2026-11-16 17:10:34
ᠥᠪᠥᠷ ᠮᠣᠩᠭᠣᠯ ᠪᠣᠯ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨᠤ ᠬᠠᠯᠬᠠᠪᠴᠢ ᠪᠤᠯᠬᠤ ᠪᠦᠭᠡᠳ ᠪᠦᠬᠦ ᠤᠯᠤᠰ ᠤ᠋ᠨ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠭᠣᠣᠯ ᠳᠠᠢᠯᠠᠯᠳᠤᠭᠠᠨ ᠤ᠋ ᠲᠠᠯᠠᠪᠤᠷ ᠪᠣᠯᠤᠨ᠎ᠠ᠃ ᠣᠷᠳᠣᠰ ᠤ᠋ᠨ ᠮᠣᠣᠠᠤᠰᠤ ᠵᠢᠨ ᠡᠯᠡᠰᠦᠷᠬᠡᠭ ᠭᠠᠵᠠᠷ ᠤ᠋ᠨ ᠪᠣᠷᠣᠯᠲᠠᠢ᠂ ᠬᠥᠪᠴᠢ ᠵᠢᠨ ᠡᠯᠡᠰᠦᠨ ᠴᠦᠯ ᠤ᠋ᠨ ᠦᠷᠭᠡᠨᠳᠠᠯᠠᠢ᠂ ᠠᠯᠠᠱᠠ ᠵᠢᠨ ᠭᠣᠪᠢ ᠴᠦᠯ ᠳ᠋ᠦ᠍ ᠵᠠᠭ ᠮᠣᠳᠣ ᠲᠠᠷᠢᠭᠰᠠᠨ ᠰᠦᠭᠡ᠂ ᠬᠣᠷᠴᠢᠨ ᠤ᠋ ᠡᠯᠡᠰᠦᠷᠭᠡᠭ ᠭᠠᠵᠠᠷ ᠲᠦ᠍ 35 ᠵᠢᠯ ᠦᠨᠳᠤᠰᠤ ᠬᠠᠳᠬᠤᠭᠰᠠᠨ ᠴᠣᠭᠲᠣ᠂ ᠰᠢᠨ᠎ᠡ ᠴᠠᠭ ᠦᠶ᠎ᠡ ᠵᠢᠨ ᠳ᠋ᠧᠩᠺᠧᠦ ᠰᠢᠶᠠᠨ ᠤ᠋ 《ᠤᠮᠠᠷᠠᠳᠤ ᠵᠢᠨ ᠭᠤᠷᠪᠠᠨ ᠤᠷᠤᠨ》 ᠤ᠋ ᠡᠯᠡᠰᠤ ᠵᠠᠰᠠᠬᠤ ᠵᠠᠯᠠᠭᠤᠴᠤᠳ ᠤ᠋ᠨ ᠠᠩᠬᠢ ᠁ ᠦᠶ᠎ᠡ ᠵᠢᠨ ᠦᠶ᠎ᠡ ᠵᠢᠨ ᠡᠯᠡᠰᠤ ᠵᠠᠰᠠᠭᠴᠢᠳ ᠮᠤᠳᠤ ᠲᠠᠷᠢᠵᠤ ᠨᠤᠭᠤᠭᠠᠷᠠᠭᠤᠯᠤᠯᠳᠠ ᠬᠢᠵᠤ᠂ ᠡᠯᠡᠰᠤᠷᠭᠡᠭᠵᠢᠯ ᠢ᠋ ᠰᠠᠷᠭᠡᠢᠯᠡᠨ ᠡᠯᠡᠰᠤ ᠵᠢ ᠵᠠᠰᠠᠵᠤ᠂ ᠦᠵᠡᠰᠬᠦᠯᠠᠡᠭᠳᠤ ᠰᠠᠢᠬᠠᠨ ᠭᠡᠷ ᠤᠷᠤᠨ ᠵᠢᠡᠨ ᠰᠠᠬᠢᠨ ᠬᠠᠮᠠᠭᠠᠯᠠᠵᠤ ᠢᠷᠡᠪᠠ᠃ ᠶᠢᠨ ᠢᠦᠢ ᠵᠧᠨ ᠪᠣᠯ ᠲᠡᠳᠡ ᠨᠠᠷ ᠤ᠋ᠨ ᠳᠣᠲᠣᠷᠠᠬᠢ ᠨᠢᠭᠡᠨ ᠪᠤᠯᠬᠤ ᠶᠤᠮ᠃ ᠳᠡᠷᠡ 40 ᠭᠠᠷᠤᠢ ᠵᠢᠯᠤᠨ ᠲᠤᠷᠰᠢ ᠮᠤᠤᠠᠤᠰᠤ ᠵᠢᠨ ᠡᠯᠡᠰᠤᠷᠭᠡᠭ ᠭᠠᠵᠠᠷ ᠲᠦ᠍ 7 ᠲᠦᠮᠡ ᠭᠠᠷᠤᠢ ᠮᠦ᠍ ᠮᠤᠳᠤ ᠲᠠᠷᠢᠵᠤ ᠤᠢᠵᠢᠭᠤᠯᠤᠨ᠂ ᠨᠡᠯᠦᠭᠡᠷ ᠶᠡᠬᠡ ᠡᠯᠡᠰᠦᠵᠢ ᠨᠤᠮᠢᠨ ᠨᠣᠭᠣᠭᠠᠨ ᠪᠦᠷᠢᠳᠤ ᠪᠤᠯᠭᠠᠭᠰᠠᠨᠵᠢᠡᠷ ᠪᠠᠷᠠᠬᠤ ᠦᠭᠡᠢ ᠡᠯᠡᠰᠦᠨ ᠤ᠋ ᠠᠵᠤ ᠦᠢᠯᠡᠰ ᠵᠢᠡᠷ ᠠᠷᠠᠳ ᠢ᠋ ᠪᠠᠶᠠᠵᠢᠭᠤᠯᠬᠤ ᠵᠠᠮ ᠢ᠋ ᠬᠠᠢᠨ ᠰᠦᠪᠡᠭᠴᠢᠯᠡᠵᠦ᠂ ᠠᠮᠢ ᠠᠬᠤᠢ ᠠᠵᠤ ᠠᠬᠤᠢ ᠵᠢᠨ ᠬᠤᠤᠰ ᠦᠷ᠎ᠡ ᠠᠰᠢᠭ ᠢ᠋ ᠬᠦᠷᠳᠡᠨ᠂ ᠨᠢᠭᠡᠨ ᠡᠭᠡᠯ ᠵᠢᠷ ᠤ᠋ᠨ ᠳᠠᠷᠢᠶᠠᠴᠢᠨ ᠢᠲ᠋ᠠᠯᠢ ᠵᠢᠨ ᠷᠤᠮᠠ ᠳ᠋ᠤ ᠬᠦᠷᠴᠦ᠂ ᠤᠯᠠᠨ ᠤᠯᠤᠰ ᠤ᠋ᠨ ᠬᠤᠯᠪᠤᠭᠠᠳᠤ ᠪᠠᠢᠭᠤᠯᠭ᠎ᠠ ᠵᠢᠨ ᠱᠠᠩᠨᠠᠯ ᠢ᠋ ᠲᠤᠰᠤᠭᠰᠠᠨ ᠪᠠᠢᠨ᠎ᠠ᠃

40 ᠵᠢᠯᠤᠨ ᠪᠠᠷᠢᠮᠳᠠᠯᠠᠯ
ᠰᠢᠷᠭᠠᠯ ᠡᠯᠡᠰᠦᠨ ᠳ᠋ᠦ᠍ ᠮᠣᠳᠣᠲᠠᠷᠢᠵᠤ ᠡᠬᠢᠯᠡᠪᠠ
