2020-09-17 17:45:20
ᠵᠠᠩᠶᠸ ᠶᠢᠨ ᠬᠠᠯᠬ᠎ᠠ ᠮᠤᠩᠭᠤᠯᠴᠤᠳ ᠤᠨ ᠤᠯᠤᠰ ᠤᠨ ᠪᠠᠶᠠᠷᠢᠶᠡᠨ ᠤᠭᠲᠤᠬᠤ ᠠᠩᠬᠠᠳᠤᠭᠠᠷ ᠤᠳᠠᠭᠠᠨᠤ ︽ ᠮᠦᠩᠭᠡ ᠶᠢᠨ ᠬᠠᠢᠷ᠎ᠠ ︾ ᠪᠤᠭᠤᠷᠤᠯᠴᠤᠳ ᠤᠨ ᠵᠤᠯᠭᠠᠯᠳᠠ ᠶᠢᠨ ᠬᠠᠵᠠᠭᠤ ᠲᠠᠳᠠᠯᠭ᠎ᠠ
︽ 9 ᠰᠠᠷ᠎ᠠ ᠶᠢᠨ 7ᠤ ᠡᠳᠦᠷ ᠪᠤᠯ ᠶᠡᠬᠡ ᠪᠡᠯᠭᠡᠳᠡᠯ ᠲᠠᠢ ᠡᠳᠦᠷ ᠪᠠᠢᠭ᠎ᠠ ᠃ ᠮᠤᠩᠭᠤᠯᠴᠤᠳ ᠤᠨ ᠦᠪ ᠤᠯᠠᠮᠵᠢᠯᠠᠯ ᠪᠡᠯᠭᠡᠳᠡᠯ ᠰᠤᠶᠤᠯ ᠤᠨ ᠰᠠᠢᠬᠠᠨ ᠠᠭᠤᠯᠭ᠎ᠠ ᠪᠠᠭᠳᠠᠵᠤ ᠪᠠᠢᠳᠠᠭ ᠂ ᠶᠡᠷᠦ ᠡᠴᠡ ᠪᠠᠨ ᠮᠤᠩᠭᠤᠯᠴᠤᠳ ᠤᠨ ᠤᠯᠠᠮᠵᠢᠯᠠᠯ ᠳ᠋ᠥ ᠶᠢᠰᠦ ᠶᠢᠨ ᠲᠤᠭ᠎ᠠ ᠪᠤᠯ ᠬᠠᠮᠤᠭ ᠤᠨ ᠬᠦᠴᠦᠷᠭᠡᠭ ᠂ ᠬᠠᠮᠤᠭ ᠤᠨ ᠶᠡᠬᠡ ᠂ ᠬᠠᠮᠤᠭ ᠤᠨ ᠲᠡᠭᠡᠳᠦ ᠲᠤᠭ᠎ᠠ ᠪᠠᠢᠵᠤ ᠂ ᠲᠡᠭᠦᠨ ᠢ ︿ ᠬᠠᠭᠠᠨ ᠲᠦᠷᠦ ᠶᠢᠨ ᠲᠤᠭ᠎ᠠ ﹀ ᠭᠡᠮᠡᠨ ᠪᠡᠯᠭᠡᠳᠡᠳᠡᠭ ᠃ ᠲᠤᠯᠤᠭ᠎ᠠ ᠶᠢᠨ ᠲᠤᠭ᠎ᠠ ᠶᠢ ᠮᠤᠩᠭᠤᠯᠴᠤᠳ ᠤᠨ ᠤᠯᠠᠮᠵᠢᠯᠠᠯ ᠳ᠋ᠥ ︿ ᠲᠡᠭᠷᠢ ᠶᠢᠨ ᠲᠤᠭ᠎ᠠ ﹀ ᠭᠡᠮᠡᠳᠡᠭ ᠃ ᠡᠬᠦᠨ ᠳ᠋ᠥ ᠂ ᠲᠤᠯᠤᠭᠠᠨ ᠪᠤᠷᠬᠠᠨ ᠂ ᠲᠤᠯᠤᠭᠠᠨ ᠤᠲᠤᠨ ᠂ ᠲᠤᠯᠤᠭᠠᠨ ᠡᠭᠡᠰᠢᠭ ᠂ ᠲᠤᠯᠤᠭᠠᠨ ᠨᠤᠲ ᠁ ᠭᠡᠵᠤ ᠪᠡᠯᠬᠡᠰᠢᠳᠡᠭ ︾ ᠭᠡᠮᠡᠨ ᠶᠠᠭ ᠡᠨᠡᠬᠦ ᠵᠤᠯᠭᠠᠯᠳᠠ ᠲᠡᠭᠡᠷ᠎ᠡ ᠪᠠᠷᠠᠭᠤᠨ ᠬᠤᠢᠲᠤ ᠶᠢᠨ ᠶᠡᠬᠡ ᠰᠤᠷᠭᠠᠭᠤᠯᠢ ᠶᠢᠨ ᠫᠷᠤᠹᠸᠰᠰᠤᠷ ᠡᠷᠳᠡᠮᠳᠡᠨ ᠴᠦᠢᠳᠠᠨᠳᠠᠷ ᠪᠠᠭᠰᠢ ᠶᠠᠷᠢᠵᠤ ᠪᠠᠢᠯ᠎ᠠ ᠃ ᠡᠢᠨᠬᠦ ᠡᠢᠮᠤ ᠰᠠᠢᠬᠠᠨ ︽ ᠬᠠᠭᠠᠨ ᠲᠦᠷᠦ ᠶᠢᠨ ᠲᠤᠭ᠎ᠠ ︾ ︽ ᠲᠡᠭᠷᠢ ᠶᠢᠨ ᠲᠤᠭ᠎ᠠ ︾ ᠬᠠᠶᠠᠭ᠎ᠠ ᠨᠡᠢᠯᠡᠭᠰᠡᠨ ᠦᠯᠵᠡᠢᠲᠤ ᠰᠠᠢᠬᠠᠨ ᠡᠳᠦᠷ ᠂ ᠰᠡᠴᠡᠨ ᠂ ᠰᠡᠷᠭᠦᠯᠡᠩ ᠭᠡᠳᠡᠭ ᠬᠠᠮᠲᠤ ᠶᠢᠨ ᠬᠦᠰᠡᠯ ᠲᠠᠢ ᠬᠠᠴᠠᠷ ᠭᠤᠸ᠎ᠠ ᠬᠤᠶᠠᠷ ᠪᠦᠰᠡᠬᠦᠢ ᠡᠴᠡ ᠭᠤᠤᠯᠯᠠᠨ ᠡᠷᠭᠢᠯᠡᠭᠰᠡᠨ ᠵᠠᠩᠶᠸ ᠶᠢᠨ ᠬᠠᠯᠬ᠎ᠠ ᠮᠤᠩᠭᠤᠯᠴᠤᠳ ᠤᠨ ᠤᠯᠤᠰ ᠤᠨ ᠪᠠᠶᠠᠷᠢᠶᠡᠨ ᠤᠭᠲᠤᠬᠤ ᠠᠩᠬᠠᠳᠤᠭᠠᠷ ᠤᠳᠠᠭᠠᠨᠤ ︽ ᠮᠦᠩᠭᠡ ᠶᠢᠨ ᠬᠠᠢᠷ᠎ᠠ ︾ ᠪᠤᠭᠤᠷᠤᠯᠴᠤᠳ ᠤᠨ ᠵᠤᠯᠭᠠᠯᠳᠠ ᠶᠢ ᠰᠦᠨᠠᠨᠤ ᠶᠤᠭᠤᠷ ᠦᠨᠳᠦᠰᠦᠳᠡᠨᠤ ᠦᠪᠡᠷᠳᠡᠭᠡᠨ ᠵᠠᠰᠠᠬᠤ ᠰᠢᠶᠠᠨᠤ ᠪᠠᠶᠠᠨ ᠮᠤᠩᠭᠤᠯ ᠦᠨᠳᠦᠰᠦᠳᠡᠨᠤ ᠰᠤᠮᠤ ᠳ᠋ᠥ ᠬᠢᠭᠰᠡᠨ ᠨᠢ ᠶᠡᠬᠡᠬᠡᠨ ᠠᠵᠠ ᠬᠡᠢᠮᠤᠷᠢ ᠲᠠᠢ ᠪᠤᠶᠠᠨᠰᠠᠭ ᠠᠵᠢᠯᠯᠠᠭ᠎ᠠ ᠪᠤᠯᠤᠨ᠎ᠠ ᠃
ᠨᠠᠢᠷ ᠤᠨ ᠡᠬᠢᠨ ᠳ᠋ᠥ ᠂ ᠪᠤᠭᠤᠷᠤᠯᠴᠤᠳ ᠮᠠᠨᠢ ᠠᠮᠤᠷ ᠮᠡᠨᠳᠦ ᠪᠠᠨ ᠠᠰᠠᠭᠤᠯᠴᠠᠨ ᠂ ᠬᠠᠴᠠᠷ ᠬᠠᠴᠠᠷᠢᠶᠡᠨ ᠦᠨᠦᠷᠯᠡᠨ ᠦᠨᠦᠰᠴᠦ ᠂ ᠦᠷᠴᠢᠯᠡᠭᠡᠰᠦᠲᠤ ᠴᠢᠷᠠᠢ ᠳ᠋ᠠᠭᠠᠨ ᠤᠷᠭᠤᠬᠤ ᠨᠠᠷᠠᠨ ᠰᠢᠭ᠋ ᠰᠠᠴᠤᠷᠠᠭᠰᠠᠨ ᠢᠨᠢᠶᠠᠲᠤ ᠭᠡᠷᠡᠯᠳᠦᠬᠦᠯᠦᠨ ᠪᠠᠢᠵᠤ ᠂ ᠨᠤᠲᠤᠭ ᠤᠨᠢᠶᠡᠨ ᠰᠤᠯᠤᠩᠭᠠᠨ ᠠᠭᠤᠯᠠ ᠰᠢᠭ᠋ ᠦᠩᠭᠡ ᠢᠯᠭᠠᠷᠠᠭᠰᠠᠨ ᠲᠡᠷᠯᠢᠭ ᠲᠡᠪᠡᠯᠢᠶᠠᠷ ᠭᠤᠶᠤᠯᠠᠵᠤ ᠂ ᠬᠠᠮᠲᠤ ᠶᠢᠨ ᠵᠢᠷᠤᠭ ᠪᠠᠭᠤᠯᠭᠠᠨ ᠂ ᠭᠡᠷ ᠦᠷᠦᠭᠡ ᠤᠷᠤᠭᠤ ᠬᠦᠨᠳᠦᠳᠭᠡᠨ ᠵᠠᠯᠠᠭᠳᠠᠵᠤ ᠂ ᠮᠤᠩᠭᠤᠯ ᠭᠡᠷ ᠤᠨ ᠬᠤᠢᠮᠤᠷ ᠲᠦᠭᠦᠷᠭᠡᠨ ᠰᠠᠭᠤᠵᠠᠭᠠᠨ ᠂ ᠠᠵᠠ ᠵᠢᠷᠭᠠᠯ ᠤᠨ ᠮᠦᠰᠢᠶᠡᠳᠤ ᠪᠡᠷ ᠠᠩᠭᠢᠷ ᠨᠠᠮᠤᠷ ᠤᠨ ᠪᠤᠯᠵᠤᠭ᠎ᠠ ᠪᠠᠨ ᠤᠭᠲᠤᠯ᠎ᠠ ᠃ ᠲᠡᠭᠡᠳᠦᠰ ᠤᠨᠢᠶᠡᠨ ᠨᠠᠨᠳᠢᠨ ᠵᠠᠩᠰᠢᠯᠢᠶᠠᠷ ᠬᠦᠬᠦᠷᠢᠶᠠᠷ ᠮᠡᠨᠳᠦᠴᠢᠯᠡᠨ ᠵᠤᠯᠭᠠᠵᠤ ᠂ ᠬᠠᠯᠬ᠎ᠠ ᠮᠤᠩᠭᠤᠯ ᠤᠨ ︽ ᠲᠡᠯᠬᠡᠷ ᠰᠠᠢᠬᠠᠨ ᠵᠤᠨᠤ ᠰᠠᠷ᠎ᠠ ︾ ᠤᠷᠲᠤ ᠶᠢᠨ ᠲᠠᠭᠤᠤ ᠂ ︽ ᠪᠢ ᠮᠤᠩᠭᠤᠯ ᠬᠦᠮᠦᠨ ︾ ᠵᠤᠬᠢᠶᠠᠯ ᠤᠨ ᠲᠠᠭᠤᠤ ᠂ ︽ ᠬᠦᠨᠳᠦᠳᠦ ᠬᠠᠢᠷᠠᠲᠠᠢ ᠮᠠᠤ ᠵᠦᠰᠢ ︾ ᠬᠤᠪᠢᠰᠬᠠᠯ ᠤᠨ ᠲᠠᠭᠤᠤ ᠵᠡᠷᠭᠡ ᠭᠤᠷᠪᠠᠨ ᠲᠠᠭᠤᠤ ᠶᠢᠨ ᠲᠤᠮᠳᠠ ᠨᠠᠢᠷ ᠵᠢᠩᠭᠢᠨᠢ ᠪᠡᠷ ᠡᠬᠢᠯᠡᠵᠤ ᠂ ᠮᠤᠷᠢᠯᠠᠨ ᠰᠠᠭᠠᠳᠠᠭᠰᠠᠨ ᠬᠦᠨᠳᠦᠳᠦ ᠵᠤᠴᠢᠳ ᠪᠤᠯᠤᠨ ᠪᠤᠭᠤᠷᠤᠯᠴᠤᠳ ᠤᠨ ᠲᠦᠯᠦᠬᠡᠯᠡᠭᠴᠢᠳᠢᠶᠡᠨ ᠲᠠᠨᠢᠯᠴᠠᠭᠤᠯᠤᠨ ᠂ ᠵᠠᠯᠭᠠᠪᠡᠷ ᠪᠠᠶᠠᠷ ᠤᠨ ᠦᠬᠡ ᠶᠠᠷᠢᠭᠰᠠᠨ ᠪᠠᠢᠨ᠎ᠠ ᠃ ᠪᠠᠷᠠᠭᠤᠨ ᠬᠤᠢᠳᠦ ᠶᠢᠨ ᠦᠨᠳᠦᠰᠦᠳᠡᠨᠤ ᠶᠡᠬᠡ ᠰᠤᠷᠭᠠᠭᠤᠯᠢ ᠶᠢᠨ ᠫᠷᠤᠹᠸᠰᠰᠤᠷ ᠴᠦᠢᠳᠠᠨᠳᠠᠷ ᠪᠠᠭᠰᠢ ᠂ ᠲᠤᠰ ᠤᠳᠠᠭᠠᠨᠤ ᠠᠵᠢᠯᠯᠠᠭ᠎ᠠ ᠶᠢ ᠡᠷᠬᠢᠯᠡᠨ ᠬᠢᠵᠤ ᠪᠠᠢᠭ᠎ᠠ ᠰᠡᠴᠡᠨ ᠂ ᠰᠡᠷᠭᠦᠯᠡᠩ ᠵᠢᠴᠢ ᠰᠦᠪᠸᠢ ᠶᠢᠨ ᠮᠤᠩᠭᠤᠯ ᠦᠨᠳᠦᠰᠦᠳᠡᠨᠤ ᠦᠪᠡᠷᠳᠡᠭᠡᠨ ᠵᠠᠰᠠᠬᠤ ᠰᠢᠶᠠᠨᠤ ᠢᠷᠠᠭᠤ ᠨᠠᠢᠷᠠᠭᠴᠢ ᠼ · ᠤᠯᠠᠭᠠᠠᠠᠤᠲᠤ ᠵᠡᠷᠭᠡ ᠨᠦᠬᠦᠷ ᠲᠤᠰ ᠲᠤᠰ ᠶᠠᠷᠢᠶ᠎ᠠ ᠲᠠᠯᠪᠢᠨ ᠰᠡᠳᠬᠢᠯᠢᠶᠡᠨ ᠢᠯᠡᠳᠭᠡᠵᠤ ᠂ ᠪᠤᠭᠤᠷᠤᠯᠴᠤᠳ ᠲᠠᠭᠠᠨ ᠪᠠᠶᠠᠷ ᠤᠨ ᠡᠳᠦᠷ ᠤᠨ ᠵᠦᠩᠨᠠᠯ ᠲᠠᠪᠰᠢᠬᠦᠯᠵᠤ ᠂ ᠬᠤᠶᠠᠷ ᠨᠤᠲᠤᠭ ᠤᠨ ᠬᠠᠯᠬ᠎ᠠ ᠮᠤᠩᠭᠤᠯᠴᠤᠳ ᠬᠠᠢᠷ᠎ᠠ ᠰᠡᠳᠬᠢᠯᠢᠶᠡᠨ ᠰᠤᠯᠢᠯᠴᠠᠨ ᠂ ᠦᠩᠭᠡᠷᠡᠭᠰᠡᠨ ᠡᠳᠦᠭᠡᠢᠶᠡᠨ ᠡᠷᠭᠢᠴᠡᠬᠦᠯᠵᠤ ᠂ ᠪᠠᠰᠠ ᠰᠡᠴᠡᠨ ᠪᠠᠭᠰᠢ ᠡᠴᠡ ᠨᠤᠲᠤᠭ ᠤᠨᠢᠶᠡᠨ ᠢᠳᠡᠭᠡᠨᠤ ᠲᠡᠬᠡᠵᠢ ᠪᠤᠯᠤᠭᠰᠠᠨ ᠱᠦᠮᠦᠷ ᠂ ᠪᠦᠬᠦᠯᠢ ᠰᠢᠬᠦᠰᠦᠨᠤ ᠲᠦᠯᠦᠬᠡᠯᠡᠯ ᠪᠤᠯᠤᠭᠰᠠᠨ ᠲᠦᠳᠢᠶᠡᠨ ᠡᠷᠭᠦᠵᠤ ᠂ ᠤᠯᠠᠨ ᠳ᠋ᠠᠭᠠᠨ ᠲᠠᠨᠢᠯᠴᠠᠭᠤᠯᠵᠤ ᠠᠮᠰᠠᠭᠤᠯᠤᠭᠰᠠᠨ ᠨᠢ ᠶᠡᠬᠡᠬᠡᠨ ᠤᠴᠢᠷ ᠲᠠᠢ ᠮᠦᠷᠳᠡᠭᠡᠨ ᠬᠤᠶᠠᠷ ᠭᠠᠵᠠᠷ ᠤᠷᠤᠨᠤ ᠮᠤᠩᠭᠤᠯᠴᠤᠳ ᠢᠳᠡᠭᠡᠨ ᠤᠮᠳᠠᠭᠠᠨᠤ ᠰᠤᠶᠤᠯᠢᠶᠡᠨ ᠰᠤᠯᠢᠯᠴᠠᠵᠤ ᠂ ᠬᠠᠷᠢᠯᠴᠭᠠ ᠪᠠᠨ ᠴᠢᠩᠭᠠᠳᠬᠠᠭᠰᠠᠨ ᠪᠠᠢᠨ᠎ᠠ ᠃
