ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2020-08-03 09:48:49

ᠵᠣᠬᠢᠶᠠᠭ᠍ᠴᠢ᠄ ᠨᠠᠪᠴᠢ ᠰᠢᠯᠢᠨᠬᠡᠷᠡᠯ ᠣᠩᠱᠢᠭ᠍ᠰᠠᠨ ᠣᠳᠠᠭ᠎ᠠ᠄ 3

ᠬᠤᠷ᠎ᠠ᠎ᠶᠢᠨ ᠳᠠᠷᠠᠭᠠᠬᠢ ᠲᠦᠷᠪᠡᠳ᠎ᠤᠨ ᠳᠠᠯ᠎ᠠ ᠨᠤᠳᠤᠭ ᠭᠠᠩ᠎ᠤᠨ ᠴᠠᠩᠭᠠᠭ᠎ᠠ ᠲᠠᠢᠯᠤᠭᠳᠠᠵᠤ ᠴᠡᠯᠡᠢᠨ ᠨᠤᠭᠤᠭᠠᠷᠠᠨ᠎ᠠ ᠃ ᠡᠮᠦᠨᠡᠬᠡᠨ ᠶᠡᠬᠡ ᠳᠡᠬᠡᠳᠤ ᠰᠤᠷᠭᠠᠭᠤᠯᠢ᠎ᠳ᠋ᠤ ᠰᠤᠷᠤᠭᠴᠢ ᠡᠯᠰᠡᠬᠦ ᠤᠯᠤᠰ᠎ᠤᠨ ᠨᠢᠬᠡᠳᠦᠯᠳᠡᠢ ᠰᠢᠯᠭᠠᠯᠳᠠ᠎ᠶᠢᠨ ᠬᠤᠪᠢ ᠨᠡᠢᠳᠡᠯᠡᠭᠳᠡᠵᠦ ᠂ ᠡᠨᠡ ᠨᠤᠳᠤᠭ᠎ᠤᠨ ᠮᠠᠯᠴᠢᠨ ᠪᠦᠰᠡᠬᠦᠢ ᠨᠠᠷᠠᠨ᠎ᠠ ᠬᠦᠦ᠎ᠲᠠᠢ᠎ᠪᠠᠨ ᠬᠤᠶᠠᠭᠤᠯᠠ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯᠴᠠᠭᠠᠳ ᠂ ᠪᠦᠷ ᠰᠢᠯᠢᠳᠡᠭ ᠬᠢᠷᠢ ᠪᠦᠳᠦᠮᠵᠢ ᠤᠯᠤᠭᠰᠠᠨ ᠬᠡᠬᠦ ᠰᠠᠢᠬᠠᠨ ᠰᠤᠨᠤᠰᠬᠠᠯ ᠬᠤᠯᠠ ᠤᠢᠷ᠎ᠠ᠎ᠶᠢᠨ ᠬᠦᠮᠦᠰ᠎ᠤᠨ ᠳᠤᠮᠳᠠ ᠪᠠᠶᠠᠷ᠎ᠤᠨ ᠴᠢᠮᠡᠬᠡ ᠪᠤᠯᠵᠤ ᠳᠠᠮᠵᠢᠭᠳᠠᠨ᠎ᠠ ᠃




ᠬᠦᠳᠡᠬᠡ ᠨᠤᠳᠤᠭ᠎ᠤᠨ ᠮᠠᠯᠴᠢᠨ ᠬᠦᠮᠦᠨ ᠶᠠᠮᠠᠷᠬᠠᠨ ᠪᠤᠳᠤᠯ ᠡᠪᠦᠷᠯᠡᠵᠦ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯᠴᠠᠪᠠ ︖ ᠳᠡᠷᠡ ᠦᠨᠡᠬᠡᠷ ᠶᠡᠬᠡ ᠰᠤᠷᠭᠠᠭᠤᠯᠢ᠎ᠳ᠋ᠤ ᠤᠶᠤᠳᠠᠨ᠎ᠢᠶᠠᠷ ᠰᠤᠷᠤᠯᠴᠠᠬᠤ ᠪᠤᠯᠪᠠᠤ ᠂ ᠶᠠᠮᠠᠷ ᠬᠤᠯᠠ᠎ᠶᠢᠨ ᠬᠦᠰᠡᠯ ᠪᠤᠳᠤᠯ᠎ᠲᠠᠢ ᠬᠦᠮᠦᠨ ᠪᠤᠢ ᠂ ᠠᠮᠢᠳᠤᠷᠠᠯ ᠠᠬᠤᠢ᠎ᠳ᠋ᠤᠨᠢ ᠶᠠᠮᠠᠷ ᠦᠯᠢᠬᠡᠷ ᠤᠴᠠᠷᠠᠯ᠎ᠲᠠᠢ ᠪᠤᠯ ᠬᠡᠬᠦ ᠰᠤᠨᠢᠭᠤᠴᠢ ᠪᠤᠳᠤᠯ᠎ᠳᠠᠭᠠᠨ ᠬᠦᠳᠦᠯᠦᠭᠳᠡᠵᠦ 7 ᠰᠠᠷ᠎ᠠ᠎ᠶᠢᠨ 28᠎ᠤ ᠡᠳᠦᠷ ᠳᠡᠳᠡᠨᠡᠢᠬᠢᠨ᠎ᠳ᠋ᠤ ᠬᠦᠷᠦᠭᠰᠡᠨ ᠶᠤᠮ ᠃

ᠨᠠᠷᠠᠨ᠎ᠠ᠎ᠶᠢᠨ᠎ᠬᠢᠨ ᠲᠦᠷᠪᠡᠳ ᠬᠤᠰᠢᠭᠤᠨ᠎ᠤ ᠪᠠᠶᠠᠨᠴᠤᠭᠳᠤ ᠪᠠᠯᠭᠠᠰᠤᠨ᠎ᠤ ᠰᠢᠨᠡᠨᠠᠭᠤᠷ ᠭᠠᠴᠠᠭᠠᠨ᠎ᠤ ᠮᠤᠭᠠᠢᠳᠤ᠎ᠶᠢᠨ ᠠᠭᠤᠯᠠ᠎ᠶᠢᠨ ᠡᠩᠬᠡᠷ᠎ᠲᠤ ᠬᠤᠨᠢ ᠠᠳᠤᠭᠤ᠎ᠪᠠᠨ ᠮᠠᠯᠵᠢᠵᠤ ᠰᠠᠭᠤᠳᠠᠭ ᠃ ᠡᠨᠡ ᠵᠢᠯ 43 ᠨᠠᠰᠤᠳᠠᠢ ᠨᠠᠷᠠᠨ᠎ᠠ ᠬᠦᠦ᠎ᠲᠠᠢ᠎ᠪᠠᠨ ᠬᠠᠮᠳᠤ 2020 