ᠍ ᠳᠤᠮᠤ ᠨᠠᠭᠤᠷ ᠪᠤᠯᠵᠤ᠂ ᠮᠠᠡᠭᠬᠠᠨ ᠳᠤᠮᠳᠠ ᠰᠤᠪᠤᠳᠷᠠᠨ ᠰᠢᠭᠢᠳᠭᠡᠬᠡᠷᠢᠯᠡᠬᠡᠳ ᠤᠢᠷ᠎ᠠ ᠬᠠᠪᠢ ᠵᠢᠨ ᠡᠯᠡᠰᠦ ᠮᠠᠡᠭᠬ᠎ᠠ ᠵᠢ ᠬᠠᠰᠢᠵᠤ᠂ ᠬᠦᠮᠦᠨ ᠠᠷᠠᠳ  ᠵᠢᠨᠨ ᠢᠪᠡᠬᠡᠵᠤ᠂ ᠠᠮᠢᠳᠠᠨ ᠭᠤᠤᠯᠳᠠᠨ ᠢ᠋ ᠤᠮᠳᠠᠯᠠᠨ᠎ᠠ᠃ ᠤᠳᠤ ᠡᠨᠳᠡ ᠤᠤᠯ ᠤ᠋ᠨ ᠰᠢᠭ᠋ ᠳᠡᠭᠷᠢ ᠭᠠᠵᠠᠷ ᠨᠡᠢᠯᠡᠭᠰᠡᠨ ᠡᠯᠡᠰᠤᠨ ᠰᠢᠭᠤᠷᠭ᠎ᠠ ᠵᠢ ᠤᠯᠵᠤ ᠬᠠᠷᠠᠬᠤ ᠪᠡᠨ ᠪᠤᠯᠢᠵᠠᠢ᠃ ᠭᠠᠵᠠᠷ ᠳᠣᠣᠷᠠᠬᠢ ᠤᠰᠤ ᠢᠳᠡᠭ ᠢᠳᠡᠭ ᠵᠢᠡᠷ ᠳᠡᠭᠡᠭᠰᠢᠯᠡᠭᠰᠡᠨ ᠡᠴᠡ ᠠᠮᠢ ᠠᠬᠤᠢ ᠰᠠᠢᠵᠢᠷᠠᠵᠤ᠂ ᠤᠰᠤᠨ ᠤ᠋ ᠰᠢᠪᠠᠭᠤᠳ ᠰᠦᠷᠦᠭᠯᠡᠨ ᠢᠷᠡᠳᠡᠭ ᠪᠤᠯᠵᠤ᠂ ᠨᠠᠭᠤᠷ ᠤ᠋ᠨ ᠬᠥᠪᠡᠭᠡ ᠪᠡᠷ ᠬᠤᠯᠤᠰᠤ ᠵᠡᠭᠡᠰᠦ ᠵᠢᠭᠳᠡᠷᠡᠨ᠂ ᠪᠤᠳᠠ ᠰᠤᠨᠳᠤᠤᠯᠠ ᠪᠠ ᠵᠠᠬ ᠤ᠋ᠨ ᠤᠢ ᠳᠤᠮᠳᠠᠭᠤᠷ ᠦᠨᠡᠭᠡ ᠳᠠᠤᠯᠠᠢ  ᠭᠦᠶᠦᠯᠳᠦᠳᠡᠭ ᠪᠤᠯᠵᠠᠢ᠃

— ᠪᠢ ᠨᠦᠬᠦᠷ ᠲᠠᠢ ᠪᠠᠨ ᠬᠤᠶᠠᠭᠤᠯᠠ ᠲᠠᠭᠤᠳᠤ ᠨᠠᠭᠤᠷ ᠵᠢᠨᠨ ᠬᠠᠮᠠᠭᠠᠯᠠᠬᠤ ᠬᠡᠵᠤ ᠡᠷᠬᠢᠨ ᠲᠤᠭᠤᠷᠢᠨ ᠎ᠤ ᠡᠯᠡᠰᠤ ᠮᠠᠨᠭᠬ᠎ᠠ ᠵᠢ ᠦᠬᠡᠷᠡᠴᠢᠯᠡᠬᠦ ᠪᠠᠷ ᠵᠤᠷᠢᠭ ᠰᠢᠭᠤᠤᠨᠴᠤ᠂ ᠪᠤᠳᠠ ᠪᠤᠳᠠ ᠮᠤᠳᠤᠨ ᠦᠷ᠎ᠠ᠂ ᠪᠤᠷᠭᠠᠰᠤᠨ ᠴᠢᠬᠢ ᠵᠢ ᠨᠢᠬᠡᠤᠨ ᠨᠢᠬᠡ ᠪᠠᠷ ᠵᠠᠢᠯᠠᠵᠤ᠂ ᠬᠡᠳᠤᠨ ᠮᠢᠩᠭᠠᠨ ᠮᠦ᠍ ᠡᠯᠡᠰᠦᠷᠬᠡᠭᠵᠢᠭᠰᠡᠨ ᠭᠠᠵᠠᠷ᠎ᠢ ᠤᠢᠵᠢᠭᠤᠯᠤᠭᠰᠠᠨ ᠶᠤᠮ  ᠭᠡᠵᠤ ᠬᠠᠩᠬᠢᠨ ᠬᠤᠰᠢᠭᠤᠨ ᠤ᠋ ᠲᠤᠭᠤᠢᠳᠠᠯ᠎ᠠ ᠪᠠᠯᠭᠠᠰᠤᠨ ᠎ᠤ ᠲᠠᠭᠤᠳᠤ ᠨᠠᠭᠤᠷ ᠭᠠᠴᠠᠭᠠᠨ᠎ᠤ ᠲᠡᠯᠬᠡᠷᠴᠡᠴᠡᠭ ᠨᠠᠭᠤᠷ ᠤ᠋ᠨ ᠬᠦᠪᠡᠭᠡ ᠪᠡᠷ ᠬᠠᠶᠠᠭᠳᠠᠭᠰᠠᠨ ᠬᠤᠭ ᠨᠤᠪᠰᠢ᠎ᠵᠢ ᠴᠡᠪᠡᠷᠯᠡᠬᠦ ᠵᠢᠨ ᠲᠠᠭᠠᠤ ᠨᠠᠭᠤᠷ ᠤᠰᠤ ᠪᠠᠨ ᠬᠠᠮᠠᠭᠠᠯᠠᠵᠤ ᠪᠡᠯᠴᠢᠬᠡᠷ ᠨᠤᠳᠤᠭ ᠵᠢᠨᠨ ᠤᠢᠵᠢᠭᠤᠯᠤᠭᠰᠠᠨ ᠬᠠᠳᠠᠭᠤ ᠪᠡᠷᠬᠡᠰᠢᠶᠡᠯᠳᠤ ᠴᠠᠭ ᠮᠦᠴᠡ ᠪᠠᠨ ᠡᠷᠬᠢᠴᠡᠬᠦᠯᠦᠨ᠎ᠠ᠃ 