ᠦᠳᠡ ᠶᠢᠨ ᠬᠤᠢᠨ᠎ᠠ ᠂ ᠨᠠᠰᠤᠳᠠᠢᠴᠤᠳ ᠤᠨ ᠲᠦᠯᠦᠬᠡᠯᠡᠭᠴᠢ ᠡᠴᠡ ᠲᠠᠭᠤᠤ ᠪᠠᠨ ᠲᠠᠭᠤᠯᠠᠵᠤ ᠂ ᠴᠠᠢ ᠬᠤᠭᠤᠯᠠ ᠪᠠᠨ ᠵᠤᠭᠤᠭᠯᠠᠨ ᠨᠠᠢᠷᠯᠠᠵᠤ ᠂ ᠴᠢᠯᠦᠬᠡᠲᠠᠢ ᠶᠠᠷᠢᠯᠴᠠᠵᠤ ᠡᠬᠢᠯᠡᠪᠡ ᠃ ᠬᠠᠭᠤᠴᠢ ᠶᠠᠷᠢᠶᠠᠨᠤ ᠤᠴᠢᠭ ᠰᠦᠪᠡᠯᠡᠵᠤ ᠂ ᠡᠷᠳᠡ ᠡᠳᠦᠭᠡ ᠪᠠᠨ ᠲᠤᠷᠠᠰᠤᠨ ᠵᠠᠩᠭᠢᠴᠠᠵᠤ ᠂ ᠤᠲᠤ ᠢᠷᠡᠭᠡᠳᠦᠢ ᠪᠠᠨ ᠶᠠᠷᠢᠨ ᠵᠦᠩᠨᠡᠵᠤ ᠪᠠᠢᠯ᠎ᠠ ᠃ ᠮᠤᠩᠭᠤᠯᠴᠤᠳ ᠤᠨ ᠤᠯᠠᠮᠵᠢᠯᠠᠯᠲᠤ ᠲᠤᠭᠯᠠᠭᠠᠮ ᠨᠠᠭᠠᠲᠤᠮᠢᠶᠡᠨ ᠴᠤ ᠲᠠᠷᠠᠭᠠᠯᠠᠨ ᠶᠠᠪᠤᠭᠤᠯᠵᠤ ᠂ ᠪᠤᠭᠤᠷᠤᠯᠴᠤᠳ ᠴᠦ ᠱᠠᠭ᠎ᠠ ᠂ ᠳ᠋ᠠᠯᠢᠤ ︵ ᠳ᠋ᠠᠯᠤᠤ ︶ ᠶᠢᠨ ᠨᠠᠭᠠᠲᠤᠮᠢᠶᠠᠷ ︽ ᠶᠠᠩᠵᠤ ᠶᠢᠨ ᠰᠠᠢᠬᠠᠨ ᠪᠤᠯᠵᠤ ᠪᠠᠢᠨ᠎ᠠ ︾ ᠭᠡᠮᠡᠨ ᠢᠨᠢᠶᠡᠲᠤ ︽ ᠬᠦᠭᠯᠡᠬᠦᠯᠦᠨ ︾ ᠂ ᠵᠢᠯ ᠨᠠᠭᠠᠲᠤᠮ ᠳ᠋ᠥ ︽ ᠲᠦᠷᠪᠡᠨ ᠬᠤᠯᠤᠭᠠᠨ᠎ᠠ ᠲᠤᠲᠤᠷᠠᠵᠠᠢ ᠂ ᠶᠤᠰᠤᠳᠠᠢ ᠪᠤᠶᠠᠨ ᠬᠡᠰᠢᠭᠢᠶᠠᠷ ᠲᠦᠭᠦᠷᠡᠩ ᠂ ᠪᠡᠯᠬᠡ ᠲᠡᠮᠪᠠᠷᠢᠯ ᠶᠡᠬᠡᠳᠠᠢ ᠪᠠᠢᠨ᠎ᠠ ᠁ ︾ ᠭᠡᠵᠡᠭᠡᠨ ᠂ ︽ ᠦᠢᠴᠤᠷ ︾ ᠨᠠᠭᠠᠲᠤᠮ ᠳ᠋ᠥ ᠮᠦᠨ ᠬᠦ ︽ ᠬᠠᠨ ᠭᠠᠷᠤᠳᠠᠢ ︾ ᠭᠠᠷᠴᠤ ᠢᠷᠡᠬᠦ ᠪᠡᠷ ᠲᠦᠬᠦᠭᠡᠯᠡᠨ ᠰᠠᠭᠤᠭᠰᠠᠨ ᠪᠤᠭᠤᠷᠤᠯᠴᠤᠳ ︽ ᠨᠢᠰ ᠨᠢᠰ ᠨᠢᠰ ᠨᠢᠰ ᠁ ︾ ᠭᠡᠵᠡᠭᠡᠨ ᠲᠠᠭᠤ ᠬᠤᠭᠤᠯᠠᠢ ᠨᠠᠢᠯᠡᠬᠦᠯᠦᠨ ᠬᠤᠶᠠᠷ ᠭᠠᠷᠢᠶᠡᠨ ᠲᠡᠷᠪᠡᠵᠡᠬᠡᠵᠤ ᠂ ᠢᠨᠢᠶᠡᠲᠤ ᠪᠢᠯᠬᠠᠭᠤᠯᠤᠨ ᠵᠢᠷᠭᠠᠯ ᠬᠦᠪᠪᠦᠵᠤ ᠪᠠᠢᠯ᠎ᠠ ᠃ ᠲᠠᠭᠤᠤ ᠲᠠᠭᠤᠯᠠᠵᠤ ᠂ ᠰᠢᠬᠦᠰᠦ ᠲᠠᠯᠪᠢᠨ ᠨᠠᠢᠷ ᠦᠷᠭᠦᠯᠵᠢᠯᠡᠭᠰᠡᠭᠡᠷ ᠁ ᠨᠠᠢᠷ ᠤᠨ ᠲᠡᠭᠦᠰᠭᠡᠯ ᠳ᠋ᠥ ᠰᠡᠴᠡᠨ ᠂ ᠰᠡᠷᠭᠦᠯᠡᠩ ᠬᠤᠶᠠᠷ ᠡᠴᠡ ᠦᠪᠡᠷ ᠤᠨᠢᠶᠡᠨ ᠰᠡᠳᠬᠢᠯᠢᠶᠡᠨ ᠡᠷᠭᠦᠵᠤ ᠂ ᠰᠠᠮᠪᠠᠢ ᠴᠠᠭᠠᠨ ᠬᠠᠳᠠᠭᠢᠶᠡᠨ ᠠᠯᠳᠠᠯᠠᠨ ᠂ ᠮᠤᠲᠤᠨ ᠠᠶᠠᠭ᠎ᠠ ᠲᠤᠲᠤᠷ᠎ᠠ ᠮᠦᠰᠦᠨ ᠰᠢᠬᠢᠷ ᠬᠢᠵᠤ ᠂ ᠪᠤᠭᠤᠷᠤᠯᠴᠤᠳ ᠤᠨᠢᠶᠡᠨ ᠭᠠᠷᠢ ᠴᠠᠢᠯᠭᠠᠵᠦ ᠪᠡᠯᠡᠭ ᠵᠢᠡᠨ ᠡᠷᠭᠦᠭᠰᠡᠨ ᠪᠠᠢᠨ᠎ᠠ ᠃ ᠨᠡᠩ ᠲᠤᠷᠠᠳᠤᠭᠤᠰᠢᠳᠠᠢ ᠨᠢ ᠪᠠᠰᠠ ᠠᠯᠠᠱᠠ ᠠᠢᠮᠠᠭ ᠤᠨ ᠬᠠᠯᠬ᠎ᠠ ᠰᠤᠶᠤᠯ ᠤᠨ ᠬᠦᠭᠵᠢᠯᠳᠠ ᠶᠢᠨ ᠬᠢᠵᠠᠭᠠᠷᠲᠤ ᠺᠤᠮᠫᠠᠨᠢ ᠶᠢᠨ ᠲᠤᠷᠵᠢ ᠂ ᠢᠤᠢ ᠷᠦᠩ ᠬᠤᠶᠠᠷ ᠵᠤᠯᠭᠠᠯᠳᠠ ᠳ᠋ᠥ ᠬᠦᠷᠦᠯᠴᠡᠨ ᠢᠷᠡᠵᠤ 50 ᠵᠠᠬ᠎ᠠ ᠲᠡᠪᠡᠯ ᠤᠨ ᠲᠤᠷᠭ᠎ᠠ ᠪᠠᠨ ᠪᠤᠭᠤᠷᠤᠯᠴᠤᠳ ᠲᠠᠭᠠᠨ ᠪᠡᠯᠡᠭᠯᠡᠨ ᠪᠠᠷᠢᠵᠤ ᠂ ᠦᠭᠡᠷ᠎ᠡ ᠪᠤᠰᠤᠳ ᠬᠦᠮᠦᠰ ᠴᠦ ᠦᠪᠡᠷ ᠤᠨ ᠬᠠᠢᠷ᠎ᠠ ᠰᠡᠳᠬᠢᠯᠢᠶᠡᠨ ᠡᠷᠭᠦᠵᠡᠬᠡᠨ ᠂ ᠪᠤᠭᠤᠷᠤᠯᠴᠤᠳᠢᠶᠡᠨ ᠪᠠᠶᠠᠷᠯᠠᠭᠤᠯᠵᠤ ᠂ ᠵᠠᠩᠶᠸ ᠬᠤᠳᠠ ᠶᠢᠨ ᠤᠰᠤᠨ ᠠᠰᠢᠭᠯᠠᠯᠳᠠ ᠶᠢᠨ ᠲᠤᠪᠴᠢᠶᠠᠨᠤ ᠲᠡᠳ᠋ ᠲᠠᠷᠤᠭ᠎ᠠ ᠨᠠᠷᠠᠨᠴᠢᠮᠡᠭ ᠡᠴᠡ ᠳ᠋ᠦᠩᠨᠡᠯᠳᠡ ᠬᠢᠵᠤ ᠨᠠᠢᠷ ᠲᠡᠭᠦᠰ ᠠᠮᠵᠢᠯᠳᠠᠳᠠᠢ ᠦᠨᠳᠦᠷᠯᠡᠪᠡ ᠃ ᠡᠨᠡᠬᠦ ᠠᠵᠢᠯᠯᠠᠭ᠎ᠠ ᠳ᠋ᠥ ᠪᠠᠶᠠᠨ ᠰᠤᠮᠤᠨᠤ ᠲᠠᠷᠤᠭ᠎ᠠ ᠂ ᠭᠤᠷᠪᠠᠨ ᠮᠤᠩᠭᠤᠯ ᠭᠠᠴᠠᠭᠠᠨ ︵ ᠪᠠᠷᠢᠭᠠᠳᠠ ︶ᠤ ᠲᠠᠷᠤᠭ᠎ᠠ ᠨᠠᠷ ᠂ ︽ ᠲᠤᠶᠠᠭ᠎ᠠ ᠵᠤᠭᠠᠴᠠᠯ ᠤᠨ ᠺᠤᠮᠫᠠᠨᠢ ︾ ᠶᠢᠨ ᠡᠵᠡᠨ ᠵᠡᠷᠭᠡ ᠬᠦᠮᠦᠰ ᠤᠨ ︽ ᠲᠠᠯᠠᠢ ᠳ᠋ᠥ ᠲᠤᠰᠤᠯ ᠂ ᠤᠪᠤᠭ᠎ᠠ ᠳ᠋ᠥ ᠴᠢᠯᠠᠭᠤ ︾ ᠨᠡᠮᠡᠷᠢᠯᠡᠵᠤ ᠂ ᠬᠠᠮᠤᠭ ᠬᠦᠴᠦ ᠬᠠᠯᠠᠭᠤᠨ ᠬᠦᠯᠦᠰᠤ ᠪᠠᠨ ᠤᠷᠤᠰᠬᠠᠵᠤ ᠲᠡᠮ ᠲᠤᠰᠠ ᠦᠵᠡᠬᠦᠯᠦᠭᠰᠡᠨ ᠡᠷᠭᠢᠮ ᠨᠠᠨᠳᠢᠨ ᠵᠠᠩ ᠰᠤᠷᠳᠠᠯ ᠨᠢ ᠪᠦᠷ ᠴᠦ ᠮᠠᠭᠳᠠᠭᠤᠰᠢᠳᠠᠢ ᠃
ᠨᠠᠮᠤᠷ ᠤᠨ ︽ ᠵᠢᠩ ᠤᠨ ᠴᠤᠪᠤᠭ᠎ᠠ ︾ ᠶᠢ ᠴᠦᠷᠭᠦᠯᠡᠨ ᠨᠢᠰᠦᠭᠰᠡᠨ ᠰᠢᠪᠠᠭᠤᠳ ᠦᠩᠭᠡ ᠶᠢ ᠨᠢ ᠨᠤᠲᠤᠭ ᠲᠤᠨᠢ ᠦᠯᠡᠳᠡᠭᠡᠨ ᠂ ᠨᠠᠰᠤᠳᠠᠳ ᠤᠨ ︽ ᠵᠢᠷᠭᠠᠯ ᠤᠨ ᠤᠴᠢ ︾ ᠶᠢ ᠪᠠᠳᠮᠠᠯᠠᠨ ᠪᠠᠳᠠᠷᠠᠭᠠᠭᠰᠠᠨ ᠲᠤᠷᠠᠰᠤᠮᠵᠢ ᠲᠤᠷᠠᠳᠬᠠᠯ ᠢ ᠨᠢ ᠰᠤᠨᠲᠤᠷ ᠪᠤᠯᠭᠠᠨ ᠬᠡᠯᠬᠢᠭᠰᠡᠨ ᠡᠷᠬᠢᠮ ᠨᠠᠨᠳᠢᠨ ᠠᠵᠢᠯᠯᠠᠭ᠎ᠠ ᠨᠢ ᠪᠡᠯ ᠪᠡᠯᠢᠶᠠᠷᠢᠶᠡᠨ ᠲᠦᠰᠢᠯᠴᠡᠭᠰᠡᠨ ᠠᠭᠤᠯᠠ ᠰᠢᠭ᠋ ᠪᠡᠶ᠎ᠡ ᠪᠡᠶ᠎ᠡ ᠪᠠᠨ ᠲᠦᠰᠢᠭᠰᠡᠨ ᠪᠤᠭᠤᠷᠤᠯᠴᠤᠳ ᠤᠨ ᠬᠦᠰᠡᠯ ᠤᠨ ᠲᠡᠭᠡᠳᠦ ᠪᠤᠶᠠᠨ ᠢ ᠤᠯᠠᠮ ᠲᠡᠯᠭᠡᠷᠡᠭᠦᠯᠦᠭᠰᠡᠨᠢᠶᠠᠷ ᠪᠠᠷᠠᠬᠤ ᠦᠬᠡᠢ ᠪᠠᠰᠠ ᠡᠷᠭᠢᠯᠡᠨ ᠬᠢᠭᠰᠡᠨ ᠰᠡᠴᠡᠨ ᠂ ᠰᠡᠷᠭᠦᠯᠡᠩ ᠤᠨ ᠵᠢᠷᠦᠬᠡᠨᠤ ᠬᠦᠨ ᠡᠴᠡ ᠪᠠᠨ ᠰᠡᠳᠬᠢᠯ ᠤᠨ ᠰᠦ ᠪᠠᠨ ᠢᠪᠢᠯᠭᠡᠵᠤ ᠂ ᠤᠶᠠᠨ ᠬᠠᠳᠠᠨ ᠪᠦᠰᠡᠬᠦᠢ ᠬᠦᠮᠦᠨᠤ ᠢᠵᠢᠯᠢᠬᠡᠨ ᠬᠦᠰᠡᠯ ᠵᠤᠷᠢᠯᠭ᠎ᠠ ᠪᠡᠷ ᠭᠦᠭ ᠨᠠᠢᠯᠠᠬᠦᠯᠦᠨ ᠪᠤᠶᠠᠨᠰᠠᠭ ᠦᠢᠯᠡᠰ ᠤᠨ ᠨᠠᠬᠢᠶ᠎ᠠ ᠨᠠᠮᠠᠭ᠎ᠠ ᠶᠢ ᠴᠡᠴᠡᠭᠯᠡᠬᠦᠯᠦᠨ ᠲᠡᠯᠭᠡᠷᠡᠭᠦᠯᠵᠤ ᠶᠠᠪᠤᠭ᠎ᠠ ᠨᠢ ᠲᠡᠭᠡᠳᠦ ᠶᠢᠨ ᠪᠤᠶᠠᠨ ᠪᠢᠯᠡ ᠃ ᠪᠤᠶᠠᠨ ᠲᠠᠯᠠᠯᠤᠨ ᠂ ᠭᠡᠰᠢᠭ ᠬᠤᠷᠤᠢᠯᠠᠵᠤ ᠴᠢᠷᠮᠠᠢᠨ ᠵᠢᠳᠭᠦᠭᠰᠡᠨ ᠬᠦᠮᠦᠰ ᠤᠨ ᠰᠡᠳᠬᠢᠯ ᠳ᠋ᠥ ᠴᠠᠭᠯᠠᠰᠢ ᠦᠬᠡᠢ ᠪᠠᠶᠠᠷ ᠵᠢᠷᠭᠠᠯ ᠤᠨ ᠦᠨᠦᠷ ᠠᠮᠳᠠ ᠠᠮᠳᠠᠯᠠᠭᠳᠠᠳᠠᠭ ᠶᠤᠮ ᠃ ᠬᠠᠢᠯᠭᠠᠨ ᠰᠡᠳᠬᠢᠯ ᠤᠨ ᠦᠵᠦᠬᠦᠷ ᠲᠣ ᠰᠦ ᠠᠮᠳᠠᠭᠳᠠᠨ ᠂ ᠬᠠᠩᠬᠠᠢᠭᠰᠠᠨ ᠬᠠᠨᠠᠭᠠᠷ ᠴᠡᠬᠡᠵᠢᠨᠤ ᠬᠦᠨ ᠳ᠋ᠥ ᠨᠠᠷᠠᠨᠤ ᠦᠨᠦᠷ ᠰᠢᠩᠭᠡᠭᠰᠡᠨ ᠪᠤᠭᠤᠷᠤᠯ ᠠᠪᠤ᠋ ᠡᠵᠢ ᠶᠢᠨ ᠰᠤᠷᠭᠠᠯ ᠵᠠᠬᠢᠶ᠎ᠠ ᠪᠡᠷ ᠦᠷ᠎ᠠ ᠬᠤᠢᠴᠢᠰ ᠤᠨ ᠬᠢᠨ ᠪᠢᠯᠢᠭ ᠤᠨ ᠲᠡᠭᠷᠢ ᠴᠡᠯᠮᠡᠭᠰᠢᠨ ᠶᠠᠪᠤᠭ᠎ᠠ ᠠᠵᠢ ︕
ᠪᠤᠶᠠᠨᠤ ᠦᠢᠯᠡᠰ ᠤᠨ ᠬᠠᠷᠭᠤᠢ ᠤᠯᠠᠮ ᠰᠠᠷᠠᠭᠤᠯ ᠲᠠᠷᠳᠠᠩ ᠪᠤᠯᠤᠭᠠᠰᠠᠢ ︕
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠼᠠᠢ ᠬᠤᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