2020-10-02 09:42:16
ᠠᠯᠲᠠ ᠡᠵᠢ᠎ᠶᠢᠨ ︽ ᠡᠪᠦᠷ ᠲᠡᠮᠲᠡᠭᠯᠡᠯ ︾
ᠪᠠᠯᠠᠷᠠᠵᠤ ᠪᠠᠳᠠᠷᠠᠬᠤ ᠶᠢᠷᠲᠢᠨᠴᠦ᠎ᠶᠢᠨ ᠵᠢᠮ᠎ᠡ
ᠪᠠᠭ᠎ᠠ᠎ᠳ᠋ᠤ ᠶᠠᠪᠤᠭᠰᠠᠨ ᠪᠢᠳᠡᠨ᠎ᠤ ᠵᠠᠮ
ᠪᠠᠭᠠᠴᠤᠳ ᠬᠡᠦᠬᠡᠳ᠎ᠲᠤ ᠦᠯᠡᠳᠡᠭᠡᠬᠦ ᠭᠡᠷᠡᠴᠢ
ᠪᠢᠴᠢᠭ ᠰᠤᠳᠤᠷ᠎ᠤᠨ ᠦᠨᠡᠨ ᠲᠡᠮᠲᠡᠭᠯᠡᠯ ᠃
︽ ᠮᠢᠨᠦ ᠡᠳᠦᠷ᠎ᠤᠨ ᠲᠡᠮᠲᠡᠭᠯᠡᠯ ︾
︽ ᠳᠤᠯᠤᠭᠠᠨᠴᠢᠷᠭᠠ ᠶᠡᠬᠡ ᠳ᠋ᠦᠢ ︵ ᠶᠡᠬᠡ ᠪᠠᠷᠢᠭᠠᠳᠠ ︶᠎ᠶᠢᠨ 73 ᠤᠨ᠎ᠤ ᠤᠷᠤᠯᠭ᠎ᠠ ᠵᠠᠷᠤᠳᠠᠯ᠎ᠤᠨ ᠲᠡᠮᠲᠡᠭᠯᠡᠯ ︾ ᠂ ︽ 0~7 ᠨᠠᠰᠤᠨ᠎ᠤ 8 ~12 ᠨᠠᠰᠤᠨ᠎ᠤ ᠬᠡᠦᠬᠡᠳ᠎ᠤᠨ ᠪᠦᠷᠢᠳᠬᠡᠯ᠎ᠤᠨ ᠬᠦᠰᠦᠨᠦᠭᠲᠦ ︾ ᠵᠡᠷᠭᠡ ᠠᠭᠤᠯᠭ᠎ᠠ᠎ᠶᠢ ᠬᠦᠬᠡ ᠤᠰᠤᠨ ᠪᠢᠷ᠎ᠢᠶᠠᠷ ᠬᠦᠰᠦᠨᠦᠭ ᠵᠢᠷᠤᠵᠤ ᠴᠡᠪᠡᠷ ᠳᠡᠭᠰᠢ ᠂ ᠲᠤᠳᠤᠷᠬᠠᠢ ᠰᠠᠢᠬᠠᠨ ᠲᠡᠮᠲᠡᠭᠯᠡᠭᠰᠡᠨ ᠂ ᠪᠢᠳᠡᠨ᠎ᠤ ᠪᠠᠭ᠎ᠠ᠎ᠶᠢᠨ ᠦᠶ᠎ᠡ᠎ᠳ᠋ᠤ ᠬᠠᠶᠠ ᠦᠵᠡᠵᠦ ᠪᠠᠢᠭᠰᠠᠨ ᠲᠡᠢᠮᠦᠷᠬᠦ ᠳᠤᠮᠳᠠ᠎ᠪᠠᠨ ᠪᠤᠳᠤᠭᠲᠤ ᠵᠢᠷᠤᠭ ᠬᠠᠪᠴᠢᠭᠤᠯᠤᠭᠰᠠᠨ ᠂ ᠦᠵᠡᠮᠵᠢ᠎ᠶᠢᠨ ᠵᠢᠷᠤᠭ᠎ᠲᠠᠢ ᠂ ᠤᠯᠠᠭᠠᠨ ᠨᠤᠭᠤᠭᠠᠨ ᠰᠦᠯᠢᠶᠤᠤ ᠭᠠᠳᠠᠷᠲᠠᠢ ᠡᠳᠡᠭᠡᠷ ᠲᠡᠮᠲᠡᠭᠯᠡᠯ᠎ᠤᠨ ᠲᠡᠪᠲᠡᠷ ᠪᠤᠯ ᠳᠠᠷᠤᠢ ᠦᠯᠢᠭᠡᠷ᠎ᠲᠠᠢ ᠤᠴᠢᠷ᠎ᠲᠠᠢ ᠠᠯᠲᠠ ᠡᠵᠢ᠎ᠶᠢᠨ ᠡᠪᠦᠷ ᠲᠡᠮᠲᠡᠭᠯᠡᠯ᠎ᠤᠳ ᠶᠤᠮ ᠃