ᠬᠦᠤᠯ ᠴᠠᠭᠠᠠᠨᠠᠭᠤᠷ᠂ ᠨᠠᠷᠠᠨᠨᠠᠭᠤᠷ᠂ ᠲᠠᠭᠤᠳᠤ ᠨᠠᠭᠤᠷ ᠤ᠋ᠨ ᠠᠮᠢ ᠠᠬᠤᠶ ᠢ᠋ᠢᠨ ᠰᠠᠢᠵᠢᠷᠠᠯᠲᠠ ᠢ᠋ᠢᠨ ᠠᠷᠤ ᠳ᠋ᠤ ᠡᠯ᠎ᠡ ᠠᠵᠢᠯ ᠲᠥᠷᠥᠯ ᠤ᠋ᠨ ᠬᠢᠨ ᠤ᠋ ᠴᠢᠷᠮᠠᠢᠯᠭ᠎ᠠ ᠲᠤᠳᠤ ᠡᠴᠡ ᠲᠤᠳᠤ ᠬᠠᠷᠠᠭᠳᠠᠨ᠎ᠠ᠃ ᠲᠡᠳᠡ ᠪᠠᠢᠭᠠᠯᠢ ᠵᠢ ᠬᠦᠨᠳᠤᠳᠬᠡᠨ ᠪᠠᠢᠭᠠᠯᠢ ᠲᠠᠢ ᠵᠤᠬᠢᠴᠠᠵᠤ ᠠᠶᠠᠨᠳᠠᠭᠠᠨ ᠰᠡᠷᠭᠦᠬᠦ᠌ ᠪᠡᠷ ᠭᠣᠣᠯ ᠪᠣᠯᠭᠠᠨ᠂ ᠬᠥᠮᠦᠨ ᠤ᠋ ᠬᠦᠴᠦ ᠤᠷᠤᠭᠤᠯᠬᠤ᠎ᠵᠢ ᠪᠠᠭᠠᠰᠬᠠᠵᠤ᠂ ᠠᠮᠢ ᠠᠬᠤᠶ ᠢ᠋ᠢᠨ ᠵᠢᠮ᠎ᠠ ᠶᠤᠰᠤ ᠢ᠋ᠢ ᠵᠢᠷᠤᠮᠯᠠᠨ᠂ ᠠᠮᠤᠷᠵᠢᠭᠤᠯᠤᠨ ᠲᠡᠩᠬᠡᠷᠡᠭᠦᠯᠬᠦ᠌ ᠴᠠᠭ ᠵᠠᠢ ᠢ᠋ᠢ ᠪᠠᠢᠭᠠᠯᠢ ᠡᠬᠡ ᠳ᠋ᠤ ᠲᠤᠰᠢᠶᠠᠯ᠎ᠠ᠃ ᠢᠩᠬᠢᠬᠡᠳ ᠲᠠᠳᠠᠷᠠᠵᠤ ᠲᠠᠷᠳᠠᠭᠰᠠᠨ ᠨᠠᠭᠤᠷ ᠪᠦᠷᠢᠳᠤ ᠨᠤᠭᠤ ᠭᠠᠵᠠᠷ ᠡᠬᠡ ᠪᠠᠢᠭᠠᠯᠢ ᠵᠢᠨ ᠵᠢᠡᠨ ᠡᠯᠢᠬᠡᠨ ᠳ᠋ᠤ᠂ ᠡᠷᠬᠢᠬᠦ ᠤᠯᠠᠷᠢᠯ ᠤ᠋ᠨ ᠵᠢᠮ᠎ᠠ ᠪᠡᠷ ᠠᠶᠠᠨᠳᠠᠭᠠᠨ ᠰᠠᠢᠵᠢᠷᠠᠵᠤ᠂ ᠤᠤᠭᠠᠯ ᠲᠦᠷᠬᠦ ᠪᠠᠨ ᠰᠡᠷᠬᠦᠬᠡᠵᠡᠢ᠃

ᠨᠠᠭᠤᠷ᠎ᠤᠨ ᠴᠡᠭᠡᠯ ᠨᠢ ᠰᠢᠪᠠᠭᠤᠳ ᠵᠢᠡᠷ ᠪᠠᠶᠠᠨ  ᠨᠤᠳᠤᠭ᠎ᠤᠨ ᠳᠦᠮᠡᠨ ᠨᠢ ᠵᠢᠷᠭᠠᠯ ᠵᠢᠡᠷ ᠪᠠᠶᠠᠨ

《ᠠᠮᠢ ᠠᠬᠤᠢ ᠰᠠᠢᠵᠢᠷᠠᠭᠰᠠᠨ ᠢ᠋ ᠰᠢᠪᠠᠭᠤᠳ ᠤᠷᠢᠳ ᠢ᠋ᠢᠡᠷ ᠮᠡᠳᠡᠳᠡᠭ》 ᠭᠡᠳᠡᠭᠴᠢᠯᠡᠨ ᠤᠢᠷ᠎ᠠ ᠢ᠋ᠢᠨ ᠵᠢᠯ ᠳ᠋ᠤ ᠬᠠᠷᠠᠠᠤᠰᠤ ᠨᠠᠭᠤᠷ ᠨᠢ ᠠᠶᠠᠨ ᠤ᠋ ᠰᠢᠪᠠᠭᠤᠳ ᠤ᠋ᠨ ᠠᠮᠠᠷᠠᠭᠠᠳ ᠦᠨᠵᠢᠬᠦ ᠠᠷᠢᠭᠤᠨ ᠳᠠᠬᠱ᠌ᠢᠨ ᠤᠷᠤᠨ ᠪᠤᠯᠵᠤ᠂ ᠬᠤᠨ ᠭᠠᠯᠠᠭᠤ᠂ ᠠᠡᠭᠬᠢᠷ᠂ ᠴᠠᠭᠠᠨ ᠲᠡᠬᠡᠯᠡᠢ᠂ ᠤᠯᠠᠭᠠᠨ ᠬᠤᠰᠢᠭᠤᠲᠦ ᠴᠠᠬᠤᠯᠠᠢ ᠵᠡᠷᠬᠡ ᠰᠢᠪᠠᠭᠤᠳ ᠨᠠᠭᠤᠷ ᠤ᠋ᠨ ᠳᠠᠡᠭ᠂ ᠬᠤᠯᠤᠰᠤ ᠵᠡᠭᠡᠰᠦᠨ ᠤ᠋ ᠲᠤᠮᠳᠠᠭᠤᠷ ᠭᠠᠩᠭᠠᠷ ᠭᠤᠩᠭᠤᠷ ᠭᠠᠩᠭᠠᠨᠠᠯᠳᠤᠬᠤ ᠪᠤᠯᠵᠠᠢ᠃

— ᠰᠢᠪᠠᠭᠤᠨ ᠤ᠋ ᠲᠥᠷᠥᠯ ᠤ᠋ᠨ ᠲᠤᠭ᠎ᠠ ᠨᠡᠮᠡᠭᠳᠡᠵᠦ ᠯᠡ ᠪᠠᠢᠪᠠᠯ ᠤᠰᠤᠨ ᠤ᠋ ᠴᠢᠨᠠᠷ ᠰᠠᠢᠵᠢᠷᠠᠵᠤ ᠯᠠ ᠪᠠᠢᠨ᠎ᠠ ᠭᠡᠰᠡᠨ ᠦᠭᠡ᠃ 2020 ᠣᠨ ᠳ᠋ᠤ ᠨᠠᠭᠤᠷ᠎ᠲᠦ ᠵᠥᠪᠬᠡᠨ 12 ᠲᠦᠷᠦᠯ᠂ 79 ᠵᠦᠢᠯ ᠤ᠋ᠨ ᠰᠢᠪᠠᠭᠤ ᠲᠠᠢ ᠪᠠᠢᠭᠰᠠᠨ᠃ ᠤᠳᠤ ᠰᠢᠪᠠᠭᠤᠨ ᠤ᠋ ᠲᠥᠷᠥᠯ ᠵᠦᠢᠯ ᠤᠯᠠᠰᠢᠷᠠᠵᠤ᠂ 20 ᠲᠦᠷᠦᠯ᠂ 202 ᠵᠦᠢᠯ ᠳ᠋ᠤ ᠬᠦᠷᠴᠦ᠂ ᠲᠣᠭ᠎ᠠ ᠬᠡᠮᠵᠢᠶ᠎ᠡ ᠨᠢ ᠳᠠᠬᠢᠨ ᠵᠢᠡᠷ ᠨᠡᠮᠡᠭᠳᠡᠪᠡ᠃ ᠤᠳᠤᠬᠠᠨ ᠳ᠋ᠤ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠢ᠋ᠢᠨ ᠰᠢᠪᠠᠭᠤ 12 ᠵᠦᠢᠯ᠂ ᠤᠯᠤᠰ ᠤ᠋ᠨ ᠬᠤᠶᠠᠳᠤᠭᠠᠷ ᠳᠡᠰ ᠤ᠋ᠨ ᠬᠠᠮᠠᠭᠠᠯᠠᠯᠲᠠ ᠢ᠋ᠢᠨ ᠰᠢᠪᠠᠭᠤ 39 ᠵᠦᠢᠯ ᠪᠤᠢ ᠭᠡᠵᠦ ᠱᠠᠡᠭᠲᠤ ᠢ᠋ᠢᠨ ᠴᠠᠭᠠᠨᠨᠠᠭᠤᠷ ᠤ᠋ᠨ ᠨᠤᠭᠤ ᠭᠠᠵᠠᠷ ᠤ᠋ᠨ ᠴᠡᠴᠡᠷᠯᠢᠭ ᠤ᠋ᠨ ᠳᠡᠳ᠋ ᠡᠷᠬᠢᠯᠡᠭᠴᠢ ᠯᠢᠦ ᠡᠾᠸᠩ ᠢᠦᠢ ᠲᠤᠭ᠎ᠠ ᠪᠠᠷᠢᠮᠲᠠ ᠲᠠᠢ ᠲᠤᠭᠠᠴᠢᠨ᠎ᠠ᠃

2026 ᠣᠨ ᠳ᠋ᠤ ᠴᠠᠭᠠᠨᠨᠠᠭᠤᠷ ᠲᠦ᠍ ᠥᠯᠢᠭ ᠬᠠᠮᠠᠷᠲᠤ ᠬᠤᠨ ᠭᠠᠯᠠᠭᠤ᠂ ᠴᠠᠬᠢᠷ ᠨᠤᠭᠤᠰᠤ᠂ ᠠᠯᠠᠭ ᠲᠣᠯᠣᠭᠠᠢᠲᠤ ᠡᠯᠡᠰᠦᠨ ᠨᠤᠭᠤᠰᠤ᠂ ᠴᠠᠭᠠᠨ ᠬᠥᠮᠥᠰᠬᠡᠲᠦ ᠨᠤᠭᠤᠰᠤ᠂ ᠠᠯᠠᠭ ᠬᠠᠴᠠᠷᠲᠤ ᠨᠤᠭᠤᠰᠤ ᠵᠡᠷᠭᠡ ᠣᠯᠠᠨ ᠵᠦᠢᠯ ᠤ᠋ᠨ ᠰᠢᠪᠠᠭᠤ ᠠᠩᠬ᠎ᠠ ᠤᠳᠠᠭ᠎ᠠ ᠢᠯᠡᠷᠡᠵᠤ᠂ ᠳᠣᠷᠣᠨᠠᠳᠠᠬᠢᠨ ᠤ᠋ ᠴᠠᠭᠠᠨ ᠥᠷᠪᠢ᠂ ᠬᠠᠷ᠎ᠠ ᠥᠷᠪᠢ ᠵᠡᠷᠭᠡ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠵᠢᠨ ᠠᠮᠢᠲᠠᠨ ᠡᠨᠡ ᠵᠢᠯ ᠨᠢᠭᠡᠨᠲᠡ ᠡᠨᠳᠡ 6 ᠰᠠᠷ᠎ᠠ ᠦᠷᠭᠦᠯᠵᠢᠯᠡᠨ ᠬᠥᠯ ᠲᠣᠭᠲᠠᠵᠤ ᠪᠠᠢᠭ᠎ᠠ ᠪᠢᠯᠡ᠃

ᠬᠠᠩᠬᠢᠨ ᠬᠤᠰᠢᠭᠤᠨ᠎ᠤ ᠳᠠᠭᠤᠳᠤ ᠨᠠᠭᠤᠷ᠎ᠤᠨ ᠰᠢᠪᠠᠭᠤᠨ᠎ᠤ ᠲᠦᠷᠦᠯ ᠪᠠᠰᠠ ᠤᠯᠠᠰᠢᠷᠠᠭᠰᠠᠨ ᠪᠠᠢᠯ᠎ᠠ᠃

—  ᠤᠢᠷ᠎ᠠ ᠢ᠋ᠢᠨ ᠵᠢᠯ ᠎ᠳᠤ ᠳᠠᠭᠤᠲᠤ ᠨᠠᠭᠤᠷ ᠤ᠋ᠨ ᠤᠰᠤ ᠵᠢᠯ ᠡᠴᠡ ᠵᠢᠯ ᠦᠷᠭᠡᠳᠴᠤ᠂ ᠬᠤᠨ ᠭᠠᠯᠠᠭᠤ ᠪᠠᠢᠩᠭᠤ ᠵᠢᠨ ᠴᠤᠭᠯᠠᠷᠠᠳᠠᠭ ᠪᠤᠯᠤᠭᠰᠠᠨ ᠪᠦᠭᠡᠳ ᠪᠢᠳᠠᠨ᠎ᠤ ᠦᠵᠡᠵᠤ ᠬᠠᠷᠠᠵᠤ ᠪᠠᠢᠭᠰᠠᠨ ᠦᠭᠡᠢ᠂ ᠲᠡᠨᠢᠵᠤ ᠮᠡᠳᠡᠬᠦ ᠦᠭᠡᠢ ᠰᠢᠪᠠᠭᠤᠳ ᠮᠠᠰᠢ ᠤᠯᠠᠨ ᠬᠠᠷᠠᠭᠳᠠᠬᠤ ᠪᠤᠯᠤᠭᠰᠠᠨ ᠭᠡᠵᠤ ᠤᠷᠳᠤᠰ ᠬᠤᠲᠠ ᠵᠢᠨ ᠬᠠᠩᠭᠢᠨ ᠬᠤᠰᠢᠭᠤᠨ ᠤ᠋ ᠳᠤᠭᠤᠢᠲᠠᠯ᠎ᠠ ᠪᠠᠯᠭᠠᠰᠤᠨ ᠤ᠋ ᠳᠠᠭᠤᠲᠤ ᠨᠠᠭᠤᠷ ᠭᠠᠴᠠᠭᠠᠨ ᠤ᠋ ᠮᠠᠯᠴᠢᠨ ᠳᠡᠯᠭᠡᠷᠴᠡᠴᠡᠭ ᠶᠠᠷᠢᠵᠤ ᠪᠠᠢᠯ᠎ᠠ᠃

ᠨᠠᠭᠤᠷ ᠭᠡᠵᠤ  ᠨᠤᠳᠤᠭ᠎ᠤᠨ ᠴᠢᠮᠡᠭ   ᠨᠤᠳᠤᠭ ᠭᠡᠳᠡᠭ ᠳᠦᠮᠡᠨ᠎ᠤ ᠳᠦᠰᠢᠭ

ᠬᠠᠳᠤᠨ ᠭᠤᠤᠯ ᠡᠴᠡ ᠰᠢᠮ᠎ᠠ ᠠᠪᠴᠤ ᠲᠤᠬᠳᠠᠬᠰᠠᠨ ᠦᠬᠠᠢ ᠨᠠᠭᠤᠷ ᠨᠢ ᠡᠨᠡ ᠬᠦ᠌ ᠠᠵᠦ ᠦᠢᠯᠡᠳᠪᠦᠷᠢ ᠵᠢᠨ ᠬᠤᠳᠠ ᠳ᠋ᠤ ᠡᠰᠡᠨᠢᠯ ᠬᠦᠭᠵᠢᠯ ᠠᠪᠴᠢᠷᠠᠬᠰᠠᠨ ᠵᠢᠡᠷ ᠪᠠᠷᠠᠬᠤ ᠦᠬᠡᠢ ᠨᠠᠷᠠᠨ ᠬᠡᠷᠡᠯᠳᠤ ᠠᠵᠦ ᠦᠢᠯᠡᠰ ᠬᠡᠮᠡᠭᠳᠡᠭᠰᠡᠨ ᠵᠢᠭᠤᠯᠴᠢᠯᠠᠯ ᠤ᠋ᠨ ᠦᠢᠯᠡᠰ ᠤ᠋ᠨ ᠬᠦᠭᠵᠢᠯᠳᠡ ᠵᠢ ᠲᠠᠢᠴᠢᠯᠠᠵᠦ᠂ 《ᠡᠯᠡᠰᠦ ᠮᠠᠩᠬ᠎ᠠ + ᠬᠠᠲᠤᠨ ᠭᠤᠤᠯ + ᠨᠠᠭᠤᠷ ᠴᠥᠭᠥᠷᠥᠮ》 ᠤ᠋ᠨ ᠣᠨᠴᠠᠯᠢᠭᠲᠤ᠌ ᠠᠮᠢ ᠠᠬᠤᠶ ᠢ᠋ᠢᠨ ᠰᠣᠶᠣᠯ ᠵᠢᠭᠤᠯᠴᠢᠯᠠᠯ ᠢ᠋ ᠪᠦᠷᠢᠯᠳᠦᠬᠦᠯᠵᠤ᠂ ᠨᠠᠭᠤᠷ ᠳᠠᠭᠠᠤ ᠢ᠋ᠢᠨ ᠣᠯᠠᠨ ᠲᠦᠮᠡᠨ ᠢ᠋ ᠳᠠᠶ᠋ᠢᠴᠢᠯᠠᠨ ᠣᠷᠣᠯᠭ᠎ᠠ ᠢ᠋ᠢ ᠨᠢ ᠨᠡᠮᠡᠭᠳᠡᠭᠦᠯᠪᠠ᠃ ᠪᠠᠰᠠ ᠡᠯᠡᠰᠦᠨ ᠤ᠋ ᠠᠵᠤ ᠦᠢᠯᠡᠰ᠂ ᠬᠡᠷᠡᠯᠴᠢ ᠴᠡᠨᠡᠭ ᠢ᠋ᠢᠡᠷ ᠡᠯᠡᠰᠦ ᠢ᠋ᠢ ᠵᠠᠰᠠᠬᠤ ᠵᠡᠷᠭᠡ ᠰᠢᠨ᠎ᠡ ᠡᠵᠡᠩᠨᠡᠯᠲᠡ ᠢ᠋ᠢᠨ ᠬᠡᠯᠪᠡᠷᠢ ᠢ᠋ᠢ ᠬᠥᠭᠵᠢᠭᠦᠯᠵᠦ᠍᠂ 《ᠡᠯᠡᠰᠦ ᠢ᠋ᠢ ᠵᠠᠰᠠᠬᠤ᠂ ᠤᠰᠤ ᠢ᠋ᠢ ᠬᠥᠭᠵᠢᠭᠦᠯᠬᠦ᠌᠂ ᠠᠷᠠᠳ ᠢ᠋ ᠪᠠᠶᠠᠵᠢᠭᠤᠯᠬᠤ᠂ ᠬᠡᠯᠪᠡᠷᠢ ᠢ᠋ᠢ ᠬᠤᠪᠢᠷᠠᠭᠤᠯᠬᠤ》 ᠢ᠋ᠢ ᠨᠢᠭᠡ ᠴᠤᠭᠴᠠᠵᠢᠭᠤᠯᠤᠨ ᠠᠬᠢᠭᠤᠯᠵᠤ ᠪᠠᠢᠨ᠎ᠠ᠃

ᠪᠠᠷᠭᠤ ᠵᠢᠨ ᠲᠠᠯ᠎ᠠ ᠳ᠋ᠤ ᠮᠡᠯᠮᠡᠷᠡᠭᠰᠡᠨ ᠲᠤᠯᠤᠭᠠᠳᠤ ᠵᠢᠨ ᠨᠠᠭᠤᠷ ᠤ᠋ᠨ ᠲᠠᠨᠵᠢᠨ ᠳ᠋ᠤ ᠠᠵᠤ ᠲᠦᠷᠤᠨ ᠠᠮᠢᠳᠤᠷᠠᠭ᠎ᠠ ᠰᠢᠨ᠎ᠠ ᠪᠠᠷᠭᠤ ᠵᠡᠬᠦᠨ ᠬᠤᠰᠢᠭᠤᠨ ᠤ᠋ ᠦᠪᠤᠷᠪᠤᠯᠠᠭ ᠰᠤᠮᠤ ᠵᠢᠨ ᠰᠠᠷᠠᠭᠤᠯᠳᠤᠶᠠᠭ᠎ᠠ ᠭᠠᠴᠠᠭᠠᠨ ᠤ᠋ ᠬᠠᠰᠢᠷ ᠮᠠᠯᠴᠢᠨ ᠪᠠ᠊·ᠰᠤᠶᠤᠯ ᠰᠢᠨᠵᠢᠯᠡᠬᠦ᠌ ᠤᠬᠠᠭᠠᠨᠴᠢ ᠪᠠᠷ ᠨᠤᠲᠤᠭ ᠰᠡᠯᠭᠦᠨ ᠮᠠᠯᠵᠢᠵᠤ᠂ ᠪᠡᠯᠴᠢᠭᠡᠷ ᠨᠤᠲᠤᠭ ᠲᠦ᠍ ᠬᠠᠷᠢᠴᠠᠩᠭᠤᠢ ᠬᠠᠯᠠ ᠪᠠᠭ᠎ᠠ ᠲᠠᠢ ᠠᠳᠤᠭᠤ ᠪᠠᠨ ᠢᠯᠡᠭᠦᠦ ᠦᠰᠭᠡᠵᠦ᠂ 2023 ᠣᠨ ᠳ᠋ᠤ《ᠤᠬᠢ》 ᠴᠡᠭᠡ ᠵᠢᠨ ᠦᠢᠯᠡᠳᠪᠦᠷᠢ ᠵᠢ ᠪᠠᠶ᠋ᠢᠭᠤᠯᠤᠭᠰᠠᠨ ᠪᠦᠬᠡᠳ 2024 ᠣᠨ ᠳ᠋ᠤ 《ᠮᠠᠨ ᠤ᠋ ᠰᠦ》 ᠲᠠᠸᠠᠷ ᠤ᠋ᠨ ᠲᠡᠮᠳᠡᠭ ᠢ᠋ ᠳᠠᠩᠰᠠᠯᠠᠭᠤᠯᠵᠤ᠂ ᠦᠪᠡᠷ ᠤ᠋ᠨ ᠬᠡᠰᠡᠨ ᠨᠡᠷ᠎ᠠ ᠵᠢᠨ ᠬᠠᠭᠤᠳᠠᠰᠤ ᠲᠠᠢ ᠪᠤᠯᠵᠤ᠂ ᠭᠠᠨᠵᠤᠭ᠎ᠠ ᠲᠦᠬᠦᠷᠡᠩ ᠭᠠᠯᠬᠢᠭᠤᠯᠵᠤ ᠶᠠᠪᠤᠨ᠎ᠠ᠃

ᠳ᠋ᠸᠡᠭᠺᠸᠦ ᠰᠢᠶᠠᠨ ᠤ᠋ ᠪᠠᠶᠠᠨᠭᠤᠤᠯ ᠪᠠᠯᠭᠠᠰᠤ ᠵᠢᠨ ᠰᠠᠯᠠᠭᠠᠮᠤᠳᠤ ᠭᠠᠴᠠᠭᠠᠨ ᠤ᠋ ᠲᠠᠷᠢᠶᠠᠴᠢᠨ ᠪᠠᠢ ᠯᠦᠩ ᠨᠠᠭᠠᠴᠦ ᠳᠠᠢ ᠪᠡᠨ 3 ᠲᠦᠮᠡᠨ ᠮᠥ᠍ ᠮᠠᠡᠭᠬᠠᠨ ᠭᠠᠵᠠᠷ ᠢ᠋ ᠳᠠᠭᠠᠭᠠᠴᠢᠯᠠᠨ ᠵᠠᠭ ᠲᠠᠷᠢᠵᠤ ᠡᠬᠢᠯᠡᠭᠰᠡᠨ ᠨᠢ 2008 ᠤᠨ ᠤ᠋ ᠤᠴᠢᠷ ᠪᠢᠯᠡ᠃ ᠤᠳᠤ ᠳᠡᠳᠡᠨ ᠤ᠋ ᠬᠢᠨ ᠵᠢᠯ ᠪᠦᠷᠢ ᠵᠠᠭ ᠤ᠋ᠨ ᠤᠢ ᠳ᠋ᠤ ᠲᠦᠯᠵᠢᠬᠦᠯᠦᠨ ᠤᠷᠭᠤᠭᠤᠯᠤᠭᠰᠠᠨ ᠭᠤᠶᠤᠤ ᠡᠴᠡ 260 ︱ 280 ᠳᠦᠮᠠᠨ ᠳᠦᠭᠦᠷᠢᠭ ᠤ᠋ᠨ ᠤᠷᠤᠯᠭ᠎ᠠ ᠡᠭᠦᠳᠴᠦ ᠪᠠᠢᠳᠠᠭ ᠪᠠ ᠡᠭᠢᠨ ᠤ᠋ ᠭᠡᠳᠦᠨ ᠵᠢᠯ ᠤ᠋ᠨ ᠤᠷᠤᠭᠤᠯᠤᠭᠰᠠᠨ 3000 ᠲᠦᠮᠡ ᠭᠠᠷᠤᠢ ᠳᠦᠭᠦᠷᠢᠭ ᠤ᠋ᠨ ᠪᠡᠯᠡ ᠤᠷᠤᠭᠤᠯᠤᠯᠳᠠ ᠪᠡᠨ ᠨᠢᠬᠡᠨᠳᠡ ᠤᠯᠵᠤ  ᠠᠪᠴᠢᠷᠠᠭᠰᠡᠨ ᠪᠠᠢᠨ᠎ᠠ᠃

ᠮᠡᠯᠮᠡᠯᠵᠡᠨ ᠲᠤᠨᠤᠷᠠᠬᠤ ᠨᠠᠭᠤᠷ ᠤᠰᠤᠨ ᠨᠢᠭᠡ ᠲᠠᠯ᠎ᠠ ᠪᠡᠷ ᠠᠮᠢ ᠠᠬᠤᠢ ᠣᠷᠴᠢᠨ ᠲᠣᠭᠣᠷᠢᠨ ᠲᠠᠶ ᠬᠣᠯᠪᠣᠭᠳᠠᠵᠤ᠂ ᠨᠦᠭᠦᠭᠡ ᠲᠠᠯ᠎ᠠ ᠪᠡᠷ ᠤᠯᠠᠨ ᠲᠦᠮᠡᠨ ᠤ᠋ ᠦᠢᠯᠡᠳᠪᠤᠷᠢᠯᠡᠯ ᠠᠮᠢᠳᠤᠷᠠᠯ ᠲᠠᠶ ᠬᠤᠯᠪᠤᠭᠳᠠᠨ᠎ᠠ᠃ ᠣᠷᠣᠨ ᠵᠠᠶ ᠡᠴᠡ ᠠᠪᠴᠤ ᠬᠡᠯᠡᠪᠡᠯ ᠣᠯᠠᠨ ᠲᠦᠮᠡᠨ ᠤ᠋ ᠣᠷᠣᠰᠢᠨ ᠰᠠᠭᠤᠵᠤ ᠪᠠᠢᠭ᠎ᠠ ᠣᠷᠣᠨ ᠪᠦᠰᠡ ᠲᠡᠶ ᠨᠢᠭᠲᠠ ᠬᠥᠷᠰᠢᠯᠡᠵᠦ᠍᠂ ᠴᠢᠳᠠᠮᠵᠢ ᠡᠴᠡ ᠨᠢ ᠠᠪᠴᠤ ᠬᠡᠯᠡᠪᠡᠯ ᠣᠯᠠᠨ ᠲᠦᠮᠡᠨ ᠤ᠋ ᠦᠢᠯᠡᠳᠪᠦᠷᠢᠯᠡᠯ ᠠᠮᠢᠳᠤᠷᠠᠯ ᠲᠠᠶ  ᠨᠢᠭᠲᠠ ᠤᠶᠠᠯᠳᠤᠵᠦ ᠪᠠᠢᠳᠠᠭ᠃ ᠬᠠᠷᠠᠯᠲᠠ ᠲᠠᠶ ᠵᠠᠰᠠᠯᠳᠠ ᠬᠠᠷᠠᠯᠲᠠ ᠲᠠᠢ ᠬᠦᠭᠵᠢᠯᠳᠡ ᠡᠴᠡ ᠠᠷᠠᠳ ᠲᠦᠮᠡᠨ ᠬᠠᠨᠤᠮᠵᠢᠳᠠᠢ ᠬᠠᠷᠢᠭᠤᠯᠳᠠ ᠤᠯᠤᠯ᠎ᠠ᠃

᠁

ᠪᠦᠬᠦ ᠤᠷᠤᠨ ᠳ᠋ᠤ ᠡᠩ ᠤ᠋ᠨ ᠵᠢᠯ ᠳ᠋ᠡᠬᠢ ᠤᠰᠤᠨ ᠤ᠋ ᠴᠠᠷᠠᠭ᠎ᠠ ᠵᠢᠨ ᠲᠠᠯᠠᠪᠠᠢ ᠨᠢ 1 ᠲᠡᠭᠰᠢ ᠲᠦᠷᠪᠡᠯᠵᠢᠨ ᠺᠢᠯᠤᠮᠸᠲᠷ ᠡᠴᠡ ᠲᠠᠬᠡᠭᠰᠢᠬᠢ ᠨᠠᠭᠤᠷ 428 ᠪᠠᠢᠳᠠᠭ᠃ ᠥᠪᠥᠷ ᠮᠣᠩᠭᠣᠯ ᠤ᠋ᠨ ᠡᠯ᠎ᠠ ᠭᠠᠵᠠᠷ ᠤ᠋ᠨ ᠬᠢᠨ ᠨᠠᠭᠤᠷ ᠪᠦᠷᠢᠳᠤ ᠢ᠋ᠢᠨ ᠬᠠᠮᠠᠭᠠᠯᠠᠯᠲᠠ ᠵᠠᠰᠠᠯᠳᠠ ᠢ᠋ᠢ ᠮᠠᠨ ᠤ᠋ ᠤᠯᠤᠰ ᠤ᠋ᠨ ᠤᠮᠠᠷᠠᠲᠤ ᠢ᠋ᠢᠨ ᠴᠢᠬᠤᠯᠠ ᠠᠮᠢ ᠠᠬᠤᠶ ᠢ᠋ᠢᠨ ᠠᠮᠤᠷ ᠲᠦᠪᠰᠢᠨ ᠤ᠋ ᠬᠠᠯᠬᠠᠪᠴᠢ ᠢ᠋ᠢᠨ ᠪᠥᠲᠥᠭᠡᠨ ᠪᠠᠶ᠋ᠢᠭᠤᠯᠤᠯᠲᠠ ᠢ᠋ᠢᠨ ᠴᠢᠬᠤᠯᠠ ᠨᠢᠬᠡᠨ ᠠᠭᠤᠯᠭ᠎ᠠ ᠪᠤᠯᠭᠠᠨ ᠴᠢᠩᠭ᠎ᠠ ᠠᠳᠬᠤᠵᠤ᠂ ᠨᠠᠭᠤᠷ ᠪᠦᠷᠢᠳᠤ ᠢ᠋ᠢ ᠬᠠᠮᠠᠭᠠᠯᠠᠨ ᠰᠡᠷᠭᠦᠭᠡᠬᠦ᠌ ᠠᠵᠢᠯ ᠢ᠋ ᠡᠷᠴᠢᠮᠲᠠᠢ ᠶᠠᠪᠤᠭᠳᠠᠭᠤᠯᠪᠠ᠃

2021 ᠤᠨ ᠡᠴᠡ ᠡᠬᠢᠯᠡᠨ᠂ ᠦᠪᠤᠷ ᠮᠤᠨᠭᠭᠤᠯ ᠠᠭᠤᠯᠠ ᠤᠰᠤ ᠣᠶ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠢ᠋ᠢ ᠨᠢᠭᠡ ᠴᠤᠭᠴᠠᠵᠢᠭᠤᠯᠤᠨ ᠵᠠᠰᠠᠬᠤ ᠠᠵᠢᠯ ᠢ᠋ ᠪᠦᠬᠦ ᠲᠠᠯ᠎ᠠ ᠪᠡᠷ ᠡᠬᠢᠯᠡᠭᠦᠯᠵᠤ᠂ ᠲᠠᠩ ᠭᠠᠭᠴᠠ 《ᠨᠠᠭᠤᠷ ᠪᠦᠷᠢᠳᠤ ᠢ᠋ᠢ ᠵᠠᠰᠠᠬᠤ》 ᠢ᠋ᠢ ᠰᠢᠰᠲ᠋ᠧᠮ ᠲᠡᠶ ᠪᠡᠷ 《ᠰᠠᠪᠠ ᠭᠠᠵᠠᠷ ᠢ᠋ ᠵᠠᠰᠠᠬᠤ》 ᠲᠠᠢᠰᠢ ᠬᠤᠪᠢᠷᠠᠭᠤᠯᠵᠤ᠂ ᠠᠮᠢ ᠠᠬᠤᠢ ᠵᠢᠨ ᠰᠡᠷᠭᠦᠭᠡᠯᠲᠡ ᠵᠢ 《ᠲᠠᠩ ᠡᠯᠧᠮᠧᠨ᠋ᠲ》 ᠡᠴᠡ 《ᠤᠯᠠᠨ ᠡᠯᠧᠮᠧᠨ᠋ᠲ》 ᠲᠠᠢᠰᠢ ᠬᠤᠪᠢᠷᠠᠭᠤᠯᠵᠤ᠂ 《ᠨᠢᠭᠡ ᠨᠠᠭᠤᠷ ᠢ᠋ ᠬᠠᠮᠠᠭᠠᠯᠠᠬᠤ》 ᠡᠴᠡ 《ᠨᠢᠭᠡ ᠠᠮᠢ ᠠᠬᠤᠢ ᠵᠢᠨ ᠰᠢᠰᠲ᠋ᠧᠮ ᠢ᠋ ᠬᠠᠮᠠᠭᠠᠯᠠᠬᠤ》 ᠲᠠᠢᠰᠢ ᠬᠤᠪᠢᠷᠠᠭᠤᠯᠵᠤ᠂ ᠨᠢᠭᠡ ᠴᠤᠬᠴᠠᠵᠢᠭᠤᠯᠤᠬᠰᠠᠨ ᠶᠡᠷᠦᠩᠬᠡᠢᠯᠡᠭᠰᠡᠨ ᠵᠠᠰᠠᠯᠲᠠ ᠵᠢ ᠰᠢᠰᠲᠸᠮ ᠲᠠᠢ ᠦᠷᠨᠢᠬᠦᠯᠦᠭᠰᠡᠨ ᠪᠠᠢᠨ᠎ᠠ᠃

ᠤᠳᠤ ᠪᠥᠬᠥ ᠤᠷᠤᠨ ᠲᠠᠶᠠᠭᠠᠷ  ᠥᠪᠡᠷᠲᠡᠭᠡᠨ ᠵᠠᠰᠠᠬᠤ ᠣᠷᠣᠨ ᠤ᠋ 《1571》 ᠶᠡᠷᠦᠩᠬᠡᠶ ᠠᠵᠢᠯ ᠤ᠋ᠨ ᠪᠠᠢᠷᠢᠯᠠᠭᠤᠯᠤᠯᠲᠠ ᠵᠢ ᠯᠠᠪᠳᠠᠭᠤᠨ ᠪᠠᠳᠤᠳᠠᠢ ᠠᠬᠢᠭᠤᠯᠵᠤ᠂ ᠠᠭᠤᠯᠠ ᠤᠰᠤ ᠣᠶ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠢ᠋ᠢ ᠨᠢᠭᠡ ᠴᠤᠭᠴᠠᠵᠢᠭᠤᠯᠤᠨ ᠵᠠᠰᠠᠬᠤ ᠢ᠋ᠢ ᠨᠢᠭᠡᠳᠦᠯᠲᠡᠶ ᠲᠥᠯᠥᠪᠵᠢᠭᠦᠯᠤᠨ ᠬᠦᠴᠦᠳᠠᠢ ᠠᠬᠢᠭᠤᠯᠵᠤ᠂ 《ᠨᠣᠮᠢᠨ ᠤᠰᠤ ᠬᠦᠬᠡᠮᠳᠦᠭ ᠠᠭᠤᠯᠠ ᠪᠣᠯ ᠠᠯᠳᠠᠨ ᠠᠭᠤᠯᠠ ᠮᠦᠩᠭᠦᠨ ᠬᠠᠢᠷᠬᠠᠨ ᠮᠦᠨ》 ᠬᠡᠬᠦ ᠤᠢᠯᠠᠭᠠᠭᠳᠠᠬᠤᠨ ᠢ᠋ ᠪᠦᠳᠦᠮᠵᠢᠳᠠᠢ ᠦᠢᠯᠡᠳᠦᠯᠬᠡᠵᠢᠬᠦᠯᠵᠤ᠂ ᠠᠮᠢ ᠠᠬᠤᠢ ᠵᠢ ᠤᠷᠢᠳ ᠵᠢᠡᠷ ᠪᠤᠳᠤᠯᠬᠢᠯᠠᠬᠤ ᠪᠣᠬᠢᠷᠲᠤᠯ ᠥᠬᠡᠶ ᠬᠥᠭᠵᠢᠬᠥᠯᠬᠥ ᠵᠠᠮ ᠢ᠋ᠢᠡᠷ ᠵᠢᠯᠤᠭᠤ ᠰᠤᠩᠭᠠᠨ ᠲᠠᠮᠡᠤᠯᠵᠤ ᠪᠠᠢᠨ᠎ᠠ᠃

ᠦᠷᠭᠡᠨ ᠠᠭᠤᠳᠠᠮ ᠬᠦᠯᠦᠨ ᠪᠤᠢᠷ ᠡᠴᠡ ᠦᠡᠭ ᠦᠷᠭᠡᠨ ᠠᠯᠠᠱᠠ ᠬᠦᠷᠲᠡᠯ᠎ᠠ ᠠᠭᠤᠳᠠᠮ ᠲᠠᠯ᠎ᠠ ᠵᠢᠨ ᠵᠢᠡᠨ ᠮᠠᠯᠮᠠᠢ ᠪᠤᠯᠤᠨ ᠴᠡᠩᠬᠡᠷᠳᠤᠨ ᠲᠤᠨᠤᠯᠵᠠᠭᠰᠠᠨ ᠤᠯᠠᠨ ᠠᠷᠪᠢᠨ ᠨᠠᠭᠤᠷ ᠪᠦᠷᠢᠳᠤ ᠲᠠᠯ᠎ᠠ ᠨᠤᠳᠤᠭ ᠲᠡᠭᠡᠷ᠎ᠡ ᠠᠰᠬᠠᠭᠰᠠᠨ ᠤᠰᠤᠨ ᠪᠤᠳᠤᠭ ᠬᠡᠮᠡᠷ ᠦᠩᠬᠡ ᠬᠢᠯᠪᠠᠭ᠎ᠠ ᠪᠠᠨ ᠰᠠᠴᠤᠷᠠᠭᠤᠯᠵᠤ᠂ ᠦᠵᠡᠰᠬᠦᠯᠡᠩᠳᠤ ᠰᠠᠢᠬᠠᠨ ᠬᠢᠬᠡᠳ ᠦᠷᠨᠢᠩᠬᠦᠢ ᠬᠦᠭᠵᠢᠯᠳᠡ ᠵᠢᠨ 《ᠬᠤᠤᠰᠯᠠᠯ ᠲᠠᠭᠤᠤ》 ᠵᠢ ᠬᠠᠩᠬᠢᠨᠠᠭᠤᠯᠤᠨ᠎ᠠ᠃

《ᠨᠠᠭᠤᠷ ᠠᠮᠤᠭᠤᠯᠠᠡᠭ ᠪᠤᠯ ᠨᠤᠭᠤᠰᠤ ᠠᠮᠤᠭᠤᠯᠠᠡᠭ》 ᠬᠡᠭᠴᠢ ᠡᠨᠡ ᠪᠤᠶᠤ⁈


ᠨᠠᠭᠤᠷ ᠲᠠᠭᠠᠨ ᠢᠯᠡᠭᠡᠭᠰᠡᠨ ᠵᠠᠬᠢᠳᠠᠯ

ᠠᠮᠤᠭᠤᠯᠠᠩ ᠡᠪᠦᠯᠵᠢᠵᠦ ᠪᠠᠢᠨ᠎ᠠ ᠤᠤ?

ᠬᠦᠯ᠎ᠳᠦ ᠤᠷᠤᠬᠤ᠎ᠶᠢᠨ ᠴᠠᠭ᠎ᠲᠦ ᠲᠠᠨ᠎ᠤ ᠵᠦᠭ ᠲᠡᠮᠡᠥᠯᠤᠨ᠂ ᠬᠡᠯᠡ᠎ᠳᠦ ᠤᠷᠤᠬᠤ᠎ᠶᠢᠨ ᠴᠠᠭ᠎ᠲᠦ 《ᠨᠠᠭᠤᠷ ᠤᠰᠤ》 ᠬᠡᠮᠡᠨ ᠱᠤᠯᠤᠭᠠᠨᠠᠳᠠᠭ ᠪᠠᠢᠯ᠎ᠠ᠃ ᠲᠡᠭᠡᠬᠦ᠎ᠳᠦ ᠲᠠ ᠮᠢᠨᠢ ᠬᠠᠨ ᠲᠦᠰᠢᠭ ᠲᠠᠢ ᠠᠪᠤ᠂ ᠬᠠᠳᠤᠨ ᠤᠬᠠᠭᠠᠨ ᠲᠠᠢ ᠡᠵᠢ ᠮᠡᠳᠦ ᠨᠦᠮᠦᠷᠢ ᠲᠠᠢ ᠰᠠᠨᠠᠭᠳᠠᠳᠠᠭ ᠡ᠃ ᠲᠦᠬᠦᠭᠡ ᠤᠷᠤᠵᠦ᠂ ᠪᠢᠴᠢᠭ ᠨᠢᠳᠦᠯᠡᠬᠦ᠎ᠶᠢᠨ ᠴᠠᠭ ᠡᠴᠡ ᠲᠠᠨ᠎ᠤ ᠦᠯᠢᠬᠡᠷ ᠲᠡᠥᠬᠡ᠂ ᠲᠤᠮᠤᠭ ᠰᠤᠨᠤᠰᠬᠠᠯ᠎ᠢ ᠡᠪᠦᠭᠡᠳ᠎ᠤᠨ ᠶᠠᠷᠢᠶᠠᠨ ᠡᠴᠡ ᠳᠡᠬᠦᠬᠦ ᠪᠤᠯᠪᠠ᠃ ᠬᠤᠩᠭᠤᠷᠬᠠᠨ ᠨᠠᠰᠤᠨ᠎ᠤ ᠲᠤᠷᠠᠳᠬᠠᠯ᠎ᠳᠡᠬᠢ ᠲᠤᠮᠤᠭ᠎ᠤᠨ ᠶᠢᠷᠲᠢᠨᠴᠦ᠎ᠶᠢᠨ ᠡᠵᠡᠨ ᠨᠢ ᠲᠠ ᠪᠠᠢᠵᠦ ᠯᠡ ᠪᠢᠳᠡ ᠰᠠᠶᠢ ᠰᠢᠬᠢᠷ ᠢᠳᠡᠭᠰᠡᠨ ᠰᠢᠭ ᠳᠠᠢᠳᠬᠤᠷᠠᠳᠠᠭ ᠪᠢᠯᠡ᠃

