2020-10-19 10:12:49
ᠠᠵᠢᠯ ᠦᠢᠯᠡᠰ᠎ᠨᠢ ᠨᠢᠬᠡ ᠬᠦᠮᠦᠨ᠎ᠳ᠋ᠤ ᠬᠢᠷᠢ ᠵᠡᠷᠬᠡ ᠴᠢᠬᠤᠯᠠ ᠪᠠᠢᠳᠠᠭ ᠪᠢᠯᠡ ︖ ᠠᠷᠤ ᠬᠡᠷ᠎ᠲᠡᠭᠡᠨ ᠬᠡᠰᠡᠨ ᠡᠬᠦᠷᠬᠡ ᠬᠠᠷᠢᠭᠤᠴᠠᠯᠭ᠎ᠠ ᠂ ᠨᠡᠢᠬᠡᠮ ᠨᠡᠢᠳᠡ᠎ᠳ᠋ᠤ ᠦᠵᠡᠬᠦᠯᠬᠦ ᠬᠤᠪᠢ ᠨᠡᠮᠡᠷᠢ ᠂ ᠦᠪᠡᠷ᠎ᠤᠨ ᠦᠨ᠎ᠠ ᠦᠷᠳᠡᠭ᠎ᠢᠶᠡᠨ ᠢᠯᠡᠷᠡᠬᠦᠯᠬᠦ ᠬᠦᠰᠡᠯ ᠲᠡᠮᠡᠤᠯᠤᠯ ᠂ ᠡᠳᠡᠭᠡᠷ᠎ᠨᠢ ᠨᠢᠬᠡ ᠬᠦᠮᠦᠨ᠎ᠤ ᠵᠤᠯ ᠵᠢᠷᠭᠠᠯ᠎ᠤᠨ ᠡᠬᠢ ᠬᠡᠯᠳᠡᠢ ᠃ ᠳᠤᠭᠤᠯᠤᠨ ᠪᠡᠯᠴᠢᠬᠡᠷ᠎ᠲᠡᠭᠡᠨ ᠳᠤᠭᠯᠠᠵᠦ ᠦᠰᠦᠭᠰᠡᠨ ᠮᠠᠯᠴᠢᠨ᠎ᠤ ᠭᠡᠤᠭᠡᠨ ᠳᠦᠷᠦ᠎ᠶᠢᠨ ᠪᠤᠳᠤᠯᠭ᠎ᠠ᠎ᠶᠢᠨ ᠳᠡᠮᠵᠢᠯᠬᠡ᠎ᠪᠠᠷ ︽ ᠳᠡᠭᠷᠢ᠎ᠶᠢᠨ ᠴᠡᠬᠡᠯ᠎ᠳ᠋ᠤ ᠳᠡᠬᠦᠯᠢᠭᠰᠡᠨ ︾ ᠨᠢᠬᠡᠨ ᠦᠯᠢᠬᠡᠷ᠎ᠢ ᠲᠠ ᠪᠦᠬᠦᠨ᠎ᠲᠠᠢ᠎ᠪᠠᠨ ᠬᠤᠪᠢᠶᠠᠯᠴᠠᠶ᠎ᠠ ︕


ᠲᠠᠮᠤᠴᠢ᠎ᠶᠢᠨ ᠳᠠᠯ᠎ᠠ᠎ᠶᠢᠨ ᠳᠤᠷᠭᠠᠨ ᠪᠡᠯᠴᠢᠬᠡᠷ᠎ᠲᠡᠭᠡᠨ ᠬᠤᠷᠠᠭ᠎ᠠ ᠳᠤᠭᠤᠯ᠎ᠲᠠᠢ᠎ᠪᠠᠨ ᠳᠤᠭᠯᠠᠵᠤ ᠦᠰᠦᠭᠰᠡᠨ ᠮᠠᠨᠳᠠᠷᠸ᠎ᠠ ᠭᠡᠤᠭᠡᠨ ᠪᠤᠯ ᠰᠦᠨᠢᠳ ᠪᠠᠷᠠᠭᠤᠨ ᠬᠤᠰᠢᠭᠤᠨ᠎ᠤ ᠰᠠᠢᠬᠠᠨᠳᠠᠯᠠ ᠪᠠᠯᠭᠠᠰᠤᠨ᠎ᠤ ᠴᠠᠭᠠᠠᠬᠤᠰᠢᠭᠤ ᠭᠠᠴᠠᠭ᠎ᠠ᠎ᠶᠢᠨ ᠮᠠᠯᠴᠢᠨ᠎ᠤ ᠦᠬᠢᠨ ᠪᠢᠯᠡ ᠃ ᠰᠤᠷᠭᠠᠭᠤᠯᠢ ᠰᠤᠶᠤᠯ᠎ᠤᠨ ᠮᠦᠷ᠎ᠢ ᠬᠦᠬᠡᠬᠡᠵᠦ ᠂ ᠳᠡᠬᠦᠰᠦᠭᠰᠡᠨᠤᠪᠠᠨ ᠳᠠᠷᠠᠭ᠎ᠠ ᠨᠢᠬᠡᠨ ᠠᠷᠠᠳ᠎ᠤᠨ ᠪᠠᠭᠰᠢ ᠪᠤᠯᠬᠤ ᠬᠦᠰᠡᠯ ᠡᠪᠦᠷᠯᠡᠵᠦ ᠂ ᠮᠠᠨᠳᠠᠷᠸ᠎ᠠ 2016 