ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2020-09-06 12:44:21

ᠵᠣᠬᠢᠶᠠᠭ᠍ᠴᠢ᠄ ᠰᠤ ᠶᠥᠩ ᠱᠸᠩ ᠣᠩᠱᠢᠭ᠍ᠰᠠᠨ ᠣᠳᠠᠭ᠎ᠠ᠄ 3

ᠰᠢᠯᠢ᠎ᠶᠢᠨ ᠭᠤᠤᠯ ᠠᠢᠮᠠᠬ᠎ᠤᠨ ᠪᠠᠷᠠᠭᠤᠨ ᠦᠵᠦᠮᠦᠴᠢᠨ ᠬᠤᠰᠢᠭᠤᠨ᠎ᠤ ᠪᠠᠯᠭᠠᠷᠭᠤᠤᠯ ᠪᠠᠯᠭᠠᠰᠤᠨ᠎ᠤ ᠪᠤᠷᠤᠲᠤᠯᠤᠭᠠᠢ ᠨᠡᠢᠬᠡᠮ ᠲᠤᠭᠤᠷᠢᠬ᠎ᠤᠨ 76 ᠨᠠᠰᠤᠲᠠᠢ ᠬᠠᠰᠴᠡᠴᠡᠭ ᠨᠠᠰᠤᠳᠠᠨ᠎ᠡᠴᠠ ᠪᠠᠷᠠᠭᠤᠨ ᠦᠵᠦᠮᠦᠴᠢᠨ ᠬᠤᠰᠢᠭᠤᠨ᠎ᠤ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠬᠡ ᠠᠩᠬᠢ᠎ᠳ᠋ᠤ ᠬᠦᠷᠭᠡᠭᠰᠡᠨ ᠬᠡᠮᠡᠷᠯᠢᠭ ᠲᠤᠭ ᠲᠡᠭᠡᠷᠡᠭᠢ ︽ ᠴᠡᠷᠢᠭ ᠠᠷᠠᠳ ᠵᠢᠭᠠᠰᠦ ᠤᠰᠤᠨ᠎ᠤ ᠬᠠᠷᠢᠴᠠᠭ᠎ᠠ᠎ᠲᠠᠢ ︾ ᠬᠡᠬᠦ ᠠᠯᠲᠠᠨ ᠰᠢᠷᠭᠠᠯ ᠲᠤᠮᠤ ᠦᠰᠦᠭ᠎ᠨᠢ ᠤᠨᠴᠠ᠎ᠶᠢᠨ ᠲᠤᠲᠤᠬᠠᠨ ᠬᠠᠷᠠᠬᠲᠠᠨ᠎ᠠ ᠃