ᠤᠷᠢᠳᠦ ᠰᠦᠨᠢ ᠪᠢ ᠠᠭᠤᠯᠠᠰ ᠡᠬᠦᠯᠡᠰ᠎ᠤᠨ ᠬᠤᠷᠮᠤᠢ ᠪᠡᠷ ᠤᠰᠤᠨ ᠮᠠᠨᠠᠨ ᠲᠠᠨᠢ ᠬᠦᠰᠢᠭᠡᠯᠡᠵᠦ᠂ ᠤᠷᠭᠤᠮᠠᠯ ᠡᠪᠡᠰᠦ ᠲᠠᠨᠢ ᠬᠠᠯᠢᠭᠤᠷᠠᠨ ᠤᠰᠤᠨ᠎ᠤ ᠰᠢᠪᠠᠭᠤᠳ ᠲᠡᠬᠦᠯᠢᠨ ᠳᠡᠪᠳᠡᠷᠢᠵᠦ᠂ ᠵᠢᠭᠠᠰᠤ ᠵᠢᠷᠠᠭᠠᠬᠠᠢ ᠲᠠᠨᠢ ᠴᠤᠯᠬᠢᠯᠠᠨ᠂ ᠵᠠᠬ᠎ᠠ᠎ᠵᠢ ᠲᠠᠨᠢ ᠪᠠᠷᠠᠳᠠᠨ ᠰᠠᠭᠤᠭᠰᠠᠨ ᠠᠢᠯ᠎ᠤᠳ ᠵᠢᠷᠭᠠᠯᠳᠠᠢ ᠯᠡ ᠪᠠᠢᠨ᠎ᠠ ᠭᠡᠵᠦ ᠵᠡᠬᠦᠳᠦᠯᠡᠯ᠎ᠠ᠃ ᠠᠭᠤᠯᠠ ᠵᠢᠨ ᠪᠤᠭᠤ ᠤᠷᠤᠮᠳᠠᠭᠰᠠᠨ ᠰᠢᠷᠭᠠᠯ ᠨᠠᠮᠤᠷ᠎ᠢᠶᠡᠷ ᠠᠭᠤᠯᠵᠠᠭᠰᠠᠨ ᠲᠡᠷᠡ ᠮᠦᠴᠡ᠎ᠡᠴᠡ ᠬᠤᠢᠰᠢ ᠰᠡᠳᠬᠢᠯ ᠡᠴᠡ ᠮᠢᠨᠢ ᠭᠠᠷᠬᠤ ᠦᠬᠡᠢ ᠨᠢ ᠲᠠ ᠪᠤᠯᠵᠠᠢ᠂ ᠲᠤᠯᠢᠨ ᠴᠡᠩᠬᠡᠷ ᠮᠢᠨᠢ᠃

ᠤᠷᠤᠢ ᠨᠠᠮᠤᠷ ᠵᠢᠨᠷ ᠪᠢᠳᠡ ᠠᠶᠠᠨ᠎ᠤ ᠲᠦᠷᠦᠭᠡ ᠬᠠᠨᠭᠬᠢᠨᠠᠭᠤᠯᠵᠤ᠂ ᠨᠠᠷᠠ ᠨᠠᠭᠠᠰᠢᠯᠠᠵᠤ ᠤᠳᠤᠳ ᠲᠦᠭᠡᠭᠰᠡᠨ ᠤᠷᠴᠢᠯ ᠤᠯᠠᠷᠢᠯ ᠵᠢᠨᠷ᠂ ᠬᠦᠨ ᠴᠡᠨᠭᠭᠡᠷ ᠠᠮᠢᠰᠬᠤᠭ᠎ᠠ ᠵᠢ ᠲᠠᠨᠢ ᠴᠢᠨᠭᠨᠠᠭᠬᠠᠨ ᠶᠠᠪᠤᠯ᠎ᠠ᠂ ᠭᠡᠬᠦᠳᠡᠭ ᠳᠦᠬᠦᠷᠡᠨᠭ ᠨᠠᠢᠷᠠᠭ ᠰᠢᠯᠦᠭ ᠵᠢᠨᠷ ᠪᠢᠯᠬᠠᠭᠤᠯᠤᠨᠭᠬᠠᠨ ᠶᠠᠪᠤᠯ᠎ᠠ᠂ ᠪᠤᠴᠠᠬᠤ ᠪᠠᠨ ᠮᠠᠷᠳᠠᠬᠰᠠᠨ ᠭᠠᠯᠠᠭᠤᠳ᠎ᠤᠨ ᠲᠡᠭᠷᠢ ᠴᠢᠮᠡᠨ ᠵᠡᠯᠡᠯᠡᠬᠦ ᠵᠢ ᠰᠢᠷᠲᠡᠭᠡᠳ᠂ ᠪᠤᠶᠠᠨ ᠭᠡᠰᠢᠭ ᠰᠤᠶᠤᠷᠬᠠᠯ᠎ᠳᠦ ᠲᠠᠨᠢ ᠳᠤᠬᠳᠤᠯᠤᠨᠭᠬᠠᠨ ᠶᠠᠪᠤᠯ᠎ᠠ᠂ ᠪᠤᠭᠤᠷᠤᠯ ᠲᠡᠤᠭᠡ ᠳᠤᠮᠤᠭ ᠬᠦᠦᠷᠨᠢᠭᠰᠡᠨ ᠬᠠᠯᠬᠢᠶ᠎ᠠ ᠴᠠᠯᠬᠢᠶ᠎ᠠ ᠳᠤᠯᠬᠢᠶ᠎ᠠ ᠵᠢ ᠲᠠᠨᠢ ᠰᠠᠨᠠᠵᠤ᠂ ᠪᠤᠳᠤᠯ᠎ᠰᠡᠳᠬᠢᠯ ᠮᠢᠨᠢ ᠠᠭᠤᠵᠢᠷᠠᠵᠦ ᠴᠦ᠍ ᠶᠠᠪᠤᠯ᠎ᠠ᠃

ᠠᠮᠢᠨ ᠴᠡᠩᠭᠡᠷ ᠨᠠᠭᠤᠷ ᠮᠢᠨᠢ ᠡ᠂ ᠠᠯᠳᠠᠨ ᠰᠢᠷᠭᠠᠯ ᠨᠠᠮᠤᠷ᠎ᠤᠨ ᠡᠳᠦᠷ᠎ᠤᠳ᠎ᠢᠶᠡᠷ ᠲᠠᠨ ᠲᠠᠢ ᠪᠠᠨ ᠤᠴᠠᠷᠠᠭᠰᠠᠨ ᠠᠶᠠᠨ᠎ᠤ ᠵᠤᠭᠤᠭ ᠮᠢᠨᠢ ᠠᠰᠬᠠᠷᠠᠭᠠᠳ ᠯᠡ ᠪᠠᠢᠨ᠎ᠠ᠂ ᠮᠡᠯᠮᠡᠷᠡᠭᠡᠳ ᠯᠡ ᠪᠠᠢᠨ᠎ᠠ᠃ ᠠᠮᠢᠨᠴᠢᠯᠠᠨ ᠪᠢᠴᠢᠭᠰᠡᠨ ᠵᠠᠬᠢᠶ᠎ᠠ ᠪᠠᠨ ᠠᠢᠯᠠᠳᠬᠠᠨ ᠪᠠᠷᠢᠶ᠎ᠠ᠃

ᠨᠢᠭᠡ ᠴᠡᠭ ᠡᠴᠡ ᠨᠦᠬᠦᠭᠡ ᠴᠡᠭ ᠬᠦᠷᠬᠦ ᠵᠠᠢ ᠵᠢ ᠬᠡᠷᠴᠢᠮ ᠭᠡᠳᠡᠭ᠂ ᠬᠡᠷᠴᠢᠮ ᠭᠡᠳᠡᠭ ᠬᠠᠮᠤᠭ᠎ᠤᠨ ᠤᠬᠤᠷ ᠵᠠᠢ ᠭᠡᠵᠦ ᠲᠤᠭᠠᠨ᠎ᠤ ᠤᠬᠠᠭᠠᠨ᠎ᠳᠤ ᠰᠤᠷᠳᠠᠭ᠃ ᠬᠠᠷᠢᠨ ᠨᠢᠭᠡ ᠡᠷᠬᠢ ᠡᠴᠡ ᠨᠦᠬᠦᠭᠡ ᠡᠷᠬᠢ ᠬᠦᠷᠬᠦ ᠵᠠᠢ ᠵᠢ ᠨᠠᠭᠤᠷ ᠭᠡᠳᠡᠭ᠂ ᠡᠨᠳᠡ ᠬᠢᠵᠠᠭᠠᠷ ᠦᠬᠡᠢ ᠤᠷᠤᠨ ᠵᠠᠢ ᠪᠠᠭᠲᠠᠳᠠᠭ᠎ᠢ ᠲᠠ ᠵᠢᠭᠠᠯ᠎ᠠ᠃ ᠤᠰᠤ ᠪᠠᠷ ᠲᠠᠨᠢ ᠤᠮᠳᠠᠯᠠᠭᠰᠠᠨ ᠮᠠᠯ ᠰᠦᠷᠦᠭ᠂ ᠤᠰᠤ ᠪᠠᠷ ᠲᠠᠨᠢ ᠴᠡᠯᠮᠡᠭᠰᠡᠨ ᠬᠦᠬᠡ ᠲᠡᠭᠷᠢ᠂ ᠤᠰᠤ ᠪᠠᠷ ᠲᠠᠨᠢ ᠠᠮᠢᠯᠠᠭᠰᠠᠨ ᠤᠨᠠᠭᠠᠨ ᠪᠠᠢᠭᠠᠯᠢ᠂ ᠤᠰᠤ ᠪᠠᠷ ᠲᠠᠨᠢ ᠦᠷᠨᠢᠭᠰᠡᠨ ᠠᠵᠤ ᠠᠮᠢᠳᠤᠷᠠᠯ ᠁ ᠡᠨᠡ ᠪᠦᠬᠦᠨ ᠲᠠᠨ᠎ᠤ ᠳᠡᠷᠭᠡᠳᠡ ᠤᠷᠤᠰᠢᠳᠠᠭ ᠶᠤᠮ ᠪᠠᠢᠨ᠎ᠠ᠃

ᠨᠡᠭᠡᠷᠡᠡ᠂ ᠲᠠᠨ᠎ᠳᠠᠭᠠᠨ ᠪᠠᠶᠠᠷ᠎ᠤᠨ ᠴᠢᠮᠡᠭᠡ ᠳᠤᠭᠤᠯᠭᠠᠶ᠎ᠠ᠃ ᠨᠠᠮ ᠵᠠᠰᠠᠭ᠎ᠤᠨ ᠠᠥᠭ᠎ᠠ ᠪᠤᠳᠤᠯᠭ᠎ᠠ᠎ᠶᠢᠨ ᠲᠤᠶᠠᠭᠠᠯᠠᠯ᠎ᠢᠶᠡᠷ ᠠᠮᠢ ᠠᠬᠤᠢ ᠵᠢ ᠤᠷᠢᠳ᠎ᠢᠶᠡᠷ ᠪᠤᠳᠤᠯᠬᠢᠯᠠᠬᠤ ᠪᠤᠬᠢᠷᠳᠤᠯ ᠦᠬᠡᠢ ᠬᠦᠭᠵᠢᠯᠳᠡ᠎ᠶᠢᠨ ᠵᠠᠮ᠎ᠢᠶᠡᠷ  ᠪᠦᠬᠦ ᠠᠷᠠᠳ᠎ᠢᠶᠡᠷ᠎ᠢᠶᠡᠨ ᠬᠦᠳᠡᠯᠦᠯᠴᠡᠵᠦ ᠭᠠᠷ ᠬᠤᠯᠪᠤᠯᠴᠠᠨ ᠲᠡᠮᠡᠴᠡᠭᠰᠡᠨ ᠵᠢᠡᠷ ᠡᠯᠡᠰᠦᠨ ᠴᠦᠯ ᠨᠤᠭᠤᠭᠠᠷᠠᠵᠦ᠂ ᠪᠡᠯᠴᠢᠬᠡᠷ ᠡᠪᠡᠰᠦ ᠰᠠᠢᠵᠢᠷᠠᠨ᠂ ᠭᠤᠤᠯ ᠭᠤᠷᠤᠬ᠎ᠠ ᠰᠡᠷᠬᠦᠨ᠂ ᠨᠠᠭᠤᠷ ᠪᠦᠷᠢᠲᠦ ᠮᠠᠨᠢ ᠦᠶᠡᠯᠵᠡᠨ ᠠᠮᠢᠯᠠᠭᠰᠠᠨ ᠨᠢ ᠶᠠᠭᠤᠳᠠᠢ ᠵᠠᠪᠰᠢᠶᠠᠨ᠂ ᠶᠠᠭᠤᠳᠠᠢ ᠪᠠᠶᠠᠷ᠃ 《ᠨᠠᠭᠤᠷ ᠠᠮᠤᠭᠤᠯᠠᠩ ᠪᠤᠯ ᠨᠤᠭᠤᠰᠤ ᠠᠮᠤᠭᠤᠯᠠᠩ》 ᠭᠡᠳᠡᠭ ᠦᠬᠡ ᠪᠤᠯ ᠪᠢᠳᠠᠨ᠎ᠤ ᠲᠤᠯᠢᠨ ᠴᠡᠩᠭᠡᠷ ᠤᠰᠤᠨ ᠪᠤᠯᠤᠭᠰᠠᠨ ᠨᠠᠭᠤᠷ ᠲᠠᠨ᠎ᠳᠠᠭᠠᠨ ᠠᠮᠠᠯᠠᠬᠤ ᠦᠨᠦᠳᠦᠷ᠎ᠤᠨ ᠠᠵᠢᠯ᠂ ᠢᠷᠡᠭᠡᠳᠦᠢ ᠵᠢᠨ ᠵᠤᠷᠢᠯᠭ᠎ᠠ ᠪᠤᠯᠤᠨ᠎ᠠ᠃

ᠤᠰᠤᠨ ᠴᠡᠨᠭᠭᠡᠷ ᠪᠠᠢᠭᠠᠯᠢ ᠵᠢ ᠴᠢᠨᠢ ᠰᠢᠳᠦᠵᠤ ᠶᠠᠪᠤᠨᠠᠮ ᠪᠢᠳᠡ᠂ ᠤᠶᠠᠷᠠᠯ ᠬᠠᠢᠯ᠎ᠤᠨ ᠳᠠᠭᠤᠨ᠎ᠳᠦ ᠴᠢᠨᠢ ᠰᠤᠬᠳᠤᠭᠤᠷᠠᠵᠤ ᠶᠠᠪᠤᠨᠠᠮ ᠪᠢᠳᠡ᠂ ᠤᠭᠤᠷᠠᠭ ᠴᠠᠭᠠᠨ ᠰᠢᠮ᠎ᠡ ᠵᠢ ᠴᠢᠨᠢ ᠬᠦᠷᠳᠡᠵᠦ ᠶᠠᠪᠤᠨᠠᠮ ᠪᠢᠳᠡ᠃ ᠴᠡᠭᠡᠯ᠎ᠤᠨ ᠠᠷᠢᠭᠤᠨ ᠤᠰᠤᠨ ᠲᠠᠨᠢ ᠰᠢᠷᠬᠢᠰᠢ ᠦᠭᠡᠢ ᠤᠨᠳᠤᠷᠤᠭᠠᠰᠠᠢ᠂ ᠴᠡᠨᠭᠭᠡᠯ᠎ᠤᠨ ᠲᠠᠬᠱ᠌ᠢᠨ ᠤᠷᠤᠨ ᠲᠠᠨᠢ ᠴᠡᠯ ᠨᠤᠭᠤᠭᠠᠨ ᠵᠢᠨᠷ ᠵᠢᠡᠨ ᠮᠦᠨᠭᠭᠡᠵᠢᠭᠡᠰᠠᠢ᠂ ᠴᠡᠴᠡᠨ ᠤᠬᠠᠭᠠᠨᠲᠤ ᠲᠦᠮᠡᠨ ᠲᠠᠨᠢ ᠦᠶᠦᠭ ᠲᠠᠪᠠᠲᠠᠢ ᠵᠢᠷᠭᠠᠭᠠᠰᠠᠢ!

ᠲᠠ ᠮᠢᠨᠢ ᠡᠬᠦᠷᠢᠳᠡ ᠠᠷᠢᠭᠤᠨ ᠴᠡᠩᠬᠡᠭ᠎ᠢᠶᠡᠷ᠎ᠢᠶᠡᠨ ᠪᠠᠢᠬᠤ᠎ᠵᠢ ᠬᠦᠰᠡᠨ ᠵᠦᠩᠨᠡᠶ᠎ᠠ᠃

《ᠲᠤᠯᠢᠨ ᠴᠡᠩᠭᠡᠷ ᠤᠰᠤᠨ》 ᠨᠠᠭᠤᠷ ᠪᠦᠷᠢᠳᠦ ᠵᠢᠨ ᠰᠢᠷᠢᠰ ᠰᠤᠷᠪᠤᠯᠵᠢᠯᠠᠭ᠎ᠠ ᠵᠢᠨ ᠪᠦᠯᠬᠦᠮ ᠡᠴᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面