ᠤᠨ᠎ᠳ᠋ᠤ ᠦᠪᠦᠷ ᠮᠤᠩᠭᠤᠯ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠵᠠᠯᠠᠭᠤᠴᠤᠳ᠎ᠤᠨ ᠤᠯᠤᠰ ᠲᠦᠷᠦ ᠠᠵᠤ ᠠᠬᠤᠢ᠎ᠶᠢᠨ ᠳᠡᠬᠡᠳᠤ ᠰᠤᠷᠭᠠᠭᠤᠯᠢ᠎ᠶᠢᠨ ᠬᠡᠯᠡ ᠰᠤᠶᠤᠯ᠎ᠤᠨ ᠳᠤᠰᠬᠠᠢ ᠮᠡᠷᠬᠡᠵᠢᠯ᠎ᠡᠴᠠ ᠳᠡᠬᠦᠰᠦᠭᠰᠡᠨ ᠪᠤᠯᠪᠠᠴᠤ ᠠᠷᠠᠳ᠎ᠤᠨ ᠪᠠᠭᠰᠢ᠎ᠶᠢᠨ ᠠᠵᠢᠯ ᠶᠡᠷᠦ ᠳᠤᠬᠢᠶᠠᠭᠰᠠᠨ ᠦᠬᠡᠢ ᠃ ᠢᠩᠬᠢᠵᠦ ᠪᠠᠢᠳᠠᠯ᠎ᠠ 2017 ᠤᠨ᠎ᠳ᠋ᠤ ᠠᠪᠤ᠋᠎ᠨᠢ ᠬᠡᠨᠡᠳᠳᠡ᠎ᠶᠢᠨ ᠡᠨᠳᠡᠯ᠎ᠢᠶᠠᠷ ᠨᠠᠰᠤ ᠪᠠᠷᠠᠵᠦ ᠂ ᠡᠵᠢ᠎ᠶᠢᠨ ᠬᠢᠨᠢ ᠪᠡᠶ᠎ᠠ ᠮᠠᠭᠤᠳᠠᠭᠰᠠᠨ᠎ᠡᠴᠠ ᠬᠦᠳᠡᠯᠮᠦᠷᠢ ᠬᠦᠴᠦ ᠴᠦᠬᠡᠨᠳᠡᠢ ᠡᠨᠡ ᠠᠢᠯ᠎ᠤᠨ ᠠᠮᠢᠳᠤᠷᠠᠯ᠎ᠢ ᠬᠡᠴᠡᠬᠦᠦ ᠪᠠᠢᠳᠠᠯ᠎ᠳ᠋ᠤ ᠤᠷᠤᠭᠤᠯᠵᠦ ᠂ ᠭᠠᠴᠠᠭᠠᠨ᠎ᠤ᠎ᠪᠠᠨ ᠶᠠᠳᠠᠭᠤ ᠡᠷᠦᠬᠡ᠎ᠶᠢᠨ ᠲᠠᠩᠰᠠᠨ᠎ᠳ᠋ᠤ ᠤᠷᠤᠵᠡᠢ ᠃ ᠭᠠᠵᠠᠷ ᠳᠡᠭᠡᠷᠡᠬᠢ ᠭᠠᠭᠴᠠ ᠡᠭᠡᠴᠢ᠎ᠨᠢ ᠲᠤᠬᠠᠢ᠎ᠶᠢᠨ ᠦᠶᠡᠰ ᠬᠦᠬᠡᠬᠤᠳᠠ᠎ᠳ᠋ᠤ ᠪᠠᠭᠰᠢᠯᠠᠵᠦ ᠪᠠᠢᠭᠰᠠᠨ ᠪᠤᠯᠪᠠᠴᠤ ᠵᠢᠩᠬᠢᠨᠢ ᠤᠷᠤᠨ ᠳᠤᠭ᠎ᠠ ᠦᠬᠡᠢ ᠳᠤᠯᠠ ᠮᠦᠨ ᠯᠡ ᠰᠡᠳᠬᠢᠯ ᠳᠤᠭᠳᠠᠵᠦ ᠳᠡᠢᠯᠬᠦ ᠦᠬᠡᠢ ᠬᠤᠶᠠᠭᠤᠯᠠ ᠠᠵᠢᠯ ᠦᠢᠯᠡᠰ᠎ᠢᠶᠡᠨ ᠪᠤᠰᠬᠠᠬᠤ ᠬᠡᠵᠦ ᠦᠷᠬᠦᠯᠵᠢ ᠠᠷᠭ᠎ᠠ ᠮᠤᠬᠤᠷᠳᠠᠳᠠᠭ ᠪᠠᠢᠯ᠎ᠠ ᠃ ᠮᠠᠨᠳᠠᠷᠸ᠎ᠠ ᠭᠡᠷ᠎ᠤᠨ᠎ᠢᠶᠡᠨ ᠳᠠᠷᠤᠭᠠᠰᠦ᠎ᠶᠢ ᠬᠦᠩᠭᠡᠯᠡᠬᠦ ᠬᠡᠵᠦ ᠪᠤᠭᠤᠷᠰᠤᠭ᠎ᠤᠨ ᠳᠡᠯᠬᠡᠬᠦᠷ ᠂ ᠠᠯᠳᠠᠨᠤ ᠳᠡᠯᠬᠡᠬᠦᠷ᠎ᠢᠶᠠᠷ ᠲᠦᠷ ᠴᠠᠭ᠎ᠤᠨ ᠠᠵᠢᠯ ᠬᠢᠵᠦ ᠂ ᠠᠵᠢᠯᠳᠠᠨ ᠡᠯᠰᠡᠬᠦ ᠰᠢᠯᠭᠠᠬᠤ ᠳᠤᠬᠢᠶᠠᠯ ᠬᠦᠯᠢᠶᠡᠵᠦ ᠪᠠᠢᠯ᠎ᠠ ᠃
2018 ᠤᠨ᠎ᠤ 9 ᠰᠠᠷ᠎ᠠ᠎ᠳ᠋ᠤ ᠂ ᠳᠤᠮᠳᠠᠳᠤ ᠤᠯᠤᠰ᠎ᠤᠨ ᠤᠯᠠᠨ ᠤᠯᠤᠰ᠎ᠤᠨ ᠠᠭᠠᠷ᠎ᠤᠨ ᠠᠶᠠᠯᠠᠯ᠎ᠤᠨ ᠪᠦᠯᠦᠭᠯᠡᠯ ᠴᠡᠭ ᠳᠤᠭᠳᠠᠭᠠᠨ ᠬᠠᠪᠰᠤᠷᠤᠨ ᠳᠡᠳᠬᠦᠵᠦ ᠪᠠᠢᠭ᠎ᠠ ᠰᠦᠨᠢᠳ ᠪᠠᠷᠠᠭᠤᠨ ᠬᠤᠰᠢᠭᠤᠨ᠎ᠳ᠋ᠤ ᠠᠵᠢᠯ ᠤᠯᠭᠤᠯᠳᠠ᠎ᠪᠠᠷ ᠶᠠᠳᠠᠭᠤ ᠬᠦᠴᠢᠷᠳᠡᠯᠳᠡᠢ ᠬᠡᠷ ᠪᠦᠯᠢ᠎ᠶᠢ ᠶᠠᠳᠠᠭᠤ᠎ᠡᠴᠠ ᠠᠩᠭᠢᠵᠢᠷᠠᠭᠤᠯᠬᠤ ᠲᠦᠷᠦᠯ ᠵᠦᠢᠯ᠎ᠢ ᠬᠡᠷᠡᠭᠵᠢᠬᠦᠯᠵᠦ ᠂ ᠨᠢᠰᠬᠡᠯ᠎ᠤᠨ ᠦᠢᠯᠡᠴᠢᠯᠡᠭᠴᠢ ᠤᠷᠢᠵᠤ ᠡᠯᠰᠡᠪᠡ ᠃ ᠠᠵᠢᠯᠳᠠᠨ ᠡᠯᠰᠡᠬᠦ ᠴᠢᠮᠡᠭᠡ᠎ᠶᠢ ᠮᠠᠨᠳᠠᠷᠸ᠎ᠠ᠎ᠶᠢᠨ ᠡᠵᠢ᠎ᠨᠢ ᠭᠠᠴᠠᠭᠠᠨ᠎ᠤ᠎ᠪᠠᠨ ᠮᠡᠳᠡᠭᠳᠡᠯ ᠲᠠᠷᠬᠠᠭᠠᠳᠠᠭ ᠵᠢᠷᠬᠢᠶ᠎ᠠ ᠴᠤᠭᠯᠠᠷᠠᠯ᠎ᠡᠴᠠ ᠰᠤᠨᠤᠰᠴᠦ ᠦᠬᠢᠨ᠎ᠢᠶᠡᠨ ᠳᠤᠷᠰᠢᠵᠦ ᠦᠵᠡᠭᠡᠷᠡᠢ ᠬᠡᠵᠦ ᠵᠤᠷᠢᠭᠵᠢᠭᠤᠯᠪᠠ ᠃


ᠦᠨᠳᠦᠷ ᠭᠠᠯᠪᠢᠷᠬᠠᠨ ᠪᠡᠶ᠎ᠠ᠎ᠲᠠᠢ ᠂ ᠬᠡᠵᠢᠶᠡᠳᠡ ᠢᠨᠢᠶᠡᠳᠦ ᠬᠠᠯᠬᠢᠭᠤᠯᠤᠨ ᠪᠠᠶᠠᠰᠤᠩᠭᠤᠢ ᠶᠠᠪᠤᠳᠠᠭ ᠮᠠᠨᠳᠠᠷᠸ᠎ᠠ ᠰᠠᠢᠨ ᠠᠵᠢᠯ ᠤᠯᠵᠦ ᠡᠵᠢ ᠪᠡ ᠡᠬᠡᠴᠢ᠎ᠪᠠᠨ ᠳᠡᠮᠵᠢᠬᠦ ᠪᠤᠳᠤᠯ ᠤᠷᠭᠤᠭᠠᠳ ᠤᠳᠠᠭᠰᠠᠨ ᠪᠤᠯᠪᠠᠴᠤ ᠨᠢᠰᠬᠡᠯ᠎ᠤᠨ ᠦᠢᠯᠡᠴᠢᠯᠡᠭᠴᠢ ᠠᠪᠠᠬᠠᠢ ᠪᠤᠯᠤᠨ᠎ᠠ ᠬᠡᠵᠦ ᠠᠷᠪᠠᠨ ᠵᠡᠬᠦᠳᠦᠨᠳ᠋ᠡᠭᠡᠨ ᠤᠷᠤᠭᠤᠯᠵᠦ ᠪᠠᠢᠭᠰᠠᠨ ᠦᠬᠡᠢ ᠃ ᠳᠤᠷᠰᠢᠵᠤ ᠦᠵᠡᠬᠦ ᠪᠤᠳᠤᠯ᠎ᠢ ᠡᠪᠦᠷᠯᠡᠵᠦ ᠲᠡᠷᠡ ᠬᠤᠰᠢᠭᠤᠨ᠎ᠳ᠋ᠤ ᠤᠴᠢᠵᠦ ᠂ ᠨᠢᠭᠤᠷᠳᠠᠨ ᠰᠢᠯᠭᠠᠯᠳᠠ ᠂ ᠭᠠᠳᠠᠭᠠᠳᠤ ᠬᠡᠯᠡ ᠂ ᠪᠡᠶ᠎ᠠ ᠲᠦᠯᠦᠪ᠎ᠤᠨ ᠪᠠᠢᠴᠠᠭᠠᠯᠳᠠ ᠂ ᠰᠡᠳᠬᠢᠴᠡ᠎ᠶᠢᠨ ᠰᠤᠷᠢᠯᠳᠡ᠎ᠳ᠋ᠤ ᠤᠷᠤᠯᠴᠠᠯ᠎ᠠ ᠃ ᠡᠴᠤᠰ᠎ᠲᠡᠭᠡᠨ ᠲᠡᠷᠡ ᠳᠠᠪᠬᠤᠷ ᠳᠠᠪᠬᠤᠷ ᠰᠢᠯᠭᠠᠯᠳᠠ ᠪᠠᠢᠴᠠᠭᠠᠯᠳᠠ᠎ᠶᠢ ᠢᠯᠭᠤᠮ ᠰᠢᠯᠤᠭᠤᠬᠠᠨ ᠳᠠᠪᠠᠵᠤ ᠂ ᠵᠠᠭᠤ ᠰᠢᠬᠠᠮ ᠬᠦᠮᠦᠰ᠎ᠤᠨ ᠳᠤᠮᠳᠠ᠎ᠡᠴᠠ ᠰᠢᠭᠰᠢᠭᠳᠡᠨ ᠦᠯᠡᠳᠡᠵᠦ ᠂ ᠳᠤᠮᠳᠠᠳᠤ ᠤᠯᠤᠰ᠎ᠤᠨ ᠤᠯᠠᠨ ᠤᠯᠤᠰ᠎ᠤᠨ ᠠᠭᠠᠷ ᠠᠶᠠᠯᠠᠯ᠎ᠤᠨ ᠪᠦᠯᠦᠭᠯᠡᠯ᠎ᠤᠨ ᠳᠤᠮᠤ ᠬᠡᠷ ᠪᠦᠯᠢ᠎ᠶᠢᠨ ᠨᠢᠬᠡᠨ ᠬᠡᠰᠢᠬᠦᠨ ᠪᠤᠯᠤᠭᠰᠠᠨ ᠪᠠᠢᠯ᠎ᠠ ᠃
ᠵᠠᠯᠭᠠᠭᠠᠳ ᠮᠠᠨᠳᠠᠷᠸ᠎ᠠ ᠪᠡᠬᠡᠵᠢᠩ᠎ᠳ᠋ᠤ ᠬᠡᠳᠦᠨ ᠰᠠᠷ᠎ᠠ ᠳᠤᠰᠬᠠᠢ ᠪᠤᠯᠪᠠᠰᠤᠷᠠᠯ ᠬᠦᠷᠳᠡᠵᠦ ᠂ ᠡᠯ᠎ᠠ ᠲᠦᠷᠦᠯ᠎ᠤᠨ ᠰᠢᠯᠭᠠᠯᠳᠠ᠎ᠶᠢ ᠨᠢᠬᠡᠳ ᠨᠢᠬᠡ᠎ᠪᠠᠷ ᠳᠠᠪᠠᠵᠤ ᠂ 2019 ᠤᠨ᠎ᠤ 3 ᠰᠠᠷ᠎ᠠ᠎ᠶᠢᠨ 1᠎ᠤ ᠡᠳᠦᠷ ᠠᠩᠬ᠎ᠠ ᠤᠳᠠᠭ᠎ᠠ ᠴᠡᠩᠬᠡᠷ ᠤᠭᠳᠠᠷᠭᠤᠢ᠎ᠪᠠᠷ ᠨᠢᠰᠴᠤ ᠠᠶᠠᠨᠴᠢᠳ᠎ᠲᠠᠭᠠᠨ ᠦᠢᠯᠡᠴᠢᠯᠡᠵᠡᠢ ᠃
