ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2020-04-20 10:05:34

ᠵᠣᠬᠢᠶᠠᠭ᠍ᠴᠢ᠄ ᠸᠠᠩ ᠰᠢᠶᠤᠤ ᠮᠢᠩ ᠣᠩᠱᠢᠭ᠍ᠰᠠᠨ ᠣᠳᠠᠭ᠎ᠠ᠄ 3

ᠦᠷ ᠮᠠᠩᠬᠠᠢᠲᠠᠯ᠎ᠠ ᠴᠠᠢᠪᠠ ᠃ ᠴᠢᠨ᠋ᠸ᠎ᠠ᠎ᠶᠢᠨ ᠰᠢᠲᠦ ᠰᠢᠭ ᠴᠠᠭᠠᠨ ᠠᠰᠠᠷ᠎ᠤᠳ ᠪᠦᠷᠦᠯᠵᠡᠨ ᠬᠠᠷᠠᠬᠲᠠᠵᠦ ᠪᠠᠢᠬᠰᠠᠨ᠎ᠢᠶᠡᠨ ᠣᠯᠠᠮ᠎ᠢᠶᠠᠷ ᠲᠣᠲᠣ ᠪᠤᠯᠵᠤ ᠂ ᠦᠢᠮᠡᠭᠡᠨᠲᠦ ᠬᠣᠲᠠ᠎ᠶᠢᠨ ᠰᠢᠨ᠎ᠡ ᠨᠢᠭᠡᠨ ᠡᠳᠦᠷ ᠡᠬᠢᠯᠡᠪᠡ ᠃ ᠰᠦᠨᠢ᠎ᠶᠢᠨ ᠮᠠᠨᠠᠭᠠᠨ᠎ᠦ ᠠᠵᠢᠯ᠎ᠡᠴᠠ᠎ᠪᠠᠨ ᠰᠠᠢᠬᠠᠨ ᠪᠠᠭᠣᠬᠰᠠᠨ ᠬᠠᠩᠰᠢ ᠨᠢᠭᠣᠷ ᠭᠠᠷ᠎ᠢᠶᠡᠨ ᠣᠬᠢᠶᠠᠵᠦ ᠪᠠᠷᠠᠮᠠᠬᠴᠠ ᠰᠣᠨᠢᠨ ᠰᠡᠳᠬᠦᠯ ᠬᠦᠷᠭᠡᠬᠦ ᠠᠵᠢᠯ᠎ᠳᠠᠭᠠᠨ ᠭᠠᠷᠬᠤ᠎ᠪᠠᠷ ᠪᠤᠯᠪᠠ ᠃



ᠲᠠᠮᠵᠢᠭᠣᠯᠬᠣ ᠲᠠᠰᠣᠬ᠎ᠲᠤ ᠦᠷᠯᠦᠭᠡ ᠪᠣᠯᠭᠠᠨ ᠨᠠᠷᠠ᠎ᠲᠠᠢ ᠣᠷᠣᠯᠲᠣᠵᠦ ᠂ ᠮᠣᠩᠭᠣᠯ ᠬᠢᠲᠡᠳ ᠣᠯᠠᠨ ᠰᠣᠨᠢᠨ ᠰᠡᠳᠬᠦᠯ ᠬᠦᠷᠭᠡᠵᠦ ᠢᠷᠡᠲᠡᠭ ᠃ ᠲᠡᠷᠡ ᠪᠦᠬᠦᠨ᠎ᠢ ᠨᠠᠷᠢᠨ ᠠᠩᠬᠢᠯᠠᠵᠦ ᠂ ᠲᠣᠲᠣᠭᠠᠲᠣ᠎ᠶᠢ ᠬᠠᠮᠠᠭᠠᠯᠠᠬᠣ ᠲᠢᠩᠬᠢᠮ᠎ᠤᠨ ᠰᠣᠨᠢᠨ ᠮᠡᠲᠡᠭᠡ ᠰᠣᠷᠲᠠᠯ ᠣᠬᠠᠭᠣᠯᠭ᠎ᠠ᠎ᠶᠢᠨ ᠭᠠᠵᠠᠷ᠎ᠤᠨ ᠠᠯᠪᠠᠨ ᠭᠡᠷ ᠲᠠᠷᠠᠭᠠᠯᠠᠨ ᠬᠦᠷᠭᠡᠬᠦ ᠪᠣᠯ ᠬᠠᠩᠰᠢ᠎ᠶᠢᠨ ᠬᠣᠪᠢᠲᠠᠬᠰᠠᠨ ᠠᠵᠢᠯ ᠃ ᠰᠣᠨᠢᠨ ᠰᠡᠳᠬᠦᠯ ᠡᠮᠬᠢᠯᠡᠨ ᠲᠢᠭᠯᠡᠬᠦ ᠵᠠᠭᠣᠷ᠎ᠠ ᠲᠡᠷᠡ ︽ ᠦᠪᠦᠷ ᠮᠣᠩᠭᠣᠯ᠎ᠤᠨ ᠲᠣᠲᠣᠭᠠᠲᠣ᠎ᠶᠢ ᠬᠠᠮᠠᠭᠠᠯᠠᠬᠣ ︾ ᠰᠡᠳᠬᠦᠯ᠎ᠡᠴᠠ ︽ ᠪᠣᠶᠠᠨᠲᠡᠯᠭᠡᠷ ᠰᠢᠬ ᠴᠠᠬᠲᠠᠭ᠎ᠠ ᠪᠣᠯᠣᠶ᠎ᠠ ︾ ᠭᠡᠰᠡᠨ ᠰᠢᠯᠦᠭ᠎ᠢᠶᠡᠨ ᠣᠯᠵᠦ ᠦᠵᠡᠭᠡᠳ ᠡᠷᠳᠡᠨᠢ ᠤᠯᠤᠭᠰᠠᠨ ᠮᠡᠳᠦ ᠬᠦᠭᠰᠡᠨ ᠪᠠᠶᠠᠷᠯᠠᠪᠠ ᠃ ᠦᠨᠡᠨ᠎ᠳ᠋ᠡᠬᠡᠨ ᠲᠡᠷᠡ ᠮᠠᠨᠢ ᠦᠭᠡᠷ᠎ᠡ ᠪᠣᠰᠣᠳ᠎ᠲᠠᠢ ᠠᠲᠠᠯᠢ᠎ᠪᠠᠷ ᠦᠲᠡᠯᠦᠭᠡ ᠨᠠᠰᠣᠨ᠎ᠦ ᠠᠮᠣᠷ ᠵᠢᠷᠭᠠᠯ᠎ᠢ ᠡᠳ᠋ᠯᠡᠵᠦ ᠪᠣᠯᠬᠣ ᠪᠠᠢᠬᠰᠠᠨ ᠃ ᠭᠡᠪᠡᠴᠦ ᠠᠰᠠᠷ ᠪᠠᠢᠰᠢᠩ᠎ᠳ᠋ᠤ ᠠᠮᠣᠷ ᠵᠢᠮᠣᠷ ᠰᠠᠭᠣᠬᠣ᠎ᠨᠢ ᠲᠡᠬᠦᠨ᠎ᠳ᠋ᠦ ᠶᠠᠬ ᠯᠠ ᠰᠢᠩᠭᠡᠯᠢᠭ᠎ᠳ᠋ᠦ ᠬᠣᠷᠢᠬᠲᠠᠬᠰᠠᠨ ᠪᠣᠯᠵᠣᠮᠣᠷ ᠰᠢᠬ ᠰᠠᠨᠠᠬᠲᠠᠵᠥ ᠂ ︽ ᠵᠦᠭᠡᠷ ᠰᠠᠭᠣᠬᠣ᠎ᠪᠠᠷ᠎ᠢᠶᠡᠨ ᠵᠦᠯᠬᠦᠵᠦ ᠰᠠᠭᠣᠨ᠎ᠠ ᠳ᠋ᠠ ᠁ ︾ ᠬᠡᠮᠡᠨ ᠵᠢᠳᠬᠦᠯᠡᠵᠦ ᠪᠠᠢᠭᠠᠳ ᠰᠦᠨᠢ᠎ᠶᠢᠨ ᠮᠠᠨᠠᠭᠠᠴᠢ ᠂ ᠡᠳᠦᠷ ᠪᠣᠯ ᠰᠣᠨᠢᠨ ᠰᠡᠳᠬᠦᠯ ᠬᠦᠷᠭᠡᠬᠦ ︽ ᠬᠣᠱᠣᠢ ᠲᠣᠰᠢᠶᠠᠯ ︾᠎ᠲᠠᠢ ᠶᠠᠭᠠᠷᠠᠬᠣ ᠪᠣᠯᠣᠬᠰᠠᠨ ᠶᠣᠮ ᠃
ᠵᠠᠷᠣᠳ ᠬᠣᠰᠢᠭᠣ᠎ᠶᠢᠨ ᠲᠡᠭᠡ᠎ᠶᠢᠨ ᠬᠠᠨ ᠭᠡᠬᠦ ᠵᠢᠷᠣᠬ ᠰᠢᠭ ᠰᠠᠢᠬᠠᠨ ᠨᠤᠳᠤᠭ᠎ᠲᠤ ᠦᠰᠴᠦ ᠦᠨᠳᠡᠢᠭᠰᠡᠨ ᠬᠠᠩᠰᠢ ᠡᠨᠡ ᠰᠠᠢᠬᠠᠨ ᠨᠣᠲᠣᠬ᠎ᠤᠨ᠎ᠢᠶᠡᠨ ᠦᠵᠡᠮᠵᠢ ᠲᠡᠬᠦᠰ ᠪᠠᠢᠭᠠᠯᠢ᠎ᠶᠢ ᠮᠠᠬᠲᠠᠵᠦ ᠣᠶᠠᠩᠭᠠᠯᠠᠬᠣ᠎ᠪᠠᠷ ᠣᠮᠣᠬᠰᠢᠯ ᠪᠤᠯᠭᠠᠳᠠᠭ ᠪᠠᠢᠯ᠎ᠠ ᠃ ︽ ᠡᠢᠮᠦ ᠰᠠᠢᠬᠠᠨ ᠨᠣᠲᠣᠬ᠎ᠢᠶᠡᠨ ᠰᠢᠯᠦᠭᠯᠡᠵᠦ ᠣᠶᠠᠩᠭᠠᠯᠠᠬᠣ ᠦᠭᠡᠢ ᠪᠣᠯ ᠦᠰᠦᠭ ᠪᠢᠴᠢᠭ ᠰᠣᠷᠣᠬᠰᠠᠨ᠎ᠳᠠᠭᠠᠨ ᠣᠰᠣᠯᠲᠠᠮᠠᠷ ︾ ᠬᠡᠵᠥ ᠬᠡᠯᠡᠳᠡᠭ ᠪᠠᠢᠵᠠᠢ ᠃ ᠡᠢᠨᠬᠦ ᠲᠡᠷᠡ᠎ᠪᠠᠷ ᠭᠡᠷᠴᠢᠯᠠᠭᠣ ᠰᠣᠮᠣ᠎ᠶᠢᠨ ᠰᠣᠶᠣᠯ᠎ᠤᠨ ᠦᠷᠲᠡᠭᠡᠨ᠎ᠤ ᠦᠷᠲᠡᠭᠡᠨ ᠲᠠᠷᠣᠭ᠎ᠠ᠎ᠪᠠᠷ ᠠᠵᠢᠯᠯᠠᠵᠦ ᠪᠠᠢᠬᠣ ᠬᠣᠭᠣᠴᠠᠭᠠᠨ᠎ᠳᠠᠭᠠᠨ ︽ ᠡᠩᠬᠡ᠎ᠶᠢᠨ ᠣᠪᠣᠭ᠎ᠠ ︾ ᠪᠢᠷ᠎ᠤᠨ ᠴᠣᠬᠯᠠᠭᠠᠨ᠎ᠢ ᠰᠡᠲᠦᠨ ᠡᠷᠬᠢᠯᠡᠵᠦ ᠂ ᠠᠷᠲᠠᠢ ᠂ ᠨᠠ · ᠦᠯᠵᠡᠢᠪᠠᠲᠣ ᠂ ᠠᠶᠣᠩᠭ᠎ᠠ ᠂ ᠪᠦᠷᠢᠨᠪᠠᠶᠠᠷ ᠵᠡᠷᠭᠡ ᠰᠢᠯᠦᠭᠴᠢ ᠵᠣᠬᠢᠶᠠᠯᠴᠢ ᠨᠠᠷ᠎ᠢ ᠣᠷᠢᠵᠦ ᠬᠢᠴᠢᠶᠡᠯ ᠲᠠᠢᠯᠣᠮᠵᠢ ᠬᠢᠯᠭᠡᠵᠦ ᠪᠠᠢᠬᠰᠠᠨ ᠪᠦᠭᠡᠳ ᠣᠲᠣ ᠴᠦ ᠭᠡᠳ ᠬᠦᠭᠰᠡᠨ ᠪᠠᠶᠠᠷᠯᠠᠬᠣ ᠪᠣᠯᠭᠠᠨ ᠠᠷᠲᠠᠢ ᠪᠠᠬᠰᠢ᠎ᠶᠢᠨ ︽ ᠰᠠᠯᠵᠦ ᠶᠠᠲᠠᠬᠰᠠᠨ ᠰᠡᠳᠬᠢᠯ ︾ ᠪᠣᠯᠣᠨ ᠵᠣᠬᠢᠶᠠᠯᠴᠢ ᠪᠣ · ᠫᠧᠷᠯᠡᠢ᠎ᠶᠢᠨ ︽ ᠰᠠᠯᠬᠢᠨ ᠵᠡᠭᠡᠷᠲᠡ ︾ ᠨᠠᠢᠷᠠᠭᠣᠯᠣᠯ᠎ᠢ ᠰᠡᠳᠬᠢᠯ ᠲᠣᠬᠲᠣᠯᠣᠨ ᠴᠡᠭᠡᠵᠢ᠎ᠪᠠᠷ ᠣᠶᠠᠩᠭᠠᠯᠠᠬᠣ ᠵᠣᠷᠰᠢᠯ᠎ᠲᠠᠢ ᠠᠵᠢ ᠃
ᠣᠷᠠᠨ ᠵᠣᠬᠢᠶᠠᠯ᠎ᠳ᠋ᠤ ᠰᠣᠨᠢᠷᠬᠠᠯ ᠲᠦᠷᠦᠭᠰᠡᠨ ᠦᠯᠢᠭᠡᠷ ᠦᠩᠭᠡᠷᠡᠯᠲᠡ᠎ᠪᠠᠨ ᠲᠡᠯᠭᠡᠬᠦ ᠪᠦᠷᠢ ᠬᠠᠩᠰᠢ ᠠᠩᠬ᠎ᠠ ᠲᠣᠮᠲᠠᠲᠣ᠎ᠶᠢᠨ ᠬᠡᠯᠡ ᠪᠢᠴᠢᠭ᠎ᠤᠨ ᠪᠠᠬᠰᠢ ᠪᠠᠲᠣ ᠪᠣᠯᠣᠨ ᠣᠣᠯ᠎ᠤᠨ ᠵᠢᠷᠢᠮ᠎ᠤᠨ ᠡᠳᠦᠷ᠎ᠤᠨ ᠰᠣᠨᠢᠨ᠎ᠤ ᠬᠣᠷᠢᠶ᠎ᠠ᠎ᠶᠢᠨ ᠨᠠᠢᠷᠠᠭᠣᠯᠣᠬᠴᠢ ᠠᠬᠰᠠᠨ ᠬᠦᠷᠡᠯᠵᠢᠷᠦᠭᠡ ᠵᠡᠷᠭᠡ ᠨᠠᠢᠵᠠ ᠨᠦᠬᠦᠳ᠎ᠢᠶ᠋ᠡᠨ ᠲᠣᠷᠠᠰᠣᠨ ᠦᠭᠡᠢᠯᠡᠨ᠎ᠡ ᠃ ᠲᠡᠬᠦᠨ᠎ᠢ ᠠᠩᠬ᠎ᠠ ᠲᠣᠮᠲᠠᠲᠣ᠎ᠳ᠋ᠤ ᠰᠣᠷᠣᠯᠴᠠᠵᠦ ᠪᠠᠢᠬᠣ ᠦᠶᠡᠰ ᠬᠡᠯᠡ ᠪᠢᠴᠢᠭ᠎ᠤᠨ ᠬᠢᠴᠢᠶᠡᠯ ᠵᠢᠭᠠᠵᠤ ᠪᠠᠢᠭᠰᠠᠨ ᠪᠠᠲᠣ ᠪᠠᠬᠰᠢ ᠵᠣᠬᠢᠶᠠᠯ ᠪᠢᠴᠢᠬᠦ ᠲᠠᠰᠬᠠᠯ ᠦᠯᠡᠳᠡᠭᠡᠭᠰᠡᠨ ᠪᠠᠢᠵᠠᠢ ᠃
ᠲᠡᠭᠡᠬᠦ᠎ᠳ᠋ᠤ ᠬᠠᠩᠰᠢ᠎ᠶᠢᠨ ᠪᠢᠴᠢᠭᠰᠡᠨ ︽ ᠬᠠᠰᠢᠷ ᠮᠠᠯᠴᠢᠨ ᠲᠣᠨᠲᠣᠪ ᠠᠪᠣ ︾ ᠬᠡᠰᠡᠨ ᠵᠣᠬᠢᠶᠠᠯ᠎ᠢ ᠪᠠᠲᠣ ᠪᠠᠬᠰᠢ ᠠᠩᠬᠢ᠎ᠶᠢᠨ ᠨᠦᠬᠦᠳ᠎ᠲᠤᠨᠢ ᠣᠩᠰᠢᠵᠦ ᠦᠭᠬᠦᠬᠡᠳ ᠶᠡᠬᠡ᠎ᠪᠠᠷ ᠮᠠᠭᠳᠠᠭᠰᠠᠨ ᠪᠠᠢᠪᠠ ᠃ ᠡᠬᠦᠨ᠎ᠡᠴᠠ ᠣᠷᠮᠠᠰ ᠬᠦᠭᠵᠢᠭᠰᠡᠨ ᠲᠡᠷᠡ ᠰᠢᠯᠦᠭ ᠵᠣᠬᠢᠶᠠᠯ᠎ᠳ᠋ᠤ ᠪᠠᠬᠠᠲᠠᠢ ᠪᠣᠯᠵᠦ ᠂ ᠵᠠᠪ ᠴᠢᠯᠦᠭᠡ ᠣᠯᠲᠠᠪᠠᠯ ᠪᠢᠷ ᠴᠠᠭᠠᠰᠣ᠎ᠲᠠᠢ ᠨᠣᠣᠷᠠᠯᠲᠣᠵᠦ ᠰᠠᠭᠣᠬᠣ ᠪᠣᠯᠪᠠ ᠃ ᠠᠵᠠ ᠲᠠᠭᠠᠷᠠᠵᠦ 1987 ᠤᠨ᠎ᠳ᠋ᠤ ᠣᠣᠯ᠎ᠤᠨ ᠵᠢᠷᠢᠮ ᠠᠢᠮᠠᠬ᠎ᠤᠨ ᠨᠠᠮ᠎ᠤᠨ ᠰᠣᠷᠭᠠᠭᠣᠯᠢ᠎ᠳ᠋ᠤ ᠰᠣᠷᠣᠯᠴᠠᠵᠦ ᠵᠠᠪᠰᠢᠶᠠᠨ ᠣᠯᠲᠠᠵᠠᠢ ᠃ ᠰᠤᠷᠤᠯᠴᠠᠬᠤ ᠬᠣᠭᠣᠴᠠᠭᠠᠨ᠎ᠳᠠᠭᠠᠨ ᠲᠡᠷᠡ ᠵᠢᠷᠢᠮ᠎ᠤᠨ ᠡᠳᠦᠷ᠎ᠤᠨ ᠰᠣᠨᠢᠨ᠎ᠤ ᠬᠣᠷᠢᠶ᠎ᠠ᠎ᠳ᠋ᠤ ᠠᠵᠢᠯ ᠠᠯᠪᠠ ᠪᠦᠬᠦᠢ ᠨᠣᠲᠣᠬ ᠨᠢᠭᠡᠲᠡᠢ ᠬᠦᠷᠡᠯᠵᠢᠷᠦᠭᠡ ᠂ ᠲᠡᠮᠴᠦᠭ ᠵᠡᠷᠭᠡ ᠨᠦᠬᠦᠳ᠎ᠢᠶᠡᠨ ᠵᠠᠪ ᠴᠢᠯᠦᠭᠡ᠎ᠪᠠ᠎ᠢᠶᠡᠨ ᠡᠷᠢᠵᠤ ᠬᠦᠶᠦᠬᠦ ᠪᠦᠬᠡᠳ ᠭᠣᠷᠪᠠᠭᠣᠯᠠ ᠠᠭᠣᠯᠵᠠᠬᠣ ᠪᠣᠯᠭᠠᠨ ᠰᠢᠯᠦᠭ ᠵᠣᠬᠢᠶᠠᠯ ᠵᠣᠭᠣᠬᠲᠠᠵᠦ ᠶᠠᠷᠢᠯᠴᠠᠳᠠᠭ ᠪᠠᠢᠯ᠎ᠠ ᠃ ᠬᠣᠶᠠᠷ ᠨᠠᠢᠷᠠᠭᠣᠯᠣᠬᠴᠢ᠎ᠶᠢᠨ ᠬᠠᠪᠰᠣᠷᠣᠯᠭ᠎ᠠ ᠵᠣᠷᠢᠬᠵᠢᠭᠣᠯᠣᠯ᠎ᠢᠶ᠋ᠡᠷ ᠲᠡᠷᠡ ᠣᠬᠠᠭᠠᠨ ᠰᠣᠷᠢᠵᠦ ᠦᠵᠦᠭ᠎ᠢᠶ᠋ᠡᠨ ᠬᠣᠷᠴᠠᠯᠠᠨ ᠣᠷᠢᠳ ᠬᠣᠵᠢᠳ ︽ ᠦᠪᠦᠷ ᠮᠣᠩᠭᠣᠯ᠎ᠤᠨ ᠡᠳᠦᠷ᠎ᠤᠨ ᠰᠣᠨᠢᠨ ︾ ᠂ ︽ ᠲᠣᠮᠲᠠᠲᠣ᠎ᠶᠢᠨ ᠦᠨᠳᠦᠰᠦᠲᠡᠨ ︾ ᠂ ︽ ᠲᠦᠩᠯᠢᠶᠤᠤ᠎ᠶᠢᠨ ᠡᠳᠦᠷ᠎ᠤᠨ ᠰᠤᠨᠢᠨ ︾ ᠂ ︽ ᠵᠢᠷᠢᠮ᠎ᠤᠨ ᠣᠷᠠᠨ ᠵᠣᠬᠢᠶᠠᠯ ︾ ᠂ ︽ ᠰᠢᠷᠠᠮᠦᠢᠷᠡᠨ ︾ ᠂ ︽ ᠬᠣᠨ ᠭᠠᠯᠠᠭᠣ ︾ ᠂ ︽ ᠦᠪᠦᠷ ᠮᠣᠩᠭᠣᠯ᠎ᠤᠨ ᠡᠮᠡᠭᠲᠡᠢᠴᠦᠳ ︾ ᠵᠡᠷᠭᠡ ᠰᠣᠨᠢᠨ ᠰᠡᠳᠬᠦᠯ᠎ᠳ᠋ᠤ ᠣᠷᠠᠨ ᠪᠦᠲᠦᠭᠡᠯ᠎ᠢᠶᠡᠨ ᠨᠡᠢᠲᠡᠯᠡᠬᠦᠯᠵᠦ ᠢᠷᠡᠵᠡᠢ ᠃
2006 ᠤᠨ᠎ᠳ᠋ᠤ ᠂ ᠠᠵᠢᠯ᠎ᠤᠨ ᠠᠮᠠᠷᠠᠯᠲᠠ᠎ᠪᠠᠨ ᠠᠪᠣᠬᠰᠠᠨ ᠬᠠᠩᠰᠢ ᠬᠦᠭᠰᠢᠨ᠎ᠲᠠᠢ᠎ᠪᠠᠨ ᠬᠣᠶᠠᠭᠣᠯᠠ ᠬᠦᠦ᠎ᠪᠠᠨ ᠵᠣᠷᠢᠵᠦ ᠬᠦᠬᠡᠬᠣᠲᠠ᠎ᠳ᠋ᠤ ᠢᠷᠡᠯ᠎ᠡ ᠃ ᠲᠦᠮᠡ ᠲᠦᠴᠢᠬᠢᠨᠡᠵᠦ ᠪᠣᠮᠠ ᠪᠣᠵᠢᠬᠢᠨᠠᠬᠰᠠᠨ ᠦᠢᠮᠡᠭᠡᠨᠲᠦ ᠬᠣᠲᠠ ᠬᠦᠭᠵᠢᠶᠡᠨ ᠨᠠᠷᠬᠢᠶᠠᠨ᠎ᠲᠠᠢ ᠴᠤ ᠲᠡᠬᠦᠨ᠎ᠳ᠋ᠤ ᠤᠢᠳᠬᠠᠷ᠎ᠲᠠᠢ ᠰᠠᠨᠠᠭᠳᠠᠵᠤ ᠂ ᠲᠡᠭᠡ᠎ᠶᠢᠨ ᠬᠠᠨ᠎ᠦ ᠰᠦᠷᠯᠢᠭ ᠪᠡᠷ᠎ᠡ ᠂ ᠲᠣᠬᠯᠠᠵᠦ ᠦᠶᠡᠷᠭᠡᠭᠰᠡᠨ ᠨᠦᠬᠦᠳ ᠪᠣᠯᠣᠨ ᠲᠡᠭᠷᠢ᠎ᠶᠢᠨ ᠬᠠᠶᠠᠭ᠎ᠠ᠎ᠲᠠᠢ ᠵᠠᠯᠭᠠᠯᠲᠣᠨ ᠦᠷᠬᠦᠯᠵᠢᠯᠡᠭᠰᠡᠨ ᠲᠠᠯ᠎ᠠ ᠵᠣ᠋ ᠭᠡᠬᠦᠴᠢᠯᠡᠨ ᠲᠣᠵᠢ᠎ᠳᠠᠭᠠᠨ ᠲᠡᠬᠦᠨ᠎ᠦ ᠡᠳᠦᠷ᠎ᠤᠨ ᠪᠣᠲᠣᠯ ᠰᠦᠨᠢ᠎ᠶᠢᠨ ᠵᠡᠬᠦᠲᠦᠨ᠎ᠳ᠋ᠤ ᠡᠷᠢᠭᠲᠡᠬᠦ ᠠᠵᠢ ᠃ ᠶᠡᠷᠦ᠎ᠨᠢ ᠣᠨᠠᠬᠰᠠᠨ ᠰᠢᠷᠣᠢ ᠣᠣᠭᠣᠬᠰᠠᠨ ᠣᠰᠣ ᠭᠡᠵᠦ ᠡᠯᠢᠭᠡ ᠵᠢᠷᠦᠭᠡᠨ᠎ᠡᠴᠠ ᠣᠶᠠᠵᠦ ᠬᠣᠯᠪᠣᠬᠰᠠᠨ ᠮᠦᠩᠭᠡ᠎ᠶᠢᠨ ᠪᠠᠷᠢᠯᠲᠣᠯᠭ᠎ᠠ ᠪᠢᠯᠢᠦ ⁈ ᠢᠩᠬᠢᠭᠡᠳ ᠲᠠᠭᠣᠣ ᠲᠠᠭᠣᠯᠠᠲᠠᠬ ᠦᠭᠡᠢ ᠪᠠᠢᠬᠰᠠᠨ ᠬᠠᠩᠰᠢ ᠰᠠᠨᠠᠭᠠᠨ᠎ᠦ ᠠᠶ᠎ᠠ᠎ᠪᠠᠷ ᠦᠷᠬᠦᠯᠵᠢ ︽ ᠬᠠᠨ ᠠᠭᠣᠯᠠ᠎ᠲᠠᠢ ᠵᠠᠷᠣᠳ ︾ ᠭᠡᠬᠦ ᠲᠠᠭᠣᠣ᠎ᠶᠢ ᠲᠠᠭᠣᠯᠠᠵᠦ ᠬᠢᠩᠰᠢᠲᠡᠭ ᠪᠣᠯᠪᠠ ᠃ ᠦᠩᠭᠡᠷᠡᠭᠰᠡᠨ᠎ᠳ᠋ᠤ ᠬᠠᠩᠰᠢ ᠦᠯᠦᠭᠡᠢ ᠨᠣᠲᠣᠬ᠎ᠢᠶᠡᠨ ᠮᠠᠬᠲᠠᠵᠦ ᠰᠢᠯᠦᠭ ᠵᠣᠬᠢᠶᠠᠯ ᠲᠣᠭᠣᠷᠪᠢᠵᠦ ᠪᠠᠢᠬᠰᠠᠨ ᠪᠣᠯ ᠦᠨᠦ ᠨᠣᠲᠣᠬ᠎ᠢᠶᠡᠨ ᠰᠠᠨᠠᠬᠰᠠᠨ ᠮᠦᠷᠦᠭᠡᠲᠦᠯ ᠂ ᠨᠢᠯᠪᠣᠰᠣᠨ᠎ᠳ᠋ᠤ ᠲᠡᠪᠲᠦᠭᠰᠡᠨ ᠲᠣᠷᠠᠳᠬᠠᠯ᠎ᠢᠶᠡᠨ ᠬᠡᠯᠬᠢᠵᠦ ᠰᠢᠯᠦᠭ ᠲᠡᠷᠡᠯᠡᠬᠦᠯᠵᠦ ᠰᠡᠳᠬᠢᠯ᠎ᠢᠶᠡᠨ ᠠᠷᠭᠠᠲᠠᠨ᠎ᠠ ᠃ ᠵᠢᠯ ᠪᠣᠯᠭᠠᠨ ᠨᠣᠲᠣᠬ᠎ᠲᠠᠭᠠᠨ ᠨᠢᠭᠡ ᠣᠲᠠᠭ᠎ᠠ ᠬᠠᠷᠢᠨ᠎ᠠ ᠂ ᠨᠦᠬᠦᠴᠡᠯ ᠪᠣᠯᠣᠮᠵᠢ ᠪᠠᠢᠲᠠᠬ ᠪᠣᠯ ᠦᠪᠡᠷ᠎ᠤᠨ᠎ᠢᠶᠡᠨ ᠵᠣᠬᠢᠶᠠᠯ᠎ᠤᠨ ᠲᠡᠬᠦᠪᠦᠷᠢ ᠬᠡᠪᠯᠡᠬᠦᠯᠦᠨ᠎ᠠ ᠬᠡᠵᠥ ᠪᠡᠶ᠎ᠡ᠎ᠲᠡᠭᠡᠨ ᠰᠡᠮ ᠵᠠᠬᠢᠨ᠎ᠠ ᠠᠵᠢ ᠃
ᠣᠷᠠᠨ ᠪᠦᠲᠦᠭᠡᠯ᠎ᠦᠨ ᠦᠨᠳᠦᠷ ᠴᠡᠭᠡᠯ᠎ᠳ᠋ᠤ ᠵᠢᠬᠦᠷ ᠲᠡᠯᠭᠡᠨ ᠲᠠᠪᠢᠭᠰᠡᠨ ︽ ᠡᠪᠦᠭᠡᠨ ᠰᠢᠪᠠᠭᠣ ︾ ᠦᠯᠦᠭᠡᠢ ᠨᠣᠲᠣᠬ᠎ᠢᠶ᠋ᠡᠨ ᠮᠦᠷᠦᠭᠡᠳᠴᠦ ᠣᠶᠠᠬᠠᠨ᠎ᠢᠶ᠋ᠡᠷ ᠵᠢᠷᠬᠢᠨ ᠲᠣᠩᠭᠣᠲᠣᠨ᠎ᠠ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面