ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2020-01-03 09:42:40

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3



ᠪᠤᠶᠠᠨᠳᠡᠯᠬᠡᠷ ᠪᠤᠯ ᠤᠷᠠᠳ᠎ᠤᠨ ᠬᠤᠢᠳᠦ ᠬᠤᠰᠢᠭᠤᠨ᠎ᠤ ᠴᠤᠬᠠᠦᠢᠨᠳᠦᠷ ᠪᠠᠯᠭᠠᠰᠤᠨ᠎ᠤ ᠳᠤᠳᠤᠭᠠᠳᠤ᠎ᠶᠢ ᠬᠠᠮᠠᠭᠠᠯᠠᠬᠤ ᠳᠤᠮᠢᠯᠠᠬᠰᠠᠨ ᠰᠠᠯᠪᠤᠷᠢ᠎ᠶᠢᠨ ᠵᠢᠭᠠᠨ ᠵᠢᠯᠤᠭᠤᠳᠤᠬᠴᠢ ᠶᠤᠮ ᠃ ᠴᠠᠬᠳᠠᠭᠠᠨ᠎ᠤ ᠠᠵᠢᠯ᠎ᠢ 22 ᠵᠢᠯ ᠬᠢᠵᠦ ᠶᠠᠪᠤᠬᠤ᠎ᠳᠠᠭᠠᠨ ᠂ ᠪᠤᠶᠠᠨᠳᠡᠯᠬᠡᠷ ᠢᠮᠠᠬᠳᠠ ᠬᠢᠯᠢ ᠬᠢᠵᠠᠭᠠᠷ᠎ᠤᠨ ᠴᠦᠬᠡᠨ ᠳᠤᠭᠠᠳᠤ ᠦᠨᠳᠦᠰᠦᠳᠡᠨ᠎ᠤ ᠭᠠᠵᠠᠷ ᠤᠷᠤᠨ᠎ᠤ ᠠᠮᠤᠷ ᠳᠤᠬᠳᠠᠭᠤᠨ᠎ᠢ ᠬᠠᠮᠠᠭᠠᠯᠠᠬᠤ᠎ᠪᠠᠷ ᠡᠬᠦᠷᠬᠡ ᠬᠠᠷᠢᠭᠤᠴᠠᠯᠭ᠎ᠠ᠎ᠪᠠᠨ ᠪᠤᠯᠭᠠᠵᠦ ᠂ ᠤᠯᠠᠨ ᠵᠢᠯ ᠠᠵᠢᠯᠯᠠᠬᠤ ᠶᠠᠪᠤᠴᠠ᠎ᠳᠠᠭᠠᠨ ︽ ᠵᠢᠷᠭᠤᠭᠠᠨ ᠤᠯᠠᠨ ︾ ᠠᠵᠢᠯ᠎ᠤᠨ ᠠᠷᠭ᠎ᠠ ᠬᠢᠬᠡᠳ ︽ ᠳᠠᠪᠤᠨ ᠵᠠᠪᠠᠯ ᠰᠤᠷᠪᠤᠯᠵᠢᠯᠠᠬᠤ ︾ ᠠᠵᠢᠯ᠎ᠤᠨ ᠬᠡᠪ ᠵᠠᠬᠪᠤᠷ᠎ᠢ ᠰᠦᠪᠡᠭᠴᠢᠯᠡᠨ ᠡᠬᠦᠳᠴᠦ ᠂ ᠬᠠᠷᠢᠶ᠎ᠠ ᠳᠤᠭᠤᠷᠢᠬ᠎ᠤᠨ᠎ᠢᠶᠡᠨ ︽ ᠠᠮᠤᠷ ᠳᠦᠪᠰᠢᠨ᠎ᠤ ᠳᠤᠤᠷ ︾᠎ᠢ ᠴᠤᠬᠴᠠᠯᠠᠨ ᠪᠠᠢᠭᠤᠯᠵᠦ ᠂ ᠬᠢᠯᠢ ᠬᠢᠵᠠᠭᠠᠷ᠎ᠤᠨ ᠴᠦᠬᠡᠨ ᠳᠤᠭᠠᠳᠤ ᠦᠨᠳᠦᠰᠦᠳᠡᠨ᠎ᠤ ᠭᠠᠵᠠᠷ ᠤᠷᠤᠨ᠎ᠤ ᠦᠨᠳᠦᠰᠦᠨ ᠱᠠᠳᠤᠨ᠎ᠤ ᠳᠤᠳᠤᠭᠠᠳᠤ᠎ᠶᠢ ᠬᠠᠮᠠᠭᠠᠯᠠᠬᠤ ᠬᠠᠮᠢᠶᠠᠷᠤᠯᠳᠠ᠎ᠶᠢᠨ ᠠᠵᠢᠯ᠎ᠤᠨ ᠦᠯᠢᠬᠡᠷ ᠳᠠᠭᠤᠷᠢᠶᠠᠯ ᠪᠤᠯᠵᠠᠢ ᠃ ᠳᠡᠷᠡ ᠬᠡᠳᠦᠨ ᠠᠷᠪᠠᠨ ᠵᠢᠯ᠎ᠢ ᠨᠢᠬᠡ ᠡᠳᠦᠷ ᠮᠡᠳᠦ ᠦᠩᠬᠡᠷᠡᠬᠡᠵᠦ ᠂ ᠭᠤᠪᠢ᠎ᠶᠢᠨ ᠡᠬᠡᠷᠡᠮ᠎ᠠ ᠬᠦᠳᠡᠬᠡ᠎ᠶᠢ ᠪᠠᠳᠤ ᠰᠠᠬᠢᠵᠦ ᠂ ᠪᠦᠬᠦ ᠰᠡᠳᠬᠢᠯ ᠪᠦᠬᠦ ᠵᠤᠷᠢᠬ᠎ᠢᠶᠠᠷ᠎ᠢᠶᠡᠨ ᠮᠠᠯᠴᠢᠨ ᠳᠦᠮᠡᠨ᠎ᠳ᠋ᠤ ᠦᠢᠯᠡᠴᠢᠯᠡᠵᠦ ᠂ ᠮᠠᠯᠴᠢᠨ ᠳᠦᠮᠡᠨ᠎ᠤ ᠳᠤᠮᠳᠠ ︽ ᠰᠠᠢᠨ ᠴᠠᠬᠳᠠᠭ᠎ᠠ ︾ ᠬᠡᠮᠠᠨ ᠠᠯᠳᠠᠷᠰᠢᠵᠡᠢ ᠃ ᠳᠡᠷᠡ ᠪᠤᠯ ᠬᠢᠯᠢ ᠬᠢᠵᠠᠭᠠᠷ᠎ᠲᠤ ᠦᠨᠳᠦᠰᠦ ᠬᠠᠳᠬᠤᠬᠰᠠᠨ ᠴᠢᠩ ᠵᠤᠷᠢᠬᠳᠦ ᠰᠠᠬᠢᠨ ᠬᠠᠮᠠᠭᠠᠯᠠᠬᠴᠢ ᠂ ᠠᠷᠠᠳ ᠳᠦᠮᠡᠨ᠎ᠳ᠋ᠡᠭᠡᠨ ᠬᠠᠷᠠᠮ ᠦᠬᠡᠢ ᠤᠶᠢᠯᠡᠴᠢᠯᠠᠨ ᠵᠢᠳᠬᠦᠭᠴᠢ ᠂ ᠦᠨᠳᠦᠰᠦᠳᠡᠨ᠎ᠤ ᠪᠦᠯᠬᠦᠮᠳᠡᠯ᠎ᠤᠨ ᠡᠷᠡᠰ ᠪᠠᠳᠤ ᠬᠠᠮᠠᠭᠠᠯᠠᠬᠴᠢ ᠮᠦᠨ ᠃ 2019 ᠤᠨ᠎ᠤ 12 ᠰᠠᠷ᠎ᠠ᠎ᠳ᠋ᠤ ᠂ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ᠎ᠡᠴᠠ ᠪᠤᠶᠠᠨᠳᠡᠯᠬᠡᠷ᠎ᠲᠤ ︽ ᠤᠮᠠᠷᠠᠳᠤ ᠬᠢᠯᠢ᠎ᠶᠢᠨ ᠦᠯᠢᠬᠡᠷ ᠳᠠᠭᠤᠷᠢᠶᠠᠯ ︾ ᠬᠡᠰᠡᠨ ᠢᠷᠠᠭᠤ ᠠᠯᠳᠠᠷ᠎ᠤᠨ ᠴᠤᠯᠠ ᠬᠦᠷᠳᠡᠬᠡᠵᠡᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面