1985 ᠣᠨ ᠳ᠋ᠤ᠌᠂ 19 ᠨᠠᠰᠤᠲᠠᠢ ᠶᠢᠨ ᠢᠦᠢ ᠵᠧᠨ ᠱᠠᠨᠰᠢ ᠮᠤᠵᠢ ᠵᠢᠨ ᠵᠢᠩ ᠪᠢᠶᠠᠨ ᠰᠢᠶᠠᠨ ᠡᠴᠡ ᠮᠣᠤᠠᠣᠰᠤ ᠵᠢᠨ ᠡᠯᠡᠰᠦᠷᠬᠡᠭ ᠭᠠᠵᠠᠷ ᠲᠦ᠍ ᠪᠠᠢᠷᠢᠰᠢᠵᠤ ᠪᠠᠢᠭ᠎ᠠ ᠵᠢᠩ ᠪᠧᠢ ᠲᠠᠩ ᠨᠤᠳᠤᠭᠤᠨ ᠪᠠᠷᠢ ᠪᠤᠯᠵᠤ ᠮᠤᠷᠳᠠᠵᠤ ᠢᠷᠠᠪᠠ᠃ ᠡᠨᠳᠡᠬᠢ ᠨᠢ ᠣᠷᠳᠣᠰ ᠬᠣᠲᠠ ᠵᠢᠨ ᠦᠦᠰᠢᠨ ᠬᠣᠰᠢᠭᠤ ᠵᠢᠨ ᠰᠢᠷ᠎ᠠ ᠤᠰᠤᠨ ᠭᠤᠤᠯ ᠪᠠᠯᠭᠠᠰᠤᠨ ᠳ᠋ᠤ ᠬᠠᠷᠢᠶᠠᠯᠠᠭᠳᠠᠵᠤ᠂ ᠡᠯᠡᠰᠦᠨ ᠳᠣᠪᠣ ᠦᠷᠭᠦᠯᠵᠢᠯᠡᠨ᠂ ᠵᠢᠯ ᠳᠤᠷᠰᠢ ᠡᠯᠡᠰᠤᠨ ᠰᠢᠭᠤᠷᠭ᠎ᠠ ᠪᠤᠰᠴᠦ᠂ ᠰᠢᠷ᠎ᠠ ᠡᠯᠡᠰᠦ ᠡᠳᠦᠷ ᠤ᠋ᠨ ᠨᠠᠷᠠᠨ ᠢ᠋ ᠬᠠᠯᠬᠠᠯᠠᠵᠤ᠂ ᠬᠡᠭᠡᠨ ᠡᠳᠦᠷ ᠲᠦ᠍ ᠬᠡᠷᠡᠯᠳᠤ ᠳ᠋ᠧᠩ ᠵᠤᠯᠠ ᠠᠰᠠᠭᠠᠳᠠᠭ ᠪᠠᠢᠯ᠎ᠠ᠃ ᠰᠠᠯᠬᠢ ᠰᠢᠭᠤᠷᠭ᠎ᠠ ᠲᠡᠭᠳᠡᠮᠡᠭᠴᠠ ᠡᠭᠦᠳᠡ ᠴᠣᠩᠬᠣ ᠨᠢ ᠪᠤᠯᠠᠭᠳᠠᠵᠤ᠂ ᠥᠷᠯᠥᠭᠡ ᠪᠦᠷᠢ ᠬᠦᠷᠵᠡ ᠠᠳᠬᠤᠨ ᠡᠯᠡᠰᠦᠵᠢ ᠠᠷᠢᠯᠭᠠᠪᠠᠯ ᠰᠠᠶᠢ ᠡᠭᠦᠳᠡ ᠪᠠᠨ ᠨᠡᠭᠡᠭᠡᠵᠤ ᠳᠡᠢᠯᠳᠡᠭ; ᠰᠠᠶᠢᠬᠠᠨ ᠤᠷᠭᠤᠭᠰᠠᠨ ᠳᠠᠷᠢᠶ᠎ᠠ ᠨᠢ ᠨᠢᠭᠡ ᠯᠡ ᠰᠥᠨᠢ ᠵᠢᠨ ᠬᠣᠭᠣᠷᠣᠨᠳᠣ ᠡᠯᠡᠰᠤᠨ ᠳ᠋ᠤ ᠳᠠᠷᠤᠭᠳᠠᠵᠤ ᠮᠡᠳᠡᠳᠡᠭ ᠁ ᠡᠢᠮᠦ ᠪᠠᠢᠳᠠᠯ ᠳ᠋ᠤ᠌᠂ ᠳᠡᠷᠡ ᠬᠤᠪᠢ ᠵᠠᠶᠠᠭ᠎ᠠ ᠳ᠋ᠡᠭᠠᠨ ᠭᠤᠨᠢᠵᠤ ᠭᠤᠳᠤᠷᠠᠵᠤ ᠰᠠᠭᠤᠭᠰᠠᠨ ᠦᠭᠡᠢ ᠬᠠᠷᠢᠨ 《ᠮᠤᠳᠤ ᠳᠠᠷᠢᠭᠠᠳ ᠶᠠᠳᠠᠷᠠᠵᠤ ᠦᠭᠦᠭᠦ ᠡᠴᠡ ᠪᠢᠰᠢ ᠡᠯᠡᠰᠤ ᠪᠡᠷ ᠳᠠᠷᠤᠯᠠᠭᠤᠯᠵᠤ ᠦᠬᠦᠵᠤ ᠪᠤᠯᠬᠤ ᠦᠭᠡᠢ!》 ᠭᠡᠰᠡᠨ ᠳᠠᠩᠭᠠᠷᠢᠭ ᠳᠠᠯᠪᠢᠵᠤ ᠪᠢᠯᠡ᠃
1986 ᠣᠨ ᠤ᠋ ᠬᠠᠪᠤᠷ ᠶᠢᠨ ᠢᠦᠢ ᠵᠧᠨ ᠡᠯᠡᠰᠦᠷᠭᠡᠭ ᠭᠠᠵᠠᠷ ᠲᠤ᠌ ᠮᠣᠳᠣ ᠵᠢ ᠳᠠᠷᠢᠵᠤ ᠨᠤᠭᠤᠷᠠᠭᠤᠯᠤᠯᠳᠠ ᠬᠢᠵᠤ ᠡᠬᠢᠯᠡᠪᠠ᠃ ᠲᠡᠭᠦᠨ ᠡᠴᠡ ᠬᠣᠢᠰᠢᠬᠢ ᠡᠳᠤᠷᠤᠳ ᠲᠦ᠍ ᠲᠡᠷᠡ ᠡᠷᠲᠡᠯᠡᠵᠦ ᠤᠷᠤᠢᠯᠠᠨ ᠨᠠᠷᠠᠨᠤ ᠬᠤᠶᠠᠷ ᠦᠵᠦᠬᠦᠷᠵᠢᠡᠷ ᠮᠠᠬᠠᠷᠠᠨ ᠠᠵᠢᠯᠯᠠᠵᠤ᠂ ᠦᠪᠡᠷᠤᠨ ᠬᠦᠯᠤᠰᠤᠨ ᠠᠵᠢᠯ ᠬᠢᠵᠤ ᠤᠯᠤᠭᠰᠠᠨ ᠬᠠᠷᠠᠮᠵᠢ ᠮᠦᠩᠭᠦ ᠪᠠ ᠬᠣᠨᠢ ᠢᠮᠠᠭ᠎ᠠ ᠪᠠᠨ ᠬᠤᠳᠠᠯᠳᠤᠭᠰᠠᠨ ᠮᠦᠡᠭᠬᠦ ᠪᠠᠷᠵᠢᠡᠨ ᠮᠤᠳᠤᠨ ᠴᠢᠬᠢ ᠬᠤᠳᠠᠯᠳᠤᠨ ᠠᠪᠴᠦ ᠮᠤᠳᠤ ᠲᠠᠷᠢᠵᠤ ᠡᠯᠡᠰᠤᠵᠢ ᠲᠤᠭᠳᠠᠪᠤᠷᠢᠵᠢᠭᠤᠯᠪᠠ᠃ ᠲᠠᠷᠠ ᠪᠠᠰᠠ ᠨᠥᠬᠥᠷ ᠪᠠᠢ ᠸᠠᠨ ᠰᠢᠶᠠᠩ ᠲᠠᠢ ᠪᠠᠨ ᠬᠠᠮᠳᠤ ᠠᠷᠪᠠᠨ ᠬᠡᠳᠦᠨ ᠭᠠᠵᠠᠷ ᠠᠶᠠᠯᠠᠨ ᠪᠠᠢᠵᠤ ᠡᠯᠡᠰᠤᠨᠳᠤ ᠮᠤᠳᠤ ᠲᠠᠷᠢᠵᠤ᠂ ᠡᠬᠦᠨᠳᠤ ᠲᠤᠷᠰᠢᠯᠭ᠎ᠠ ᠳᠤᠳᠠᠮᠠᠭ ᠡᠴᠡ ᠪᠤᠯᠵᠤ ᠲᠠᠷᠢᠭᠰᠠᠨ ᠮᠣᠳᠣᠨ ᠴᠢᠬᠢ ᠨᠢ ᠨᠢᠭᠡᠯᠡ ᠤᠳᠠᠭᠠᠨ ᠤ᠋ ᠡᠯᠡᠰᠤᠨ ᠰᠢᠭᠤᠷᠭᠠᠨ ᠳ᠋ᠤ ᠶᠡᠬᠡᠩᠬᠢ ᠬᠠᠭᠠᠰ ᠨᠢ ᠪᠤᠯᠠᠭᠳᠠᠴᠢᠬᠠᠳᠠᠭ᠂ ᠲᠠᠬᠦᠨᠤ ᠭᠠᠷ ᠤ᠋ᠨ ᠠᠯᠠᠭᠠᠨ ᠳ᠋ᠡᠬᠢ ᠴᠢᠰᠤᠨ ᠴᠥᠪᠥᠷᠢᠭᠦᠦ ᠨᠢ ᠬᠠᠭᠠᠷᠠᠵᠤ᠂ ᠬᠡᠴᠢᠨᠡᠨ ᠶᠠᠳᠠᠵᠤ ᠵᠦᠳᠡᠵᠤ ᠪᠠᠢᠭᠰᠠᠨ ᠭᠡᠳᠡᠭ ᠢ᠋ ᠨᠡᠩ ᠴᠦ᠍ ᠶᠠᠭᠤᠨ ᠦᠭᠦᠯᠡᠭᠦ ᠠᠵᠢ᠃ ᠭᠡᠪᠠᠴᠤ ᠲᠠᠷᠠ 《ᠮᠤᠳᠤ ᠳᠠᠷᠢᠵᠤ ᠡᠯᠡᠰᠤᠵᠢ ᠲᠤᠭᠳᠠᠪᠤᠷᠢᠵᠢᠭᠤᠯᠤᠨ᠎ᠠ》 ᠭᠡᠰᠡᠨ ᠬᠠᠷᠠᠯᠳᠠ ᠵᠤᠷᠢᠯᠳᠠᠵᠢᠨᠵᠢᠡᠨ ᠲᠦᠯᠦᠭᠡ ᠬᠠᠷᠰᠢ ᠰᠠᠭᠠᠳᠢ ᠢᠯᠡᠨ ᠲᠠᠪᠠᠵᠤ᠂ ᠬᠠᠯᠠᠰᠢᠷᠠᠯ ᠦᠭᠡᠢ ᠴᠢᠷᠮᠠᠢᠨ ᠠᠵᠢᠯᠯᠠᠵᠤ ᠢᠷᠠᠪᠠ᠃

ᠠᠩᠬᠠᠨᠤ ᠠᠯᠬᠤᠭ᠎ᠠ
7 ᠲᠦᠮᠡᠨ ᠮᠦ᠍ ᠡᠯᠡᠰᠦ ᠵᠢ ᠨᠤᠭᠤᠭᠠᠷᠠᠭᠤᠯᠪᠠ
ᠶᠢᠨ ᠢᠦᠢ ᠵᠧᠨ ᠭᠡᠵᠤ ᠵᠤᠷᠢᠭ ᠰᠦᠰᠤ ᠲᠠᠢ ᠪᠦᠰᠡᠬᠦᠢ᠃ ᠨᠢᠭᠡ ᠤᠳᠠᠭ᠎ᠠ ᠵᠢᠨ ᠡᠯᠡᠰᠦᠨ ᠰᠢᠭᠤᠷᠭ᠎ᠠ ᠳ᠋ᠤ ᠲᠡᠭᠦᠨ ᠤ᠋ ᠰᠠᠶᠢᠬᠠᠨ ᠲᠠᠷᠢᠬᠰᠠᠨ ᠬᠡᠳᠦᠨ ᠵᠠᠭᠤᠨ ᠴᠢᠬᠢ ᠮᠣᠳᠣ᠌ ᠨᠢ ᠪᠤᠯᠠᠭᠳᠠᠪᠠ᠂ ᠡᠬᠦᠨᠳᠤ ᠲᠠᠷᠠ ᠡᠯᠡᠰᠦᠨ ᠳᠣᠪᠣᠴᠠᠭ ᠳᠡᠭᠡᠷ᠎ᠡ ᠰᠠᠭᠤᠨ ᠪᠦᠲᠦᠨ ᠰᠥᠨᠢ ᠤᠬᠢᠯᠠᠪᠠ᠃ ᠬᠡᠪᠡᠴᠦ ᠲᠡᠭᠷᠢ ᠭᠡᠭᠡᠷᠡᠮᠡᠭᠴᠡ ᠳᠡᠷᠡ ᠬᠦᠷᠵᠡ ᠪᠠᠨ ᠡᠭᠦᠷᠦᠨ ᠳᠠᠬᠢᠨ ᠮᠤᠳᠤ ᠪᠠᠨ ᠲᠠᠷᠢᠵᠤ ᠡᠬᠢᠯᠡᠵᠡᠢ᠃
ᠲᠡᠷᠡ ᠳᠠᠬᠢᠨ ᠳᠠᠪᠲᠠᠨ ᠬᠠᠢᠨ ᠰᠦᠪᠡᠭᠴᠢᠯᠡᠭᠰᠡᠭᠡᠷ ᠪᠠᠢᠵᠤ ᠡᠯᠡᠰᠦ ᠵᠢ ᠲᠣᠭᠲᠠᠪᠤᠷᠢᠵᠢᠭᠤᠯᠬᠤ ᠨᠢᠭᠡᠨ ᠲᠥᠬᠥᠷ ᠨᠤᠳᠤᠭ ᠤ᠋ᠨ ᠠᠷᠭ᠎ᠠ ᠵᠢ ᠳ᠋ᠦᠩᠨᠡᠨ ᠭᠠᠷᠭᠠᠪᠠ᠄ ᠤᠷᠢᠳ ᠵᠢᠠᠷ ᠰᠢᠷ᠎ᠠ ᠰᠢᠪᠠᠭ ᠵᠢᠡᠷ ᠡᠪᠡᠰᠦᠨ ᠳᠥᠷᠪᠡᠯᠵᠢ ᠪᠤᠰᠬᠠᠵᠤ ᠨᠡᠭᠦᠳᠡᠯ ᠡᠯᠡᠰᠤ ᠵᠢ ᠳᠤᠭᠳᠠᠪᠤᠷᠢᠵᠢᠭᠤᠯᠤᠨ᠎ᠠ; ᠵᠠᠯᠭᠠᠭᠠᠳ ᠡᠯᠡᠰᠤᠨ ᠪᠤᠷᠭᠠᠰᠤ᠂ ᠨᠠᠢᠯᠵᠠᠭᠤᠷ ᠬᠠᠷᠭᠠᠨ᠎ᠠ ᠵᠡᠷᠭᠡ ᠪᠤᠳᠠ ᠮᠤᠳᠤ ᠲᠠᠷᠢᠵᠤ ᠡᠯᠡᠰᠤ ᠵᠢ ᠴᠢᠨᠠᠭᠰᠢᠳᠠ ᠳᠤᠭᠳᠠᠪᠤᠷᠢᠵᠢᠭᠤᠯᠤᠭᠰᠠᠨ ᠤ᠋ ᠳᠠᠷᠠᠭ᠎ᠠ ᠤᠯᠢᠶᠠᠰᠤᠨ ᠮᠣᠳᠣ᠂ ᠬᠠᠢᠯᠠᠰᠤᠨ ᠮᠣᠳᠣ ᠵᠡᠷᠭᠡ ᠳᠤᠷᠤᠭ ᠮᠣᠳᠣ ᠵᠢ ᠲᠠᠷᠢᠵᠤ ᠤᠷᠭᠤᠭᠤᠯᠤᠨ᠎ᠠ᠃ ᠳᠠᠪᠬᠤᠷ ᠳᠠᠪᠬᠤᠷ ᠰᠡᠷᠭᠡᠢᠯᠡᠯᠲᠡ ᠪᠡᠷ ᠳᠠᠮᠵᠢᠨ ᠮᠣᠳᠣᠨ ᠴᠢᠬᠢ ᠵᠢᠨ ᠡᠳᠡᠭᠡᠷᠡᠯᠲᠡ ᠵᠢᠨ ᠨᠣᠷᠮ᠎ᠠ ᠵᠢ ᠶᠡᠭᠡ ᠪᠡᠷ ᠳᠡᠭᠡᠭᠰᠢᠯᠡᠭᠦᠯᠪᠡ᠃