ᠬᠠᠰᠴᠡᠴᠡᠭ ᠪᠤᠯᠤᠨ ᠭᠠᠯ ᠤᠨᠲᠠᠷᠠᠭᠠᠬᠴᠢᠳ᠎ᠤᠨ ᠬᠦᠨ ᠵᠤᠵᠠᠭᠠᠨ ᠨᠦᠬᠦᠷᠯᠡᠯ᠎ᠢ 1988 ᠤᠨ᠎ᠡᠴᠠ ᠡᠬᠢᠯᠡᠵᠦ ᠶᠠᠷᠢᠬᠤ ᠶᠤᠰᠤᠲᠠᠢ ᠃ ᠲᠡᠷᠡ ᠦᠶ᠎ᠡ᠎ᠳ᠋ᠤ ᠂ ᠬᠠᠰᠴᠡᠴᠡᠭ ᠨᠠᠰᠤᠳᠠᠨ᠎ᠤ᠎ᠬᠢᠨ ᠭᠠᠯ ᠤᠨᠲᠠᠷᠠᠭᠠᠬᠤ ᠠᠩᠬᠢ᠎ᠲᠠᠢ ᠵᠡᠷᠭᠡᠯᠡᠳᠡᠭᠡ ᠪᠠᠢᠪᠠ ᠃ ︽ 1995 ᠤᠨ᠎ᠳ᠋ᠤ ᠂ ᠠᠪᠤ᠋ ᠮᠢᠨᠢ ᠨᠡᠬᠦᠷᠡᠰᠦᠨ ᠬᠡᠢ᠎ᠳ᠋ᠤ ᠬᠤᠤᠷᠳᠠᠬᠳᠠᠭᠠᠳ ᠮᠡᠳᠡᠬᠡ ᠠᠯᠲᠠᠬᠰᠠᠨ᠎ᠳ᠋ᠤ ᠂ ᠭᠠᠯ ᠤᠨᠲᠠᠷᠠᠭᠠᠬᠤ ᠠᠩᠬᠢ᠎ᠶᠢᠨ᠎ᠬᠢᠨ ᠠᠪᠤ᠋᠎ᠶᠢ ᠮᠢᠨᠢ ᠡᠬᠦᠷᠴᠦ ᠡᠮᠨᠡᠯᠭᠡ᠎ᠳ᠋ᠤ ᠬᠦᠷᠭᠡᠪᠡ ︔ 2011 ᠤᠨ᠎ᠳ᠋ᠤ ᠂ ᠭᠠᠯ ᠤᠨᠲᠠᠷᠠᠭᠠᠬᠤ ᠠᠩᠬᠢ᠎ᠶᠢᠨ᠎ᠬᠢᠨ ᠤᠢᠴᠢᠵᠦ ᠰᠢᠷᠬᠠᠳᠤᠬᠰᠠᠨ ᠠᠪᠤ᠋᠎ᠶᠢ ᠮᠢᠨᠢ ᠡᠮᠨᠡᠯᠭᠡ᠎ᠳ᠋ᠤ ᠬᠦᠷᠭᠡᠵᠦ ᠡᠮᠨᠡᠨ ᠵᠠᠰᠠᠭᠤᠯᠪᠠ ︔ 2018 ᠤᠨ᠎ᠳ᠋ᠤ ᠂ ᠮᠠᠨ᠎ᠤ ᠬᠡᠷ᠎ᠤᠨ ᠲᠤᠯᠠᠭᠠᠮᠵᠢ᠎ᠶᠢᠨ ᠬᠤᠭᠤᠯᠠᠢ ᠲᠡᠯᠪᠡᠷᠡᠬᠦ᠎ᠳ᠋ᠤ ᠭᠠᠯ ᠤᠨᠲᠠᠷᠠᠭᠠᠬᠤ ᠶᠡᠬᠡ ᠠᠩᠬᠢ᠎ᠶᠢᠨ ᠬᠡᠰᠢᠭᠦᠳ ᠲᠤᠯᠠᠭᠠᠮᠵᠢ᠎ᠶᠢᠨ ᠬᠤᠭᠤᠯᠠᠢ᠎ᠶᠢ ᠵᠠᠰᠠᠵᠦ ᠦᠭᠬᠦᠨ ᠂ ᠭᠠᠵᠠᠷ ᠲᠦᠭᠦᠷᠡᠩ ᠤᠰᠤ᠎ᠶᠢ ᠴᠡᠪᠡᠷᠯᠡᠵᠦ ᠦᠭᠪᠡ ᠃ 30 ᠭᠠᠷᠤᠢ ᠵᠢᠯ᠎ᠤᠨ ᠲᠤᠷᠰᠢ ᠂ ᠭᠠᠯ ᠤᠨᠲᠠᠷᠠᠭᠠᠬᠤ ᠠᠩᠬᠢ᠎ᠶᠢᠨ ᠬᠡᠰᠢᠭᠦᠳ ᠨᠠᠳᠠ᠎ᠳ᠋ᠤ ᠲᠤᠭ᠎ᠠ ᠦᠬᠡᠢ ᠤᠯᠠᠨ ᠤᠲᠠᠭ᠎ᠠ ᠬᠠᠪᠰᠤᠷᠤᠯᠭ᠎ᠠ ᠦᠵᠡᠭᠦᠯᠦᠭᠰᠡᠨ ᠶᠤᠮ ︾ ᠬᠡᠵᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠬᠡ ᠠᠩᠬᠢ᠎ᠶᠢᠨ 30 ᠵᠢᠯ᠎ᠤᠨ ᠲᠤᠷᠰᠢᠬᠢ ᠬᠠᠪᠰᠤᠷᠤᠯᠭ᠎ᠠ ᠲᠡᠮᠵᠢᠯᠭᠡ᠎ᠶᠢ ᠡᠷᠬᠢᠴᠡᠬᠦᠯᠭᠦ᠎ᠳ᠋ᠤ ᠬᠠᠰᠴᠡᠴᠡᠭ ᠨᠠᠰᠤᠲᠠᠨ ᠦᠪᠡᠷ᠎ᠤᠨ ᠡᠷᠬᠡ ᠦᠬᠡᠢ ᠨᠢᠯᠪᠤᠰᠦ ᠪᠦᠮᠪᠦᠷᠢᠭᠦᠯᠦᠨ᠎ᠡ ᠃