ᠤᠨ᠎ᠤ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯᠴᠠᠵᠦ ᠂ ᠬᠦᠦ᠎ᠨᠢ 520 ᠬᠤᠪᠢ ︵ ᠬᠠᠷᠠᠭᠠᠯᠵᠠᠯ᠎ᠤᠨ ᠬᠤᠪᠢ᠎ᠪᠠᠨ ᠨᠠᠮᠠᠭᠡᠳ ︶᠎ᠪᠠᠷ ᠪᠦᠬᠦ ᠤᠯᠠᠭᠠᠠᠴᠠᠪ ᠬᠤᠳᠠ᠎ᠶᠢᠨ ᠮᠤᠩᠭᠤᠯ᠎ᠢᠶᠠᠷ ᠬᠢᠴᠢᠶᠡᠯᠯᠡᠭᠰᠡᠨ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠳᠦᠷᠦᠯ᠎ᠤᠨ ᠰᠢᠯᠭᠠᠭᠤᠯᠤᠭᠰᠠᠳ ᠳᠤᠳᠤᠷ᠎ᠠ ᠮᠠᠩᠯᠠᠢᠯᠠᠵᠦ ᠂ ᠨᠡᠷᠡᠨ᠎ᠠ 404 ᠬᠤᠪᠢ᠎ᠪᠠᠷ ᠮᠤᠩᠭᠤᠯ᠎ᠢᠶᠠᠷ ᠬᠢᠴᠢᠶᠡᠯᠯᠡᠭᠰᠡᠨ ᠨᠡᠢᠬᠡᠮ᠎ᠤᠨ ᠰᠢᠨᠵᠢᠯᠡᠬᠦ ᠤᠬᠠᠭᠠᠨ᠎ᠤ ᠳᠦᠷᠦᠯ᠎ᠤᠨ ᠰᠢᠯᠭᠠᠭᠤᠯᠤᠭᠰᠠᠳ᠎ᠤᠨ ᠵᠢᠩᠬᠢᠨᠢ ᠠᠩᠬᠢ᠎ᠶᠢᠨ ᠬᠤᠪᠢ᠎ᠶᠢᠨ ᠱᠤᠭᠤᠮ᠎ᠢ ᠳᠠᠪᠠᠵᠤ ᠂ ᠡᠵᠢ ᠬᠦᠦ ᠬᠤᠶᠠᠭᠤᠯᠠ ᠤᠶᠤᠳᠠᠨ ᠬᠦᠰᠡᠯ᠎ᠢᠶᠡᠨ ᠳᠡᠷᠬᠡᠯᠰᠢᠬᠦᠯᠦᠯ᠎ᠡ ᠃ ᠬᠤᠪᠢ᠎ᠪᠠᠨ ᠰᠤᠨᠤᠰᠤᠯ᠎ᠠ ᠃ ᠠᠯᠢ ᠶᠡᠬᠡ ᠰᠤᠷᠭᠠᠭᠤᠯᠢ᠎ᠳ᠋ᠤ ᠡᠷᠡᠮᠡᠯᠵᠡᠯ ᠳᠠᠭᠯᠠᠬᠤ ᠂ ᠶᠠᠮᠠᠷ ᠳᠤᠰᠬᠠᠢ ᠮᠡᠷᠬᠡᠵᠢᠯ ᠰᠤᠷᠬᠤ ᠳᠤᠬᠠᠢ ᠡᠵᠢ ᠬᠦᠦ ᠬᠤᠶᠠᠭᠤᠯᠠ ᠦᠨᠦᠬᠡᠨ ᠵᠦᠪᠳᠡᠯᠴᠡᠨ ᠰᠠᠭᠤᠯᠴᠠᠨ᠎ᠠ ᠃ ︽ ᠦᠬᠢᠨ ᠮᠠᠨᠢ ᠪᠠᠭ᠎ᠠ ᠰᠤᠷᠭᠠᠭᠤᠯᠢ᠎ᠶᠢᠨ ᠵᠢᠷᠭᠤᠳᠤᠭᠠᠷ ᠤᠨ᠎ᠤ ᠰᠤᠷᠤᠭᠴᠢ ᠪᠤᠯᠤᠨ᠎ᠠ ᠃ ᠦᠬᠢᠨ᠎ᠢᠶᠡᠨ ᠬᠠᠷᠠᠵᠤ ᠬᠠᠷᠭᠠᠯᠵᠠᠬᠤ ᠴᠢᠬᠤᠯᠠ᠎ᠲᠠᠢ ᠪᠤᠯᠬᠤᠷ᠎ᠨᠢ ᠦᠪᠡᠷ᠎ᠢᠶᠡᠨ ᠬᠦᠬᠡᠬᠤᠳᠠ᠎ᠳ᠋ᠤ ᠶᠡᠬᠡ ᠰᠤᠷᠭᠠᠭᠤᠯᠢ᠎ᠳ᠋ᠤ ᠤᠶᠤᠳᠠᠨ ᠪᠤᠯᠤᠮᠠᠷ ᠪᠠᠢᠨ᠎ᠠ ᠃ ᠬᠦᠦ ᠮᠠᠨᠢ ᠵᠠᠯᠠᠭᠤ ᠬᠦᠮᠦᠨ ᠶᠤᠮ ᠴᠢᠨᠢ ᠬᠤᠯᠠ᠎ᠶᠢᠨ ᠬᠦᠰᠡᠯ᠎ᠲᠠᠢ ᠪᠠᠢᠵᠤ ᠂ ᠤᠷᠤᠨ᠎ᠤ ᠭᠠᠳᠠᠨ᠎ᠠ ᠬᠤᠯᠠ ᠶᠠᠪᠤᠭᠤᠯᠵᠤ ᠨᠢᠳᠤ ᠨᠡᠬᠡᠯᠬᠡᠬᠦ ᠪᠤᠳᠤᠯ᠎ᠲᠠᠢ ︾ ᠬᠡᠵᠦ ᠨᠠᠷᠠᠨ᠎ᠠ ᠶᠠᠷᠢᠨ᠎ᠠ ᠃

ᠨᠠᠷᠠᠨ᠎ᠠ ᠬᠡᠵᠦ ᠨᠠᠷᠠ ᠭᠡᠢᠭᠰᠡᠨ ᠠᠮᠢᠳᠤᠷᠠᠯ᠎ᠳᠠᠭᠠᠨ ᠦᠬᠡᠳᠡᠷᠬᠡᠭ ᠪᠠᠶᠠᠰᠤᠩᠭᠤᠢ ᠂ ᠦᠷ᠎ᠠ ᠬᠡᠦᠬᠡᠳ᠎ᠢᠶᠡᠨ ᠪᠢᠴᠢᠭ ᠰᠤᠶᠤᠯ᠎ᠲᠠᠢ ᠬᠦᠮᠦᠨ ᠪᠤᠯᠭᠠᠶ᠎ᠠ ᠬᠡᠵᠦ ᠵᠢᠳᠬᠦᠵᠦ ᠳᠡᠮᠡᠦᠯᠡᠵᠦ ᠶᠠᠪᠤᠳᠠᠭ ᠦᠢ ᠤᠯᠠᠨ ᠮᠠᠯᠴᠢᠨ ᠪᠦᠰᠡᠬᠦᠢ᠎ᠶᠢᠨ ᠨᠢᠬᠡᠨ ᠪᠠᠢᠯ᠎ᠠ ᠃ 1997 ᠤᠨ᠎ᠳ᠋ᠤ ᠤᠯᠤᠰ᠎ᠤᠨ ᠨᠢᠬᠡᠳᠦᠯᠳᠡᠢ ᠰᠢᠯᠭᠠᠯᠳᠠ᠎ᠡᠴᠠ ᠬᠡᠳᠦᠬᠡᠨ ᠰᠠᠷ᠎ᠠ᠎ᠶᠢᠨ ᠡᠮᠦᠨ᠎ᠡ ᠂ ᠦᠨᠳᠦᠷ ᠭᠤᠷᠪᠠ᠎ᠳ᠋ᠤ ᠰᠤᠷᠤᠯᠴᠠᠵᠤ ᠪᠠᠢᠭ᠎ᠠ ᠦᠶ᠎ᠠ᠎ᠳ᠋ᠤ ᠡᠵᠢ᠎ᠶᠢᠨ᠎ᠬᠢᠨ ᠬᠦᠯ᠎ᠨᠢ ᠡᠪᠡᠳᠴᠦ ᠪᠦᠷ ᠶᠠᠪᠤᠵᠤ ᠰᠠᠭᠤᠵᠤ ᠳᠡᠢᠯᠬᠦ᠎ᠪᠠᠨ ᠪᠤᠯᠢᠭᠰᠠᠨ᠎ᠢᠶᠠᠷ ᠠᠷᠤ ᠬᠡᠷ᠎ᠲᠤᠨᠢ ᠠᠰᠠᠷᠠᠵᠤ ᠳᠤᠳᠤᠮᠳᠠᠬᠤ ᠴᠢᠬᠤᠯᠠ᠎ᠲᠠᠢ ᠪᠤᠯᠤᠯ᠎ᠠ ᠃ ᠠᠢᠯ᠎ᠤᠨ ᠤᠳᠬᠤᠨ ᠦᠬᠢᠨ ᠪᠤᠯᠤᠭᠰᠠᠨ ᠳᠡᠷᠡ ᠮᠠᠨᠢ ᠶᠡᠬᠡ ᠰᠤᠷᠭᠠᠭᠤᠯᠢ ᠰᠢᠯᠭᠠᠭᠤᠯᠵᠤ ᠂ ᠬᠠᠤᠯᠢ᠎ᠶᠢᠨ ᠮᠡᠷᠬᠡᠵᠢᠯ ᠰᠤᠷᠤᠨ᠎ᠠ ᠬᠡᠵᠦ ᠬᠤᠯᠠ᠎ᠶᠢᠨ ᠮᠦᠷᠦᠬᠡᠳᠦᠯ ᠡᠪᠦᠷᠯᠡᠵᠦ ᠂ ᠰᠢᠨᠳᠠᠰᠤ ᠴᠢᠩᠭᠠᠯᠠᠵᠤ ᠳᠠᠪᠳᠠᠵᠤ ᠪᠠᠢᠭᠰᠠᠨ᠎ᠢᠶᠡᠨ ᠠᠮᠢᠳᠤᠷᠠᠯ᠎ᠤᠨ ᠬᠢᠨᠢ ᠬᠡᠷᠡᠯ ᠬᠡᠬᠡ ᠂ ᠰᠡᠳᠬᠢᠯ᠎ᠤᠨ ᠲᠦᠰᠢᠭ ᠪᠤᠯᠤᠭᠰᠠᠨ ᠡᠵᠢ᠎ᠪᠠᠨ ᠠᠰᠠᠷᠠᠵᠤ ᠬᠠᠷᠭᠠᠯᠵᠠᠬᠤ᠎ᠨᠢ ᠮᠢᠨᠦ ᠢᠷᠡᠬᠡᠳᠦᠢ᠎ᠡᠴᠠ ᠬᠤᠯᠠ ᠴᠢᠬᠤᠯᠠ ᠴᠤ ᠪᠠᠢᠬ᠎ᠠ ᠡ ᠬᠡᠵᠦ ᠪᠤᠳᠤᠭᠰᠠᠨ᠎ᠢᠶᠡᠨ ᠤᠯᠠᠭᠠᠨ ᠳᠤᠭᠤᠰᠤ ᠪᠤᠵᠢᠬᠢᠨᠠᠭᠰᠠᠨ ᠬᠠᠪᠤᠷ᠎ᠤᠨ ᠨᠢᠬᠡᠨ ᠡᠳᠦᠷ ᠬᠡᠷ᠎ᠲᠡᠭᠡᠨ ᠬᠠᠷᠢᠵᠤ ᠂ ᠮᠠᠯᠴᠢᠨ ᠵᠠᠶᠠᠭ᠎ᠠ ᠲᠦᠰᠢᠵᠡᠢ ᠃ ︽ ᠡᠵᠢ ᠮᠢᠨᠢ ᠪᠤᠰᠤᠳ ᠬᠦᠮᠦᠰ ᠰᠢᠭ ᠪᠦᠷᠢᠨ ᠪᠦᠳᠦᠨ ᠬᠦᠮᠦᠨ ᠪᠢᠰᠢ ᠂ ᠳᠠᠪᠤᠨ ᠨᠠᠰᠤᠨ᠎ᠳᠠᠭᠠᠨ ᠶᠡᠬᠡ ᠬᠠᠯᠠᠭᠤᠷᠠᠵᠤ ᠰᠤᠨᠤᠷ᠎ᠢᠶᠡᠨ ᠠᠯᠳᠠᠵᠤ ᠂ ᠠᠭᠠᠵᠢᠮ᠎ᠢᠶᠠᠷ ᠬᠡᠯᠡ᠎ᠪᠠᠨ ᠠᠯᠳᠠᠵᠠᠢ ᠂ ᠬᠡᠪᠡᠴᠦ ᠡᠵᠢ ᠮᠠᠨᠢ ᠮᠠᠰᠢ ᠳᠡᠰᠪᠦᠷᠢ ᠳᠡᠪᠵᠢᠶᠡᠷᠢ᠎ᠲᠠᠢ ᠬᠦᠳᠡᠯᠮᠦᠷᠢᠴᠢ ᠬᠦᠮᠦᠨ ᠂ ᠨᠠᠳᠠ᠎ᠶᠢ ᠰᠤᠷᠭᠠᠭᠤᠯᠢ᠎ᠳ᠋ᠤ ᠰᠠᠭᠤᠯᠭᠠᠵᠤ ᠳᠡᠢᠯᠬᠦ ᠦᠬᠡᠢ ᠪᠤᠯᠤᠯ᠎ᠠ ᠬᠡᠵᠦ ᠳᠤᠬᠠᠢ᠎ᠶᠢᠨ ᠦᠶ᠎ᠠ᠎ᠳ᠋ᠤ ᠴᠢᠮᠡᠬᠡ ᠦᠬᠡᠢ ᠤᠬᠢᠯᠠᠵᠤ ᠰᠠᠭᠤᠳᠠᠭ ᠪᠠᠢᠭᠰᠠᠨ ᠰᠢᠤ ︕ ᠠᠮᠢᠳᠤᠷᠠᠯ᠎ᠤᠨ ᠡᠯᠡ ᠬᠠᠯᠠ᠎ᠳ᠋ᠤ ᠴᠢᠷᠠᠢ ᠨᠢᠭᠤᠷ᠎ᠲᠤᠨᠢ ᠬᠦᠨ ᠬᠤᠨᠢᠶᠠᠰᠤ ᠰᠠᠭᠤᠭᠰᠠᠨ ᠬᠦᠬᠡᠷᠦᠬᠦᠢ ᠡᠵᠢ᠎ᠪᠠᠨ ᠬᠠᠷᠠᠭᠠᠳ ᠯᠡ ᠪᠢᠴᠢᠭ ᠦᠵᠡᠬᠦ᠎ᠪᠠᠨ ᠪᠠᠢᠶ᠎ᠠ ᠂ ᠡᠵᠢ᠎ᠳ᠋ᠡᠭᠡᠨ ᠳᠤᠰᠠ ᠳᠡᠮ ᠪᠤᠯᠤᠶ᠎ᠠ ᠬᠡᠵᠦ ᠳᠠᠰᠤ ᠪᠤᠳᠤᠭᠠᠳ ᠯᠡ ᠪᠢᠴᠢᠭ ᠦᠵᠡᠬᠦ᠎ᠪᠠᠨ ᠳᠤᠷᠭᠤᠨ ᠵᠤᠭᠰᠤᠭᠰᠠᠨ ︾ ᠬᠡᠵᠦ ᠨᠠᠷᠠᠨ᠎ᠠ ᠦᠩᠬᠡᠷᠡᠯᠳᠡ᠎ᠪᠠᠨ ᠡᠷᠬᠢᠴᠡᠬᠦᠯᠬᠦ᠎ᠳ᠋ᠤ ᠦᠪᠡᠷ᠎ᠤᠨ ᠡᠷᠬᠡ ᠦᠬᠡᠢ ᠨᠢᠯᠪᠤᠰᠤ ᠪᠦᠮᠪᠦᠷᠢᠬᠦᠯᠦᠨ᠎ᠡ ᠃