ᠬᠠᠩᠭᠢᠨ ᠬᠤᠰᠢᠭᠤᠨ᠎ᠤ ᠠᠷᠰᠯᠠᠩᠲᠤ ᠰᠤᠮᠤᠨ᠎ᠤ ᠨᠠᠮ᠎ᠤᠨ ᠬᠤᠷᠢᠶ᠎ᠠ ᠂ ᠡᠮᠡᠭᠲᠡᠢᠴᠦᠳ᠎ᠤᠨ ᠬᠤᠯᠪᠤᠭᠠᠲᠤ ᠬᠤᠷᠠᠯ᠎ᠤᠨ ᠨᠢᠭᠡᠳᠦᠯᠲᠡᠢ ᠳᠤᠬᠢᠷᠠᠭᠤᠯᠤᠯᠲᠠ ᠳᠤᠤᠷ᠎ᠠ ᠂ ᠰᠤᠮᠤᠨ᠎ᠤ ᠡᠮᠡᠭᠲᠡᠢᠴᠦᠳ᠎ᠤᠨ ᠬᠤᠯᠪᠤᠭᠠᠲᠤ ᠬᠤᠷᠠᠯ᠎ᠤᠨ ᠳᠡᠳ᠋ ᠡᠷᠬᠢᠯᠡᠭᠴᠢ ᠪᠠᠢᠬᠰᠠᠨ ᠠᠯᠲᠠ᠎ᠶᠢ ᠰᠤᠮᠤᠨ᠎ᠤ ᠵᠠᠰᠠᠭ᠎ᠤᠨ ᠤᠷᠳᠤᠨ᠎ᠡᠴᠠ ᠬᠠᠮᠤᠭ᠎ᠤᠨ ᠬᠤᠯᠠ ᠂ ᠵᠠᠮ ᠨᠡᠪᠲᠡᠷᠡᠯᠭᠡ ᠮᠠᠭᠤ ᠳᠤᠯᠤᠭᠠᠨᠴᠢᠷᠭᠠ ᠪᠠᠷᠢᠭᠠᠳᠠ᠎ᠳ᠋ᠤ ᠤᠷᠲᠤ ᠬᠤᠭᠤᠴᠠᠭᠠᠨ᠎ᠤ ᠳᠤᠰᠬᠤᠨ᠎ᠳ᠋ᠤ ᠪᠠᠭᠤᠵᠤ ᠪᠠᠢᠬᠤ ᠺᠠᠳ᠋ᠷ᠎ᠢᠶᠠᠷ ᠲᠤᠮᠢᠯᠠᠵᠠᠢ ᠃ ︽ ᠪᠢ ᠳᠤᠭᠤᠢ ᠤᠨᠤᠵᠤ ᠵᠤᠭᠤᠰ ᠪᠠ ᠪᠤᠳᠠᠭᠠᠨ ᠫᠢᠶᠤᠤ᠎ᠪᠠᠨ ᠠᠪᠴᠤ ᠂ ᠳᠤᠯᠤᠭᠠᠨᠴᠢᠷᠭᠠ ᠪᠠᠷᠢᠭᠠᠳᠠ᠎ᠳ᠋ᠤ ᠢᠷᠡᠵᠦ ᠰᠤᠮᠤᠨ᠎ᠤ ᠳᠤᠬᠢᠷᠠᠭᠤᠯᠤᠯᠲᠠ ᠶᠤᠰᠤᠭᠠᠷ ᠪᠠᠷᠢᠭᠠᠳᠠ᠎ᠶᠢᠨ ᠨᠠᠮ᠎ᠤᠨ ᠡᠭᠦᠷ᠎ᠤᠨ ᠳᠡᠮᠵᠢᠯᠭᠡ ᠪᠠ ᠪᠠᠷᠢᠭᠠᠳᠠ᠎ᠶᠢᠨ ᠳᠠᠷᠤᠭ᠎ᠠ ᠤᠶᠤᠩᠭᠤᠸ᠎ᠠ ᠡᠵᠢ᠎ᠶᠢᠨ ᠰᠢᠭᠤᠳ ᠵᠢᠯᠤᠭᠤᠳᠤᠯᠭ᠎ᠠ ᠳᠤᠤᠷ᠎ᠠ ᠂ ᠳᠤᠯᠤᠭᠠᠨᠴᠢᠷᠭᠠ ᠪᠠᠷᠢᠭᠠᠳᠠ᠎ᠳ᠋ᠤ ᠳ᠋ᠠᠵᠠᠢ᠎ᠶᠢᠨ ᠭᠦᠧᠧ ᠹᠧᠩ ᠯᠢᠶᠠᠨᠡᠴᠠᠲᠠᠭᠠᠨ ᠰᠤᠷᠤᠯᠴᠠᠭᠰᠠᠨ ᠬᠠᠩᠭᠢᠨ ᠬᠤᠰᠢᠭᠤᠨ᠎ᠤ ᠨᠢᠭᠡᠳᠦᠭᠡᠷ ᠲᠡᠮᠦᠷ ᠬᠡᠦᠬᠡᠨᠴᠦᠳ᠎ᠤᠨ ᠳᠤᠭᠤᠢᠯᠠᠩ᠎ᠢ ᠪᠠᠢᠭᠤᠯᠤᠭᠰᠠᠨ ᠶᠤᠮ ︾ ᠭᠡᠵᠦ ᠠᠯᠲᠠ ᠡᠵᠢ ᠰᠤᠷᠪᠤᠯᠵᠢᠯᠠᠭᠴᠢ᠎ᠳ᠋ᠤ ᠡᠷᠬᠢᠴᠡᠭᠦᠯᠵᠦ ᠪᠠᠢᠯ᠎ᠠ ᠃ ᠡᠨᠡ᠎ᠨᠢ 1973 ᠤᠨ᠎ᠤ ᠬᠠᠪᠤᠷ᠎ᠤᠨ ᠶᠠᠪᠤᠳᠠᠯ ᠪᠠᠢᠵᠠᠢ ᠃ ᠲᠤᠰ ᠪᠠᠷᠢᠭᠠᠳᠠ᠎ᠶᠢᠨ 16 18 ᠨᠠᠰᠤᠨ᠎ᠤ 14 ᠬᠡᠦᠬᠡᠨ᠎ᠢᠶᠠᠷ ᠪᠦᠷᠢᠯᠳᠦᠭᠰᠡᠨ ᠡᠨᠡ ᠬᠦ ᠲᠡᠮᠦᠷ ᠬᠡᠦᠬᠡᠨᠴᠦᠳ᠎ᠤᠨ ᠳᠤᠭᠤᠢᠯᠠᠩ᠎ᠳ᠋ᠤ ᠳᠤᠭᠤᠢᠯᠠᠩ᠎ᠤᠨ ᠳᠠᠷᠤᠭ᠎ᠠ᠎ᠪᠠᠷ ᠡᠷᠳᠡᠨᠢᠲᠤᠭᠤᠰ ᠂ ᠳᠡᠳ᠋ ᠳᠠᠷᠤᠭ᠎ᠠ᠎ᠪᠠᠷ ᠰᠡᠴᠡᠨᠴᠢᠮᠡᠭᠢ ᠰᠤᠩᠭᠤᠵᠤ ᠂ ᠭᠡᠰᠢᠭᠦᠨ᠎ᠨᠢ ᠱᠢᠷᠦᠨᠴᠢᠮᠡᠭ ᠂ ᠡᠷᠳᠡᠨᠢᠴᠢᠮᠡᠭ ᠂ ᠤᠳᠬᠤᠨᠴᠢᠮᠡᠭ ᠂ ᠴᠢᠮᠡᠳᠰᠸᠠ ᠂ ᠤᠷᠲᠤᠨᠠᠰᠤᠨ ᠂ ᠤᠳᠤᠨ᠎ᠪᠠᠷ ᠂ ᠤᠳᠬᠠᠩᠡᠷᠡᠯ ᠂ ᠵᠢᠷᠠᠨᠴᠢᠮᠡᠭ ᠂ ᠵᠢᠷᠠᠨᠬᠤᠸᠠᠷ ᠂ ᠷᠧᠨ ᠵᠦᠩ ᠶᠢᠩ ᠂ ᠷᠧᠨ ᠹᠧᠩ ᠶᠢᠩ ᠂ ᠭᠤᠤ ᠰᠢᠤ ᠯᠠᠨ ᠨᠠᠷ ᠪᠠᠢᠯᠴᠠᠵᠠᠢ ᠃
︽ ᠪᠢ 72 ᠤᠨ᠎ᠳ᠋ᠤ ᠠᠵᠢᠯ᠎ᠳ᠋ᠤ ᠭᠠᠷᠬᠤ᠎ᠳ᠋ᠤ 18 ᠨᠠᠰᠤᠲᠠᠢ ᠪᠠᠢᠵᠠᠢ ᠂ ᠨᠠᠮ᠎ᠤᠨ ᠰᠢᠨ᠎ᠡ ᠺᠠᠳ᠋ᠷ ᠬᠡᠷᠡᠭᠯᠡᠬᠦ ᠱᠠᠭᠠᠷᠳᠠᠯᠭ᠎ᠠ᠎ᠪᠠᠷ ᠪᠤᠳᠠᠲᠠᠢ᠎ᠳ᠋ᠤ ᠭᠦᠨᠵᠡᠭᠡᠢᠷᠡᠵᠦ ᠂ ᠦᠢᠯᠡᠳᠦᠯᠭᠡ᠎ᠶᠢᠨ ᠳᠤᠮᠳᠠ ᠳᠠᠪᠲᠠᠨ ᠪᠤᠯᠪᠠᠰᠤᠷᠠᠭᠤᠯᠬᠤ᠎ᠪᠠᠷ ᠠᠷᠰᠯᠠᠩᠲᠤ ᠰᠤᠮᠤᠨ᠎ᠤ ᠳᠤᠯᠤᠭᠠᠨᠴᠢᠷᠭᠠ ᠶᠡᠬᠡ ᠪᠠᠷᠢᠭᠠᠳᠠ᠎ᠳ᠋ᠤ ᠬᠤᠪᠢᠶᠠᠭᠳᠠᠭᠰᠠᠨ᠎ᠳᠠᠭᠠᠨ ᠪᠢ ᠠᠵᠢᠯ ᠡᠭᠦᠷᠭᠡ᠎ᠪᠠᠨ ᠶᠡᠬᠡ ᠪᠠᠶᠠᠷᠲᠠᠢ ᠬᠦᠯᠢᠶᠠᠨ ᠠᠪᠴᠤ ᠡᠬᠢᠯᠡᠭᠦᠯᠵᠡᠢ ︾ ᠭᠡᠵᠦ ᠠᠯᠳᠠ ᠡᠵᠢ ᠳᠤᠷᠠᠰᠤᠨ᠎ᠠ ᠃ ᠲᠡᠭᠦᠨ᠎ᠤ ᠬᠠᠳᠠᠭᠠᠯᠠᠵᠤ ᠢᠷᠡᠭᠰᠡᠨ ᠡᠳᠡᠭᠡᠷ ᠲᠡᠮᠲᠡᠭᠯᠡᠯ ᠪᠤᠯ 1973 1988 ᠤᠨ ᠬᠦᠷᠲᠡᠯᠡᠬᠢ ᠬᠤᠷᠠᠯ᠎ᠤᠨ ᠲᠡᠮᠲᠡᠭᠯᠡᠯ ᠂ ᠰᠤᠷᠤᠯᠴᠠᠯᠭ᠎ᠠ᠎ᠶᠢᠨ ᠲᠡᠮᠲᠡᠭᠯᠡᠯ ᠂ ᠠᠵᠢᠯ᠎ᠤᠨ ᠪᠠᠢᠷᠢᠯᠠᠭᠤᠯᠤᠯᠲᠠ᠎ᠶᠢᠨ ᠲᠡᠮᠲᠡᠭᠯᠡᠯ ᠂ ᠠᠵᠢᠯ᠎ᠤᠨ ᠬᠠᠷᠢᠭᠤ ᠮᠡᠳᠡᠭᠦᠯᠦᠯᠲᠡ ᠵᠡᠷᠭᠡ ᠪᠤᠯᠤᠨ᠎ᠠ ᠃ ᠳᠡᠭᠡᠷ᠎ᠡ ᠱᠠᠲᠤᠨ᠎ᠤ ᠬᠤᠷᠠᠯ᠎ᠤᠨ ᠵᠤᠷᠢᠭ ᠰᠠᠨᠠᠭ᠎ᠠ ᠪᠠ ᠪᠤᠳᠠᠲᠠᠢ ᠠᠵᠢᠯ᠎ᠤᠨ ᠪᠠᠢᠷᠢᠯᠠᠭᠤᠯᠤᠯᠲᠠ᠎ᠶᠢ ᠳᠤᠷᠤᠭᠰᠢ ᠪᠠᠭᠤᠵᠤ ᠪᠠᠷᠢᠭᠠᠳᠠ ᠪᠤᠯᠤᠨ ᠤᠯᠠᠨ ᠲᠦᠮᠡᠨ᠎ᠳ᠋ᠤ ᠨᠠᠢᠳᠠᠪᠤᠷᠢᠵᠢᠭᠤᠯᠵᠤ ᠲᠤᠭᠤᠰᠢᠯᠠᠭᠤᠯᠬᠤ ᠂ ᠠᠵᠢᠯ ᠡᠭᠦᠷᠭᠡ᠎ᠪᠠᠨ ᠪᠡᠶᠡᠯᠡᠭᠦᠯᠦᠭᠰᠡᠨ ᠪᠠᠢᠳᠠᠯ᠎ᠢᠶᠡᠨ ᠳᠡᠭᠡᠳᠦ ᠱᠠᠲᠤᠨ᠎ᠳ᠋ᠤ ᠬᠠᠷᠢᠭᠤ ᠮᠡᠳᠡᠭᠦᠯᠬᠦ ᠵᠡᠷᠭᠡ ᠪᠠᠢᠳᠠᠯ᠎ᠳ᠋ᠤ ᠴᠦᠮ ᠱᠠᠭᠠᠷᠳᠠᠯᠭ᠎ᠠ ᠶᠤᠰᠤᠭᠠᠷ ᠲᠡᠮᠲᠡᠭᠯᠡᠯ ᠬᠢᠳᠡᠭ ᠪᠠᠢᠵᠠᠢ ᠃ ᠬᠦᠰᠦᠨᠦᠭ᠎ᠢᠶᠠᠷ ᠢᠯᠡᠳᠭᠡᠭᠰᠡᠨ᠎ᠨᠢ ᠰᠤᠮᠤ ᠪᠤᠶᠤ ᠪᠠᠷᠢᠭᠠᠳᠠ᠎ᠶᠢᠨ ᠦᠨᠳᠦᠰᠦᠨ ᠪᠠᠢᠳᠠᠯ ᠂ ᠡᠯ᠎ᠡ ᠰᠠᠯᠠᠭ᠎ᠠ ᠮᠦᠴᠢᠷ ᠵᠤᠬᠢᠶᠠᠨ ᠪᠠᠢᠭᠤᠯᠤᠯᠲᠠ᠎ᠶᠢᠨ ᠪᠦᠷᠢᠯᠳᠦᠭᠦᠨ ᠂ ᠲᠤᠭ᠎ᠠ ᠪᠦᠷᠢᠳᠭᠡᠯ ᠵᠡᠷᠭᠡ ᠵᠦᠢᠯᠡᠰ ᠪᠤᠯᠤᠨ᠎ᠠ ᠃ ︽ ᠲᠡᠷᠡ ᠦᠶᠡᠰ ᠶᠡᠬᠡ ᠬᠠᠮᠲᠤ ᠪᠠᠢᠬᠰᠠᠨ ᠪᠤᠯᠬᠤᠷ ᠤᠯᠠᠨ ᠲᠦᠮᠡᠨ ᠪᠦᠷ ᠨᠢᠭᠡᠳᠦᠯᠲᠡᠢ ᠠᠵᠢᠯᠯᠠᠵᠤ ᠂ ᠶᠡᠬᠡ ᠪᠠᠷᠢᠭᠠᠳᠠ᠎ᠪᠠᠷ ᠨᠢᠭᠡᠴᠢ ᠪᠤᠯᠭᠠᠨ ᠬᠤᠪᠢᠶᠠᠷᠢᠯᠠᠯᠲᠠ ᠬᠢᠵᠦ ᠬᠤᠪᠢ ᠪᠤᠳᠤᠳᠠᠭ ᠪᠠᠢᠭᠰᠠᠨ ︾ ᠭᠡᠵᠦ ᠠᠯᠲᠠ ᠡᠵᠢ ᠡᠷᠬᠢᠴᠡᠭᠦᠯᠵᠦ ᠪᠠᠢᠨ᠎ᠠ ᠃

︽ ᠠᠷᠰᠯᠠᠩᠲᠤ ᠭᠦᠩᠱᠧ᠎ᠶᠢᠨ 1974 ᠤᠨ᠎ᠤ ᠮᠠᠯ ᠠᠵᠤ ᠠᠬᠤᠢ᠎ᠶᠢᠨ ᠳ᠋ᠠᠵᠠᠢ᠎ᠡᠴᠠ ᠰᠤᠷᠤᠯᠴᠠᠭᠰᠠᠨ ᠳᠤᠷᠰᠢᠯᠭ᠎ᠠ᠎ᠪᠠᠨ ᠰᠤᠯᠢᠯᠴᠠᠬᠤ ᠶᠡᠬᠡ ᠬᠤᠷᠠᠯ᠎ᠤᠨ ᠳᠤᠷᠠᠰᠬᠠᠯ ︾ ᠭᠡᠰᠡᠨ ᠪᠢᠴᠢᠭ᠎ᠲᠠᠢ ᠡᠨᠡ ᠲᠡᠮᠲᠡᠭᠯᠡᠯ᠎ᠤᠨ ᠲᠠᠪᠲᠡᠷᠢ ᠬᠠᠷᠠᠩᠭᠤᠲᠠ ᠯᠠ ᠬᠠᠭᠠᠰ ᠵᠠᠭᠤᠨ᠎ᠤ ᠲᠡᠷᠲᠡᠭᠡᠬᠢ ᠮᠠᠯᠵᠢᠬᠤ ᠳ᠋ᠠᠵᠠᠢ᠎ᠡᠴᠠ ᠰᠤᠷᠤᠯᠴᠠᠬᠤ ᠳᠤᠬᠠᠢ᠎ᠶᠢᠨ ᠴᠠᠭ ᠦᠶ᠎ᠡ᠎ᠶᠢᠨ ᠤᠷᠢᠶᠠᠯᠠᠭ᠎ᠠ ᠂ ᠰᠤᠮᠤ᠎ᠶᠢ ᠭᠦᠩᠱᠧ ᠂ ᠭᠠᠴᠠᠭ᠎ᠠ᠎ᠶᠢ ᠪᠠᠷᠢᠭᠠᠳᠠ ᠭᠡᠵᠦ ᠨᠡᠷᠡᠯᠡᠵᠦ ᠪᠠᠢᠬᠰᠠᠨ ᠂ ᠪᠤᠳᠠᠭᠠᠨ ᠫᠢᠶᠤᠤ᠎ᠪᠠᠨ ᠠᠪᠴᠤ ᠬᠦᠳᠡᠭᠡ ᠪᠠᠭᠤᠳᠠᠭ ᠺᠠᠳ᠋ᠷ ᠵᠡᠷᠭᠡ ᠲᠡᠦᠬᠡᠨ ᠠᠬᠤᠢ ᠪᠠᠢᠳᠠᠯ ᠳᠠᠬᠢᠨ ᠳᠤᠲᠤᠷᠠᠨᠠ ᠃ ᠡᠨᠡ ᠲᠡᠮᠲᠡᠭᠯᠡᠯ᠎ᠢ ᠨᠠᠷᠢᠪᠴᠢᠯᠠᠵᠤ ᠦᠵᠡᠪᠡᠯ ᠂ 1974 ᠤᠨ᠎ᠤ ᠤᠤᠯ᠎ᠤᠨ ᠶᠡᠬᠡ ᠵᠤᠤ ᠠᠢᠮᠠᠭ᠎ᠤᠨ ᠬᠠᠩᠭᠢᠨ ᠬᠤᠰᠢᠭᠤᠨ᠎ᠤ ᠠᠷᠰᠯᠠᠩᠲᠤ ᠭᠦᠩᠱᠧ᠎ᠶᠢᠨ ᠳᠤᠯᠤᠭᠠᠨᠴᠢᠷᠭᠠ ᠪᠠᠷᠢᠭᠠᠳᠠ᠎ᠶᠢᠨ ᠤᠷᠤᠯᠭ᠎ᠠ ᠵᠠᠷᠤᠯᠭ᠎ᠠ᠎ᠶᠢᠨ ᠪᠠᠢᠳᠠᠯ᠎ᠢ ᠤᠯᠤᠰ᠎ᠤᠨ ᠭᠠᠢᠯᠢ ᠳᠤᠰᠢᠶᠠᠬᠰᠠᠨ ᠂ ᠠᠰᠠᠷᠠᠮᠵᠢ᠎ᠶᠢᠨ ᠮᠦᠩᠭᠦ ᠬᠤᠪᠢᠶᠠᠭᠰᠠᠨ ᠂ ᠮᠠᠯ᠎ᠤᠨ ᠠᠰᠢᠭ ᠰᠢᠮ᠎ᠡ᠎ᠶᠢᠨ ᠤᠷᠤᠯᠭ᠎ᠠ ᠂ ᠳᠠᠷᠠᠭ᠎ᠠ ᠵᠢᠯ᠎ᠤᠨ ᠦᠢᠯᠡᠳᠪᠦᠷᠢᠯᠡᠯ᠎ᠤᠨ ᠵᠠᠷᠤᠳᠠᠯ ᠂ ᠦᠯᠡᠳᠡᠭᠡᠬᠦ ᠮᠦᠩᠭᠦ ᠭᠡᠭᠦ ᠮᠡᠲᠦ᠎ᠪᠠᠷ ᠲᠦᠷᠦᠯ ᠠᠩᠭᠢᠯᠠᠨ ᠲᠡᠮᠲᠡᠭᠯᠡᠵᠦ ᠂ ᠬᠡᠳᠦᠢ᠎ᠪᠠᠷ ᠳᠦᠭᠦᠮᠬᠡᠨ ᠨᠢᠭᠡ ᠯᠡ ᠬᠠᠭᠤᠳᠠᠰᠤ᠎ᠶᠢᠨ ᠲᠡᠮᠲᠡᠭᠯᠡᠯ ᠪᠤᠯᠪᠠᠴᠤ ᠠᠯᠢ᠎ᠨᠢ ᠭᠡᠳᠦᠢ ᠳᠦᠭᠦᠷᠢᠭ ᠵᠤᠭᠤᠰ ᠂ ᠡᠨᠡ᠎ᠨᠢ ᠪᠦᠬᠦ ᠤᠷᠤᠯᠭ᠎ᠠ᠎ᠶᠢᠨ᠎ᠢᠶᠡᠨ ᠵᠠᠭᠤᠨ᠎ᠤ ᠬᠡᠳᠦᠢ ᠬᠤᠪᠢ᠎ᠶᠢ ᠡᠵᠡᠯᠡᠬᠦ ᠭᠡᠳᠡᠭ᠎ᠢ ᠳᠤᠲᠤᠷᠬᠠᠢ ᠲᠡᠮᠲᠡᠭᠯᠡᠵᠡᠢ ᠃
ᠠᠯᠲᠠ ᠡᠵᠢ ᠡᠳᠡᠭᠡᠷ ᠬᠠᠭᠤᠴᠢᠨ ᠲᠡᠮᠲᠡᠭᠯᠡᠯ᠎ᠤᠨ ᠳᠡᠪᠲᠠᠷ᠎ᠢᠶᠡᠨ ᠡᠮᠬᠢᠯᠡᠨ ᠲᠢᠭᠯᠡᠵᠦ ᠂ ᠨᠤᠮ ᠪᠤᠯᠭᠠᠨ ᠬᠡᠪᠯᠡᠭᠦᠯᠦᠭᠡᠳ ᠲᠦᠷᠦᠭᠦᠬᠡᠨ ᠬᠠᠩᠬᠢᠨ ᠬᠤᠰᠢᠭᠤᠨ᠎ᠤ ᠤᠤᠯ᠎ᠤᠨ ᠠᠷᠰᠯᠠᠩᠲᠤ ᠰᠤᠮᠤᠨ᠎ᠤ ᠳᠤᠯᠤᠭᠠᠨᠴᠢᠷᠭᠠ ᠪᠠᠷᠢᠭᠠᠳᠠ ᠪᠠ ᠬᠠᠪᠢᠷᠭ᠎ᠠ ᠪᠠᠷᠢᠭᠠᠳᠠ ᠂ ᠤᠳᠤ᠎ᠶᠢᠨ ᠰᠢᠨᠠᠪᠠᠯᠭᠠᠰᠤᠨᠤ ᠪᠠᠶᠠᠨᠪᠤᠯᠠᠭ ᠭᠠᠴᠠᠭᠠᠨ᠎ᠤ ︽ ᠲᠡᠮᠦᠷ ᠬᠡᠦᠬᠡᠨᠴᠦᠳ ︾᠎ᠤᠨ ᠴᠤᠭᠯᠠᠭᠠᠨ ᠳᠡᠭᠡᠷ᠎ᠡ ᠪᠡᠯᠡᠭ ᠪᠤᠯᠭᠠᠵᠤ ᠬᠦᠷᠭᠡᠭᠰᠡᠨ ᠪᠠᠢᠯ᠎ᠠ ᠃ ︽ ᠠᠵᠢᠯ᠎ᠳ᠋ᠤ ᠤᠷᠤᠭᠰᠠᠨ ᠬᠠᠮᠤᠭ ᠠᠩᠬᠠᠨ᠎ᠤ ᠠᠵᠢᠯ ᠪᠤᠯ ᠳᠠᠷᠤᠢ ᠳᠤᠯᠤᠭᠠᠨᠴᠢᠷᠭᠠ ᠶᠡᠬᠡ ᠪᠠᠷᠢᠭᠠᠳᠠ᠎ᠶᠢᠨ ︿ ᠲᠡᠮᠦᠷ ᠬᠡᠦᠡᠬᠡᠨᠴᠦᠳᠤᠨ ᠳᠤᠭᠤᠢᠯᠠᠩ ﹀᠎ᠢ ᠪᠠᠢᠭᠤᠯᠵᠤ ᠂ ᠲᠡᠳᠡᠨ᠎ᠲᠠᠢ ᠬᠠᠮᠲᠤ ᠠᠵᠢᠯᠯᠠᠵᠤ ᠠᠮᠢᠳᠤᠷᠠᠵᠤ ᠂ ᠶᠡᠬᠡ ᠠᠷᠪᠢᠨ ᠬᠦᠴᠢᠷ ᠪᠡᠷᠬᠡ᠎ᠶᠢ ᠬᠠᠮᠲᠤ᠎ᠪᠠᠷ ᠲᠤᠭᠤᠯᠵᠤ ᠂ ᠨᠢᠭᠡᠨ ᠬᠢᠷᠢ ᠲᠡᠩᠴᠡᠭᠰᠡᠨ ᠤᠯᠤᠰ᠎ᠤᠨ ᠺᠠᠳ᠋ᠷ ᠪᠤᠯᠬᠤ ᠵᠠᠮ᠎ᠢᠶᠠᠷ ᠤᠷᠤᠭᠰᠠᠨ ᠦᠶ᠎ᠡ ᠶᠤᠮ ︾ ᠭᠡᠵᠦ ᠠᠯᠲᠠ ᠡᠵᠢ ᠡᠷᠭᠢᠴᠡᠭᠦᠯᠦᠨ᠎ᠡ ᠃ ᠦᠩᠭᠡᠷᠡᠭᠰᠡᠨ᠎ᠤ ᠶᠠᠳᠠᠭᠤ ᠬᠦᠴᠢᠷᠲᠡᠢ ᠤᠨ ᠵᠢᠯ᠎ᠤᠨ ᠲᠡᠦᠬᠡᠲᠦ ᠪᠠᠢᠳᠠᠯ ᠵᠢᠴᠢ ᠲᠡᠮᠦᠷ ᠬᠡᠦᠬᠡᠨᠴᠦᠳ᠎ᠤᠨ ᠦᠢᠯᠡ ᠠᠵᠢᠯᠯᠠᠭ᠎ᠠ᠎ᠶᠢ ᠨᠡᠢᠬᠡᠮ ᠨᠡᠢᠲᠡ᠎ᠳ᠋ᠤ ᠮᠡᠳᠡᠷᠡᠭᠦᠯᠵᠦ ᠰᠤᠷᠲᠠᠯᠴᠢᠯᠠᠨ ᠂ ᠲᠡᠳᠡᠨ᠎ᠤ ᠵᠤᠷᠢᠭ ᠰᠠᠨᠠᠭ᠎ᠠ᠎ᠶᠢ ᠬᠤᠢᠴᠢ ᠦᠶᠡᠶᠢᠨᠬᠢᠨᠳ᠋ᠤ ᠤᠯᠠᠮᠵᠢᠯᠠᠬᠤ᠎ᠶᠢᠨ ᠲᠦᠯᠦᠭᠡ ᠬᠠᠭᠤᠴᠢᠨ ᠲᠡᠮᠲᠡᠭᠯᠡᠯ᠎ᠢᠶᠡᠨ ︽ ᠮᠢᠨᠦ ᠡᠳᠦᠷ᠎ᠤᠨ ᠲᠡᠮᠲᠡᠭᠯᠡᠯ ︾ ᠭᠡᠰᠡᠨ ᠰᠢᠨ᠎ᠡ ᠨᠤᠮ ᠪᠤᠯᠭᠠᠵᠤ ᠬᠡᠪᠯᠡᠭᠦᠯᠦᠨ ᠂ ᠲᠡᠮᠦᠷ ᠬᠡᠦᠬᠡᠨᠴᠦᠳ ᠵᠢᠴᠢ ᠦᠪᠠᠷ᠎ᠤᠨ ᠲᠤᠭᠤᠯᠵᠤ ᠢᠷᠡᠭᠰᠡᠨ ᠤᠨ ᠵᠢᠯ᠎ᠢᠶᠡᠨ ᠳᠤᠷᠠᠳᠬᠠᠬᠰᠠᠨ ᠪᠠᠢᠵᠠᠢ ᠃

ᠡᠨᠡ᠎ᠨᠢ ᠳᠤᠬᠠᠢ᠎ᠶᠢᠨ ᠴᠠᠭ ᠦᠶ᠎ᠠ᠎ᠶᠢᠨ ᠬᠦᠮᠦᠰ᠎ᠤᠨ ᠶᠠᠳᠠᠭᠤ ᠬᠦᠴᠢᠷᠲᠡᠢ ᠂ ᠬᠠᠲᠠᠭᠤ ᠬᠦᠳᠡᠭᠦᠦ ᠤᠷᠴᠢᠨ ᠲᠤᠭᠤᠷᠢᠨ᠎ᠳ᠋ᠤ ᠪᠠᠢᠭᠰᠠᠨ ᠴᠤ ᠡᠭᠦᠷᠭᠡ ᠬᠠᠷᠢᠭᠤᠴᠠᠯᠭ᠎ᠠ᠎ᠪᠠᠨ ᠨᠠᠷᠢᠨ ᠬᠢᠨᠠᠮᠠᠭᠠᠢ ᠭᠦᠢᠴᠡᠳᠭᠡᠵᠦ ᠂ ᠬᠠᠮᠲᠤ ᠨᠡᠢᠲᠡ᠎ᠶᠢᠨ ᠲᠦᠯᠦᠭᠡ ᠠᠮᠢ ᠬᠤᠪᠢ᠎ᠪᠠᠨ ᠮᠠᠷᠲᠠᠨ ᠬᠢᠴᠢᠶᠡᠩᠭᠦᠢᠢᠯᠡᠨ ᠵᠢᠳᠬᠦᠵᠦ ᠂ ᠬᠦᠴᠢᠷ᠎ᠡᠴᠠ ᠬᠤᠢᠰᠢ ᠤᠬᠤᠷᠢᠯ ᠦᠭᠡᠢ ᠬᠠᠲᠠᠭᠤᠵᠢᠯᠲᠠᠢ ᠠᠵᠢᠯᠯᠠᠵᠤ ᠬᠦᠳᠡᠯᠮᠦᠷᠢᠯᠡᠳᠡᠭ ᠂ ᠴᠦᠬᠦᠷᠡᠯ ᠦᠭᠡᠢ ᠵᠢᠳᠭᠦᠨ ᠲᠡᠮᠡᠦᠯᠳᠡᠭ ᠲᠡᠢᠮᠦᠷᠬᠦ ᠨᠢᠭᠡᠨ ᠴᠠᠭ ᠦᠶ᠎ᠡ᠎ᠶᠢᠨ ᠵᠤᠷᠢᠭ ᠰᠠᠨᠠᠭ᠎ᠠ ᠪᠠᠢᠭᠰᠠᠨ ᠶᠤᠮ ᠃ ᠡᠨᠡ ᠪᠤᠯ ᠮᠦᠨ ᠴᠤ ᠠᠯᠲᠠ ᠡᠵᠢ ᠨᠠᠷ᠎ᠤᠨ ᠪᠢᠳᠡᠨ᠎ᠳ᠋ᠤ ᠦᠯᠡᠳᠡᠭᠡᠵᠦ ᠦᠭᠭᠦᠭᠰᠡᠨ ᠡᠷᠬᠢᠮ ᠨᠠᠨᠳᠢᠨ ᠤᠶᠤᠨ ᠰᠠᠨᠠᠭᠠᠨ᠎ᠤ ᠦᠪ ᠬᠦᠷᠦᠩᠭᠡ ᠪᠠᠢᠬᠤ ᠶᠤᠰᠤᠲᠠᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