2020-07-06 09:47:55
ᠳᠤᠮᠳᠠᠳᠤ ᠮᠤᠩᠭᠤᠯ ᠭᠤᠷᠪᠠᠨ ᠤᠯᠤᠰ᠎ᠤᠨ ᠠᠭᠤᠯᠵᠠᠷ᠎ᠲᠤ ᠪᠠᠢᠷᠢᠯᠡᠵᠣ ᠪᠠᠢᠭ᠎ᠠ ᠰᠢᠨ᠎ᠡ ᠪᠠᠷᠭᠤ ᠪᠠᠷᠠᠭᠤᠨ ᠬᠣᠰᠢᠭᠤᠨ᠎ᠤ ᠬᠢᠯᠢ᠎ᠶᠢᠨ ᠱᠤᠭᠤᠮ᠎ᠨᠢ 515.4 ᠺᠢᠯᠣᠮᠧᠲ᠋ᠷ ᠤᠷᠲᠤ ᠪᠠᠢᠳᠠᠭ ᠃ ᠡᠨᠡ ᠬᠦ ᠦᠷᠭᠡᠨ ᠠᠭᠤᠳᠠᠮ ᠬᠢᠯᠢ ᠨᠤᠲᠤᠭ᠎ᠢᠶᠡᠨ ᠦᠶ᠎ᠠ ᠦᠶ᠎ᠠ᠎ᠶᠢᠨ ᠮᠠᠯᠴᠢᠳ ᠰᠠᠬᠢᠨ ᠬᠠᠮᠠᠭᠠᠯᠠᠭᠰᠠᠭᠠᠷ ᠢᠷᠡᠭᠰᠡᠨ᠎ᠤ ᠨᠢᠭᠡᠨ᠎ᠨᠢ ᠰᠢᠨ᠎ᠡ ᠪᠠᠷᠭᠤ ᠪᠠᠷᠠᠭᠤᠨ ᠬᠣᠰᠢᠭᠤᠨ᠎ᠤ ᠪᠤᠢᠷ ᠰᠤᠮᠤ᠎ᠶᠢᠨ ᠪᠤᠢᠷ ᠭᠠᠴᠠᠭ᠎ᠠ᠎ᠶᠢᠨ ᠮᠠᠯᠴᠢᠨ ᠲᠦᠮᠡᠨ᠎ᠤ᠎ᠬᠢ ᠶᠤᠮ ᠃
ᠲᠦᠮᠡᠨ᠎ᠤ᠎ᠬᠢ ᠭᠤᠷᠪᠠᠨ ᠦᠶ᠎ᠡ᠎ᠪᠠᠷ᠎ᠢᠶᠡᠨ ᠬᠢᠯᠢ᠎ᠶᠢᠨ ᠱᠤᠭᠤᠮ᠎ᠢ ᠰᠠᠬᠢᠵᠤ ᠂ ᠬᠢᠯᠢ ᠬᠠᠮᠠᠭᠠᠯᠠᠭᠴᠢ᠎ᠶᠢᠨ ᠡᠭᠦᠷᠭᠡ᠎ᠶᠢ ᠡᠭᠦᠷᠭᠡᠯᠡᠭᠰᠡᠭᠡᠷ ᠢᠷᠡᠵᠡᠢ ᠃ ᠲᠦᠮᠡᠨ᠎ᠤ ᠡᠪᠦᠭᠡ ᠪᠠ ᠠᠪᠤ᠋᠎ᠨᠢ ᠪᠦᠷ ᠠᠷᠠᠳ᠎ᠤᠨ ᠴᠢᠯᠦᠭᠡᠯᠡᠬᠦ ᠴᠡᠷᠢᠭ ᠪᠠᠶᠢᠭᠰᠠᠨ ᠪᠥᠭᠡᠳ ᠡᠵᠢ᠎ᠨᠢ ᠴᠦ ᠲᠤᠬᠠᠶ᠎ᠶᠢᠨ ᠦᠶ᠎ᠡ᠎ᠶᠢᠨ ᠲᠡᠮᠦᠷ ᠬᠡᠤᠬᠡᠨ᠎ᠤ ᠬᠢᠯᠢ ᠬᠠᠮᠠᠭᠠᠯᠠᠬᠤ ᠠᠩᠭᠢ᠎ᠶᠢᠨ ᠭᠡᠰᠢᠭᠦᠨ ᠪᠠᠢᠭᠰᠠᠨ ᠭᠡᠳᠡᠭ ᠃ ᠭᠡᠷ᠎ᠤᠨ ᠬᠦᠮᠦᠰ᠎ᠤᠨ᠎ᠢᠶᠡᠨ ᠨᠦᠯᠦᠭᠡ᠎ᠪᠠᠷ ᠲᠦᠮᠡᠨ ᠴᠤ ᠬᠠᠷᠠᠬᠠᠨ ᠪᠠᠭ᠎ᠠ᠎ᠡᠴᠠ᠎ᠪᠠᠨ ᠬᠢᠯᠢ ᠨᠤᠲᠤᠭ᠎ᠢᠶᠡᠨ ᠬᠠᠮᠠᠭᠠᠯᠠᠬᠤ ᠳᠠᠷᠬᠠᠨ ᠡᠭᠦᠷᠭᠡ᠎ᠶᠢ ᠡᠭᠦᠷᠭᠡᠯᠡᠵᠡᠢ ᠃ ᠲᠡᠷᠡ ᠴᠡᠷᠢᠭ᠎ᠡᠴᠠ ᠬᠠᠯᠠᠭᠳᠠᠭᠰᠠᠨ᠎ᠤ ᠳᠠᠷᠠᠭ᠎ᠠ ᠨᠤᠲᠤᠭ᠎ᠲᠠᠭᠠᠨ ᠪᠣᠴᠠᠵᠣ ᠮᠠᠯ᠎ᠢᠶᠡᠨ ᠮᠠᠯᠵᠢᠨ ᠬᠢᠯᠢ᠎ᠪᠠᠨ ᠴᠠᠭᠳᠠᠵᠤ ᠡᠳᠦᠭᠡ᠎ᠳ᠋ᠤ ᠬᠦᠷᠴᠦ ᠪᠣᠢ ᠃
︽ ᠲᠤᠬᠠᠶ᠎ᠶᠢᠨ ᠦᠶ᠎ᠡ᠎ᠶᠢᠨ ᠬᠢᠯᠢ᠎ᠶᠢᠨ ᠱᠤᠭᠤᠮ ᠳᠡᠭᠡᠷ᠎ᠡ ᠲᠣᠤᠷ ᠰᠡᠷᠡᠯᠵᠢ ᠭᠡᠵᠤ ᠪᠠᠢᠭᠰᠠᠨ ᠦᠭᠡᠢ ᠂ ᠬᠥᠷᠰᠢ ᠤᠯᠤᠰ᠎ᠤᠨ ᠮᠠᠯᠴᠢᠳ ᠪᠤᠶᠤ ᠮᠠᠯ ᠰᠦᠷᠦᠭ ᠦᠷᠭᠦᠯᠵᠢ ᠮᠠᠨ᠎ᠤ ᠤᠯᠤᠰ᠎ᠤᠨ ᠬᠢᠯᠢ᠎ᠳ᠋ᠤ ᠣᠷᠣᠵᠤ ᠢᠷᠡᠳᠡᠭ ᠃ ᠡᠶᠢᠮᠦ᠎ᠡᠴᠠ ᠮᠠᠯᠴᠢᠳ ᠤᠬᠠᠮᠰᠠᠷ᠎ᠡᠴᠠ᠎ᠪᠠᠨ ᠬᠢᠯᠢ ᠬᠢᠵᠠᠭᠠᠷ᠎ᠢᠶᠡᠨ ᠲᠣᠭᠣᠷᠢᠨ ᠴᠠᠭᠳᠠᠬᠤ ᠡᠭᠦᠷᠭᠡ᠎ᠶᠢ ᠡᠭᠦᠷᠭᠡᠯᠡᠵᠤ ᠂ ᠰᠡᠵᠢᠭᠯᠡᠯᠲᠡᠶ ᠬᠥᠮᠦᠨ ᠬᠠᠷ᠎ᠠ ᠮᠠᠯ ᠤᠨᠤᠭ᠎ᠠ ᠲᠠᠭᠠᠷᠠᠯᠳᠤᠪᠠᠯ ᠳᠠᠷᠤᠶᠢᠬᠠᠨ ᠳᠡᠭᠡᠭᠰᠢ ᠮᠡᠳᠡᠭᠦᠯᠳᠡᠭ ︾ ᠭᠡᠵᠤ ᠲᠦᠮᠡᠨ᠎ᠤ ᠡᠵᠢ ᠡᠷᠬᠢᠴᠡᠭᠦᠯᠦᠨᠠ ᠃
︽ ᠮᠠᠨ᠎ᠤ᠎ᠬᠢ ᠬᠡᠳᠤᠨ ᠦᠶ᠎ᠠ᠎ᠪᠠᠷ᠎ᠢᠶᠡᠨ ᠡᠨᠡ ᠨᠤᠲᠤᠭ᠎ᠲᠤ ᠠᠵᠤ ᠲᠦᠷᠦᠵᠤ ᠪᠠᠢᠭ᠎ᠠ ᠶᠤᠮ ᠂ ᠮᠠᠨ᠎ᠤ᠎ᠬᠢ ᠳᠤᠮᠳᠠᠳᠤ ᠮᠣᠩᠭᠣᠯ᠎ᠤᠨ ᠬᠢᠯᠢ᠎ᠶᠢᠨ ᠱᠤᠭᠤᠮ᠎ᠡᠴᠠ ᠨᠢᠭᠡ ᠯᠡ ᠺᠢᠯᠣᠮᠧᠲ᠋ᠷ᠎ᠤᠨ ᠵᠠᠶᠢᠲᠠᠶ ᠪᠠᠢᠳᠠᠭ ᠂ ᠬᠢᠯᠢ᠎ᠶᠢᠨ ᠱᠤᠭᠤᠮ᠎ᠤᠨ ᠤᠷᠲᠤ ᠪᠠᠷᠤᠭ 37 ᠺᠢᠯᠣᠮᠧᠲ᠋ᠷ ᠪᠣᠢ ᠂ ᠬᠢᠯᠢ᠎ᠶᠢᠨ ᠱᠤᠭᠤᠮ ᠳᠠᠭᠠᠤ ᠶᠠᠮᠠᠷ ᠨᠢᠭᠡᠨ ᠣᠨᠴᠠᠭᠠᠶ ᠪᠠᠶᠢᠳᠠᠯ ᠭᠠᠷᠪᠠᠯ ᠪᠢᠳᠡ ᠴᠠᠭ ᠲᠤᠬᠠᠢ᠎ᠳ᠋ᠤᠨᠢ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ ᠪᠤᠶᠤ ᠬᠢᠯᠢ᠎ᠶᠢᠨ ᠬᠠᠮᠠᠭᠠᠯᠠᠯᠲᠠ᠎ᠶᠢᠨ ᠴᠡᠷᠢᠭ ᠴᠠᠭᠳᠠᠭ᠎ᠠ᠎ᠳ᠋ᠤ ᠮᠡᠳᠡᠭᠦᠯᠳᠡᠭ ︾ ᠭᠡᠵᠤ ᠲᠦᠮᠡᠨ ᠡᠵᠢ᠎ᠶᠢᠨ᠎ᠢᠶᠡᠨ ᠶᠠᠷᠢᠶ᠎ᠠ᠎ᠶᠢ ᠵᠠᠯᠭᠠᠨ᠎ᠠ ᠃