ᠬᠦᠮᠦᠨ᠎ᠤ ᠠᠮᠢᠳᠤᠷᠠᠯ ᠬᠡᠵᠦ ᠤᠷᠤᠰᠬᠠᠯ ᠤᠰᠤ ᠰᠢᠭ ᠲᠦᠷᠬᠡᠨ ᠦᠩᠬᠡᠷᠡᠳᠡᠭ ᠶᠤᠮᠰᠠᠨ ᠃ ᠨᠠᠷᠠᠨ᠎ᠠ ᠬᠦᠳᠡᠬᠡ ᠨᠤᠳᠤᠭ᠎ᠲᠠᠭᠠᠨ ᠦᠵᠦᠮᠦᠴᠢᠨ ᠵᠠᠯᠠᠭᠤ᠎ᠲᠠᠢ ᠠᠢᠯ ᠬᠡᠷ ᠪᠤᠰᠬᠠᠵᠤ ᠂ ᠨᠢᠬᠡ ᠮᠡᠳᠡᠬᠦ᠎ᠳ᠋ᠤ ᠬᠤᠶᠠᠷ ᠬᠡᠦᠬᠡᠳ᠎ᠤᠨ ᠡᠵᠢ ᠰᠠᠭᠤᠵᠤ ᠂ ᠠᠵᠠ ᠵᠢᠷᠭᠠᠯ᠎ᠲᠠᠢ ᠠᠮᠢᠳᠤᠷᠠᠯ᠎ᠢᠶᠡᠨ ᠡᠳ᠋ᠯᠡᠭᠰᠡᠨ ᠴᠤ ᠬᠠᠷᠢᠨ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯᠴᠠᠵᠦ ᠳᠡᠢᠯᠦᠭᠰᠡᠨ ᠦᠬᠡᠢ᠎ᠨᠢ ᠲᠡᠭᠦᠨ᠎ᠳ᠋ᠤ ᠬᠦᠨ ᠬᠠᠷᠠᠮᠰᠠᠯ ᠪᠤᠯᠵᠤ ᠬᠤᠴᠤᠷᠴᠠᠢ ᠃ ᠳᠡᠬᠡᠬᠡᠳ ᠯᠡ ᠂ ᠡᠩᠬᠦᠷᠡᠢ ᠬᠦᠦ᠎ᠨᠢ ᠦᠰᠴᠦ ᠰᠤᠷᠭᠠᠭᠤᠯᠢ᠎ᠳ᠋ᠤ ᠰᠠᠭᠤᠬᠤ ᠪᠤᠯᠤᠭᠰᠠᠨ᠎ᠳ᠋ᠤ ᠂ ᠬᠡᠦᠬᠡᠳ᠎ᠢᠶᠡᠨ ᠪᠢᠴᠢᠭ ᠨᠤᠮ᠎ᠲᠠᠢ ᠬᠦᠮᠦᠨ ᠪᠤᠯᠭᠠᠨ᠎ᠠ ᠂ ᠰᠠᠢᠨ ᠰᠤᠶᠤᠯ ᠮᠡᠳᠡᠯᠬᠡ ᠬᠦᠷᠳᠡᠬᠡᠶ᠎ᠡ ᠬᠡᠳ ᠯᠡ ᠨᠢᠯᠬ᠎ᠠ ᠦᠬᠢᠨ᠎ᠢᠶᠡᠨ ᠡᠬᠦᠷᠦᠬᠡᠳ ᠯᠠ ᠬᠤᠰᠢᠭᠤ ᠤᠷᠤᠵᠤ ᠂ ᠬᠡᠦᠬᠡᠳ᠎ᠢᠶᠡᠨ ᠬᠠᠷᠠᠵᠤ ᠪᠢᠴᠢᠭ ᠦᠵᠡᠬᠦᠯᠵᠦ ᠂ ᠦᠪᠡᠷ᠎ᠤᠨ ᠤᠷᠠᠨ ᠬᠤᠶᠠᠷ ᠭᠠᠷ᠎ᠤᠨ᠎ᠢᠶᠡᠨ ᠠᠪᠢᠶᠠᠰ᠎ᠲᠤ ᠲᠦᠰᠢᠭᠯᠡᠵᠦ ᠂ ︽ ᠬᠠᠯᠬ᠎ᠠ ᠤᠶᠤᠳᠠᠯ᠎ᠤᠨ ᠭᠠᠵᠠᠷ ︾ ᠨᠡᠬᠡᠬᠡᠵᠦ ᠂ ᠨᠦᠬᠦᠷ᠎ᠨᠢ ᠬᠦᠳᠡᠬᠡ᠎ᠳ᠋ᠡᠭᠡᠨ ᠮᠠᠯ᠎ᠢᠶᠡᠨ ᠮᠠᠯᠵᠢᠳᠠᠭ ᠪᠠᠢᠯ᠎ᠠ ᠃ ︽ ᠬᠤᠳᠠ ᠤᠷᠤᠵᠤ ᠰᠠᠭᠤᠬᠤ ᠴᠢᠨᠢ ᠪᠠᠰᠠ ᠨᠢᠬᠡ ᠶᠠᠭᠤᠮ᠎ᠠ ᠬᠢᠵᠦ ᠠᠮᠢᠳᠤᠷᠠᠯ᠎ᠳᠠᠭᠠᠨ ᠤᠷᠤᠯᠭ᠎ᠠ ᠨᠡᠮᠡᠬᠦᠷᠢ᠎ᠲᠠᠢ ᠪᠤᠯᠤᠶ᠎ᠠ ᠯᠡ ᠬᠡᠵᠦ ᠦᠬᠢᠨ᠎ᠢᠶᠡᠨ ᠶᠢᠰᠦᠬᠡᠨ ᠰᠠᠷ᠎ᠠ᠎ᠲᠠᠢ ᠪᠠᠢᠬᠤ᠎ᠳ᠋ᠤᠨᠢ ᠡᠵᠢ᠎ᠳ᠋ᠡᠭᠡᠨ ᠬᠠᠶᠠᠭᠠᠳ ᠢᠮᠠᠭᠠᠨ ᠰᠦ᠎ᠪᠠᠷ ᠤᠭᠵᠢᠵᠤ ᠦᠪᠡᠷ᠎ᠢᠶᠡᠨ ᠮᠤᠩᠭᠤᠯ ᠤᠯᠤᠰ᠎ᠲᠤ ᠤᠴᠢᠵᠤ ᠤᠶᠤᠵᠤ ᠡᠰᠬᠡᠬᠦ ᠮᠡᠷᠬᠡᠵᠢᠯ ᠰᠤᠷᠴᠤ ᠢᠷᠡᠭᠰᠡᠨ ︾ ᠬᠡᠵᠦ ᠨᠠᠷᠠᠨ᠎ᠠ ᠶᠠᠷᠢᠨ᠎ᠠ ᠃ ᠬᠦᠦ᠎ᠨᠢ ᠦᠰᠦᠨ ᠲᠤᠮᠤᠭᠠᠵᠢᠵᠤ ᠠᠩᠬ᠎ᠠ ᠳᠤᠮᠳᠠᠳᠤ᠎ᠳ᠋ᠤ ᠰᠤᠷᠤᠯᠴᠠᠬᠤ ᠪᠤᠯᠬᠤ᠎ᠳ᠋ᠤ ᠦᠬᠢᠨ ᠴᠤ ᠪᠠᠭ᠎ᠠ ᠰᠤᠷᠭᠠᠭᠤᠯᠢ᠎ᠳ᠋ᠤ ᠤᠷᠤᠬᠤ ᠨᠠᠰᠤ ᠳᠤᠯᠵᠤ ᠂ ᠬᠦᠬᠡᠬᠤᠳᠠ᠎ᠳ᠋ᠤ ᠢᠷᠡᠵᠦ ᠪᠢᠴᠢᠭ ᠦᠵᠡᠬᠦᠯᠵᠦ ᠂ ᠲᠠᠠᠭᠤ᠎ᠳ᠋ᠤᠨᠢ ᠦᠬᠢᠨ᠎ᠤ᠎ᠪᠠᠨ ᠠᠪᠢᠶᠠᠰ᠎ᠲᠠᠢ ᠳᠠᠭᠤᠤ ᠪᠦᠵᠢᠭ᠎ᠢ᠎ᠨᠢ ᠰᠤᠷᠭᠠᠵᠤ ᠂ ᠦᠪᠡᠷ᠎ᠢᠶᠡᠨ ᠤᠶᠤᠳᠠᠯ᠎ᠤᠨ ᠭᠠᠵᠠᠷ ᠬᠦᠯᠦᠰᠦᠨ ᠠᠵᠢᠯ ᠬᠢᠵᠦ ᠦᠬᠢᠨ᠎ᠢᠶᠡᠨ ᠬᠠᠷᠭᠠᠯᠵᠠᠨ ᠰᠠᠭᠤᠳᠠᠭ ᠪᠤᠯᠵᠠᠢ ᠃ ︽ ᠬᠡᠨ ᠴᠤ ᠬᠡᠷ᠎ᠲᠡᠭᠡᠨ ᠳᠠᠪᠠᠳᠠᠢ ᠰᠠᠢᠬᠠᠨ ᠰᠠᠭᠤᠬᠤ᠎ᠶᠢ ᠰᠠᠨᠠᠬᠤ ᠦᠬᠡᠢ ᠪᠠᠢᠯ᠎ᠠ ᠂ ᠬᠡᠦᠬᠡᠳ᠎ᠢᠶᠡᠨ ᠪᠢᠴᠢᠭ ᠨᠤᠮ ᠦᠵᠡᠬᠦᠯᠦᠨ᠎ᠡ ᠬᠡᠳ ᠯᠡ ᠠᠷᠪᠠᠨ ᠵᠢᠯ ᠬᠤᠳᠠ᠎ᠶᠢᠨ ᠳᠡᠨᠦᠬᠦᠯ ᠠᠮᠢᠳᠤᠷᠠᠯ ᠬᠢᠴᠢᠬᠡᠯ᠎ᠡ ᠂ ᠪᠦᠷ ᠬᠡᠦᠬᠡᠳ᠎ᠤᠨ᠎ᠢᠶᠡᠨ ᠲᠦᠯᠦᠬᠡ ᠯᠡ ︾ ᠬᠡᠵᠦ ᠨᠠᠷᠠᠨ᠎ᠠ ᠤᠴᠢᠷᠯᠠᠨ᠎ᠠ ᠃

ᠨᠤᠮ ᠪᠢᠴᠢᠭ ᠪᠤᠯ ᠶᠢᠷᠳᠢᠨᠴᠤ᠎ᠶᠢ ᠬᠠᠷᠠᠬᠤ ᠴᠤᠩᠬᠤ ᠮᠦᠨ ᠃ ᠨᠤᠮ ᠪᠢᠴᠢᠭ᠎ᠢᠶᠠᠷ ᠯᠡ ᠬᠦᠮᠦᠰ ᠤᠶᠤᠨ ᠰᠠᠨᠠᠭ᠎ᠠ᠎ᠪᠠᠨ ᠵᠡᠪᠰᠡᠭᠯᠡᠵᠦ ᠂ ᠬᠤᠯᠠ᠎ᠶᠢᠨ ᠬᠦᠰᠡᠯ ᠮᠦᠷᠦᠬᠡᠳᠦᠯ᠎ᠳ᠋ᠡᠭᠡᠨ ᠳᠡᠮᠡᠦᠯᠡᠵᠦ ᠂ ᠦᠪᠡᠷ᠎ᠤᠨ ᠦᠵᠡᠯ ᠪᠤᠳᠤᠯ᠎ᠢᠶᠡᠨ ᠨᠦᠯᠦᠬᠡᠯᠡᠳᠡᠭ ᠃ ᠨᠠᠷᠠᠨ᠎ᠠ ᠮᠠᠯᠴᠢᠨ ᠪᠦᠰᠡᠬᠦᠢ ᠪᠤᠯᠤᠭᠰᠠᠨ ᠴᠤ 20 ᠭᠠᠷᠤᠢ ᠵᠢᠯ ᠶᠡᠷᠦ᠎ᠡᠴᠠ ᠨᠤᠮ ᠪᠢᠴᠢᠭ᠎ᠡᠴᠠ ᠬᠤᠯᠠᠳᠠᠭ᠎ᠠ ᠦᠬᠡᠢ ᠦᠪᠡᠷ᠎ᠤᠨ ᠦᠨᠳᠦᠰᠦᠳᠡᠨ᠎ᠤ ᠦᠨ᠎ᠡ ᠴᠠᠨ᠎ᠠ᠎ᠲᠠᠢ ᠳᠡᠦᠬᠡ ᠰᠤᠶᠤᠯ ᠂ ᠤᠳᠬ᠎ᠠ ᠵᠤᠬᠢᠶᠠᠯ᠎ᠤᠨ ᠨᠤᠮ᠎ᠢ ᠦᠷᠬᠦᠯᠵᠢ ᠰᠠᠢᠨ ᠤᠩᠰᠢᠳᠠᠭ ᠪᠦᠬᠡᠳ ᠤᠶᠤᠳᠠᠯ᠎ᠢᠶᠡᠨ ᠤᠶᠤᠭᠠᠳ ᠰᠠᠭᠤᠬᠤ᠎ᠳ᠋ᠤ ᠴᠤ ᠭᠠᠷ ᠤᠳᠠᠰᠤᠨ ᠳᠡᠬᠡᠷ᠎ᠡ᠎ᠪᠠᠨ ᠤᠩᠰᠢᠳᠠᠭ ᠨᠤᠮ ᠰᠤᠨᠤᠰᠤᠭᠠᠳ ᠰᠠᠭᠤᠳᠠᠭ ᠬᠡᠨ᠎ᠡ ᠃ ᠪᠢᠳᠡ ᠨᠠᠷᠠᠨ᠎ᠠ᠎ᠶᠢᠨ ᠬᠡᠷ᠎ᠲᠤᠨᠢ ᠰᠤᠷᠪᠤᠯᠵᠢᠯᠠᠵᠤ ᠰᠠᠭᠤᠬᠤ᠎ᠳ᠋ᠤ ᠰᠢᠷᠡᠬᠡᠨ᠎ᠤ ᠴᠠᠭᠠᠨ᠎ᠠ ᠬᠡᠳᠦᠨ ᠺᠢᠷᠢᠯ ᠦᠰᠦᠭ᠎ᠤᠨ ᠨᠤᠮ ᠳᠠᠯᠪᠢᠭᠠᠰᠤᠳᠠᠢ ᠪᠠᠢᠯ᠎ᠠ ᠃ ᠺᠢᠷᠢᠯ ᠦᠰᠦᠭ᠎ᠢ ᠦᠪᠡᠷᠳᠡᠬᠡᠨ ᠰᠤᠷᠴᠤ ᠤᠩᠰᠢᠵᠤ ᠪᠠᠢᠯ᠎ᠠ ᠃ ᠨᠠᠷᠠᠨ᠎ᠠ ᠄ ︽ ᠡᠳᠡᠬᠡᠷ ᠵᠢᠯ᠎ᠤᠳ᠎ᠲᠤ ᠨᠤᠮ ᠪᠢᠴᠢᠭ᠎ᠡᠴᠠ ᠵᠠᠢᠳᠠᠭᠰᠠᠨ ᠦᠬᠡᠢ᠎ᠨᠢ ᠦᠪᠡᠷ᠎ᠤᠨ ᠳᠤᠷ᠎ᠠ ᠪᠠᠬ᠎ᠠ ᠂ ᠶᠡᠷᠦ᠎ᠨᠢ ᠰᠢᠯᠭᠠᠯᠳᠠ᠎ᠳ᠋ᠤ ᠨᠢᠬᠡ ᠤᠷᠤᠵᠤ ᠦᠵᠡᠬᠦ ᠶᠠᠪᠤᠳᠠᠯ ᠡᠳᠦᠷ᠎ᠤᠨ ᠪᠤᠳᠤᠯ ᠰᠦᠨᠢ᠎ᠶᠢᠨ ᠵᠡᠬᠦᠳᠡᠨ᠎ᠡᠴᠠ ᠰᠠᠯᠬᠤ ᠦᠬᠡᠢ ᠪᠠᠢᠭᠰᠠᠨ ᠃ ᠦᠬᠢᠨ ᠮᠠᠨᠢ ᠵᠦᠳᠡᠬᠦᠬᠡᠨ ᠴᠡᠴᠡᠷᠯᠢᠭ᠎ᠲᠤ ᠰᠠᠭᠤᠵᠤ ᠂ ᠬᠦᠤ ᠮᠠᠨᠢ ᠪᠠᠭ᠎ᠠ ᠰᠤᠷᠭᠠᠭᠤᠯᠢ᠎ᠳ᠋ᠤ ᠰᠤᠷᠴᠤ ᠪᠠᠢᠬᠤ 2012 ᠤᠨ᠎ᠤ ᠦᠶ᠎ᠠ᠎ᠪᠠᠷ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯᠴᠠᠶ᠎ᠠ ᠬᠡᠵᠦ ᠨᠤᠮ ᠴᠤᠭᠯᠠᠭᠤᠯᠵᠤ ᠦᠵᠡᠯ᠎ᠡ ᠃ ᠬᠡᠪᠡᠴᠦ ᠰᠢᠯᠭᠠᠭᠤᠯᠵᠤ ᠤᠷᠤᠭᠰᠠᠨ ᠴᠤ ᠬᠡᠦᠬᠡᠳ ᠪᠠᠭ᠎ᠠ ᠂ ᠰᠤᠷᠤᠯᠴᠠᠬᠤ ᠪᠤᠯᠤᠮᠵᠢ ᠨᠦᠬᠦᠴᠡᠯ ᠦᠬᠡᠢ ᠪᠤᠯᠬᠤᠷ᠎ᠨᠢ ᠡᠨᠡ ᠬᠦ ᠬᠦᠰᠡᠯ᠎ᠢᠶᠡᠨ ᠲᠦᠷ ᠳᠠᠶᠠᠭᠳᠠᠵᠠᠢ ᠃ ᠤᠨ ᠵᠢᠯ ᠦᠩᠬᠡᠷᠡᠬᠦ᠎ᠪᠠᠷ ᠡᠷᠡᠬᠡᠯᠵᠡᠵᠦ ᠳᠠᠳᠠᠭᠠᠯᠵᠠᠬᠤ ᠴᠤ ᠪᠤᠯᠤᠯ᠎ᠠ ᠃ ᠬᠠᠷᠢᠨ ᠨᠤᠮ ᠪᠢᠴᠢᠭ᠎ᠡᠴᠠ ᠠᠯᠳᠠᠷᠳᠤ ᠬᠦᠮᠦᠰ᠎ᠤᠨ ᠦᠯᠢᠬᠡᠷ᠎ᠢ ᠤᠩᠰᠢᠬᠤ᠎ᠪᠠᠷ᠎ᠨᠢ ᠵᠤᠷᠢᠭ ᠤᠨᠳᠤᠷᠤᠵᠤ ᠰᠢᠨᠳᠠᠰᠤ ᠡᠷᠴᠢᠯᠡᠭᠳᠡᠵᠦ ᠰᠢᠯᠭᠠᠬᠤ᠎ᠪᠠᠷ ᠰᠢᠭᠤᠳᠴᠠᠢ ︾ ᠬᠡᠵᠦ ᠶᠠᠷᠢᠨ᠎ᠠ ᠃

ᠨᠢᠳᠤᠨᠤᠨ ᠬᠦᠦ ᠳᠤᠯᠭ᠎ᠠ᠎ᠨᠢ 2020 ᠤᠨ᠎ᠤ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠨᠡᠷ᠎ᠡ ᠮᠡᠳᠡᠬᠦᠯᠬᠦ᠎ᠳ᠋ᠤ ᠨᠠᠷᠠᠨ᠎ᠠ ᠴᠤ ᠬᠦᠤ᠎ᠲᠠᠢ᠎ᠪᠠᠨ ᠬᠠᠮᠳᠤ ᠰᠢᠯᠭᠠᠬᠤ᠎ᠪᠠᠷ ᠨᠡᠷ᠎ᠡ ᠮᠡᠳᠡᠬᠦᠯᠵᠡᠢ ᠃ ︽ ᠡᠵᠢ ᠡ ᠨᠠᠳᠠ᠎ᠲᠠᠢ ᠬᠠᠮᠳᠤ ᠰᠢᠯᠭᠠᠴᠢᠬ᠎ᠠ ᠬᠡᠬᠦ ᠬᠦᠦ᠎ᠶᠢᠨ ᠮᠢᠨᠢ ᠵᠤᠷᠢᠭᠵᠢᠭᠤᠯᠤᠯ ᠵᠢᠴᠢ ᠨᠦᠬᠦᠷ ᠴᠤ ᠮᠢᠨᠦ ᠬᠦᠰᠡᠯ ᠮᠦᠷᠦᠬᠡᠳᠦᠯ᠎ᠢ ᠤᠢᠯᠠᠭᠠᠵᠤ ᠳᠡᠮᠵᠢᠳᠡᠭ᠎ᠢᠶᠠᠷ ᠨᠢᠳᠤᠨᠤᠨ᠎ᠤ 9 ᠰᠠᠷ᠎ᠠ᠎ᠳ᠋ᠤ ᠬᠦᠬᠡᠬᠤᠳᠠ᠎ᠶᠢᠨ ᠳᠠᠪᠳᠠᠬᠤ ᠠᠩᠬᠢ᠎ᠳ᠋ᠤ ᠰᠠᠭᠤᠵᠤ ᠰᠢᠯᠭᠠᠯᠳᠠ᠎ᠳ᠋ᠤ ᠪᠡᠯᠡᠳᠬᠡᠵᠡᠢ ᠃ ᠬᠢᠵᠢᠭ᠎ᠤᠨ ᠬᠤᠭᠤᠴᠭᠠᠠᠨ᠎ᠳ᠋ᠤ ᠬᠦᠦ ᠬᠡᠷ᠎ᠲᠡᠭᠡᠨ ᠰᠠᠭᠤᠵᠤ ᠰᠦᠯᠵᠢᠶᠡᠨ ᠬᠢᠴᠢᠶᠡᠯ ᠤᠷᠤᠬᠤ᠎ᠳ᠋ᠤ ᠪᠢ ᠬᠠᠵᠠᠭᠤ᠎ᠳ᠋ᠤ᠎ᠨᠢ ᠬᠡᠯᠡ ᠪᠢᠴᠢᠭ᠎ᠤᠨ ᠬᠢᠴᠢᠶᠡᠯ᠎ᠢ᠎ᠨᠢ ᠰᠤᠨᠤᠰᠳᠠᠭ ᠂ ᠬᠦᠦ᠎ᠳ᠋ᠡᠭᠡᠨ ᠵᠤᠷᠢᠭᠵᠢᠭᠤᠯᠤᠯ ᠪᠤᠯᠵᠤ ᠬᠠᠮᠳᠤ ᠳᠠᠪᠳᠠᠨ᠎ᠡ ᠂ ᠤᠢᠯᠠᠭᠠᠬᠤ ᠦᠬᠡᠢ ᠮᠡᠳᠡᠬᠦ ᠦᠬᠡᠢ ᠵᠦᠢᠯ᠎ᠢᠶᠡᠨ ᠬᠦᠦ᠎ᠪᠠᠷ᠎ᠢᠶᠡᠨ ᠵᠢᠭᠠᠯᠭᠠᠨ᠎ᠠ ︾ ᠬᠡᠵᠦ ᠡᠬᠡ ᠬᠦᠦ ᠬᠤᠶᠠᠭᠤᠯᠠ ᠲᠦᠰᠢᠭ ᠬᠠᠨᠢ ᠪᠤᠯᠵᠤ ᠰᠤᠷᠤᠯᠴᠠᠭᠰᠠᠨ ᠳᠤᠬᠠᠢ ᠡᠵᠢ᠎ᠨᠢ ᠤᠴᠢᠷᠯᠠᠬᠤ᠎ᠳ᠋ᠤ ᠳᠤᠯᠭ᠎ᠠ ᠄ ︽ ᠡᠵᠢ ᠴᠤ ᠨᠠᠳᠠ᠎ᠳ᠋ᠤ ᠦᠨᠡᠬᠡᠷ ᠰᠡᠳᠬᠢᠯ᠎ᠤᠨ ᠲᠦᠰᠢᠭ ᠳᠠᠭᠤᠷᠢᠶᠠᠯ ᠪᠤᠯᠤᠭᠰᠠᠨ ᠰᠢᠤ ︕ ᠬᠠᠶᠠ ᠳᠠᠪᠳᠠᠯᠭ᠎ᠠ ᠬᠢᠴᠢᠶᠡᠯ᠎ᠳ᠋ᠡᠭᠡᠨ ᠵᠠᠯᠬᠠᠭᠤᠷᠠᠵᠤ ᠂ ᠪᠤᠳᠤᠯ ᠰᠡᠳᠬᠢᠯ ᠬᠤᠯᠠ ᠬᠡᠢᠬᠦᠷᠬᠦ᠎ᠳ᠋ᠤ ᠡᠵᠢ᠎ᠶᠢᠨ᠎ᠢᠶᠡᠨ ᠰᠤᠷᠤᠯᠴᠠᠵᠤ ᠪᠠᠢᠬᠤ᠎ᠶᠢ ᠪᠤᠳᠤᠬᠤ᠎ᠲᠠᠢ ᠵᠡᠷᠬᠡ ᠵᠢᠯᠤᠭᠤ ᠴᠢᠩᠭᠠᠷᠠᠠᠳᠠᠭ ︾ ᠬᠡᠵᠦ ᠶᠠᠷᠢᠨ᠎ᠠ ᠃

20 ᠭᠠᠷᠤᠢ ᠵᠢᠯ᠎ᠤᠨ ᠬᠦᠰᠡᠯ ᠬᠦᠯᠢᠶᠡᠯᠳᠡ᠎ᠪᠠᠷ ᠨᠠᠷᠠᠨ᠎ᠠ 7 ᠰᠠᠷ᠎ᠠ᠎ᠶᠢᠨ 7᠎ᠤ ᠡᠳᠦᠷ ᠬᠦᠬᠡᠬᠤᠳᠠ᠎ᠳ᠋ᠤ ᠤᠯᠤᠰ᠎ᠤᠨ ᠨᠢᠬᠡᠳᠦᠯᠳᠡᠢ ᠰᠢᠯᠭᠠᠯᠳᠠ᠎ᠳ᠋ᠤ ᠤᠷᠤᠯ᠎ᠠ ᠃ ︽ ᠮᠤᠩᠭᠤᠯ ᠬᠡᠯᠡ ᠪᠢᠴᠢᠭ ᠂ ᠨᠡᠢᠬᠡᠮ᠎ᠤᠨ ᠰᠢᠨᠵᠢᠯᠡᠬᠦ ᠤᠬᠭᠠᠨ᠎ᠤ ᠬᠢᠴᠢᠶᠡᠯ ᠲᠦᠷᠦᠯ᠎ᠤᠨ ᠳᠡᠷᠡ ᠬᠦ ᠬᠤᠶᠠᠷ ᠴᠠᠭ ᠬᠠᠭᠠᠰ᠎ᠤᠨ ᠰᠢᠯᠭᠠᠯᠳᠠ᠎ᠳ᠋ᠤ ᠮᠤᠩᠭᠤᠯ ᠦᠰᠦᠭ᠎ᠢᠶᠡᠨ ᠵᠢᠷᠢᠯᠵᠢᠬᠦᠯᠦᠨ ᠪᠢᠴᠢᠬᠦ᠎ᠳ᠋ᠤ ᠦᠨᠡᠬᠡᠷ ᠭᠠᠳᠠᠭᠠᠳᠤ ᠤᠷᠴᠢᠯᠠᠩ᠎ᠢᠶᠠᠷ ᠳᠤᠭᠤᠷᠢᠭᠠᠳ ᠢᠷᠡᠬᠦ ᠰᠢᠭ ᠪᠠᠶᠠᠷ ᠪᠠᠬᠠᠳᠤᠯ ᠵᠤᠯ ᠵᠢᠷᠭᠠᠯ᠎ᠲᠠᠢ ᠂ ᠦᠷᠦ ᠵᠢᠷᠦᠬᠡ ᠮᠢᠨᠢ ᠬᠠᠯᠬᠢᠯᠠᠨ ᠴᠠᠯᠬᠢᠯᠠᠵᠤ ᠪᠠᠢᠯ᠎ᠠ ︾ ᠬᠡᠵᠦ ᠰᠢᠯᠭᠠᠯᠳᠠ᠎ᠳ᠋ᠤ ᠤᠷᠤᠯᠴᠠᠭᠰᠠᠨ ᠦᠶ᠎ᠠ᠎ᠶᠢᠨ ᠲᠦᠷᠦᠭᠳᠡᠯ᠎ᠢᠶᠡᠨ ᠬᠤᠪᠢᠶᠠᠯᠴᠠᠨ᠎ᠠ ᠃ ᠬᠤᠪᠢ ᠨᠡᠢᠳᠡᠯᠡᠬᠦ᠎ᠳ᠋ᠤ ᠂ ᠨᠠᠷᠠᠨ᠎ᠠ 404 ᠬᠤᠪᠢ ᠰᠢᠯᠭᠠᠵᠤ ᠂ ᠮᠤᠩᠭᠤᠯ ᠬᠡᠯᠡ᠎ᠳ᠋ᠡᠭᠡᠨ 111 ᠬᠤᠪᠢ ᠂ ᠨᠡᠢᠬᠡᠮ᠎ᠤᠨ ᠰᠢᠨᠵᠢᠯᠡᠬᠦ ᠤᠬᠠᠭᠠᠨ᠎ᠤ ᠬᠢᠴᠢᠶᠡᠯ ᠲᠦᠷᠦᠯ᠎ᠳ᠋ᠡᠭᠡᠨ 187 ᠬᠤᠪᠢ ᠰᠢᠯᠭᠠᠵᠠᠢ ᠃ ︽ ᠮᠢᠨᠦ ᠤᠶᠤᠳᠠᠨ ᠬᠦᠰᠡᠯ ᠳᠡᠷᠬᠡᠯᠰᠢᠬᠦ᠎ᠳ᠋ᠤ ᠮᠢᠨᠦ ᠡᠬᠡ ᠬᠡᠯᠡ ᠮᠤᠩᠭᠤᠯ ᠬᠡᠯᠡ ᠪᠢᠴᠢᠭ ᠯᠡ ᠨᠠᠳᠠ᠎ᠶᠢ ᠡᠨᠡ ᠲᠦᠪᠰᠢᠨ᠎ᠳ᠋ᠤ ᠬᠦᠷᠬᠡᠵᠡᠢ ᠃ ᠨᠤᠮ ᠵᠤᠬᠢᠶᠠᠯ ᠰᠠᠢᠨ ᠤᠩᠰᠢᠳᠠᠭ᠎ᠢᠶᠠᠷ ᠴᠡᠬᠡᠵᠢᠯᠡᠬᠦ ᠴᠢᠳᠠᠪᠤᠷᠢ ᠠᠨᠠᠢ ᠪᠤᠯᠤᠭᠰᠠᠨ ᠴᠤ ᠤᠢᠯᠠᠭᠠᠵᠤ ᠡᠵᠡᠮᠰᠢᠬᠦ ᠰᠠᠢᠨ ᠰᠢᠭ ᠪᠤᠯᠬᠤᠷ ᠳᠡᠦᠬᠡ ᠤᠯᠤᠰ ᠲᠦᠷᠦ᠎ᠶᠢᠨ ᠬᠢᠴᠢᠶᠡᠯ᠎ᠤᠨ ᠰᠢᠯᠭᠠᠯᠳᠠ᠎ᠳ᠋ᠤ ᠦᠭᠬᠦᠭᠳᠡᠭᠰᠡᠨ ᠮᠠᠲ᠋ᠧᠷᠢᠶᠠᠯ᠎ᠢᠶᠡᠨ ᠠᠰᠢᠭᠯᠠᠵᠤ ᠰᠡᠳᠦᠪ᠎ᠢᠶᠡᠨ ᠨᠡᠯᠢᠶᠡᠳ ᠵᠦᠬᠡᠷ ᠬᠠᠷᠢᠭᠤᠯᠵᠤ ᠬᠠᠨᠤᠮᠵᠢᠳᠠᠢ ᠦᠷ᠎ᠠ ᠪᠦᠳᠦᠮᠵᠢ ᠤᠯᠵᠤ ᠴᠢᠳᠠᠵᠠᠢ ᠂ ᠬᠡᠦᠬᠡᠳ ᠬᠡᠯᠡ ᠪᠢᠴᠢᠭ᠎ᠢᠶᠡᠨ ᠰᠠᠢᠨ ᠰᠤᠷᠪᠠᠯ ᠰᠢᠯᠭᠠᠯᠳᠠ᠎ᠳ᠋ᠤ ᠵᠦᠳᠡᠷᠡᠬᠦ ᠦᠬᠡᠢ ︾ ᠬᠡᠵᠦ ᠨᠠᠷᠠᠨ᠎ᠠ ᠦᠪᠡᠷ᠎ᠤᠨ ᠳᠤᠷᠰᠢᠯᠭ᠎ᠠ᠎ᠪᠠᠨ ᠶᠠᠷᠢᠨ᠎ᠠ ᠃

ᠬᠦᠮᠦᠨ᠎ᠤ ᠠᠮᠢᠳᠤᠷᠠᠯ᠎ᠤᠨ ᠬᠦᠰᠡᠯ ᠬᠦᠬᠡᠬᠡᠴᠡᠯᠳᠦᠯ ᠠᠳᠠᠯᠢ ᠦᠬᠡᠢ ᠪᠠᠢᠳᠠᠭ ᠃ ᠮᠠᠯᠴᠢᠨ ᠂ ᠤᠶᠤᠳᠠᠯᠴᠢᠨ ᠬᠦᠳᠡᠬᠡ᠎ᠶᠢᠨ ᠪᠦᠰᠡᠬᠦᠢ ᠤᠶᠤᠳᠠᠨ ᠬᠦᠰᠡᠯ᠎ᠢᠶᠡᠨ ᠳᠡᠷᠬᠡᠯᠰᠢᠬᠦᠯᠵᠦ ᠶᠡᠬᠡ ᠰᠤᠷᠭᠠᠭᠤᠯᠢ᠎ᠶᠢᠨ ᠰᠤᠷᠤᠯᠭ᠎ᠠ ᠠᠮᠢᠳᠤᠷᠠᠯ᠎ᠢᠶᠡᠨ ᠡᠬᠢᠯᠡᠬᠦᠯᠬᠦ ᠪᠤᠯᠤᠨ᠎ᠠ ᠃ ︽ ᠬᠦᠤ ᠮᠠᠨᠢ ᠰᠠᠢᠨ ᠰᠢᠯᠭᠠᠭᠰᠠᠨ᠎ᠢᠶᠠᠷ ᠦᠷᠬᠦᠯᠵᠢᠯᠡᠨ ᠰᠠᠢᠨ ᠰᠤᠷᠤᠯᠴᠠᠵᠤ ᠂ ᠦᠪᠡᠷ᠎ᠤᠨ ᠡᠬᠡ ᠤᠯᠤᠰ ᠦᠨᠳᠦᠰᠦᠳᠡᠨ ᠤᠭᠰᠠᠭᠠᠳᠠᠨ᠎ᠳᠠᠭᠠᠨ ᠬᠡᠷᠡᠭᠴᠡᠬᠡ᠎ᠲᠠᠢ ᠬᠦᠮᠦᠨ ᠪᠤᠯᠵᠤ ᠶᠠᠪᠤᠬᠤ᠎ᠶᠢ ᠬᠦᠰᠡᠨ᠎ᠡ ᠃ ᠪᠢ ᠴᠤ ᠦᠪᠡᠷ᠎ᠤᠨ ᠪᠡᠶ᠎ᠠ᠎ᠲᠡᠭᠡᠨ ᠳᠤᠬᠢᠷᠠᠭᠰᠠᠨ ᠳᠤᠰᠬᠠᠢ ᠮᠡᠷᠬᠡᠵᠢᠯ᠎ᠢᠶᠡᠨ ᠰᠤᠩᠭᠤᠵᠤ ᠂ ᠬᠤᠵᠢᠮ ᠨᠦᠬᠦᠴᠡᠯ ᠪᠤᠯᠤᠮᠵᠢ᠎ᠲᠠᠢ ᠪᠤᠯ ᠠᠰᠫᠢᠷᠠᠨᠲ ᠂ ᠳ᠋ᠤᠺᠲ᠋ᠤᠷ᠎ᠢᠶᠠᠷ ᠰᠤᠷᠤᠯᠴᠠᠬᠤ ᠰᠠᠨᠠᠭ᠎ᠠ᠎ᠲᠠᠢ ᠂ ᠮᠠᠨ᠎ᠤ ᠮᠠᠯᠴᠢᠨ ᠬᠦᠮᠦᠨ ᠴᠤ ᠰᠠᠢᠨ ᠰᠠᠢᠬᠠᠨ᠎ᠢ ᠬᠦᠬᠡᠬᠡᠴᠡᠯᠳᠦᠵᠦ ᠂ ᠴᠠᠭ ᠨᠡᠢᠬᠡᠮ᠎ᠲᠠᠢ ᠵᠡᠷᠬᠡ᠎ᠪᠠᠷ ᠳᠠᠪᠰᠢᠵᠤ ᠂ ᠮᠡᠳᠡᠯᠬᠡ ᠪᠤᠯᠪᠠᠰᠤᠷᠠᠯ᠎ᠢᠶᠡᠨ ᠳᠡᠬᠡᠭᠰᠢᠯᠡᠬᠦᠯᠵᠦ ᠬᠦᠰᠡᠯ ᠮᠦᠷᠦᠭᠡᠳᠦᠯ᠎ᠢᠶᠡᠨ ᠪᠡᠶᠡᠯᠡᠬᠦᠯᠬᠦ᠎ᠪᠠᠷ ᠴᠢᠷᠮᠠᠢᠬᠤ ᠭᠡᠷᠡᠭᠳᠡᠢ ᠰᠢᠤ ︾ ᠭᠡᠵᠦ ᠬᠤᠯᠠ᠎ᠶᠢᠨ ᠪᠤᠳᠤᠯ᠎ᠢᠶᠡᠨ ᠳᠡᠯᠬᠡᠨ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面