ᠠᠩᠬ᠎ᠠ ᠤᠳᠠᠭ᠎ᠠ ᠨᠢᠰᠬᠡᠯ᠎ᠳ᠋ᠤ ᠭᠠᠷᠴᠦ ᠦᠢᠯᠡᠴᠢᠯᠡᠬᠦ ᠭᠡᠭᠴᠢ ᠨᠢᠰᠬᠡᠯ᠎ᠳ᠋ᠤ ᠴᠦ ᠰᠠᠭᠤᠵᠦ ᠦᠩᠭᠡᠷᠡᠭᠰᠡᠨ ᠥᠭᠡᠢ ᠨᠠᠳᠠ᠎ᠳᠤ ᠠᠪᠴᠦ ᠬᠡᠯᠡᠪᠡᠯ ᠶᠤᠰᠤᠳᠠᠢ ᠲᠠᠨᠢᠯ ᠪᠤᠰᠤ ᠠᠵᠢᠯ ᠶᠤᠮ ᠂ ᠬᠡᠪᠡᠴᠦ ᠬᠠᠮᠳᠤ ᠠᠵᠢᠯᠯᠠᠭᠰᠠᠳ ᠮᠠᠨᠢ ᠨᠠᠳᠠ᠎ᠶᠢ ᠰᠠᠢᠬᠠᠨ ᠵᠢᠭᠠᠵᠦ ᠬᠠᠪᠰᠤᠷᠤᠭᠰᠠᠨ᠎ᠡᠴᠠ ᠠᠩᠬᠠᠨ᠎ᠤ ᠨᠢᠰᠦᠯᠳᠡ᠎ᠪᠠᠨ ᠮᠠᠰᠢ ᠠᠮᠵᠢᠯᠳᠠᠳᠠᠢ ᠳᠠᠭᠤᠰᠬᠠᠭᠰᠠᠨ ᠬᠡᠵᠦ ᠲᠡᠷᠡ ᠡᠷᠬᠢᠴᠡᠬᠦᠯᠦᠨ᠎ᠠ ᠃
ᠤᠯᠠᠨ᠎ᠳ᠋ᠤ ᠱᠠᠭᠰᠢᠭᠳᠠᠭᠰᠠᠨ ᠪᠦᠬᠡᠳ ᠬᠠᠨᠤᠮᠵᠢᠳᠠᠢ ᠤᠷᠤᠯᠭ᠎ᠠ ᠪᠦᠬᠦᠢ ᠠᠵᠢᠯ ᠤᠯᠤᠭᠰᠠᠨ᠎ᠨᠢ ᠮᠠᠨᠳᠠᠷᠸ᠎ᠠ ᠪᠠ ᠲᠡᠭᠦᠨ᠎ᠤ ᠭᠡᠷ ᠪᠦᠯᠢ᠎ᠳ᠋ᠤ ᠬᠢᠵᠠᠭᠠᠷᠯᠠᠰᠢ ᠦᠬᠡᠢ ᠢᠳᠡᠭᠡᠯ ᠵᠤᠷᠢᠭ ᠪᠤᠯᠵᠦ ᠂ ᠡᠵᠢ᠎ᠨᠢ ᠵᠦᠩᠳᠡᠭᠡᠨ ᠬᠡᠤᠬᠡᠨ᠎ᠢᠶᠡᠨ ᠰᠠᠢᠨ ᠠᠵᠢᠯᠯᠠᠭᠠᠷᠠᠢ ᠬᠡᠵᠦ ᠵᠠᠬᠢᠳᠠᠭ ᠪᠠᠢᠯ᠎ᠠ ᠃ ᠰᠠᠢᠨ ᠶᠠᠪᠤᠳᠠᠯ ᠬᠤᠤᠰ᠎ᠢᠶᠠᠷ ᠭᠡᠳᠡᠭᠴᠢᠯᠡᠨ ᠡᠨᠡ ᠦᠶᠡᠰ ᠡᠬᠡᠴᠢ ᠰᠠᠺᠤᠷᠠᠨᠢ ᠴᠤ ᠬᠤᠰᠢᠭᠤᠨ᠎ᠳᠠᠭᠠᠨ ᠵᠢᠩᠬᠢᠨᠢ ᠤᠷᠤᠨ ᠳᠤᠭ᠎ᠠ᠎ᠲᠠᠢ ᠪᠠᠭᠰᠢ᠎ᠪᠠᠷ ᠰᠢᠯᠭᠠᠨ ᠤᠷᠤᠯ᠎ᠠ ᠃ ᠬᠤᠶᠠᠷ ᠦᠬᠢᠨ᠎ᠨᠢ ᠬᠤᠢᠨ᠎ᠠ ᠬᠤᠢᠨᠠᠡᠴᠠᠪᠠᠨ ᠠᠵᠢᠯ ᠤᠯᠵᠦ ᠂ ᠡᠨᠡ ᠬᠦ ᠵᠦᠳᠡᠭᠦᠬᠡᠨ ᠠᠮᠢᠳᠤᠷᠠᠯ᠎ᠲᠠᠢ ᠠᠢᠯ᠎ᠳ᠋ᠤ ᠭᠡᠷᠡᠯ ᠭᠡᠭᠡ ᠠᠪᠴᠢᠷᠠᠵᠦ ᠂ 2019 ᠤᠨ᠎ᠳ᠋ᠤ ᠶᠠᠳᠠᠭᠤ ᠡᠷᠦᠬᠡ᠎ᠶᠢᠨ ᠲᠠᠩᠰᠠᠨ᠎ᠡᠴᠠ ᠭᠠᠷᠤᠭᠰᠠᠨ ᠪᠢᠯᠡ ᠃ ᠤᠳᠤ ᠮᠠᠨᠳᠠᠷᠸ᠎ᠠ ᠤᠯᠤᠰ᠎ᠤᠨ ᠳᠤᠳᠤᠭᠠᠳᠤ᠎ᠶᠢᠨ ᠡᠯ᠎ᠠ ᠬᠤᠳᠠ᠎ᠪᠠᠷ ᠨᠢᠬᠡᠨᠳᠡ 2000 ᠭᠠᠷᠤᠢ ᠴᠠᠭ ᠰᠦᠯᠵᠢᠨ ᠨᠢᠰᠴᠦ ᠂ ᠦᠪᠡᠷ᠎ᠤᠨ ᠴᠢᠷᠮᠠᠢᠯᠭ᠎ᠠ ᠪᠠ ᠪᠤᠰᠤᠳ᠎ᠤᠨ ᠵᠢᠭᠠᠨ ᠵᠢᠯᠤᠭᠤᠳᠤᠯᠭ᠎ᠠ᠎ᠪᠠᠷ ᠠᠵᠢᠯ᠎ᠳᠠᠭᠠᠨ ᠪᠤᠯᠪᠠᠰᠤᠷᠠᠨ ᠴᠠᠭᠠᠷᠠᠵᠤ ᠂ ᠭᠠᠯᠪᠢᠷ ᠵᠠᠯᠠᠭᠤ ᠨᠠᠰᠤᠨ᠎ᠤ ᠳᠡᠮᠡᠴᠡᠯ᠎ᠤᠨ ᠦᠯᠢᠬᠡᠷ᠎ᠢᠶᠡᠨ ᠪᠢᠴᠢᠭᠯᠡᠨ᠎ᠡ ᠃
ᠳᠠᠷᠠᠭ᠎ᠠ ᠠᠯᠬᠤᠮ᠎ᠳ᠋ᠤ ᠪᠢ ᠬᠦᠬᠡᠬᠤᠳᠠ᠎ᠳ᠋ᠤ ᠭᠡᠷ ᠠᠪᠤᠶ᠎ᠠ ᠭᠡᠵᠦ ᠪᠤᠳᠤᠵᠦ ᠪᠤᠢ ᠃ ᠦᠷᠬᠦᠯᠵᠢᠯᠡᠨ ᠳᠤᠰᠬᠠᠢ ᠮᠡᠷᠭᠡᠵᠢᠯ᠎ᠢᠶᠡᠨ ᠪᠠᠳᠤᠳᠬᠠᠵᠦ ᠂ ᠠᠩᠭᠯᠢ ᠬᠡᠯᠡ᠎ᠪᠠᠨ ᠪᠠᠳᠤᠳᠬᠠᠶ᠎ᠠ ᠬᠡᠵᠦ ᠮᠠᠨᠳᠠᠷᠸ᠎ᠠ ᠢᠷᠡᠬᠡᠳᠦᠢ᠎ᠶᠢᠨ ᠳᠦᠯᠦᠪᠯᠡᠬᠡ᠎ᠪᠠᠨ ᠢᠳᠡᠭᠡᠯ ᠳᠡᠬᠦᠯᠳᠡᠷ ᠶᠠᠷᠢᠨ᠎ᠠ ᠃

ᠠᠵᠢᠯ ᠤᠯᠭᠤᠯᠳᠠ ᠪᠤᠯ ᠬᠦᠮᠦᠰ᠎ᠤᠨ ᠠᠮᠢᠳᠤᠷᠠᠯ᠎ᠤᠨ ᠳᠡᠷᠢᠬᠦᠨ ᠪᠠᠳᠤᠯᠠᠭ᠎ᠠ ᠂ ᠠᠵᠢᠯ ᠤᠯᠭᠤᠯᠳᠠ᠎ᠪᠠᠷ ᠶᠠᠳᠠᠭᠤ᠎ᠶᠢ ᠳᠡᠳᠬᠦᠬᠦ ᠲᠦᠷᠦ᠎ᠶᠢᠨ ᠪᠤᠳᠤᠯᠭ᠎ᠠ᠎ᠨᠢ ᠶᠠᠳᠠᠭᠤ ᠬᠦᠴᠢᠷᠳᠡᠯᠳᠡᠢ ᠬᠡᠷ ᠪᠦᠯᠢ᠎ᠶᠢᠨ ᠦᠷ᠎ᠠ ᠬᠡᠦᠬᠡᠳ᠎ᠲᠤ ᠦᠪᠡᠷ᠎ᠢᠶᠡᠨ ᠰᠢᠷᠭᠠᠭᠤ ᠲᠡᠮᠡᠴᠡᠬᠦ ᠠᠵᠠ ᠳᠤᠬᠢᠶᠠᠯ ᠪᠠ ᠢᠳᠡᠭᠡᠯ ᠡᠷᠴᠢ ᠬᠦᠴᠦᠨ ᠠᠪᠴᠢᠷᠠᠵᠦ ᠂ ᠳᠡᠳᠡᠨ᠎ᠤ ᠢᠷᠡᠭᠡᠳᠦᠢ ᠪᠠ ᠨᠢᠬᠡ ᠭᠡᠷ ᠪᠦᠯᠢ᠎ᠶᠢᠨ ᠠᠮᠢᠳᠤᠷᠠᠯ᠎ᠢ ᠴᠦ ᠨᠦᠯᠦᠭᠡᠯᠡᠵᠦ ᠪᠠᠢᠳᠠᠭ ᠃ ᠨᠠᠮ ᠵᠠᠰᠠᠭ᠎ᠤᠨ ᠲᠦᠷᠦ᠎ᠶᠢᠨ ᠪᠤᠳᠤᠯᠭ᠎ᠠ᠎ᠶᠢᠨ ᠠᠴᠢ᠎ᠪᠠᠷ ᠬᠦᠮᠦᠰ᠎ᠤᠨ ᠪᠠᠬᠠᠷᠬᠠᠳᠠᠭ ᠂ ᠦᠪᠡᠷ᠎ᠢᠶᠡᠨ ᠳᠤᠷᠠᠳᠠᠢ ᠪᠠᠬᠠᠳᠠᠢ ᠠᠵᠢᠯ ᠤᠯᠤᠭᠰᠠᠨ᠎ᠳᠠᠭᠠᠨ ᠮᠠᠨᠳᠠᠷᠸ᠎ᠠ ᠰᠡᠳᠬᠢᠯ ᠬᠠᠩᠬᠤᠯᠤᠭᠤᠨ ᠃ ︽ ᠶᠠᠳᠠᠭᠤ᠎ᠶᠢ ᠳᠡᠳᠬᠦᠬᠦ ᠳᠦᠷᠦᠯ ᠵᠦᠢᠯ᠎ᠢᠶᠠᠷ ᠡᠯᠰᠡᠭᠳᠡᠭᠰᠡᠨ ᠪᠤᠯᠪᠠᠴᠦ ᠲᠠ ᠨᠠᠷ ᠪᠤᠰᠤᠳ᠎ᠡᠴᠠ ᠤᠨᠴᠠᠭᠠᠢ ᠬᠠᠷᠠᠭᠠᠯᠵᠠᠯ ᠬᠦᠷᠳᠡᠵᠦ ᠪᠤᠯᠬᠤ ᠦᠬᠡᠢ ᠂ ᠦᠪᠡᠷ᠎ᠢ᠎ᠪᠠᠨ ᠢᠯᠡᠬᠦᠬᠡᠨ ᠳᠠᠪᠳᠠᠨ ᠪᠤᠯᠪᠠᠰᠤᠷᠠᠭᠤᠯᠵᠤ ᠂ ᠦᠨᠡᠨ ᠴᠢᠳᠠᠪᠤᠷᠢ ᠡᠵᠡᠮᠰᠢᠵᠦ ᠂ ᠨᠤᠳᠤᠭ ᠤᠰᠤ ᠂ ᠨᠡᠢᠬᠡᠮ ᠨᠡᠢᠳᠡ᠎ᠳ᠋ᠤ ᠳᠠᠯᠠᠷᠬᠠᠵᠤ ᠠᠴᠢ ᠬᠠᠷᠢᠭᠤᠯᠵᠤ ᠶᠠᠪᠤᠭᠠᠷᠠᠢ ︾ ᠬᠡᠬᠦ ᠺᠤᠮᠫᠠᠨᠢ᠎ᠶᠢᠨ ᠤᠳᠤᠷᠢᠳᠤᠯᠭ᠎ᠠ᠎ᠶᠢᠨ᠎ᠢᠶᠡᠨ ᠨᠠᠢᠳᠠᠯᠭ᠎ᠠ᠎ᠶᠢ ᠮᠠᠨᠳᠠᠷᠸ᠎ᠠ ᠪᠠᠳᠤ ᠴᠡᠬᠡᠵᠢᠯᠡᠵᠦ ᠶᠠᠪᠤᠨ᠎ᠠ ᠃ ︽ ᠨᠢᠰᠬᠡᠯ᠎ᠤᠨ ᠦᠢᠯᠡᠴᠢᠯᠡᠭᠴᠢ ᠠᠪᠠᠬᠠᠢ ᠬᠡᠬᠦᠯᠡᠷ ᠠᠶᠠᠯᠠᠯ᠎ᠤᠨ ᠳᠤᠮᠳᠠ ᠶᠠᠩᠵᠤ ᠪᠦᠷᠢ᠎ᠶᠢᠨ ᠬᠡᠨᠡᠳᠳᠡ᠎ᠶᠢᠨ ᠶᠠᠪᠤᠳᠠᠯ ᠡᠬᠦᠰᠴᠦ ᠮᠡᠳᠡᠬᠦ ᠪᠤᠯᠬᠤᠷ ᠪᠢᠳᠡᠨ᠎ᠤ ᠠᠵᠢᠯ᠎ᠤᠨ ᠱᠠᠭᠠᠷᠳᠠᠯᠭ᠎ᠠ ᠴᠤ ᠦᠨᠳᠦᠷ ᠃ ᠡᠨᠡ ᠵᠢᠯ ᠬᠢᠵᠢᠭ᠎ᠡᠴᠠ ᠪᠤᠯᠵᠤ ᠮᠠᠰᠢ ᠶᠠᠭᠠᠷᠠᠯᠳᠠᠢ ᠠᠵᠢᠯᠯᠠᠭᠰᠠᠨ ᠪᠦᠭᠡᠳ ᠰᠤᠷᠤᠯᠴᠠᠵᠤ ᠳᠡᠬᠦᠯᠳᠡᠷᠵᠢᠬᠦᠯᠬᠦ ᠵᠦᠢᠯᠡᠰ ᠴᠤ ᠤᠯᠠᠨ ᠪᠠᠢᠭ᠎ᠠ᠎ᠪᠠᠨ ᠤᠬᠠᠯ᠎ᠠ ︾ ᠬᠡᠵᠦ ᠮᠠᠨᠳᠠᠷᠸ᠎ᠠ ᠪᠤᠳᠤᠯ᠎ᠢᠶᠡᠨ ᠳᠡᠯᠬᠡᠨ᠎ᠡ ᠃
ᠳᠤᠮᠳᠠᠳᠤ ᠤᠯᠤᠰ᠎ᠤᠨ ᠤᠯᠠᠨ ᠤᠯᠤᠰ᠎ᠤᠨ ᠠᠭᠠᠷ ᠠᠶᠠᠯᠠᠯ᠎ᠤᠨ ᠪᠦᠯᠦᠭᠯᠡᠯ᠎ᠨᠢ 2013 ᠤᠨᠡᠴᠠ ᠰᠦᠨᠢᠳ ᠪᠠᠷᠠᠭᠤᠨ ᠬᠤᠰᠢᠭᠤ᠎ᠶᠢ ᠴᠡᠭ ᠳᠤᠭᠳᠠᠭᠠᠨ ᠬᠠᠪᠰᠤᠷᠤᠨ ᠳᠡᠳᠬᠦᠭᠰᠡᠨ᠎ᠡᠴᠠ ᠨᠠᠭᠠᠰᠢ ᠂ ᠶᠠᠳᠠᠭᠤ᠎ᠶᠢ ᠳᠡᠳᠬᠦᠬᠦ ᠴᠡᠭ᠎ᠤᠨ ᠳᠤᠳᠤᠭᠠᠳᠤ᠎ᠶᠢᠨ ᠠᠮᠢᠵᠢᠷᠠᠯ᠎ᠤᠨ ᠬᠦᠴᠦᠨ᠎ᠢ ᠲᠠᠢᠴᠢᠯᠠᠬᠤ ᠪᠠ ᠰᠢᠭᠤᠳ ᠤᠨᠢᠨ ᠳᠡᠬᠡᠷ᠎ᠡ᠎ᠨᠢ ᠶᠠᠳᠠᠭᠤ᠎ᠶᠢ ᠳᠡᠳᠬᠦᠬᠦ᠎ᠶᠢ ᠤᠶᠠᠯᠳᠤᠭᠤᠯᠵᠤ ᠂ ᠶᠠᠳᠠᠭᠤ᠎ᠶᠢ ᠳᠡᠳᠬᠦᠬᠦ ᠪᠠ ᠤᠶᠤᠨ᠎ᠢᠶᠠᠷ ᠳᠡᠳᠬᠦᠬᠦ ᠂ ᠤᠷᠮ᠎ᠠ᠎ᠪᠠᠷ ᠳᠡᠳᠬᠦᠬᠦ᠎ᠶᠢ ᠤᠶᠠᠯᠳᠤᠭᠤᠯᠬᠤ᠎ᠶᠢ ᠪᠠᠷᠢᠮᠳᠠᠯᠠᠵᠤ ᠂ ︽ 8+2 ︾᠎ᠤᠨ ᠶᠠᠳᠠᠭᠤ᠎ᠶᠢ ᠳᠡᠳᠬᠦᠬᠦ ᠰᠢᠰᠲ᠋ᠧᠮ᠎ᠢ ᠪᠦᠷᠢᠯᠳᠦᠬᠦᠯᠵᠦ ᠂ ᠶᠠᠳᠠᠭᠤ᠎ᠶᠢ ᠳᠡᠳᠬᠦᠬᠦ ᠠᠵᠢᠯ ᠤᠯᠭᠤᠯᠳᠠ᠎ᠶᠢᠨ ᠳᠤᠰᠬᠠᠢ ᠲᠦᠷᠦᠯ ᠵᠦᠢᠯ᠎ᠢᠶᠠᠷ ᠰᠦᠨᠢᠳ ᠪᠠᠷᠠᠭᠤᠨ ᠬᠤᠰᠢᠭᠤᠨ᠎ᠡᠴᠠ ᠤᠷᠢᠳ ᠬᠤᠵᠢᠳ 19 ᠬᠦᠮᠦᠨ ᠤᠷᠢᠵᠤ ᠡᠯᠰᠡᠨ ᠂ ᠪᠦᠬᠦ ᠶᠠᠪᠤᠴᠠ᠎ᠳ᠋ᠤ ᠮᠦᠷᠳᠡᠯ ᠬᠠᠮᠢᠶᠠᠷᠤᠯᠳᠠ ᠬᠢᠵᠦ ᠂ ᠡᠳᠡᠭᠡᠷ ᠵᠠᠯᠠᠭᠤᠴᠤᠳ᠎ᠲᠤ ᠠᠮᠢᠳᠤᠷᠠᠯ ᠲᠡᠮᠡᠴᠡᠯ᠎ᠤᠨ ᠴᠢᠭᠯᠡᠯ᠎ᠢ᠎ᠨᠢ ᠳᠤᠳᠤᠷᠠᠭᠤᠯᠵᠦ ᠦᠭᠬᠦᠭᠰᠡᠨ ᠪᠢᠯᠡ ᠃
︵ ᠬᠡᠰᠡᠭ ᠬᠡᠷᠡᠯ ᠵᠢᠷᠤᠭ᠎ᠢ ᠳᠤᠮᠳᠠᠳᠤ ᠤᠯᠤᠰ᠎ᠤᠨ ᠤᠯᠠᠨ ᠤᠯᠤᠰ᠎ᠤᠨ ᠠᠭᠠᠷ ᠠᠶᠠᠯᠠᠯ᠎ᠤᠨ ᠪᠦᠯᠦᠭᠯᠡᠯ᠎ᠤᠨ ᠦᠪᠦᠷ ᠮᠤᠩᠭᠤᠯ᠎ᠤᠨ ᠬᠤᠪᠢᠶᠠᠷᠢ ᠺᠤᠮᠫᠠᠨᠢ᠎ᠡᠴᠠ ᠬᠠᠩᠭᠠᠪᠠ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