40 ᠭᠠᠷᠤᠢ ᠵᠢᠯ ᠤ᠋ᠨ ᠲᠤᠷᠰᠢ᠂ ᠲᠡᠷᠡ ᠡᠳᠦᠷ ᠪᠦᠷᠢ ᠡᠯᠡᠰᠤᠨ ᠳ᠋ᠤ ᠨᠦᠬᠡ ᠮᠠᠯᠲᠠᠵᠤ᠂ ᠴᠢᠬᠢ ᠰᠠᠭᠤᠯᠭᠠᠨ᠂ ᠤᠰᠤ ᠳᠠᠮᠨᠠᠵᠤ᠂ ᠮᠦᠷᠦ ᠳᠠᠯᠤ ᠨᠢ ᠰᠢᠯᠪᠤᠷᠠᠵᠤ ᠭᠠᠷ ᠨᠢ ᠡᠪᠡᠷᠰᠢᠵᠤ᠂ ᠨᠢᠭᠤᠷ ᠴᠢᠷᠠᠢ ᠨᠢ ᠪᠤᠷᠤᠯᠠᠨ᠂ ᠨᠠᠰᠤᠨ ᠡᠴᠡ ᠪᠠᠨ ᠡᠷᠳᠡ ᠦᠳᠡᠯᠦᠭᠰᠡᠨ ᠪᠤᠯᠪᠠᠴᠦ ᠳᠡᠭᠦᠨ ᠤ᠋ ᠤᠢᠵᠢᠭᠤᠯᠤᠯᠳᠠ ᠵᠢᠨ ᠳᠠᠯᠠᠪᠠᠢ ᠨᠢ ᠴᠦ᠍ ᠤᠯᠠᠮ ᠵᠢᠡᠷ ᠥᠷᠭᠡᠵᠢᠵᠡᠢ᠃ ᠤᠳᠤ ᠪᠤᠯᠳᠠᠯ᠎ᠠ ᠶᠢᠨ ᠢᠦᠢ ᠵᠧᠨ ᠨᠡᠢᠲᠡ 7 ᠲᠦᠮᠡ ᠭᠠᠷᠤᠢ ᠮᠦ᠍ᠵᠢᠨ ᠡᠯᠡᠰᠦᠵᠢ ᠵᠠᠰᠠᠵᠤ᠂ ᠰᠢᠷᠬᠡᠭ ᠡᠪᠡᠰᠦ ᠤᠷᠭᠤᠬᠤ ᠦᠭᠡᠢ ᠪᠠᠢᠭᠰᠠᠨ ᠨᠡᠯᠦᠭᠡᠷ ᠡᠯᠡᠰᠤ ᠵᠢ ᠣᠢ ᠮᠤᠳᠤ ᠡᠪᠡᠰᠦ ᠤᠷᠭᠤᠮᠠᠯ ᠰᠠᠬᠤᠯᠢᠭᠵᠢᠬᠰᠡᠨ ᠨᠣᠭᠣᠭᠠᠨ ᠪᠦᠷᠢᠳᠦ ᠪᠣᠯᠭᠠᠭᠰᠠᠨ ᠪᠠᠢᠨ᠎ᠠ᠃ ᠣᠳᠣᠬᠠᠨ ᠳ᠋ᠤ᠌᠂ ᠦᠦᠰᠢᠨ ᠬᠤᠰᠢᠭᠤᠨ ᠤ᠋ ᠬᠢᠯᠢ ᠳᠤᠳᠤᠷᠠᠬᠢ ᠮᠣᠤᠠᠣᠰᠤ ᠵᠢᠨ ᠡᠯᠡᠰᠦᠷᠬᠡᠭ ᠭᠠᠵᠠᠷ ᠢ᠋ ᠵᠠᠰᠠᠭᠰᠠᠨ ᠲᠠᠯᠠᠪᠠᠢ ᠨᠢᠭᠡᠨᠲᠡ 839.39 ᠲᠦᠮᠡᠨ ᠮᠦ᠍ ᠳ᠋ᠦ᠍ ᠬᠦᠷᠴᠦ᠂ ᠵᠠᠰᠠᠯᠳᠠ ᠵᠢᠨ ᠨᠣᠷᠮ᠎ᠠ 85% ᠳ᠋ᠤ᠌ ᠬᠦᠷᠴᠦ᠂ ᠣᠢ ᠰᠢᠭᠤᠢ ᠵᠢᠨ ᠪᠦᠷᠬᠦᠴᠡ 32.92% ᠲᠤ᠌ ᠬᠦᠷᠴᠤ᠂ ᠡᠯᠡᠰᠤᠨ ᠰᠢᠭᠤᠷᠭ᠎ᠠ ᠡᠴᠡ ᠳᠤᠳᠠᠭᠠᠭᠰᠠᠨ ᠭᠤᠷᠭᠤᠤᠯ᠂ ᠲᠠᠤᠯᠠᠢ᠂ ᠦᠨᠡᠭᠡ᠂ ᠱᠠᠭᠠᠵᠠᠭᠠᠢ ᠮᠡᠳᠤᠵᠢᠨ ᠠᠮᠢᠳᠠᠳ ᠪᠤᠴᠠᠨ ᠢᠷᠡᠵᠤ᠂ ᠡᠨᠳᠠᠬᠢ ᠤᠢᠳᠤ ᠤᠷᠤᠰᠢᠨ ᠠᠮᠢᠳᠤᠷᠠᠬᠤ ᠪᠤᠯᠵᠠᠢ᠃ ᠡᠬᠦᠨᠤ ᠬᠠᠮᠳᠤ ᠶᠢᠨ ᠢᠤᠢ ᠵᠸᠨᠤ ᠳᠠᠢᠴᠢᠯᠠᠯᠲᠠ ᠳᠤᠤᠷ᠎ᠠ ᠲᠤᠰ ᠬᠤᠰᠢᠭᠤᠨ ᠳ᠋ᠤ᠌ 3000 ᠭᠠᠷᠤᠢ ᠮᠦ᠍ ᠲᠠᠯᠠᠪᠠᠢ ᠲᠠᠢ ᠤᠢ ᠮᠣᠳᠣ ᠲᠠᠷᠢᠵᠤ ᠣᠢᠵᠢᠭᠤᠯᠤᠭᠰᠠᠨ ᠲᠣᠮᠣ ᠡᠷᠦᠬᠡ 240 ᠭᠠᠷᠤᠢ ᠪᠤᠯᠵᠠᠢ᠃

ᠶᠢᠨ ᠢᠤᠢ ᠵᠸᠨ ᠪᠤᠯᠤᠨ ᠰᠠᠢᠺᠤᠰ 《ᠨᠦᠬᠦᠷᠯᠠᠯᠤᠨ ᠮᠤᠳᠤ》 ᠵᠠᠢᠯᠠᠯᠠ
ᠵᠠᠭᠤ ᠭᠠᠷᠤᠢ ᠲᠦᠮᠡᠨ ᠲᠦᠭᠦᠷᠢᠭ ᠤ᠋ᠨ ᠤᠷᠤᠯᠭ᠎ᠠ ᠡᠬᠦᠳᠪᠠ
ᠤᠢᠵᠢᠭᠤᠯᠤᠯᠳᠠ ᠨᠤᠭᠤᠭᠠᠷᠠᠭᠤᠯᠤᠯᠳᠠ ᠪᠡᠷ ᠳᠠᠮᠵᠢᠨ ᠰᠠᠯᠬᠢ ᠵᠢ ᠬᠠᠯᠬᠠᠯᠠᠵᠤ ᠡᠯᠡᠰᠦ ᠵᠢ ᠲᠣᠭᠲᠠᠪᠤᠷᠢᠵᠢᠭᠤᠯᠤᠭᠰᠠᠨ ᠤ᠋ ᠳᠠᠷᠠᠭ᠎ᠠ᠂ ᠶᠢᠨ ᠢᠦᠢ ᠵᠧᠨ ᠪᠠᠰᠠ ᠡᠯᠡᠰᠤᠷᠭᠡᠭ ᠭᠠᠵᠠᠷ ᠤ᠋ᠨ ᠨᠦᠭᠡᠴᠡ ᠬᠦᠴᠦᠨ ᠢ᠋ ᠠᠭᠤᠳᠠᠯᠯᠠᠪᠠ᠃
ᠵᠠᠰᠠᠯᠳᠠ ᠵᠢᠨ ᠳᠠᠷᠠᠭᠠᠬᠢ ᠡᠯᠡᠰᠦᠷᠭᠡᠭ ᠭᠠᠵᠠᠷ ᠤ᠋ᠨ ᠬᠥᠷᠥᠰᠥ ᠰᠢᠷᠣᠢ ᠨᠢ ᠰᠡᠢᠷᠡᠭ᠂ ᠨᠠᠷᠠᠨ ᠤ᠋ ᠲᠤᠰᠤᠯᠲᠠ ᠭᠦᠢᠴᠡᠳ᠂ ᠰᠢᠮ᠎ᠡ ᠰᠠᠢᠳᠠᠢ ᠠᠮᠤ ᠲᠠᠷᠢᠬᠤᠳᠤ ᠲᠣᠬᠢᠷᠠᠮᠵᠢᠲᠠᠢ ᠭᠡᠳᠡᠭ ᠢ᠋ ᠳᠡᠷᠡ ᠤᠬᠠᠵᠠᠢ᠃ ᠳᠡᠭᠡᠭᠡᠳ ᠳᠡᠷᠡ ᠡᠯᠡᠰᠦ ᠵᠢ ᠵᠠᠰᠠᠬᠤ ᠦᠢᠯᠡᠰ ᠢ᠋ ᠠᠮᠢ ᠠᠬᠤᠢ ᠵᠢᠨ ᠦᠢᠯᠡᠰ ᠲᠠᠢ ᠠᠭᠤᠰᠤᠯᠴᠠᠭᠤᠯᠤᠨ ᠬᠥᠭᠵᠢᠬᠦᠯᠬᠦ ᠵᠢ ᠰᠠᠨᠠᠭᠠᠴᠢᠯᠠᠪᠠ᠃ 2005 ᠣᠨ ᠳ᠋ᠤ᠌ ᠲᠡᠷᠡ 500 ᠮᠦ᠍ ᠡᠯᠡᠰᠦᠨ ᠴᠦᠯ ᠤ᠋ᠨ ᠨᠣᠭᠣᠭᠠᠨ ᠪᠦᠷᠢᠳᠦ ᠵᠢᠨ ᠠᠮᠢ ᠠᠬᠤᠢ ᠵᠢᠨ ᠬᠦᠷᠢᠶᠡᠯᠡᠩ ᠢ᠋ ᠪᠦᠳᠦᠭᠡᠨ ᠪᠠᠢᠭᠤᠯᠵᠤ᠂ ᠬᠦᠷᠢᠶᠡᠯᠡᠩ ᠳ᠋ᠦ᠍ ᠡᠷᠳᠡᠨᠢ ᠰᠢᠱᠢ᠂ ᠲᠠᠷᠪᠤᠰ᠂ ᠢᠩᠲᠣᠣᠷ ᠵᠡᠷᠭᠡ ᠡᠯᠳᠡᠪ ᠠᠮᠤ ᠵᠢᠮᠢᠰ ᠪᠠ ᠨᠣᠭᠣᠭ᠎ᠠ ᠳᠠᠷᠢᠨ᠂ ᠣᠷᠬᠣᠳᠠᠢ᠂ ᠯᠠᠩᠭᠤᠸᠠ ᠵᠢ ᠴᠦ᠍ ᠳᠠᠷᠢᠵᠤ ᠤᠷᠭᠤᠭᠤᠯᠤᠭᠠᠳ ᠠᠮᠵᠢᠯᠳᠠ ᠤᠯᠪᠠ᠂ ᠪᠠᠰᠠ 30 ᠮᠦ᠍ ᠡᠯᠡᠰᠦᠨᠤ᠋ ᠰᠠᠷᠭᠠᠢ ᠲᠠᠷᠢᠵᠤ᠂ ᠡᠳ᠋ᠰᠢᠭᠦᠯᠦᠭᠰᠡᠨ ᠰᠠᠷᠭᠠᠢ ᠴᠡᠴᠡᠭ ᠤ᠋ᠨ ᠴᠠᠢ᠂ ᠰᠠᠷᠭᠠᠢ ᠴᠡᠴᠡᠭ ᠤ᠋ᠨ ᠪᠤᠤᠪᠤ᠂ ᠰᠠᠷᠭᠠᠢ ᠴᠡᠴᠡᠭ ᠤ᠋ᠨ ᠡᠭᠡᠳᠡᠩ ᠵᠡᠷᠭᠡ ᠵᠢᠨ ᠬᠠᠩᠭᠠᠯᠭ᠎ᠠ ᠨᠢ ᠬᠡᠷᠡᠭᠴᠡᠭᠡ ᠳ᠋ᠡᠭᠡᠨ ᠬᠦᠷᠬᠦ ᠦᠭᠡᠢ ᠪᠤᠯᠵᠠᠢ᠃
ᠲᠡᠷᠡ ᠪᠠᠰᠠ ᠨᠤᠳᠤᠭᠤᠨ ᠤᠯᠠᠨ ᠲᠦᠮᠡᠨᠵᠢᠡᠨ ᠳᠠᠢᠴᠢᠯᠠᠨ ᠳᠤᠰᠬᠠᠢ ᠬᠤᠷᠰᠢᠶ᠎ᠠ ᠪᠠ ᠺᠣᠮᠫᠠᠨᠢ ᠪᠠᠢᠭᠤᠯᠪᠠ᠃ ᠲᠤᠬᠠᠢᠯᠠᠭᠰᠠᠨ ᠠᠵᠢᠯ ᠤ᠋ᠨ ᠬᠦᠷᠢᠶ᠎ᠡ ᠬᠡᠪᠴᠢᠶ᠎ᠡ ᠨᠢ ᠪᠣᠬᠢᠷᠲᠤᠯ ᠦᠭᠡᠢ ᠲᠠᠷᠢᠶᠠᠯᠠᠩ ᠤ᠋ᠨ ᠪᠦᠲᠦᠭᠡᠭᠳᠡᠬᠦᠨ ᠢ᠋ ᠡᠳ᠋ᠰᠢᠭᠦᠯᠦᠨ ᠪᠤᠯᠪᠠᠰᠤᠷᠠᠭᠤᠯᠵᠤ ᠪᠤᠷᠤᠯᠠᠭᠤᠯᠵᠤ ᠪᠠᠢᠭᠰᠠᠨ ᠡᠴᠡ ᠨᠤᠭᠤᠭ᠎ᠠ ᠵᠢᠮᠢᠰ ᠲᠡᠭᠦᠬᠦ᠂ ᠵᠢᠭᠤᠯᠴᠢᠯᠠᠨ ᠲᠣᠭᠣᠷᠢᠬᠤ᠂ ᠰᠤᠳᠤᠯᠤᠨ ᠰᠤᠷᠤᠯᠴᠠᠬᠤ ᠬᠦᠷᠲᠡᠯ᠎ᠡ ᠥᠷᠭᠡᠵᠢᠵᠡᠢ᠃ ᠡᠯᠡᠰᠦᠷᠬᠡᠭ ᠭᠠᠵᠠᠷ ᠲᠤ᠌ ᠤᠷᠭᠤᠭᠰᠠᠨ ᠣᠷᠭᠠᠨᠢᠭ ᠨᠠᠷᠢᠮᠤ ᠨᠢ ᠨᠢᠭᠡ ᠵᠢᠩ ᠳ᠋ᠡᠭᠡᠨ 40 ᠭᠠᠷᠤᠢ ᠲᠥᠭᠥᠷᠢᠭ ᠲᠦ᠍ ᠬᠦᠷᠴᠦ᠂ ᠢᠩᠲᠣᠣᠷ ᠨᠢ ᠪᠣᠯᠪᠠᠰᠤᠷᠠᠮᠠᠭᠴᠠ ᠬᠦᠮᠦᠰ ᠪᠤᠯᠢᠶᠠᠯᠳᠤᠨ ᠠᠪᠴᠤ᠂ ᠤᠳᠤᠬᠠᠨ ᠳ᠋ᠤ ᠨᠢᠭᠡ ᠵᠢᠯ ᠤ᠋ᠨ ᠣᠷᠣᠯᠭ᠎ᠠ ᠨᠢ ᠵᠠᠭᠤᠨ ᠲᠦᠮᠡᠨ ᠲᠥᠭᠥᠷᠢᠭ ᠢ᠋ ᠳᠠᠪᠠᠪᠠ᠃ ᠠᠮᠢ ᠠᠬᠤᠢ ᠵᠢᠨ ᠠᠵᠤ ᠠᠬᠤᠢ ᠵᠢᠴᠢ ᠳᠠᠷᠢᠮᠠᠯ ᠤ᠋ᠨ ᠣᠷᠭᠠᠨᠢᠭ ᠪᠦᠳᠦᠭᠡᠭᠳᠡᠭᠦᠨ ᠨᠢ ᠰᠠᠢᠨ ᠦᠷ᠎ᠡ ᠪᠦᠳᠦᠮᠵᠢ ᠤᠯᠤᠭᠰᠠᠨ ᠵᠢᠠᠷ ᠪᠠᠷᠠᠬᠤ ᠦᠭᠡᠢ᠂ ᠪᠠᠰᠠ ᠤᠢᠷ᠎ᠠ ᠬᠠᠪᠢ ᠵᠢᠨ ᠨᠤᠲᠤᠭ ᠤ᠋ᠨ ᠤᠯᠠᠨ ᠲᠦᠮᠡᠨ ᠤ᠋ ᠪᠠᠶᠠᠵᠢᠯ ᠤ᠋ᠨ ᠵᠠᠮ ᠢ᠋ ᠭᠡᠷᠡᠯᠲᠦᠭᠦᠯᠦᠭᠰᠡᠨ ᠪᠠᠢᠳᠠᠭ᠃
ᠲᠤᠬᠠᠢ ᠵᠢᠨ ᠵᠢᠯ ᠳ᠋ᠤ 《ᠬᠣᠨᠢ ᠢᠮᠠᠭ᠎ᠠ ᠪᠠᠨ ᠬᠤᠳᠠᠯᠳᠤᠨ ᠴᠢᠬᠢ ᠮᠤᠳᠤ ᠬᠤᠳᠠᠯᠳᠤᠨ ᠠᠪᠴᠤ》 ᠪᠠᠢᠭᠰᠠᠨ ᠠ᠋ᠴᠠ ᠤᠳᠤᠬᠠᠨ ᠤ᠋ ᠵᠢᠯ ᠤ᠋ᠨ ᠤᠷᠤᠯᠭ᠎ᠠ ᠵᠠᠭᠤᠨ ᠲᠦᠮᠡᠨ ᠲᠦᠭᠦᠷᠢᠭ ᠢ᠋ ᠳᠠᠪᠠᠬᠤ ᠪᠤᠯᠳᠠᠯ᠎ᠠ᠂ ᠪᠤᠰᠤᠳ ᠤ᠋ᠨ ᠲᠤᠰᠠᠯᠠᠮᠵᠢ ᠵᠢ ᠬᠦᠷᠳᠡᠵᠤ ᠪᠠᠢᠭᠰᠠᠨ ᠡᠴᠡ ᠪᠠᠨ ᠠᠬᠢᠭᠠᠳ ᠪᠤᠰᠤᠳ ᠲᠦ᠍ ᠠᠰᠢᠭ ᠬᠦᠷᠳᠡᠭᠡᠭᠦ ᠪᠣᠯᠲᠠᠯ᠎ᠠ᠂ ᠶᠢᠨ ᠢᠤᠢ ᠵᠧᠨᠤ ᠪᠤᠳᠠᠳᠤ ᠠᠵᠢᠯᠯᠠᠭ᠎ᠠ ᠪᠡᠷᠵᠢᠡᠨ ᠭᠡᠷᠡᠴᠢᠯᠡᠨ᠎ᠠ᠃

ᠡᠯᠡᠰᠦᠶᠢ ᠵᠠᠰᠠᠬᠤ ᠦᠶ᠎ᠡ ᠵᠠᠯᠭᠠᠮᠵᠢ
ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠵᠢᠨ ᠱᠠᠩᠨᠠᠯᠢ ᠲᠤᠰᠪᠠ
ᠶᠢᠨ ᠢᠦᠢ ᠵᠧᠨ ᠤ᠋ ᠡᠯᠡᠰᠤ ᠵᠠᠰᠠᠭᠰᠠᠨ ᠦᠢᠯᠡ ᠠᠵᠢᠯᠯᠠᠭ᠎ᠠ ᠨᠢ ᠳᠡᠯᠡᠬᠡᠢ ᠳ᠋ᠠᠬᠢᠨ ᠤ᠋ ᠬᠠᠷᠠᠴᠠ ᠵᠢ ᠪᠤᠯᠢᠶᠠᠵᠠᠢ᠃ ᠡᠭᠦᠨ ᠳ᠋ᠤ ᠰᠠᠶ᠋ᠢᠺᠤᠰ ᠭᠡᠳᠡᠭ ᠨᠢᠭᠡᠨ ᠠᠮᠧᠷᠢᠺᠠ ᠬᠦᠮᠦᠨ ᠢ᠋ ᠳᠤᠷᠠᠳᠬᠤ ᠴᠢᠬᠤᠯᠠᠳᠠᠢ᠃ 1999 ᠣᠨ ᠳ᠋ᠤ᠌᠂ ᠳᠤᠮᠳᠠᠳᠤ ᠤᠯᠤᠰ ᠲᠤ᠌ ᠪᠠᠭᠰᠢᠯᠠᠵᠤ ᠪᠠᠢᠭᠰᠠᠨ ᠰᠠᠶ᠋ᠢᠺᠤᠰ ᠲᠧᠯᠸᠢᠰ ᠳᠡᠭᠡᠷ᠎ᠡ ᠡᠴᠡ ᠶᠢᠨ ᠢᠤᠢ ᠵᠧᠨ ᠤ᠋ ᠤᠢᠵᠢᠭᠤᠯᠤᠯᠳᠠ ᠵᠢᠨ ᠦᠯᠢᠭᠡᠷ ᠢ᠋ ᠣᠯᠵᠤ ᠰᠤᠨᠤᠰᠤᠭᠰᠠᠨᠵᠢᠡᠨ 5000 ᠳ᠋ᠣᠯᠯᠠᠷ ᠴᠤᠭᠯᠠᠭᠤᠯᠵᠤ ᠲᠡᠭᠦᠨ ᠤ᠋ ᠡᠯᠡᠰᠦ ᠵᠢ ᠵᠠᠰᠠᠵᠤ ᠣᠢᠵᠢᠭᠤᠯᠬᠤ ᠵᠢ ᠲᠤᠰᠠᠯᠠᠭᠰᠠᠨ ᠪᠠᠢᠨ᠎ᠠ᠃ ᠶᠢᠨ ᠢᠦᠢ ᠵᠧᠨ ᠡᠨᠡ ᠬᠦ᠌ ᠳᠤᠰᠠᠯᠠᠮᠵᠢ ᠵᠢᠨ ᠮᠦᠩᠭᠦ ᠪᠡᠷ 5 ᠲᠦᠮᠡ ᠭᠠᠷᠤᠢ ᠮᠣᠳᠣᠨ ᠴᠢᠬᠢ ᠬᠤᠳᠠᠯᠳᠤᠨ ᠠᠪᠴᠤ ᠂ ᠡᠨᠡ ᠬᠡᠰᠡᠭ ᠣᠢ ᠵᠢ ᠪᠠᠨ 《ᠰᠠᠶ᠋ᠢᠺᠤᠰ ᠤᠢ》 ᠭᠡᠵᠦ ᠨᠡᠷᠡᠯᠡᠪᠡ ᠃ ᠰᠠᠢᠺᠤᠰ ᠤᠯᠤᠰ ᠲᠠᠭᠠᠨ ᠪᠤᠴᠠᠭᠰᠠᠨ ᠤ᠋ ᠳᠠᠷᠠᠭ᠎ᠠ ᠬᠣᠶᠠᠭᠤᠯᠠ ᠨᠢᠭᠡᠨ ᠦᠶ᠎ᠡ ᠬᠠᠷᠢᠯᠴᠠᠭ᠎ᠠ ᠲᠠᠰᠤᠷᠠᠵᠠᠢ᠃ ᠡᠨᠡ ᠵᠢᠯ ᠤ᠋ᠨ 5 ᠰᠠᠷ᠎ᠠ ᠳ᠋ᠤ᠌ ᠶᠢᠨ ᠢᠦᠢ ᠵᠧᠨ ᠵᠠᠭᠤᠴᠢᠯᠠᠭᠤᠷ ᠵᠢᠡᠷ ᠳᠠᠮᠵᠢᠨ ᠡᠨᠡ ᠬᠦ᠌ 《ᠠᠴᠢᠳᠠᠨ》 ᠵᠢᠡᠨ ᠡᠷᠢᠨ ᠤᠯᠵᠤ ᠬᠤᠯᠪᠤᠭ᠎ᠠ ᠪᠠᠷᠢᠪᠠ; 8 ᠰᠠᠷ᠎ᠠ ᠵᠢᠨ 23 ᠤ᠋ ᠡᠳᠦᠷ᠂ ᠰᠠᠶ᠋ᠢᠺᠤᠰ ᠥᠪᠥᠷ ᠮᠣᠩᠭᠣᠯ ᠳ᠋ᠤ᠌ ᠢᠷᠠᠵᠤ ᠶᠢᠨ ᠢᠤᠢ ᠵᠸᠨ ᠲᠠᠢ ᠠᠭᠤᠯᠵᠠᠵᠤ᠂ ᠲᠠᠷᠠᠴᠢᠯᠠᠨ ᠬᠤᠶᠠᠭᠤᠯᠠ 《ᠰᠠᠶ᠋ᠢᠺᠤᠰ ᠤᠢ》 ᠳ᠋ᠤ ᠬᠦᠷᠴᠦ ᠨᠥᠬᠥᠷᠯᠡᠯ ᠤ᠋ᠨ ᠪᠡᠯᠭᠡᠳᠡᠯ ᠪᠤᠯᠤᠭᠰᠠᠨ ᠨᠢᠭᠡᠨ ᠰᠠᠭᠤᠷᠢ ᠬᠠᠢᠯᠠᠷ ᠨᠠᠷᠠᠰᠤ ᠲᠠᠷᠢᠭᠰᠠᠨ ᠪᠠᠢᠪᠠ᠃ 9 ᠰᠠᠷ᠎ᠠ ᠵᠢᠨ 24 ᠤ᠋ ᠣᠷᠣᠢ᠂ ᠲᠡᠷᠢᠭᠦᠯᠡᠭᠴᠢ ᠱ᠋ᠢ ᠵᠢᠨ ᠫᠢᠩ ᠠᠮᠧᠷᠢᠺᠠ ᠵᠢᠨ ᠶᠡᠷᠦᠩᠬᠡᠢᠯᠡᠭᠴᠢ ᠲᠸᠷᠠᠮᠫᠦ᠋ ᠵᠢᠨ ᠤᠭᠲᠤᠬᠤ ᠲᠦᠷᠦ ᠵᠢᠨ ᠳᠠᠢᠯᠠᠯᠭ᠎ᠠ ᠳᠡᠭᠡᠷ᠎ᠡ ᠰᠠᠢᠺᠦᠰ ᠭᠡᠳᠡᠭ ᠨᠠᠷᠠ ᠲᠠᠢ ᠠᠮᠸᠷᠢᠺᠠ ᠬᠦᠮᠤᠨ ᠲᠤᠮᠳᠠᠳᠤ ᠤᠯᠤᠰᠤᠨ ᠡᠯᠡᠰᠤ ᠵᠠᠰᠠᠭᠴᠢ ᠶᠢᠨ ᠢᠤᠢ ᠵᠸᠡᠢ ᠲᠤᠰᠠᠯᠠᠨ ᠮᠤᠳᠤ ᠲᠠᠷᠢᠵᠤ᠂ ᠲᠠᠳᠠᠨᠤ ᠦᠯᠢᠭᠡᠷ ᠨᠢ ᠲᠤᠮᠳᠠᠳᠤ ᠤᠯᠤᠰᠤᠨ ᠤᠯᠠᠨ ᠲᠦᠮᠡᠨᠢ ᠲᠤᠭᠳᠦᠯᠤᠭᠤᠯᠤᠭᠰᠠᠨ ᠪᠦᠭᠡᠳ ᠲᠤᠮᠳᠠᠳᠤ ᠠᠮᠸᠷᠢᠺᠠ ᠬᠤᠶᠠᠷ ᠤᠯᠤᠰᠤᠨ ᠠᠷᠠᠳ ᠲᠦᠮᠡᠨᠤ ᠨᠦᠬᠦᠷᠰᠡᠭ ᠶᠠᠪᠤᠯᠴᠠᠭᠠᠵᠢᠨ ᠦᠯᠢᠭᠡᠷ ᠵᠢᠱᠶ᠋ᠶᠠ ᠪᠤᠯᠵᠠᠢ ᠭᠡᠪᠠ᠃
ᠡᠨᠡ ᠵᠢᠯ ᠤ᠋ᠨ 10 ᠰᠠᠷ᠎ᠠ ᠵᠢᠨ 15 ᠤ᠋ ᠡᠳᠦᠷ᠂ ᠨᠢᠭᠡᠨ ᠪᠠᠶᠠᠷ ᠤ᠋ᠨ ᠴᠢᠮᠡᠬᠡ ᠢᠲ᠋ᠠᠯᠢ ᠵᠢᠨ ᠷᠣᠮᠠ ᠡᠴᠡ ᠦᠪᠤᠷ ᠮᠤᠩᠭᠤᠯ ᠤ᠋ᠨ ᠲᠠᠯ᠎ᠠ ᠨᠤᠳᠤᠭ ᠲᠦ᠍ ᠲᠠᠮᠵᠢᠭᠳᠠᠵᠤ᠂ ᠰᠤᠨᠤᠰᠤᠭᠰᠠᠨ ᠪᠦᠬᠦᠨ ᠤ᠋ ᠰᠡᠳᠬᠢᠯᠢ ᠪᠠᠶᠠᠰᠬᠠᠵᠤ ᠪᠢᠯᠡ᠃ ᠳᠠᠷᠤᠢ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠵᠢᠨ ᠠᠮᠤ ᠪᠤᠳᠠᠭ᠎ᠠ ᠪᠠ ᠬᠦᠳᠡᠭᠡ ᠠᠵᠤ ᠠᠬᠤᠢ ᠵᠢᠨ ᠵᠣᠬᠢᠶᠠᠨ ᠪᠠᠢᠭᠤᠯᠤᠯᠲᠠ ᠡᠴᠡ ᠶᠢᠨ ᠢᠦᠢ ᠵᠧᠨᠤ 《ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠵᠢᠨ ᠠᠮᠤ ᠪᠤᠳᠠᠭ᠎ᠠ ᠳᠠᠷᠢᠶᠠᠯᠠᠩ ᠤ᠋ᠨ ᠵᠣᠬᠢᠶᠠᠨ ᠪᠠᠢᠭᠤᠯᠤᠯᠲᠠ ᠵᠢᠨ ᠳᠠᠷᠢᠶᠠᠯᠠᠩ ᠤ᠋ᠨ ᠠᠮᠤ ᠪᠤᠳᠠᠭᠠᠨ ᠤ᠋ ᠰᠢᠰᠲ᠋ᠧᠮ ᠬᠢᠭᠡᠳ ᠬᠥᠳᠡᠭᠡ ᠲᠣᠰᠬᠣᠨ ᠤ᠋ ᠬᠥᠭᠵᠢᠭᠦᠯᠦᠯᠳᠡ ᠵᠢᠨ ᠵᠠᠭᠤᠨ ᠡᠮᠡᠭᠲᠡᠢ ᠪᠠᠭᠠᠲᠤᠷ》 ᠵᠢᠠᠷ ᠰᠣᠩᠭᠣᠭᠳᠠᠭᠰᠠᠨ ᠢ᠋ ᠷᠣᠮᠠ ᠳ᠋ᠤ᠌ ᠨᠡᠢᠲᠡᠯᠡᠪᠡ᠃ 《ᠪᠢ ᠨᠢᠭᠡᠨ ᠡᠭᠡᠯ ᠵᠢᠷ ᠤ᠋ᠨ ᠲᠠᠷᠢᠶᠠᠴᠢᠨ ᠪᠣᠯᠤᠭᠰᠠᠨ ᠤ᠋ ᠬᠤᠪᠢ ᠳ᠋ᠤ᠌ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠵᠢᠨ ᠲᠠᠪᠴᠠᠩ ᠳᠡᠭᠡᠷ᠎ᠡ ᠱᠠᠩᠨᠠᠯ ᠭᠠᠷᠳᠠᠭᠰᠠᠨ ᠳ᠋ᠠᠭᠠᠨ ᠮᠠᠰᠢ ᠤᠮᠤᠭᠰᠢᠵᠤ ᠪᠠᠢᠨ᠎ᠠ》 ᠭᠡᠵᠦ ᠶᠢᠨ ᠢᠤᠢ ᠵᠧᠨ ᠢᠲ᠋ᠠᠯᠢ ᠵᠢᠨ ᠷᠤᠮᠠ ᠳ᠋ᠤ ᠱᠠᠩᠨᠠᠯ ᠭᠠᠷᠳᠠᠬᠤ ᠳ᠋ᠠᠭᠠᠨ ᠰᠡᠳᠬᠢᠯᠤᠨ ᠦᠭᠡ ᠪᠠᠨ ᠲᠡᠯᠭᠡᠵᠤ ᠭᠠᠷᠤᠯ᠎ᠠ᠃
ᠣᠳᠣ ᠲᠡᠭᠦᠨ ᠤ᠋ ᠬᠦᠦ ᠪᠠᠢ ᠭᠦᠸᠧ ᠼᠠᠢ ᠨᠢ ᠦᠪᠦᠷ ᠮᠤᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠡᠴᠡ ᠲᠡᠭᠦᠰᠴᠤ ᠨᠤᠳᠤᠭ ᠲᠠᠭᠠᠨ ᠪᠤᠴᠠᠵᠤ᠂ ᠡᠯᠡᠰᠦ ᠵᠢ ᠨᠤᠭᠤᠭᠠᠷᠠᠭᠤᠯᠬᠤ ᠦᠢᠯᠡᠰ ᠲᠦ᠍ ᠬᠤᠪᠢ ᠨᠠᠮᠠᠷᠢ ᠪᠠᠨ ᠨᠠᠮᠠᠷᠢᠯᠡᠵᠤ ᠶᠠᠪᠤᠨ᠎ᠠ᠃ ᠶᠢᠨ ᠢᠤᠢ ᠵᠸᠡ ᠦᠨᠤᠳᠤᠷ 《ᠡᠯᠡᠰᠤ ᠮᠠᠡᠭᠬ᠎ᠠ ᠨᠠᠳᠠᠳᠤ ᠤᠨᠴᠠᠵᠢᠨ ᠬᠠᠯᠠᠭᠤᠨ ᠲᠤᠳᠤᠨᠤ ᠰᠠᠨᠠᠭᠳᠠᠳᠠᠭ ᠪᠤᠯᠤᠭᠰᠠᠨ᠂ ᠮᠠᠡᠭᠬᠠᠨ ᠨᠤᠳᠤᠭ ᠮᠢᠨᠢ ᠨᠤᠭᠤᠭᠠᠷᠠᠵᠤ ᠪᠠᠢᠨ᠎ᠠ᠂ ᠮᠠᠡᠭᠬᠠᠨ ᠨᠤᠳᠤᠭᠵᠢᠡᠨ ᠲᠦᠰᠢᠵᠤ ᠮᠠᠨᠤ ᠤᠷᠤᠯᠭ᠎ᠠ ᠴᠦ᠍ ᠨᠡᠮᠡᠭᠳᠡᠯ᠎ᠠ᠂ ᠡᠭᠡ ᠪᠠᠢᠭᠠᠯᠢᠴᠦ᠍ ᠰᠡᠷᠬᠦᠭᠡᠯᠠ᠂ ᠠᠮᠢ ᠠᠬᠤᠢ ᠴᠦ᠍ ᠰᠠᠢᠵᠢᠷᠠᠯᠠ》 ᠭᠡᠵᠤ ᠭᠡᠯᠡᠨ᠎ᠠ᠃
《ᠰᠠᠨᠠᠵᠤ ᠪᠠᠢᠪᠠᠯ ᠪᠦᠳᠤᠨ᠎ᠠ᠂ ᠰᠠᠵᠢᠯᠠᠵᠤ ᠪᠠᠢᠪᠠᠯ ᠬᠦᠷᠤᠨ᠎ᠠ》 ᠭᠡᠳᠡᠭᠵᠢᠡᠷ ᠦᠶ᠎ᠠ ᠦᠶᠠᠵᠢᠨ ᠡᠯᠡᠰᠤ ᠵᠠᠰᠠᠭᠴᠢᠳᠤᠨ ᠬᠦᠴᠤᠨᠳᠤ ᠦᠨᠡᠨ ᠪᠠᠢᠭᠰᠠᠨ ᠵᠦᠢᠯ ᠲᠤᠮᠤᠭ ᠪᠤᠯᠵᠤ᠂ ᠲᠤᠮᠤᠭ ᠪᠠᠢᠭᠰᠠᠨ ᠵᠦᠢᠯ ᠦᠨᠡᠨᠤ ᠤᠷᠤ ᠮᠦᠷ ᠬᠠᠷᠠᠭᠳᠠᠬᠤ ᠪᠤᠯᠵᠤ ᠪᠠᠢᠨ᠎ᠠ᠂ ᠡᠨᠡ ᠪᠤᠯ ᠲᠠᠯᠠᠭᠡᠢᠳᠤ ᠭᠠᠢᠬᠠᠭᠳᠠᠭᠰᠠᠨ ᠦᠪᠤᠷ ᠮᠤᠡᠭᠭᠤᠯᠤᠨ ᠡᠯᠡᠰᠤ ᠵᠠᠰᠠᠬᠰᠠᠨ ᠰᠢᠨ᠎ᠠ ᠲᠤᠮᠤᠭ ᠪᠤᠯᠬᠤ ᠠᠵᠢ᠃

ᠲᠡᠯᠡᠬᠡᠢ ᠵᠢᠨ ᠱᠠᠩᠨᠠᠯ ᠲᠤᠰᠤᠯ᠎ᠠ
(ᠲᠤᠰ ᠨᠢᠭᠤᠷ ᠤᠨ ᠭᠡᠷᠡᠯ ᠵᠢᠷᠤᠭ ᠢ ᠰᠢᠨᠬᠤᠸᠠ ᠬᠤᠷᠢᠶ᠎ᠠ ᠡᠴᠡ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