2020-05-18 09:37:56
ᠰᠤᠷᠪᠤᠯᠵᠢᠯᠠᠭᠴᠢ ᠦᠩᠭᠡ᠎ᠶᠢᠨ ᠴᠡᠴᠡᠭ᠎ᠤᠨ ᠮᠢᠷᠠᠯᠵᠠᠭᠠᠨ᠎ᠲᠠᠢ ᠦᠵᠡᠮᠵᠢᠳᠦ ᠵᠤᠨ᠎ᠤ ᠡᠬᠢᠨ᠎ᠤ ᠨᠢᠭᠡᠨ ᠡᠳᠦᠷ ᠂ ᠲᠦᠩᠯᠢᠶᠤᠤ ᠬᠤᠳᠠ᠎ᠶᠢᠨ ᠬᠤᠷᠴᠢᠨ ᠲᠤᠭᠤᠷᠢᠭ᠎ᠤᠨ ᠵᠢᠶᠠᠨ ᠭᠦᠸᠸ ᠬᠤᠢᠳᠦ ᠵᠠᠮ᠎ᠤᠨ ᠨᠠᠭᠠᠳᠤᠮ ᠵᠠᠩ᠌ ᠦᠢᠯᠡ᠎ᠶᠢᠨ ᠬᠦᠷᠢᠶᠡᠯᠡᠩ᠎ᠳ᠋ᠤ ᠬᠦᠷᠴᠦ ᠂ ᠦᠯᠡᠮᠵᠢ᠎ᠶᠢᠨ ᠴᠢᠷᠮᠠᠢᠯᠭ᠎ᠠ᠎ᠪᠠᠷ᠎ᠢᠶᠡᠨ ᠦᠨᠳᠦᠰᠦᠳᠡᠨ᠎ᠤ ᠦᠪ ᠰᠤᠶᠤᠯ᠎ᠢᠶᠡᠨ ᠤᠯᠠᠮᠵᠢᠯᠠᠨ ᠲᠡᠯᠭᠡᠷᠡᠭᠦᠯᠵᠦ ᠂ ᠦᠯᠦᠭᠡᠢ ᠨᠤᠳᠤᠭ᠎ᠲᠠᠭᠠᠨ ᠦᠢᠯᠡᠰ᠎ᠤᠨ ᠠᠮᠵᠢᠯᠳᠠ᠎ᠪᠠᠨ ᠰᠦᠮᠪᠦᠷᠯᠡᠭᠦᠯᠵᠦ ᠶᠠᠪᠤᠭ᠎ᠠ ︽ ᠰᠤᠶᠤᠯ ᠮᠤᠩᠭᠤᠯ ᠵᠢᠷᠤᠭᠯᠠᠯ ︾᠎ᠤᠨ ᠲᠠᠭᠠᠭᠠᠮᠠᠯ ᠰᠠᠴᠤᠷᠠᠯᠳᠤ᠎ᠶᠢ ᠰᠤᠷᠪᠤᠯᠵᠢᠯᠠᠯ᠎ᠠ ᠃
ᠰᠤᠷᠪᠤᠯᠵᠢᠯᠠᠭᠴᠢ ︽ ᠰᠤᠶᠤᠯ ᠮᠤᠩᠭᠤᠯ ᠵᠢᠷᠤᠭᠯᠠᠯ ︾᠎ᠤᠨ ᠡᠭᠦᠳᠡ᠎ᠪᠠᠷ ᠠᠯᠬᠤᠨ ᠤᠷᠤᠬᠤᠶ᠎ᠠ ᠂ ᠭᠡᠷᠡᠮ ᠬᠠᠨ᠎ᠠ ᠲᠡᠭᠡᠷ᠎ᠠ ᠡᠯᠭᠦᠭᠰᠡᠨ ᠮᠤᠩᠭᠤᠯ ᠵᠠᠰᠠᠯ ᠵᠢᠮᠰᠡᠭᠢᠶᠠᠷᠢᠶᠡᠨ ᠭᠤᠶᠤᠯᠠᠭᠰᠠᠨ ᠠᠮᠠᠷᠠᠭ ᠬᠤᠤᠰ᠎ᠤᠨ ᠭᠡᠷᠡᠯ ᠵᠢᠷᠤᠭ ᠂ ᠦᠩᠭᠡ᠎ᠶᠢᠨ ᠰᠠᠢᠬᠠᠨ ᠲᠡᠷᠯᠢᠭ ᠡᠮᠦᠰᠦᠭᠰᠡᠨ ᠭᠡᠷ ᠪᠦᠯᠢ᠎ᠶᠢᠨ ᠭᠡᠷᠡᠯ ᠵᠢᠷᠤᠭ ᠂ ᠦᠵᠡᠮᠵᠢᠳᠦ ᠬᠤᠷᠴᠢᠨ᠎ᠤ ᠭᠠᠩᠭᠠᠩ᠌ ᠪᠠᠢᠭᠠᠯᠢ᠎ᠶᠢ ᠲᠤᠰᠬᠠᠭᠰᠠᠨ ᠤᠷᠠᠯᠢᠭ ᠰᠠᠢᠬᠠᠨ ᠭᠡᠷᠡᠯ ᠵᠢᠷᠤᠭ᠎ᠤᠳ᠎ᠨᠢ ᠬᠠᠷᠠᠭ᠎ᠠ᠎ᠶᠢ ᠪᠤᠯᠢᠶᠠᠨᠡ ᠃ ᠰᠠᠴᠤᠷᠠᠯᠳᠤ᠎ᠲᠠᠢ ᠭᠠᠷ ᠠᠳᠬᠤᠨ ᠮᠡᠨᠳᠦᠴᠢᠯᠡᠨ ᠵᠤᠯᠭᠠᠵᠤ ᠂ ᠵᠤᠭᠤᠭᠳᠠᠬᠤ ᠵᠠᠭᠤᠷ᠎ᠠ ᠡᠳᠡᠭᠡᠷ ᠪᠦᠬᠦᠨ᠎ᠨᠢ ᠲᠠᠭᠦᠨ᠎ᠤ ᠤᠷᠠᠨ ᠪᠦᠲᠦᠭᠡᠯ ᠪᠤᠯᠬᠤ᠎ᠶᠢ ᠤᠬᠠᠵᠠᠢ ᠃
ᠰᠠᠴᠤᠷᠠᠯᠳᠤ ᠪᠤᠯ ᠪᠤᠷᠤᠭᠵᠢᠭᠤᠨ ᠂ ᠶᠤᠰᠤᠷᠬᠠᠭ ᠂ ᠬᠠᠯᠠᠭᠤᠮᠰᠤᠭ ᠵᠠᠩ᠎ᠲᠠᠢ ᠵᠠᠯᠠᠭᠤ ᠭᠡᠭᠴᠢ᠎ᠨᠢ ᠭᠠᠳᠠᠷᠯᠠᠭᠳᠠᠨ᠎ᠠ ᠃ ᠲᠡᠷᠡ ᠡᠨᠡ ᠵᠢᠯ 37 ᠨᠠᠰᠤᠳᠠᠢ ᠃ 2002 ᠤᠨ᠎ᠳ᠋ᠤ ᠰᠠᠴᠤᠷᠠᠯᠳᠤ ᠦᠨᠳᠦᠷ ᠲᠤᠮᠳᠠᠳᠤ᠎ᠪᠠᠨ ᠲᠡᠭᠦᠰᠦᠭᠡᠳ ᠂ ᠰᠢᠯᠢᠳᠡᠭ ᠬᠢᠷᠢ ᠪᠦᠲᠦᠮᠵᠢ᠎ᠪᠠᠷ ᠦᠪᠦᠷ ᠮᠤᠩᠭᠤᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠶᠢᠨ ᠲᠤᠭᠠᠨ᠎ᠤ ᠤᠬᠠᠭᠠᠨ᠎ᠤ ᠰᠠᠯᠪᠤᠷᠢ᠎ᠳ᠋ᠤ ᠰᠢᠯᠭᠠᠭᠤᠯᠤᠨ ᠤᠷᠤᠪᠠ ᠃ ᠲᠡᠷᠡ ᠲᠠᠪᠤᠨ ᠵᠢᠯ᠎ᠤᠨ ᠤᠶᠤᠳᠠᠨᠤ ᠠᠮᠢᠳᠤᠷᠠᠯ᠎ᠢᠶᠡᠨ ᠲᠠᠯᠠᠭᠠᠷ ᠦᠩᠭᠡᠷᠡᠭᠡᠭᠰᠡᠨ ᠦᠭᠡᠢ ᠂ ᠦᠪ ᠰᠤᠶᠤᠯ᠎ᠳᠠᠭᠠᠨ ᠤᠬᠠᠭᠠᠨ ᠲᠠᠮᠢᠷ᠎ᠢᠶᠡᠨ ᠡᠷᠭᠦᠬᠦ ᠬᠦᠰᠡᠯ ᠪᠤᠳᠤᠯ᠎ᠢ ᠡᠪᠦᠷᠯᠡᠵᠦ ᠂ ᠤᠶᠤᠳᠠᠨᠤ ᠠᠮᠢᠳᠤᠷᠠᠯ᠎ᠢᠶᠡᠨ ᠡᠬᠢᠯᠡᠭᠦᠯᠦᠮᠡᠭᠴᠡ ᠲᠤᠰᠬᠠᠢ ᠮᠡᠷᠭᠡᠵᠢᠯ᠎ᠢᠶᠡᠨ ᠰᠠᠢᠨ ᠰᠤᠷᠤᠭᠰᠠᠨ᠎ᠡᠴᠠ ᠭᠠᠳᠠᠨ᠎ᠠ ᠪᠠᠰᠠ ᠺᠤᠮᠫᠢᠦ᠋ᠲ᠋ᠧᠷ ᠂ ᠢᠡᠲ᠋ᠸᠷ ᠰᠦᠯᠵᠢᠶ᠎ᠠ᠎ᠶᠢᠨ ᠬᠠᠮᠢᠶᠠᠲᠠᠢ ᠬᠢᠴᠢᠶᠡᠯ᠎ᠢ᠎ᠲᠠᠭᠠᠨ ᠰᠤᠷᠴᠤ ᠂ ᠪᠡᠶ᠎ᠠ᠎ᠪᠠᠨ ᠲᠠᠭᠠᠭᠠᠵᠤ ᠰᠤᠷᠤᠯᠴᠠᠨ ᠡᠵᠡᠮᠰᠢᠵᠤ ᠂ ᠶᠡᠬᠡ ᠰᠤᠷᠭᠠᠭᠤᠯᠢ᠎ᠶᠢᠨ ᠭᠤᠷᠪᠠᠳᠤᠭᠠᠷ ᠤᠨ᠎ᠤ ᠦᠶᠠᠳ᠋ᠡᠭᠡᠨ ︽ ᠮᠤᠩᠭᠤᠯ ᠰᠦᠯᠵᠢᠶ᠎ᠠ ︾ ᠭᠡᠬᠦ ᠮᠤᠩᠭᠤᠯ ᠵᠠᠯᠠᠭᠤᠷ᠎ᠢ ᠵᠤᠬᠢᠶᠠᠵᠤ ᠂ ᠮᠤᠩᠭᠤᠯ ᠰᠦᠯᠵᠢᠶᠡᠨ ᠠᠠᠳᠡ᠎ᠳ᠋ᠤ ᠠᠱᠢᠭᠦᠢ ᠰᠠᠢᠨ ᠦᠢᠯᠡ ᠬᠢᠭᠰᠡᠨ ᠪᠠᠢᠯ᠎ᠠ ᠃ ᠲᠡᠷᠡ ᠤᠷᠢᠳ ᠬᠤᠵᠢᠳ ᠰᠤᠶᠤᠯ ᠰᠦᠯᠵᠢᠶ᠎ᠠ ᠂ ᠲᠠᠭᠤᠤ᠎ᠳ᠋ᠤ ᠤᠶᠠᠷᠠᠬᠤ ᠬᠤᠷ ᠣᠠ ᠂ ᠡᠬᠡ ᠬᠡᠯᠡ ᠂ ᠪᠡᠭᠡᠵᠢᠩ᠎ᠤᠨ ᠮᠤᠩᠭᠤᠯ ᠬᠡᠯᠡ ᠰᠤᠶᠤᠯ᠎ᠤᠨ ᠠᠩᠬᠢ ᠂ ᠰᠠᠢᠬᠠᠨ ᠰᠦᠯᠵᠢᠶ᠎ᠠ ᠵᠡᠷᠭᠡ ᠮᠤᠩᠭᠤᠯ ᠰᠦᠯᠵᠢᠶᠠᠨᠦᠭᠦᠳᠢ ᠡᠭᠦᠰᠭᠡᠨ ᠪᠠᠢᠭᠤᠯᠵᠤ ᠂ ᠮᠤᠩᠭᠤᠯ ᠦᠨᠳᠦᠰᠦᠳᠡᠨ᠎ᠤ ᠰᠤᠶᠤᠯ ᠲᠡᠦᠭᠡ᠎ᠪᠠᠨ ᠦᠪᠯᠡᠵᠤ ᠤᠯᠠᠮᠵᠢᠯᠠᠨ ᠲᠡᠯᠭᠡᠷᠡᠭᠦᠯᠵᠦ ᠂ ᠦᠡᠳᠤᠰᠤᠳᠠᠨᠤ ᠦᠪ ᠰᠤᠶᠤᠯ᠎ᠤᠨ ᠴᠠᠭ ᠦᠶ᠎ᠠ᠎ᠲᠠᠢ ᠬᠠᠮᠳᠤ᠎ᠪᠠᠷ ᠤᠷᠤᠭᠰᠢᠯᠠᠬᠤ᠎ᠳ᠋ᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠪᠢᠯᠡ ᠃
ᠮᠡᠳᠡᠯᠭᠡ᠎ᠶᠢᠨ ᠲᠠᠯᠠᠢ᠎ᠳ᠋ᠤ ᠱᠤᠩᠪᠠᠨ ᠂ ᠮᠡᠷᠭᠡᠵᠢᠯ᠎ᠤᠨ ᠢᠯᠳᠦ᠎ᠪᠠᠨ ᠬᠤᠷᠴᠠᠯᠠᠬᠤ᠎ᠶᠢᠨ ᠲᠦᠯᠦᠭᠡ ᠂ ᠶᠡᠬᠡ ᠰᠤᠷᠭᠠᠭᠤᠯᠢ᠎ᠪᠠᠨ ᠲᠡᠭᠦᠰᠦᠭᠰᠡᠨ ᠰᠠᠴᠤᠷᠠᠯᠳᠤ ᠲᠤᠮᠤ ᠬᠤᠳᠠ᠎ᠳ᠋ᠤ ᠠᠵᠢᠯᠯᠠᠵᠤ ᠂ ᠬᠠᠷᠠᠭ᠎ᠠ᠎ᠪᠠᠨ ᠦᠷᠭᠡᠳᠭᠡᠬᠦ᠎ᠪᠠᠷ ᠪᠤᠯᠵᠠᠢ ᠃ ᠲᠡᠷᠡ ᠠᠯᠢ ᠤᠯᠠᠨ ᠭᠢᠯᠠᠯᠵᠠᠮ᠎ᠠ ᠠᠮᠵᠢᠯᠳᠠ᠎ᠶᠢ ᠲᠡᠮᠳᠡᠭᠯᠡᠭᠰᠡᠨ ᠬᠤᠪᠢ᠎ᠶᠢᠨ ᠨᠠᠮᠳᠠᠷᠢᠶᠠᠷᠢᠶᠡᠨ ᠤᠷᠤᠨ᠎ᠤ ᠲᠤᠳᠤᠨ᠎ᠠ ᠭᠠᠳᠠᠨᠠᠬᠢ ᠠᠯᠢ ᠤᠯᠠᠨ ᠠᠵᠤ ᠠᠬᠤᠢᠯᠠᠯ ᠠᠵᠢᠯ ᠦᠢᠯᠡᠰ᠎ᠤᠨ ᠨᠢᠭᠡᠴᠡ᠎ᠳ᠋ᠤ ᠠᠵᠢᠯᠯᠠᠬᠤ ᠪᠤᠯᠤᠮᠵᠢ ᠪᠠᠢᠭᠰᠠᠨ ᠪᠤᠯᠪᠠᠴᠤ ᠂ ᠲᠡᠷᠡ ᠪᠡᠭᠡᠵᠢᠩ᠎ᠤᠨ ᠬᠤᠧᠠᠨ ᠶᠠ ᠱᠢ ᠳ᠋ᠠᠢ ᠮᠡᠳᠡᠭᠡ ᠵᠠᠩᠬᠢ᠎ᠶᠢᠨ ᠬᠢᠵᠠᠭᠠᠷᠳᠤ ᠺᠤᠮᠫᠠᠨᠢ᠎ᠳ᠋ᠤ ᠠᠵᠢᠯ᠎ᠤᠨ ᠭᠠᠷᠤᠭ᠎ᠠ᠎ᠪᠠᠨ ᠠᠪᠴᠡᠢ ᠃ ᠰᠠᠴᠤᠷᠠᠯᠳᠤ ᠲᠤᠰ ᠨᠡᠷᠡᠳᠦ ᠺᠤᠮᠫᠠᠨᠢ᠎ᠳ᠋ᠤ ᠪᠠᠢᠬᠤ ᠬᠤᠭᠤᠴᠠᠭᠠᠨ᠎ᠳᠠᠭᠠᠨ ᠦᠢᠯᠡᠳᠦᠯᠭᠡ ᠲᠤᠮᠳᠠ᠎ᠪᠠᠨ ᠮᠡᠷᠭᠡᠵᠢᠯ᠎ᠢᠶᠡᠨ ᠲᠡᠭᠡᠭᠰᠢᠯᠡᠭᠦᠯᠵᠤ ᠂ ᠤᠯᠠᠨ ᠤᠯᠠᠨ ᠰᠤᠷᠤᠯᠴᠠᠬᠤ ᠵᠠᠪᠰᠢᠶᠠᠨ ᠤᠯᠵᠠᠢ ᠃ ᠰᠠᠴᠤᠷᠠᠯᠳᠤ ᠨᠤᠮ ᠪᠢᠴᠢᠭ᠎ᠲᠠᠢ ᠬᠠᠨᠢᠯᠠᠵᠤ ᠂ ᠮᠡᠳᠡᠯᠭᠡ᠎ᠪᠠᠨ ᠬᠦᠨᠵᠡᠭᠡᠢᠷᠡᠭᠦᠯᠬᠦᠪᠠᠷ ᠪᠡᠭᠡᠵᠢᠩ ᠶᠡᠬᠡ ᠰᠤᠷᠭᠠᠭᠤᠯᠢ᠎ᠶᠢᠨ ᠬᠢᠴᠢᠶᠡᠯ᠎ᠢ ᠴᠤᠲᠠᠭᠠᠨ ᠰᠤᠷᠤᠯᠴᠠᠵᠤ ᠪᠠᠢᠪᠠ ᠃ ᠮᠡᠳᠡᠯᠭᠡ ᠴᠢᠳᠠᠪᠤᠷᠢ᠎ᠶᠢᠨ ᠲᠡᠭᠡᠭᠰᠢᠯᠡᠭᠦ᠎ᠶᠢ ᠲᠠᠭᠠᠯᠳᠤᠨ ᠂ ᠲᠡᠷᠡ ᠤᠳᠤᠬᠢ ᠪᠠᠢᠳᠠᠯ᠎ᠳᠠᠭᠠᠨ ᠰᠡᠳᠭᠢᠯ ᠬᠠᠨᠤᠬᠤ ᠦᠭᠡᠢ ᠪᠤᠯᠵᠤ ᠂ ᠪᠡᠭᠡᠵᠢᠩ᠎ᠤᠨ ᠱᠧᠩ ᠱᠢ ᠵᠠᠷ ᠮᠡᠳᠡᠭᠡ᠎ᠶᠢᠨ ᠬᠢᠵᠠᠭᠠᠷᠳᠤ ᠺᠤᠮᠫᠠᠨᠢ᠎ᠳ᠋ᠤ ᠠᠵᠢᠯ ᠰᠢᠯᠵᠢᠪᠠ ᠃ ᠡᠨᠡ ᠬᠦ ᠰᠢᠨ᠎ᠠ ᠰᠡᠪᠡᠭᠦᠨ ᠮᠦᠷᠳᠡᠭᠡᠨ ᠭᠤᠸ᠎ᠠ ᠰᠠᠢᠬᠠᠨ᠎ᠤ ᠮᠡᠳᠡᠷᠡᠮᠵᠢ᠎ᠳ᠋ᠤ ᠴᠢᠩᠭ᠎ᠠ ᠱᠠᠭᠠᠷᠳᠠᠯᠭ᠎ᠠ᠎ᠲᠠᠢ ᠠᠵᠢᠯ᠎ᠨᠢ ᠲᠡᠭᠦᠨ᠎ᠤ ᠲᠤᠷ᠎ᠠ ᠪᠠᠬ᠎ᠠ᠎ᠶᠢ ᠲᠠᠬᠢᠨ ᠰᠡᠷᠭᠦᠭᠡᠭᠰᠡᠨ ᠪᠠᠢᠨ᠎ᠠ ᠃ ᠶᠠᠭ ᠲᠤᠰ ᠺᠤᠮᠫᠠᠨᠢ᠎ᠳ᠋ᠤ ᠤᠷᠤᠵᠤ ᠠᠵᠢᠯᠯᠠᠭᠰᠠᠨ᠎ᠨᠢ ᠲᠡᠭᠦᠨ᠎ᠤ ᠬᠤᠵᠢᠮ ᠬᠤᠢᠰᠢᠳᠠ ᠨᠤᠳᠤᠭ᠎ᠲᠠᠭᠠᠨ ᠪᠤᠴᠠᠵᠤ ᠂ ᠦᠢᠯᠡᠰ ᠪᠤᠰᠬᠠᠬᠤᠳ᠋ᠤᠨᠢ ᠰᠠᠭᠤᠷᠢ ᠲᠠᠯᠪᠢᠭᠰᠠᠨ ᠪᠠᠢᠨ᠎ᠠ ᠃ ︽ ᠨᠢᠳᠤ ᠢᠷᠮᠡᠬᠦ ᠵᠠᠭᠤᠷ᠎ᠠ ᠪᠡᠭᠡᠵᠢᠩ᠎ᠳ᠋ᠤ ᠠᠵᠢᠯᠯᠠᠭᠠᠳ 10 ᠵᠢᠯ ᠪᠤᠯᠴᠢᠬᠠᠵᠠᠢ ᠂ ᠡᠨᠡ ᠬᠦ ᠬᠤᠭᠤᠴᠠᠭᠠᠨ᠎ᠳ᠋ᠤ ᠠᠵᠢᠯ᠎ᠤᠨ ᠴᠢᠬᠤᠯᠠᠴᠢᠯᠠᠭ᠎ᠠ᠎ᠡᠴᠠ ᠤᠯᠤᠰ᠎ᠤᠨ ᠲᠤᠳᠤᠷᠠᠬᠢ ᠲᠤᠮᠤ ᠲᠤᠮᠤ ᠬᠤᠳᠠ᠎ᠪᠠᠷ ᠪᠦᠷ ᠶᠠᠪᠤᠯ᠎ᠠ ᠂ ᠦᠵᠡᠭᠰᠡᠨ ᠵᠦᠢᠯᠡᠰ ᠤᠯᠠᠨ ᠪᠠᠢᠨ᠎ᠠ ᠂ ᠰᠤᠷᠤᠭᠰᠠᠨ ᠮᠡᠳᠡᠯᠭᠡ ᠮᠤᠩ᠌ ᠦᠭᠡᠢ ᠂ ᠤᠳᠤ ᠡᠷᠳᠡ ᠡᠳᠦᠷ ᠨᠤᠳᠤᠭ᠎ᠲᠠᠭᠠᠨ ᠬᠠᠷᠢᠵᠤ ᠦᠢᠯᠡᠰ ᠪᠤᠰᠬᠠᠶ᠎ᠠ ︾ ᠭᠡᠵᠦ ᠪᠤᠳᠤᠬᠰᠠᠨ ᠰᠠᠴᠤᠷᠠᠯᠳᠤ ᠮᠤᠩᠭᠤᠯ ᠵᠢᠷᠤᠭᠯᠠᠯ ᠡᠷᠬᠢᠯᠡᠬᠦ᠎ᠪᠠᠷ ᠪᠤᠯᠵᠠᠢ ᠃ ᠮᠤᠩᠭᠤᠯ ᠵᠢᠷᠤᠭᠯᠠᠯ᠎ᠢᠶᠡᠨ ᠴᠢᠨᠠᠷ ᠰᠠᠢᠳᠠᠢ ᠡᠷᠬᠢᠯᠡᠬᠦ᠎ᠶᠢᠨ ᠲᠦᠯᠦᠭᠡ ᠂ ᠲᠡᠷᠡ ᠪᠠᠰᠠ ᠲᠧᠯᠧᠢᠰ ᠬᠤᠷᠢᠶ᠎ᠠ᠎ᠪᠠᠷ ᠠᠵᠢᠯᠯᠠᠵᠤ ᠂ ᠪᠤᠳᠠᠳᠠᠢ ᠲᠤᠷᠰᠢᠯᠭ᠎ᠠ ᠬᠤᠷᠠᠮᠳᠤᠭᠤᠯᠵᠤ ᠶᠠᠪᠤᠵᠠᠢ ᠃ ᠰᠠᠴᠤᠷᠠᠯᠳᠤ ᠪᠠᠭ᠎ᠠ᠎ᠡᠴᠠ᠎ᠪᠠᠨ ᠵᠢᠷᠤᠭ ᠵᠢᠷᠤᠬᠤ ᠠᠪᠢᠶᠠᠰ᠎ᠲᠠᠢ ᠪᠠᠢᠵᠤ ᠂ ᠲᠤᠮᠳᠠᠳᠤ ᠰᠤᠷᠭᠠᠭᠤᠯᠢ᠎ᠳ᠋ᠤ ᠪᠠᠢᠬᠤ᠎ᠳᠠᠭᠠᠨ ᠤᠯᠠᠨ ᠠᠷᠪᠢᠨ ᠱᠠᠩᠨᠠᠯ ᠬᠦᠬᠢᠭᠦᠯᠦᠯ ᠬᠦᠷᠳᠡᠵᠦ ᠪᠠᠢᠭᠰᠠᠨ ᠤᠴᠢᠷ᠎ᠡᠴᠠ ᠲᠡᠭᠦᠨ᠎ᠤ ᠭᠤᠸ᠎ᠠ ᠰᠠᠢᠬᠠᠨ᠎ᠤ ᠮᠡᠳᠡᠷᠡᠮᠵᠢ ᠤᠨᠴᠠ ᠰᠠᠢᠨ ᠪᠠᠢᠵᠤ ᠂ ᠵᠢᠷᠤᠭᠯᠠᠭᠠᠴᠢ᠎ᠶᠢᠨ ᠠᠪᠢᠶᠠᠰ᠎ᠢ ᠪᠦᠷᠢᠯᠳᠤᠬᠦᠯᠵᠠᠢ ᠃