︽ ᠬᠢᠯᠢ ᠬᠠᠮᠠᠭᠠᠯᠠᠭᠴᠢ᠎ᠶᠢᠨ ᠤᠯᠠᠡᠭᠭᠢ᠎ᠨᠢ ᠪᠦᠷ ᠬᠢᠯᠢ ᠬᠢᠵᠠᠭᠠᠷ᠎ᠤᠨ ᠮᠠᠯᠴᠢᠳ ᠶᠤᠮ ᠃ ᠤᠳᠤ ᠮᠠᠨ᠎ᠤ ᠬᠠᠮᠢᠶᠠᠷᠤᠯᠲᠠ᠎ᠶᠢᠨ ᠤᠷᠤᠨ᠎ᠳ᠋ᠤ 10 ᠬᠢᠯᠢ ᠬᠠᠮᠠᠭᠠᠯᠠᠭᠴᠢ᠎ᠲᠠᠢ ᠂ ᠮᠠᠯᠴᠢᠳ ᠤᠢᠷ᠎ᠠ ᠬᠠᠪᠢ᠎ᠶᠢᠨ᠎ᠢᠶᠡᠨ ᠬᠦᠮᠦᠰ᠎ᠢ ᠰᠠᠶᠢᠨ ᠲᠠᠨᠢᠳᠠᠭ ᠤᠴᠢᠷ᠎ᠡᠴᠠ ᠲᠠᠨᠢᠯ ᠪᠤᠰᠤ ᠬᠥᠮᠦᠰ ᠲᠠᠭᠠᠷᠠᠪᠠᠯ ᠮᠠᠰᠢ ᠰᠡᠷᠡᠮᠵᠢ᠎ᠲᠠᠢ ᠬᠠᠨᠳᠤᠳᠠᠭ ᠃ ︾ ᠭᠡᠵᠤ ᠪᠤᠢᠷ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠳᠠᠷᠤᠭ᠎ᠠ ᠵᠠᠨ ᠵᠢᠶᠦᠢᠨ ᠶᠠᠷᠢᠨ᠎ᠠ ᠃
ᠲᠦᠮᠡᠨ᠎ᠤ᠎ᠬᠢ ᠪᠤᠯ ᠤᠮᠠᠷᠠᠲᠤ ᠬᠢᠯᠢ᠎ᠶᠢᠨ ᠪᠡᠬᠢᠯᠡᠯᠲᠡ ᠡᠷᠦᠬᠡ ᠂ ᠲᠦᠮᠡᠨ ᠪᠦᠰᠡᠭᠦᠢᠲᠠᠢᠪᠠᠨ ᠬᠤᠶᠠᠭᠤᠯᠠ᠎ᠪᠠᠨ ᠪᠦᠷ ᠨᠠᠮ᠎ᠤᠨ ᠭᠡᠰᠢᠭᠦᠨ ᠃ ᠲᠡᠳᠡ ᠨᠠᠮ᠎ᠤᠨ ᠭᠡᠰᠢᠭᠦᠨ᠎ᠤ ᠬᠣᠰᠢᠭᠤᠴᠢ ᠵᠢᠱᠢᠶᠡᠴᠢ ᠦᠢᠯᠡᠳᠦᠯ᠎ᠢᠶᠡᠨ ᠪᠠᠳᠠᠷᠠᠭᠤᠯᠵᠤ ᠂ ᠤᠢᠷ᠎ᠠ ᠬᠠᠪᠢ᠎ᠶᠢᠨ ᠮᠠᠯᠴᠢᠳ᠎ᠲᠠᠭᠠᠨ ᠰᠠᠢᠬᠠᠨ ᠲᠡᠭᠦᠰᠦᠭᠰᠡᠨ ᠪᠦᠬᠦ ᠤᠯᠤᠰ᠎ᠤᠨ ᠬᠣᠶᠠᠷ ᠬᠤᠷᠠᠯ᠎ᠤᠨ ᠵᠤᠷᠢᠭ ᠰᠠᠨᠠᠭ᠎ᠠ ᠪᠠ ᠨᠠᠮ ᠵᠠᠰᠠᠭ᠎ᠤᠨ ᠲᠥᠷᠥ᠎ᠶᠢᠨ ᠪᠣᠳᠣᠯᠭ᠎ᠠ᠎ᠶᠢ ᠤᠬᠠᠭᠤᠯᠤᠨ ᠲᠠᠢᠯᠪᠤᠷᠢᠯᠠᠵᠤ ᠂ ᠶᠠᠳᠠᠭᠤ ᠬᠦᠴᠢᠷᠳᠡᠯᠲᠡᠶ ᠮᠠᠯᠴᠢᠳ᠎ᠤᠨ ᠢᠳᠡᠪᠬᠢᠵᠢᠯ᠎ᠢ ᠳᠠᠶᠢᠴᠢᠯᠠᠨ ᠂ ᠡᠷᠲᠡ ᠨᠢᠭᠡᠨ ᠡᠳᠦᠷ ᠶᠠᠳᠠᠭᠤ᠎ᠡᠴᠠ ᠠᠩᠭᠢᠵᠢᠷᠠᠭᠤᠯᠬᠤ᠎ᠪᠠᠷ ᠬᠦᠴᠦᠯᠡᠨ᠎ᠠ ᠃ ︽ ᠲᠦᠮᠡᠨ᠎ᠤ᠎ᠬᠢ ᠬᠦᠴᠢᠷᠳᠡᠯ᠎ᠲᠠᠢ ᠠᠢᠯᠢ ᠬᠠᠯᠠᠭᠤᠨ ᠰᠡᠳᠬᠢᠯ᠎ᠢᠶᠠᠷ ᠲᠤᠰᠠᠯᠠᠵᠤ ᠂ ᠠᠮᠢᠳᠤᠷᠠᠯ ᠦᠢᠯᠡᠳᠪᠦᠷᠢᠯᠡᠯ᠎ᠤᠨ ᠲᠠᠯ᠎ᠠ᠎ᠪᠠᠷ ᠦᠷᠭᠦᠯᠵᠢ ᠳᠡᠮᠵᠢᠯᠭᠡ ᠦᠵᠡᠭᠦᠯᠳᠡᠭ ︾ ᠭᠡᠵᠤ ᠨᠤᠲᠤᠭ᠎ᠤᠨ ᠮᠠᠯᠴᠢᠨ ᠲᠡᠮᠦᠷᠬᠡᠰᠢᠭ ᠬᠡᠯᠡᠨ᠎ᠠ ᠃
ᠲᠦᠮᠡᠨ ᠪᠤᠯ ᠮᠠᠯ᠎ᠢᠶᠡᠨ ᠮᠠᠯᠵᠢᠵᠤ ᠬᠢᠯᠢ᠎ᠪᠠᠨ ᠴᠠᠭᠳᠠᠭᠰᠠᠨ ᠡᠭᠡᠯ ᠵᠢᠷ᠎ᠤᠨ ᠮᠠᠯᠴᠢᠨ ᠃ ᠲᠡᠷᠡ ᠡᠬᠡ ᠤᠯᠤᠰ᠎ᠤᠨ ᠬᠢᠯᠢ ᠬᠢᠵᠠᠭᠠᠷ᠎ᠤᠨ ᠬᠠᠮᠠᠭᠠᠯᠠᠯᠲᠠ ᠂ ᠠᠮᠤᠷ ᠲᠣᠭᠲᠠᠭᠤᠨ ᠪᠠᠶᠢᠳᠠᠯ᠎ᠳ᠋ᠤ ᠰᠠᠨᠠᠭ᠎ᠠ ᠲᠠᠯᠪᠢᠬᠤ᠎ᠪᠠᠷ ᠪᠠᠷᠠᠬᠤ ᠦᠭᠡᠢ ᠠᠮᠢ ᠠᠬᠤᠢ᠎ᠶᠢᠨ ᠬᠠᠮᠠᠭᠠᠯᠠᠯᠲᠠ᠎ᠳ᠋ᠤ ᠴᠤ ᠰᠠᠨᠠᠭ᠎ᠠ ᠲᠠᠯᠪᠢᠳᠠᠭ ᠃ ᠬᠡᠭᠡᠷ᠎ᠡ᠎ᠶᠢᠨ ᠤᠷᠭᠤᠮᠠᠯ᠎ᠢ ᠳᠤᠷ᠎ᠠ᠎ᠪᠠᠷ ᠮᠠᠯᠲᠠᠵᠤ ᠂ ᠬᠡᠭᠡᠷ᠎ᠠ᠎ᠶᠢᠨ ᠠᠮᠢᠲᠠᠨ᠎ᠢ ᠳᠤᠷ᠎ᠠ᠎ᠪᠠᠷ ᠠᠡᠭᠨᠠᠬᠰᠠᠨ ᠬᠠᠤᠯᠢ᠎ᠡᠴᠠ ᠵᠥᠷᠢᠴᠡᠭᠰᠡᠨ ᠠᠵᠢᠯᠯᠠᠭ᠎ᠠ᠎ᠶᠢ ᠬᠠᠮᠢᠶ᠎ᠠ ᠪᠦᠬᠦᠢ ᠰᠠᠯᠠᠭ᠎ᠠ ᠮᠥᠴᠢᠷ᠎ᠲᠤ ᠮᠡᠳᠡᠭᠦᠯᠵᠤ ᠂ ᠠᠮᠢ ᠠᠬᠤᠢ ᠣᠷᠴᠢᠨ ᠲᠣᠭᠣᠷᠢᠨ᠎ᠢ ᠬᠠᠮᠠᠭᠠᠯᠠᠬᠤ᠎ᠳ᠋ᠤ ᠡᠵᠡᠨ ᠬᠥᠮᠦᠨ᠎ᠤ ᠬᠠᠷᠢᠭᠤᠴᠠᠯᠭ᠎ᠠ᠎ᠪᠠᠨ ᠪᠠᠳᠠᠷᠠᠭᠤᠯᠵᠤ ᠶᠠᠪᠤᠨ᠎ᠠ ᠃
︽ ᠮᠠᠨ᠎ᠤ ᠬᠢᠯᠢ ᠬᠢᠵᠠᠭᠠᠷᠲᠤ ᠠᠮᠢᠳᠤᠷᠠᠵᠤ ᠪᠠᠢᠭ᠎ᠠ ᠮᠠᠯᠴᠢᠳ ᠬᠢᠯᠢ᠎ᠶᠢᠨ ᠱᠤᠭᠤᠮ᠎ᠢᠶᠡᠨ ᠳᠣᠭᠣᠷᠢᠨ ᠴᠠᠭᠳᠠᠵᠤ ᠰᠠᠬᠢᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ᠎ᠲᠠᠢ ᠃ ᠡᠪᠤᠭᠡ ᠂ ᠠᠪᠤ᠋ ᠡᠵᠢ᠎ᠶᠢᠨ᠎ᠢᠶᠡᠨ ᠦᠢᠯᠡ᠎ᠶᠢ ᠵᠠᠯᠭᠠᠮᠵᠢᠯᠠᠵᠤ ᠂ ᠨᠤᠲᠤᠭ ᠤᠰᠤ᠎ᠪᠠᠨ ᠰᠠᠬᠢᠨ ᠬᠠᠮᠠᠭᠠᠯᠠᠬᠤ᠎ᠨᠢ ᠮᠢᠨᠤ ᠬᠢᠬᠦ ᠶᠤᠰᠤᠲᠠᠢ ᠵᠦᠢᠯ ᠶᠤᠮ ︾ ᠭᠡᠵᠤ ᠲᠦᠮᠡᠨ ᠢᠨᠢᠶᠡᠮᠰᠦᠭᠯᠡᠨ ᠬᠡᠯᠡᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