ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2020-09-17 17:45:48

ᠵᠣᠬᠢᠶᠠᠭ᠍ᠴᠢ᠄ ᠰᠤᠪᠤᠳ ᠣᠩᠱᠢᠭ᠍ᠰᠠᠨ ᠣᠳᠠᠭ᠎ᠠ᠄ 3

ᠨᠠᠯᠠᠭᠠᠷ ᠨᠠᠮᠤᠷ ‍ᠤᠨ 9 ᠰᠠᠷ᠎ᠠ ᠶᠢᠨ 7᠎ᠤ ᠦᠯᠵᠡᠢ ᠪᠡᠯᠬᠡᠲᠤ ᠡᠳᠦᠷ ᠂ ᠵᠠᠩᠶᠸ ᠶᠢᠨ ᠬᠠᠯᠬ᠎ᠠ ᠮᠤᠩᠭᠤᠯᠴᠤᠳ ‍ᠤᠨ ᠤᠯᠤᠰ ‍ᠤᠨ ᠪᠠᠶᠠᠷ᠎ᠢᠶᠡᠨ ᠤᠭᠲᠤᠬᠤ ᠠᠩᠬᠠᠳᠤᠭᠠᠷ ᠤᠳᠠᠭᠠᠨ᠎ᠤ ︽ ᠮᠦᠩᠭᠡ ᠶᠢᠨ ᠬᠠᠢᠷ᠎ᠠ ︾ ᠪᠤᠭᠤᠷᠤᠯᠴᠤᠳ ‍ᠤᠨ ᠵᠤᠯᠭᠠᠯᠳᠠ ᠶᠢᠨ ᠨᠠᠢᠷ ᠰᠦᠨᠠᠨ᠎ᠤ ᠶᠤᠭᠤᠷ ᠦᠨᠳᠦᠰᠦᠳᠡᠨ᠎ᠤ ᠦᠪᠡᠷᠳᠡᠭᠡᠨ ᠵᠠᠰᠠᠬᠤ ᠰᠢᠶᠠᠨ᠎ᠤ ᠪᠠᠶᠠᠨ ᠮᠤᠩᠭᠤᠯ ᠦᠨᠳᠦᠰᠦᠳᠡᠨ᠎ᠤ ᠰᠤᠮᠤ ᠳ᠋ᠥ ᠤᠳᠬ᠎ᠠ ᠲᠡᠭᠦᠯᠳᠡᠷ ᠠᠭᠤᠯᠭ᠎ᠠ ᠪᠠᠶᠠᠯᠢᠭ ᠶᠠᠪᠤᠭᠳᠠᠭᠰᠠᠨ ᠪᠠᠢᠨ᠎ᠠ ᠃ ᠲᠤᠰ ᠵᠤᠯᠭᠠᠯᠳᠠ ᠶᠢ ᠬᠠᠢᠰᠢ ᠵᠸᠤ ᠶᠢᠨ ᠪᠠᠷᠠᠭᠤᠨ ᠰᠤᠮᠤ ᠪᠡᠷ ᠨᠤᠲᠤᠭᠲᠠᠢ ᠰᠡᠴᠡᠨ ᠂ ᠭᠠᠨᠰᠤ ᠶᠢᠨ ᠵᠠᠩᠶᠸ ᠨᠤᠲᠤᠭᠲᠠᠢ ᠰᠡᠷᠭᠦᠯᠡᠩ ᠬᠤᠶᠠᠷ ᠮᠤᠩᠭᠤᠯ ᠪᠦᠰᠡᠬᠦᠢ ᠰᠡᠳᠦᠨ ᠬᠢᠵᠤ ᠭᠤᠤᠯᠯᠠᠨ ᠡᠷᠬᠢᠯᠡᠭᠰᠡᠨ ᠪᠠᠢᠨ᠎ᠠ ᠃ ︽ ᠠᠮᠢ ᠨᠠᠰᠤ ᠠᠯᠳᠠᠨ ᠪᠡᠶ᠎ᠡ ᠶᠢ ᠬᠠᠢᠷᠠᠯᠠᠵᠤ ᠲᠤᠷᠨᠢᠭᠤᠯᠤᠭᠰᠠᠨ ᠠᠴᠢᠳᠠᠨ ᠪᠤᠭᠤᠷᠤᠯᠴᠤᠳ ᠲᠠᠭᠠᠨ ᠬᠠᠢᠷ᠎ᠠ ᠲᠠᠯᠠᠷᠬᠠᠯ᠎ᠢᠶᠡᠨ ᠲᠡᠪᠰᠢᠬᠦᠯᠵᠤ ᠂ ᠪᠤᠭᠤᠷᠤᠯᠴᠤᠳ᠎ᠢᠶᠡᠨ ᠬᠤᠭᠤᠷᠤᠨᠳᠤ ᠨᠢ ᠠᠭᠤᠯᠵᠠᠭᠤᠯᠤᠨ ᠪᠠᠶᠠᠷᠯᠠᠭᠤᠯᠬᠤ ᠶᠢᠨ ᠬᠠᠮᠲᠤ ᠬᠦᠮᠦᠨ ᠪᠤᠯᠵᠤ ᠠᠮᠢᠳᠤᠷᠠᠬᠤᠢ ᠶᠢᠨ ᠤᠬᠠᠭᠠᠨ᠎ᠤ ᠨᠠᠨᠳᠢᠨ ᠰᠤᠷᠭᠠᠯ ‍ᠢ ᠬᠦᠷᠳᠡᠵᠤ ᠂ ᠡᠪᠦᠬᠡ ᠲᠡᠭᠡᠳᠦᠰ᠎ᠢᠶᠡᠨ ᠬᠠᠢᠷᠠᠯᠠᠵᠤ ᠬᠦᠨᠳᠦᠳᠭᠡᠭᠦ ᠰᠠᠢᠬᠠᠨ ᠤᠯᠠᠮᠵᠢᠯᠠᠯ ‍ᠢ ᠵᠠᠯᠭᠠᠮᠵᠢᠯᠠᠨ ᠪᠠᠳᠠᠷᠠᠭᠤᠯᠬᠤ ᠵᠤᠷᠢᠯᠭ᠎ᠠ ᠡᠴᠡ ᠲᠤᠰ ᠠᠵᠢᠯᠯᠠᠭ᠎ᠠ ᠶᠢ ᠰᠡᠳᠦᠵᠤ ᠬᠢᠭᠰᠡᠨ ᠪᠠᠢᠨ᠎ᠠ ︾ ᠭᠡᠵᠤ ᠰᠡᠴᠡᠨ ᠰᠡᠷᠭᠦᠯᠡᠩ ᠬᠤᠶᠠᠷ ᠶᠠᠷᠢᠵᠤ ᠪᠠᠢᠯ᠎ᠠ ᠃ ᠨᠡᠩ ᠴᠦ ᠲᠤᠷᠠᠳᠤᠭᠤᠰᠢᠲᠠᠢ ᠨᠢ ᠂ ᠰᠡᠴᠡᠨ ᠡᠴᠡ ᠡᠢᠮᠦᠷᠭᠦ ᠪᠤᠭᠤᠷᠤᠯᠴᠤᠳ ‍ᠤᠨ ᠵᠤᠯᠭᠠᠯᠳᠠ ᠶᠢ ᠡᠨᠡ ᠤᠳᠠᠭ᠎ᠠ ᠲᠠᠢ ᠪᠠᠨ ᠨᠠᠢᠳᠠ ᠭᠤᠷᠪᠠᠨ ᠤᠳᠠᠭ᠎ᠠ ᠪᠠᠨ ᠡᠷᠭᠢᠯᠡᠨ ᠬᠢᠵᠤ ᠂ ᠨᠤᠲᠤᠭ ᠤᠰᠤᠨ ᠳ᠋ᠠᠭᠠᠨ ᠪᠠᠰᠠ ᠬᠦᠨᠳᠦᠲᠠᠢ ᠮᠦᠷᠳᠡᠭᠡᠨ ᠪᠤᠶᠠᠨᠰᠠᠭ ᠦᠢᠯᠡ ᠪᠡᠷ᠎ᠢᠶᠡᠨ ᠬᠢᠯᠠᠷᠠᠭᠤᠯᠵᠤ ᠶᠠᠪᠤᠭ᠎ᠠ ᠨᠢᠬᠡᠨ ᠪᠢᠯᠡ ᠃ ᠰᠡᠷᠭᠦᠯᠡᠩ ᠡᠴᠡ ᠲᠤᠰ ᠤᠳᠠᠭᠠᠨ᠎ᠤ ᠵᠤᠯᠭᠠᠯᠳᠠ ᠶᠢᠨ ᠨᠠᠢᠷ ‍ᠢ ᠬᠢᠬᠦ ᠪᠡᠷ ᠲᠤᠭᠳᠠᠵᠤ ᠂ ᠦᠪᠡᠷ ‍ᠤᠨ ᠪᠡᠶ᠎ᠡ ᠪᠡᠷ᠎ᠢᠶᠡᠨ ᠫᠢᠩ ᠱᠠᠨ ᠬᠤ ᠮᠤᠩᠭᠤᠯ ᠦᠨᠳᠦᠰᠦᠳᠡᠨ᠎ᠤ ᠰᠤᠮᠤ ᠶᠢᠨ ᠪᠤᠭᠤᠷᠤᠯᠴᠤᠳ ᠲᠠᠢ ᠪᠠᠨ ᠬᠦᠬᠦᠷ ᠵᠢᠡᠷ ᠮᠡᠨᠳᠦᠯᠡᠨ ᠨᠠᠢᠷ ᠲᠣ ᠬᠦᠨᠳᠦᠳᠭᠡᠨ ᠵᠠᠯᠠᠭᠰᠠᠨ ᠨᠢ ᠴᠦ ᠪᠠᠰᠠ ᠮᠠᠭᠳᠠᠭᠤᠰᠢᠳᠠᠢ ᠶᠤᠮ ᠃