ᠨᠢᠳᠤᠨᠤᠨ᠎ᠤ 4 ᠰᠠᠷ᠎ᠠ᠎ᠳ᠋ᠤ ᠂ ᠮᠤᠩᠭᠤᠯ ᠰᠤᠶᠤᠯ᠎ᠢᠶᠡᠨ ᠮᠤᠯᠤᠷ ᠡᠷᠳᠡᠨᠢ ᠭᠡᠵᠦ ᠲᠡᠭᠡᠳᠦᠯᠡᠳᠡᠭ ᠰᠠᠴᠤᠷᠠᠯᠳᠤ᠎ᠶᠢᠨ ︽ ᠰᠤᠶᠤᠯ ᠮᠤᠩᠭᠤᠯ ᠵᠢᠷᠤᠭᠯᠠᠯ ︾᠎ᠨᠢ ᠡᠷᠦᠭᠡ᠎ᠪᠠᠨ ᠰᠡᠭᠦᠵᠤ ᠡᠵᠡᠩᠨᠡᠯᠳᠡ᠎ᠪᠠᠨ ᠡᠬᠢᠯᠡᠭᠦᠯᠵᠡᠢ ᠃ ︽ ᠰᠤᠶᠤᠯ ᠮᠤᠩᠭᠤᠯ ᠵᠢᠷᠤᠭᠯᠠᠯ ︾ ᠮᠤᠩᠭᠤᠯ ᠨᠤᠳᠤᠭ᠎ᠤᠨ ᠦᠩᠭᠡ ᠦᠵᠡᠮᠵᠢ᠎ᠳ᠋ᠤ ᠰᠠᠭᠤᠷᠢᠯᠠᠨ ᠂ ᠦᠨᠳᠦᠰᠦᠳᠡᠨ᠎ᠤ ᠰᠤᠶᠤᠯ ᠂ ᠵᠠᠩ᠌ ᠦᠢᠯᠡ ᠂ ᠮᠤᠩᠭᠤᠯ ᠬᠤᠪᠴᠠᠰᠤ ᠵᠠᠰᠠᠯ᠎ᠢ ᠬᠡᠷᠡᠯ ᠵᠢᠷᠤᠭ᠎ᠢᠶᠠᠷ ᠵᠢᠷᠤᠭᠯᠠᠨ ᠲᠡᠮᠳᠡᠭᠯᠡᠵᠤ ᠂ ᠤᠳᠤ᠎ᠶᠢᠨ ᠬᠦᠮᠦᠰ᠎ᠤᠨ ᠭᠤᠸ᠎ᠠ ᠰᠠᠢᠬᠠᠨ᠎ᠤ ᠬᠦᠬᠡᠭᠡᠴᠡᠯᠳᠦᠯᠢ ᠬᠠᠩᠭᠠᠬᠤ᠎ᠶᠢᠨ ᠲᠠᠭᠠᠤ ᠦᠨᠳᠦᠰᠦᠳᠡᠨ᠎ᠤ ᠤᠨᠴᠠᠯᠢᠭᠳᠤ ᠰᠤᠶᠤᠯ᠎ᠢᠶᠡᠨ ᠲᠡᠯᠭᠡᠷᠡᠭᠦᠯᠬᠦ ᠵᠤᠷᠢᠯᠭ᠎ᠠ᠎ᠲᠠᠢ ᠪᠠᠢᠭᠤᠯᠵᠠᠢ ᠃ ︽ ᠰᠤᠶᠤᠯ ᠮᠤᠩᠭᠤᠯ ᠵᠢᠷᠤᠭᠯᠠᠯ ︾ ᠮᠤᠩᠭᠤᠯ ᠭᠡᠷ᠎ᠤᠨ ᠬᠠᠨ᠎ᠠ ᠂ ᠠᠶᠠᠭᠠᠨ ᠬᠤᠷᠭᠤ ᠂ ᠠᠪᠳᠠᠷ᠎ᠠ ᠵᠡᠷᠭᠡ ᠮᠤᠩᠭᠤᠯ ᠤᠨᠴᠠᠯᠢᠭᠳᠤ ᠠᠷᠤ ᠦᠵᠡᠮᠵᠢ᠎ᠲᠠᠢ ᠂ ᠮᠤᠩᠭᠤᠯ ᠠᠮᠢᠳᠤᠷᠠᠯ᠎ᠢ ᠬᠠᠷᠠᠭᠤᠯᠤᠭᠰᠠᠨ ᠭᠡᠷᠡᠯ ᠵᠢᠷᠤᠭ ᠠᠪᠬᠤ ᠪᠦᠷᠢᠨ ᠨᠦᠬᠦᠴᠡᠯ ᠪᠤᠯᠤᠮᠵᠢ᠎ᠶᠢ ᠪᠦᠷᠢᠯᠳᠦᠭᠦᠯᠵᠤ ᠂ ᠭᠤᠤᠯᠳᠠᠭᠤ ᠬᠤᠷᠢᠮ ᠨᠠᠢᠷ᠎ᠤᠨ ᠭᠡᠷᠡᠯ ᠵᠢᠷᠤᠭ ᠂ ᠲᠦᠷᠢ ᠰᠢᠩᠭᠡᠭᠡᠯᠳᠡ ᠂ ᠭᠡᠷ ᠪᠦᠯᠢ᠎ᠶᠢᠨ ᠭᠡᠷᠡᠯ ᠵᠢᠷᠤᠭ ᠵᠡᠷᠭᠡ ᠵᠢᠷᠤᠭ ᠰᠡᠭᠦᠳᠡᠷ ᠠᠪᠬᠤ ᠦᠢᠯᠡᠴᠢᠯᠡᠭᠡ ᠬᠠᠩᠭᠠᠵᠤ ᠪᠠᠢᠨ᠎ᠠ ᠃ ᠰᠠᠴᠤᠷᠠᠯᠳᠤ᠎ᠶᠢᠨ ᠲᠠᠳᠠᠭᠰᠠᠨ ᠭᠡᠷᠡᠯ ᠵᠢᠷᠤᠭ ᠂ ᠲᠦᠷᠢ ᠰᠢᠩᠭᠡᠭᠡᠯᠳᠡ᠎ᠨᠢ ᠮᠤᠩᠭᠤᠯ ᠨᠤᠳᠤᠭ᠎ᠤᠨ ᠲᠠᠩᠰᠤᠭ ᠰᠠᠢᠬᠠᠨ ᠪᠠᠢᠭᠠᠯᠢ᠎ᠶᠢᠨ ᠦᠵᠡᠮᠵᠢ ᠂ ᠦᠨᠳᠦᠰᠦᠳᠡᠨ᠎ᠤ ᠬᠤᠪᠴᠠᠰᠤ ᠵᠠᠰᠠᠯ ᠂ ᠵᠠᠩ᠌ ᠦᠢᠯᠡ ᠂ ᠤᠷᠠᠯᠢᠭ᠎ᠤᠨ ᠰᠠᠢᠬᠠᠨ᠎ᠢ ᠤᠶᠠᠯᠳᠤᠭᠤᠯᠤᠭᠰᠠᠨ ᠵᠡᠷᠭᠡ ᠤᠨᠴᠠᠯᠢᠭ᠎ᠲᠠᠢ ᠃
ᠰᠠᠴᠤᠷᠠᠯᠳᠤ ᠮᠤᠩᠭᠤᠯ ᠵᠢᠷᠤᠭᠯᠠᠯ ᠡᠷᠬᠢᠯᠡᠬᠦᠳ᠋ᠡᠭᠡᠨ ᠰᠢᠷᠭᠠᠭᠤ ᠬᠦᠳᠡᠯᠮᠦᠷᠢ ᠂ ᠰᠤᠳᠤᠨ ᠭᠡᠷᠡᠯ ᠵᠢᠷᠤᠭ ᠪᠤᠯᠤᠨ ᠲᠦᠷᠢ ᠰᠢᠩᠭᠡᠭᠡᠯᠳᠡ ᠂ ᠴᠢᠨᠠᠷᠯᠢᠭ ᠦᠢᠯᠡᠴᠢᠯᠡᠭᠡ᠎ᠶᠢ ᠠᠵᠢᠯ ᠦᠢᠯᠡᠰ᠎ᠤᠨ᠎ᠢᠶᠡᠨ ᠠᠮᠢᠨ ᠰᠤᠳᠠᠰᠤ ᠪᠤᠯᠭᠠᠵᠤ ᠂ ᠪᠤᠰᠤᠳ᠎ᠡᠴᠠ ᠢᠯᠭᠠᠭᠳᠠᠭᠰᠠᠨ ᠦᠨᠳᠦᠰᠦᠳᠡᠨ᠎ᠤ ᠤᠨᠴᠠᠯᠢᠭ ᠂ ᠭᠠᠷᠰᠢᠨ ᠮᠡᠷᠭᠡᠰᠢᠭᠰᠡᠨ ᠰᠡᠭᠦᠳᠡᠷᠯᠡᠬᠦ ᠤᠷ᠎ᠠ ᠮᠡᠷᠭᠡᠵᠢᠯ ᠂ ᠲᠤᠬᠢᠯᠢᠭ ᠦᠨ᠎ᠠ ᠬᠠᠩᠰᠢ᠎ᠪᠠᠷ᠎ᠢᠶᠡᠨ ᠬᠡᠷᠡᠭᠯᠡᠭᠴᠢᠳ᠎ᠤᠨ ᠬᠦᠷᠢᠶᠡᠯᠡᠯ᠎ᠢ ᠤᠯᠵᠤ ᠶᠠᠪᠤᠨ᠎ᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