ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-03-17 11:08:54

ᠵᠣᠬᠢᠶᠠᠭ᠍ᠴᠢ᠄ ᠲᠡᠭᠦᠰᠪᠢᠯᠢᠭ ᠣᠩᠱᠢᠭ᠍ᠰᠠᠨ ᠣᠳᠠᠭ᠎ᠠ᠄ 3

3 ᠰᠠᠷ᠎ᠠ᠎ᠶᠢᠨ 14᠎ᠤ ᠡᠳᠦᠷ ᠂ ᠤᠷᠠᠳ᠎ᠤᠨ ᠬᠤᠢᠲᠤ ᠬᠤᠰᠢᠭᠤᠨ᠎ᠤ ᠣᠤ᠎ᠶᠢᠨ ᠭᠤᠤᠯ ᠰᠤᠮᠤᠨ᠎ᠤ ᠠᠯᠲᠠᠨᠬᠠᠭᠠᠯᠭ᠎ᠠ ᠭᠠᠴᠠᠭᠠᠨ᠎ᠳ᠋ᠤ ᠠᠳᠤᠭᠤᠨ ᠰᠤᠶᠤᠯ᠎ᠤᠨ ᠨᠠᠢᠷ ᠪᠤᠯᠤᠯ᠎ᠠ ᠃ ᠮᠠᠯᠴᠢᠳ ᠭᠠᠴᠠᠭᠠᠨ ᠲᠦᠪ᠎ᠲᠡᠭᠡᠨ ᠴᠤᠭᠯᠠᠷᠠᠵᠠᠭᠠᠠ ᠂ ᠡᠮᠡᠭᠲᠡᠢᠴᠦᠳ ᠲᠠᠭᠤᠤ ᠲᠠᠭᠤᠯᠠᠬᠤ ᠂ ᠪᠦᠵᠢᠭ ᠪᠦᠵᠢᠭᠯᠡᠬᠦ ᠂ ᠲᠡᠭᠡᠰᠦ ᠲᠠᠲᠠᠬᠤ ᠂ ᠲᠡᠭᠡᠰᠦ ᠦᠰᠦᠷᠬᠦ ᠂ ᠬᠦᠵᠦᠷ ᠲᠤᠭᠯᠠᠬᠤ ᠵᠡᠷᠭᠡ ᠡᠯᠪᠡᠭ ᠪᠠᠶᠠᠯᠢᠭ ᠠᠭᠤᠯᠭ᠎ᠠ ᠪᠦᠬᠦᠢ ᠤᠷᠠᠨ ᠰᠠᠢᠬᠠᠨ᠎ᠤ ᠲᠤᠭᠯᠠᠯᠲᠠ ᠪᠠ ᠰᠤᠨᠢᠷᠬᠠᠯᠲᠤ ᠪᠡᠶ᠎ᠡ᠎ᠶᠢᠨ ᠲᠠᠮᠢᠷ᠎ᠤᠨ ᠤᠷᠤᠯᠳᠤᠭᠠᠨ ᠦᠷᠨᠢᠭᠦᠯᠪᠡ ᠃ ᠬᠠᠷᠢᠨ ᠲᠤᠰ ᠭᠠᠴᠠᠭᠠᠠ᠎ᠤ ᠤᠢᠷ᠎ᠠ ᠬᠠᠪᠢ᠎ᠶᠢᠨ ᠠᠳᠤᠭᠤᠴᠢᠳ ᠠᠳᠤᠭᠤᠨ ᠰᠦᠷᠦᠭ᠎ᠢᠶᠡᠨ ᠬᠤᠷᠢᠶᠠᠵᠤ ᠴᠤᠭᠯᠠᠭᠤᠯᠤᠨ ᠂ ᠤᠷᠭ᠎ᠠ᠎ᠪᠠᠨ ᠠᠳᠬᠤᠨ ᠬᠤᠷᠲᠤᠨ ᠬᠦᠯᠦᠭ᠎ᠲᠡᠭᠡᠨ ᠮᠤᠷᠳᠠᠵᠥ ᠂ ᠮᠤᠷᠢ ᠤᠷᠭᠠᠯᠠᠬᠤ ᠂ ᠡᠮᠨᠢᠭ ᠰᠤᠷᠭᠠᠬᠤ ᠂ ᠲᠠᠭ᠎ᠠ ᠲᠠᠮᠠᠭᠠᠯᠠᠬᠤ ᠵᠡᠷᠬᠡ ᠠᠵᠢᠯᠯᠠᠭ᠎ᠠ ᠶᠠᠪᠤᠭᠳᠠᠭᠤᠯᠵᠥ ᠬᠤᠷᠠᠭᠰᠠᠠ ᠤᠯᠠᠨ᠎ᠳ᠋ᠤ ᠡᠷ᠎ᠡ᠎ᠶᠢᠨ ᠰᠢᠨᠳᠠᠰᠤ᠎ᠪᠠᠨ ᠭᠠᠢᠬᠠᠭᠤᠯᠤᠨ ᠂ ᠠᠳᠤᠭᠤᠴᠢᠨ ᠡᠷ᠎ᠡ᠎ᠶᠢᠨ ᠵᠢᠪᠬᠤᠭ᠎ᠠ᠎ᠶᠢ ᠬᠠᠷᠠᠭᠤᠯᠤᠭᠰᠠᠨ ᠪᠠᠢᠨ᠎ᠠ ᠃

ᠲᠤᠰ ᠭᠠᠴᠠᠭ᠎ᠠ ᠪᠤᠯ ᠤᠤ᠎ᠶᠢᠨ ᠭᠤᠤᠯ ᠰᠤᠮᠤᠨ᠎ᠤ ᠴᠤᠷ᠎ᠤᠨ ᠭᠠᠭᠴᠠ ᠮᠠᠯᠵᠢᠬᠤ ᠭᠠᠴᠠᠭ᠎ᠠ ᠪᠠᠢᠵᠤ ᠂ ᠤᠢᠷ᠎ᠠ᠎ᠶᠢᠨ ᠵᠢᠯ᠎ᠡᠴᠠ ᠠᠳᠤᠭᠤ ᠮᠠᠯ᠎ᠢᠶᠡᠨ ᠦᠷᠨᠵᠢᠬᠦᠯᠦᠨ ᠂ ᠠᠳᠤᠭᠤᠨ ᠰᠤᠶᠤᠯ᠎ᠢ ᠬᠦᠭᠵᠢᠭᠦᠯᠦᠭᠰᠡᠡ᠎ᠢᠶᠠᠷ ᠤᠳᠤ ᠨᠢᠭᠡᠨᠲᠡ 170 ᠭᠠᠷᠤᠢ ᠮᠤᠩᠭᠤᠯ ᠠᠳᠤᠭᠤ᠎ᠲᠠᠢ ᠪᠤᠯᠵᠤ ᠂ ᠰᠤᠮᠤᠨ᠎ᠤ᠎ᠪᠠᠨ ᠬᠠᠮᠤᠭ ᠤᠯᠠᠨ ᠠᠳᠤᠭᠤ᠎ᠲᠠᠢ ᠭᠠᠴᠠᠭ᠎ᠠ ᠪᠤᠯᠤᠭᠰᠠᠨ᠎ᠢᠶᠠᠷ ᠪᠠᠷᠠᠬᠤ ᠦᠬᠡᠢ ᠮᠠᠯᠴᠢᠳ᠎ᠤᠨ᠎ᠢᠶᠡᠨ ᠤᠷᠤᠯᠭ᠎ᠠ᠎ᠶᠢ ᠨᠡᠮᠡᠭᠳᠡᠬᠦᠯᠬᠦ ᠠᠵᠢᠯ᠎ᠢ ᠰᠠᠢᠳᠤᠷ ᠬᠢᠵᠥ ᠪᠠᠢᠨ᠎ᠠ ᠃

QQ图片20210317104734.png


QQ图片20210317104722.jpg

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面