1.jpg


ᠠᠵᠢᠯᠯᠠᠭ᠎ᠠ ᠳ᠋ᠥ ᠂ ᠰᠦᠨᠡᠨ᠎ᠤ ᠶᠤᠭᠤᠷ ᠦᠨᠳᠦᠰᠦᠳᠡᠨ᠎ᠤ ᠦᠪᠡᠷᠳᠡᠭᠡᠨ ᠵᠠᠰᠠᠬᠤ ᠰᠢᠶᠠᠨ᠎ᠤ ᠪᠠᠶᠠᠨ ᠮᠤᠩᠭᠤᠯ ᠦᠨᠳᠦᠰᠦᠳᠡᠨ᠎ᠤ ᠰᠤᠮᠤ ᠪᠠ ᠭᠠᠨᠵᠸᠤ ᠲᠤᠭᠤᠷᠢᠭ ‍ᠤᠨ ᠫᠢᠩ ᠱᠠᠨ ᠬᠤ ᠮᠤᠩᠭᠤᠯ ᠦᠨᠳᠦᠰᠦᠳᠡᠨ᠎ᠤ ᠰᠤᠮᠤ ᠶᠢᠨ ᠵᠢᠷᠠᠨ ᠨᠠᠰᠤᠨ ᠡᠴᠡ ᠲᠡᠭᠡᠭᠰᠢᠬᠢ ᠨᠠᠢᠳᠠ ᠨᠠᠶᠠᠭᠠᠳ ᠪᠤᠭᠤᠷᠤᠯᠴᠤᠳ ᠬᠦᠷᠦᠯᠴᠡᠨ ᠢᠷᠡᠵᠤ ᠤᠷᠤᠯᠴᠠᠭᠰᠠᠨ ᠪᠠᠢᠨ᠎ᠠ ᠃ ᠡᠬᠦᠨ ᠳ᠋ᠥ ᠂ ᠨᠠᠶᠠᠨ ᠨᠠᠰᠤᠨ ᠡᠴᠡ ᠲᠡᠭᠡᠭᠰᠢ 6 ᠂ ᠲᠠᠯᠠᠨ ᠨᠠᠰᠤᠨ ᠡᠴᠡ ᠲᠡᠭᠡᠭᠰᠢ 13 ᠂ ᠵᠢᠷᠠᠨ ᠨᠠᠰᠤᠨ ᠡᠴᠡ ᠲᠡᠭᠡᠭᠰᠢ 33 ᠨᠠᠰᠤᠳᠠᠳ ᠪᠤᠢ ᠃ ᠠᠵᠢᠯᠯᠠᠭ᠎ᠠ ᠨᠢ ᠵᠤᠯᠭᠠᠯᠳᠠ ᠶᠢᠨ ᠴᠠᠢᠯᠠᠯᠭ᠎ᠠ ᠂ ᠤᠯᠠᠮᠵᠢᠯᠠᠯᠲᠤ ᠮᠤᠩᠭᠤᠯ ᠨᠠᠭᠠᠲᠤᠮ ‍ᠤᠨ ᠲᠤᠮᠳᠠ ᠤᠳᠬ᠎ᠠ ᠲᠡᠭᠦᠯᠳᠡᠷ ᠦᠨᠳᠦᠷᠯᠡᠭᠰᠡᠨ ᠪᠢᠯᠡ ᠃


2.jpg


ᠵᠠᠩᠶᠸ ᠶᠢᠨ ᠬᠠᠯᠬ᠎ᠠ ᠮᠤᠩᠭᠤᠯᠴᠤᠳ ᠪᠤᠯ 20 ᠳ᠋ᠤᠭᠠᠷ ᠵᠠᠭᠤᠨ᠎ᠤ ᠬᠤᠷᠢ ᠭᠤᠴᠢᠭᠠᠳ ᠤᠨ ᠳ᠋ᠥ ᠤᠲᠤ ᠶᠢᠨ ᠮᠤᠩᠭᠤᠯ ᠤᠯᠤᠰ ‍ᠤᠨ ᠭᠤᠪᠢ ᠠᠯᠳᠠᠢ ᠠᠢᠮᠠᠭ ᠡᠴᠡ ᠨᠡᠬᠦᠨ ᠭᠠᠷᠴᠤ ᠂ ᠵᠠᠮ ᠳ᠋ᠠᠭᠠᠨ ᠰᠢᠨᠵᠢᠶᠠᠩ ‍ᠤᠨ ᠬᠤᠢᠲᠤ ᠭᠡᠰᠡᠭ ‍ᠤᠨ ᠪᠠᠷᠬᠦ᠋ᠯ ᠂ ᠡᠵᠡᠨ᠎ᠡ ᠂ ᠮᠠᠽᠦ᠋ᠩ ᠵᠡᠷᠭᠡ ᠭᠠᠵᠠᠷ᠎ᠤᠳ᠎ᠢᠶᠠᠷ ᠦᠩᠭᠡᠷᠡᠨ ᠤᠲᠤ ᠶᠢᠨ ᠰᠦᠨᠠᠨ᠎ᠤ ᠶᠤᠭᠤᠷ ᠦᠨᠳᠦᠰᠦᠳᠡᠨ᠎ᠤ ᠦᠪᠡᠷᠳᠡᠭᠡᠨ ᠵᠠᠰᠠᠬᠤ ᠰᠢᠶᠠᠨ᠎ᠤ ᠪᠠᠶᠠᠨ ᠮᠤᠩᠭᠤᠯ ᠦᠨᠳᠦᠰᠦᠳᠡᠨ᠎ᠤ ᠰᠤᠮᠤ ᠶᠢᠨ ᠡᠮᠦᠨ᠎ᠡ ᠂ ᠬᠤᠢᠨ᠎ᠠ ᠬᠤᠶᠠᠷ ᠮᠤᠩᠭᠤᠯ ᠭᠠᠴᠠᠭ᠎ᠠ ︵ ᠪᠠᠷᠢᠭᠠᠳᠠ ︶ ᠪᠠ ᠭᠠᠨᠵᠸᠤ ᠲᠤᠭᠤᠷᠢᠭ ‍ᠤᠨ ᠫᠢᠩ ᠱᠠᠨ ᠬᠤ ᠮᠤᠩᠭᠤᠯ ᠦᠨᠳᠦᠰᠦᠳᠡᠨ᠎ᠤ ᠰᠤᠮᠤ ᠶᠢᠨ ᠤᠯᠠᠭᠠᠨᠪᠤᠯᠠᠭ ᠭᠠᠴᠠᠭ᠎ᠠ ︵ ᠪᠠᠷᠢᠭᠠᠳᠠ ︶ ᠳ᠋ᠥ ᠠᠵᠤ ᠲᠦᠷᠦᠨ ᠠᠮᠢᠳᠤᠷᠠᠵᠤ ᠪᠤᠢ ᠃ ᠬᠤᠶᠠᠷ ᠮᠤᠩᠭᠤᠯ ᠰᠤᠮᠤ ᠪᠡᠷ ᠪᠠᠢᠭ᠎ᠠ ᠬᠠᠯᠬ᠎ᠠ ᠮᠤᠩᠭᠤᠯᠴᠤᠳ ‍ᠤᠨ ᠬᠦᠮᠦᠨ ᠠᠮᠠ ᠨᠢ ᠮᠢᠩᠭ᠎ᠠ ᠬᠦᠷᠭᠦ ᠦᠬᠡᠢ ᠪᠠᠢᠭᠰᠡᠨ ᠴᠦ ᠡᠳᠡᠨᠦᠰ ᠤᠷᠤᠰᠤᠮ᠎ᠠ ᠲᠤᠲᠤ ᠮᠤᠩᠭᠤᠯ ᠬᠡᠯᠡ ᠪᠠᠨ ᠶᠠᠷᠢᠵᠤ ᠂ ᠤᠯᠠᠮᠵᠢᠯᠠᠯᠲᠤ ᠵᠠᠩ ᠵᠠᠩᠰᠢᠯ᠎ᠢᠶᠡᠨ ᠬᠠᠳᠠᠭᠠᠯᠠᠭᠰᠠᠭᠠᠷ ᠢᠷᠡᠭᠰᠡᠨ ᠨᠢ ᠲᠳᠡᠨ᠎ᠤ ᠵᠤᠯᠭᠠᠯᠳᠠ ᠡᠴᠡ ᠲᠤᠲᠤ ᠬᠠᠷᠠᠭᠳᠠᠵᠤ ᠪᠠᠢᠯ᠎ᠠ᠃


04.jpg


4.jpg


5.jpg


6.jpg


12.jpg


13.jpg


33333.jpg


IMG_0139.jpg


IMG_0143.jpg


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面