ᠨᠢᠬᠡᠨ ᠰᠠᠯᠠᠭ᠎ᠠ 35 ᠵᠢᠯ᠎ᠤᠨ ᠲᠡᠤᠬᠡ᠎ᠲᠠᠢ ᠲᠤᠰᠬᠠᠢᠵᠢᠬᠰᠠᠨ ᠭᠠᠯ ᠤᠨᠲᠠᠷᠠᠭᠠᠬᠤ ᠠᠪᠤᠷᠠᠨ ᠲᠤᠰᠠᠯᠠᠬᠤ ᠬᠦᠴᠦᠨ ᠪᠤᠯᠤᠬᠰᠠᠨ᠎ᠤ ᠬᠤᠪᠢ᠎ᠳ᠋ᠤ ᠂ ᠲᠡᠳᠡᠨᠡᠷ ᠭᠠᠯ ᠤᠨᠲᠠᠷᠠᠭᠠᠬᠤ ᠠᠵᠢᠯ᠎ᠢ ᠰᠠᠭᠤᠭ᠎ᠠ ᠭᠠᠵᠠᠷ᠎ᠤᠨ ᠠᠵᠦ ᠠᠬᠤᠢ᠎ᠶᠢᠨ ᠪᠦᠲᠦᠬᠡᠨ ᠪᠠᠢᠭᠤᠯᠤᠯᠲᠠ ᠂ ᠦᠨᠳᠦᠰᠦᠲᠡᠨ᠎ᠤ ᠪᠦᠯᠬᠦᠮᠳᠡᠯ ᠂ ᠨᠡᠢᠬᠡᠮ᠎ᠤᠨ ᠬᠦᠭᠵᠢᠯᠲᠡ᠎ᠶᠢᠨ ᠶᠡᠬᠡ ᠲᠠᠯ᠎ᠠ᠎ᠳ᠋ᠤ ᠠᠭᠤᠰᠬᠠᠵᠦ ᠂ ᠴᠢᠩ ᠦᠨᠡᠨ ᠰᠡᠳᠬᠢᠯᠭᠡ ᠪᠠ ᠠᠷᠢᠭᠤᠨ ᠬᠦᠯᠦᠰᠦ᠎ᠪᠠᠷ᠎ᠢᠶᠡᠨ ᠬᠢᠯᠢ ᠬᠢᠵᠠᠭᠠᠷ᠎ᠤᠨ ᠴᠦᠬᠡᠨ ᠲᠤᠭᠠᠲᠦ ᠦᠨᠳᠦᠰᠦᠲᠡᠨ᠎ᠤ ᠭᠠᠵᠠᠷ ᠤᠷᠤᠨ᠎ᠳ᠋ᠤ ᠪᠠᠲᠤ ᠪᠡᠬᠢ ᠬᠠᠮᠠᠭᠠᠯᠠᠯᠲᠠ᠎ᠶᠢᠨ ᠱᠤᠭᠤᠮ᠎ᠢ ᠴᠤᠬᠴᠠᠯᠠᠬᠰᠠᠨ ᠪᠠᠢᠨ᠎ᠠ ᠃

ᠤᠢᠷ᠎ᠠ᠎ᠶᠢᠨ ᠵᠢᠯ᠎ᠳ᠋ᠤ ᠂ ᠪᠠᠷᠠᠭᠤᠨ ᠦᠵᠦᠮᠦᠴᠢᠨ ᠬᠤᠰᠢᠭᠤᠨ᠎ᠤ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠬᠡ ᠠᠩᠬᠢ ᠤᠷᠢᠳ ᠬᠤᠵᠢᠳ ᠪᠦᠬᠦ ᠤᠯᠤᠰ᠎ᠤᠨ ᠲᠤᠲᠤᠭᠠᠲᠦ᠎ᠶᠢ ᠬᠠᠮᠠᠭᠠᠯᠠᠬᠤ ᠪᠠᠢᠭᠤᠯᠭ᠎ᠠ᠎ᠶᠢᠨ ᠠᠷᠠᠳ᠎ᠢᠶᠡᠨ ᠬᠠᠢᠷᠠᠯᠠᠬᠤ ᠵᠢᠱᠢᠶᠡᠴᠢ ᠬᠠᠮᠲᠦ ᠨᠡᠢᠲᠡ ᠂ ᠪᠦᠬᠦ ᠤᠷᠤᠨ᠎ᠤ ᠦᠨᠳᠦᠰᠦᠲᠡᠨ᠎ᠤ ᠪᠦᠯᠬᠦᠮᠳᠡᠯ ᠲᠠᠪᠰᠢᠯᠲᠡ᠎ᠶᠢᠨ ᠵᠢᠱᠢᠶ᠎ᠡ ᠦᠵᠡᠬᠦᠯᠭᠦ ᠨᠢᠬᠡᠴᠢ ᠵᠡᠷᠭᠡ ᠢᠷᠠᠭᠤ ᠠᠯᠲᠠᠷ᠎ᠢ ᠬᠦᠷᠲᠡᠪᠡ ᠃

︵ ᠬᠡᠷᠡᠯ ᠵᠢᠷᠤᠬ᠎ᠢ ᠲᠤᠰ ᠰᠤᠨᠢᠨ᠎ᠤ ᠰᠤᠷᠪᠤᠯᠵᠢᠯᠠᠬᠴᠢ ᠮᠦᠩᠬᠡᠴᠢᠯᠠᠭᠤ ᠪᠠᠶᠠᠰᠬᠤᠯᠠᠩ ᠰᠡᠭᠦᠳᠡᠷᠯᠡᠪᠡ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面