2021-03-29 09:04:11
ᠣᠶᠢᠷ᠎ᠠ᠎ᠶᠢᠨ ᠵᠢᠯ᠎ᠳ᠋ᠤ ᠂ ᠠᠯᠠᠱᠠ ᠪᠠᠷᠠᠭᠤᠨ ᠬᠤᠰᠢᠭᠤᠨ᠎ᠤ ᠳᠠᠩᠰᠣᠭᠪᠣᠯᠠᠭ ᠰᠣᠮᠣᠨ᠎ᠤ ᠦᠤᠷᠦᠨᠳᠤᠶᠠᠭᠠ ᠭᠠᠴᠠᠭᠠᠨ᠎ᠤ 66 ᠨᠠᠰᠤᠳᠠᠢ ᠮᠠᠯᠴᠢᠨ ᠪᠡᠯᠳᠡᠷᠭᠡ ᠮᠠᠯᠵᠢᠬᠤ ᠠᠮᠢᠳᠣᠷᠠᠯ᠎ᠤᠨ ᠡᠳ᠋ᠯᠡᠯ ᠭᠡᠷᠡᠭᠰᠡᠯ ᠬᠢᠵᠣ ᠪᠣᠷᠣᠯᠠᠭᠤᠯᠣᠭᠠᠳ ᠵᠢᠯ᠎ᠳ᠋ᠤ 10 ᠭᠠᠷᠦᠢ ᠳᠦᠮᠡᠨ ᠳᠦᠬᠦᠷᠢᠭ᠎ᠤᠨ ᠣᠷᠣᠯᠭ᠎ᠠ ᠡᠬᠦᠳᠴᠣ ᠪᠠᠶᠢᠨ᠎ᠠ ᠃

ᠪᠡᠯᠳᠡᠷᠭᠡ ᠭᠤᠸᠡᠢ 2008 ᠣᠨ᠎ᠡᠴᠠ ᠡᠬᠢᠯᠡᠵᠣ ᠳᠡᠮᠡᠭᠡᠨᠤ ᠣᠯᠣᠩ ᠂ ᠪᠣᠳᠣᠭᠤᠨᠤ ᠨᠣᠭᠳᠣ ᠂ ᠪᠣᠷᠠᠨᠳᠠᠭ ᠵᠡᠷᠭᠡ ᠮᠠᠯ ᠣᠨᠣᠭᠠᠨᠤ ᠡᠳ᠋ᠯᠡᠯ ᠭᠡᠷᠡᠭᠰᠡᠯ᠎ᠢ ᠬᠢᠵᠦ ᠪᠤᠷᠤᠯᠠᠭᠤᠯᠤᠨ ᠤᠳᠤ ᠪᠤᠯᠬᠤ᠎ᠳ᠋ᠤ 12 ᠵᠢᠯ᠎ᠤᠨ ᠨᠢᠭᠤᠷ᠎ᠢ ᠦᠵᠠᠵᠦ ᠪᠠᠢᠨ᠎ᠠ ᠃ ᠪᠡᠯᠳᠡᠷᠭᠡ ᠭᠤᠸᠡᠢ ᠭᠡᠳᠦᠶᠢᠪᠡᠷ ᠬᠦᠳᠡᠭᠡ ᠰᠠᠭᠤᠵᠣ ᠮᠠᠯ ᠳᠡᠮᠡᠭᠡ ᠬᠠᠷᠢᠭᠤᠯᠵᠣ ᠪᠠᠶᠢᠬᠤ ᠦᠭᠡᠢ ᠴᠦ ᠭᠡᠰᠡᠨ ᠮᠠᠯᠵᠢᠬᠤ ᠠᠮᠢᠳᠣᠷᠠᠯ᠎ᠤᠨ ᠡᠳ᠋ᠯᠡᠯ ᠭᠡᠷᠡᠭᠰᠡᠯᠤᠳᠢ ᠤᠷᠠᠯᠠᠵᠦ ᠬᠢᠬᠦ ᠪᠠᠭ᠋ᠠᠳᠠᠢ ᠪᠦᠭᠡᠳ ᠬᠢᠬᠦ ᠳᠣᠰᠣᠮ᠎ᠢᠶᠡᠨ ᠴᠠᠭᠠᠷᠠᠨ ᠮᠡᠷᠭᠡᠰᠢᠵᠡᠢ ᠃ ᠳᠡᠬᠦᠨ᠎ᠤ ᠬᠢᠵᠣ ᠪᠠᠶᠢᠭ᠎ᠠ ᠵᠦᠢᠯ᠎ᠡᠴᠠ ᠳᠣᠷᠠᠳᠪᠠᠯ ᠰᠢᠷᠢᠮᠡᠯ᠎ᠤᠨ ᠵᠦᠢᠯ᠎ᠳ᠋ᠤ ᠮᠤᠩᠭᠤᠯ ᠭᠡᠷ᠎ᠤᠨ ᠪᠦᠷᠢᠨ ᠰᠢᠷᠢᠮᠡᠯ ᠂ ᠳᠡᠮᠠᠭᠠᠨᠤ ᠰᠢᠷᠢᠮᠡᠯ ᠂ ᠰᠢᠷᠢᠳᠡᠭ ᠂ ᠡᠬᠦᠳᠡ ᠂ ᠳᠣᠬᠤᠮ ᠂ ᠱᠠᠭᠤ᠎ᠶᠢᠨ ᠭᠡᠷ ᠂ ᠬᠠᠶᠢᠰᠣᠨᠤ ᠭᠡᠷ ᠂ ᠠᠶᠠᠭ᠎ᠠ ᠰᠠᠪᠬᠠᠨᠤ ᠰᠠᠪᠠ ᠂ ᠢᠰᠡᠭᠡᠢ ᠡᠬᠦᠳᠡ ᠂ ᠴᠠᠢ᠎ᠶᠢᠨ ᠬᠠᠢᠷᠴᠠᠭ ᠂ ᠯᠣᠩᠬᠤ ᠰᠠᠪᠠᠨ᠎ᠤ ᠭᠡᠷ ᠵᠢᠴᠢ ᠳᠡᠮᠡᠭᠡᠨ ᠨᠣᠣᠰᠣ᠎ᠪᠠᠷ ᠬᠢᠭᠰᠡᠨ ᠪᠣᠳᠣᠭᠤᠨᠤ ᠨᠣᠭᠳᠣ ᠂ ᠣᠶᠠᠭ᠎ᠠ ᠂ ᠪᠣᠣᠷ᠎ᠠ᠎ᠶᠢᠨ ᠲᠣᠮᠣᠭᠤ ᠂ ᠪᠣᠷᠠᠨᠳᠠᠭ ᠂ ᠳᠡᠮᠡᠭᠡᠨᠤ ᠭᠤᠶᠣᠯᠠᠯ᠎ᠤᠨ ᠨᠣᠭᠳᠣ ᠂ ᠣᠯᠣᠩ ᠂ ᠭᠠᠨᠵᠤᠭ᠎ᠠ ᠂ ᠠᠷᠭᠠᠮᠵᠢ ᠵᠡᠷᠭᠡ ᠪᠤᠢ ᠃ ᠳᠡᠪᠡᠯ ᠬᠤᠪᠴᠠᠰᠣ ᠲᠡᠷᠢᠭᠦᠳᠡᠨᠡᠴᠠᠨᠢ ᠠᠪᠴᠣ ᠭᠡᠯᠡᠪᠡᠯ ᠂ ᠠᠷᠠᠰᠣᠨ ᠬᠤᠪᠴᠠᠰᠣ ᠂ ᠨᠡᠭᠡᠢ ᠂ ᠬᠠᠨᠵᠢᠶᠠᠷ ᠂ ᠬᠤᠷᠢᠰᠬᠠᠨ ᠳᠡᠪᠡᠯ ᠵᠡᠷᠭᠡ ᠮᠣᠩᠭᠤᠯᠴᠣᠳ᠎ᠤᠨ ᠣᠯᠠᠮᠵᠢᠯᠠᠯᠳᠣ ᠡᠳᠣᠷ ᠳᠣᠳᠣᠮ᠎ᠤᠨ ᠡᠮᠣᠰᠭᠡᠯ ᠂ ᠡᠳ᠋ᠯᠡᠯ ᠭᠡᠷᠡᠭᠰᠡᠯ ᠂ ᠮᠠᠯ ᠣᠨᠣᠭᠠᠨᠤ ᠡᠳ᠋ᠯᠡᠯ ᠭᠡᠷᠡᠭᠰᠡᠯᠤᠳᠢ ᠤᠷᠠᠯᠠᠨ ᠬᠢᠳᠡᠭ ᠪᠠᠶᠢᠨ᠎ᠠ ᠃
ᠪᠡᠯᠳᠡᠷᠭᠡ ᠨᠠᠰᠤᠳᠠᠨ ᠵᠢᠯ᠎ᠳ᠋ᠤ 4 5 ᠮᠤᠩᠭᠤᠯ ᠭᠡᠷ᠎ᠤᠨ ᠪᠦᠷᠢᠨ ᠰᠢᠷᠢᠮᠡᠯ ᠂ 40 50 ᠪᠣᠷᠠᠨᠳᠠᠭ ᠂ 50 ᠭᠠᠷᠦᠢ ᠨᠣᠭᠳᠣ ᠣᠶᠣᠵᠣ ᠂ ᠨᠢᠭᠡ ᠢᠰᠡᠭᠡᠢ ᠡᠬᠦᠳᠡ᠎ᠶᠢ 14 ᠡᠳᠣᠷ᠎ᠲᠤ ᠣᠶᠣᠵᠣ ᠭᠠᠷᠭᠠᠨ ᠂ ᠨᠢᠭᠡ ᠰᠢᠷᠢᠳᠡᠭᠢ 20 ᠡᠳᠣᠷ ᠭᠡᠷᠡᠭᠰᠡᠵᠣ ᠪᠠᠶᠢᠮᠠᠨᠵᠢᠨ ᠬᠢᠵᠣ ᠭᠠᠷᠭᠠᠳᠠᠭ ᠬᠡᠨ᠎ᠡ ᠃ ᠳᠡᠷᠡ ᠣᠶᠣᠳᠠᠯ ᠪᠦᠬᠦᠨ᠎ᠢ ᠦᠪᠡᠷ᠎ᠢᠶᠡᠨ ᠬᠢᠵᠣ ᠰᠣᠷᠴᠣ ᠰᠣᠳᠣᠯᠣᠭᠰᠠᠭᠠᠷ ᠪᠠᠶᠢᠵᠣ ᠬᠠᠭᠤᠴᠢᠨ᠎ᠤ ᠮᠠᠯᠴᠢᠳ᠎ᠤᠨ ᠭᠡᠷᠡᠭᠯᠡᠵᠣ ᠡᠳ᠋ᠯᠡᠵᠣ ᠪᠠᠶᠢᠭᠰᠠᠨ ᠵᠦᠢᠯ᠎ᠤᠳ᠎ᠢ ᠣᠨᠴᠠᠭᠠᠢ ᠰᠠᠶᠢᠬᠠᠨ ᠬᠢᠬᠦ ᠪᠣᠯᠵᠡᠢ ᠃ ᠡᠶᠢᠨ ᠬᠦ ᠭᠠᠭᠴᠠ ᠬᠦ ᠵᠢᠷᠤᠭ ᠵᠢᠷᠣᠬᠤ ᠮᠡᠷᠭᠡᠵᠢᠯ᠎ᠡᠴᠠ ᠠᠪᠴᠣ ᠭᠡᠯᠡᠪᠡᠯ ᠪᠡᠯᠳᠡᠷᠭᠡ ᠭᠤᠸᠠᠢ ᠭᠤᠷᠪᠠᠨ ᠵᠢᠯ᠎ᠤᠨ ᠬᠤᠭᠤᠴᠠᠭ᠎ᠠ᠎ᠶᠢ ᠭᠡᠷᠡᠭᠰᠡᠵᠣ ᠪᠠᠶᠢᠭᠠᠳ ᠤᠯᠠᠨ ᠮᠠᠢᠭ᠎ᠤᠨ ᠭᠡ ᠣᠭᠠᠯᠵᠠ ᠵᠢᠷᠣᠵᠣ ᠴᠢᠳᠠᠬᠤ ᠪᠤᠯᠤᠭᠰᠠᠨ᠎ᠢᠶᠠᠷ ᠪᠠᠷᠠᠬᠤ ᠦᠭᠡᠢ ᠵᠢᠷᠤᠭ ᠵᠢᠷᠣᠬᠤ ᠣᠷ᠎ᠠ ᠳᠡᠮ᠎ᠨᠢ ᠠᠯᠭᠤᠷ ᠠᠭᠠᠵᠢᠮ᠎ᠢᠶᠠᠷ ᠭᠠᠷᠲᠤᠨᠢ ᠰᠠᠭᠤᠵᠣ ᠡᠬᠢᠯᠡᠭᠰᠡᠨ ᠪᠠᠶᠢᠨ᠎ᠠ ᠃ ᠳᠡᠬᠦᠨ᠎ᠤ ᠤᠯᠠᠨ ᠣᠯᠠᠨ ᠪᠦᠳᠦᠭᠡᠯ᠎ᠨᠢ ᠬᠤᠰᠢᠭᠤ ᠠᠶᠢᠮᠠᠭ ᠵᠢᠴᠢ ᠣᠷᠣᠨ᠎ᠤ ᠱᠠᠩᠨᠠᠯ᠎ᠢ ᠬᠦᠷᠳᠡᠵᠣ ᠂ ᠡᠬᠦᠨ᠎ᠤ ᠳᠣᠳᠣᠷ᠎ᠠ 2018 ᠣᠨ᠎ᠳ᠋ᠤ ᠡᠵᠡᠨ᠎ᠡ᠎ᠳ᠋ᠤ ᠶᠠᠪᠣᠭᠳᠠᠭᠰᠠᠨ ᠠᠩᠬᠠᠳᠣᠭᠠᠷ ᠣᠳᠠᠭᠠᠨ᠎ᠤ ᠢᠰᠡᠭᠡᠢ ᠣᠷᠠᠯᠠᠯ ᠪᠠ ᠳᠡᠭᠡᠰᠣᠨ ᠰᠣᠶᠣᠯ᠎ᠤᠨ ᠣᠷᠣᠯᠳᠣᠭᠠᠨ᠎ᠳ᠋ᠤ ᠨᠢᠭᠡᠳᠦᠭᠡᠷ ᠳᠡᠰ᠎ᠤᠨ ᠱᠠᠩᠨᠠᠯ᠎ᠢ ᠳᠣᠰᠣᠭᠰᠠᠨ ᠪᠠᠶᠢᠳᠠᠭ ᠃
︽ ᠪᠠᠭ᠎ᠠ᠎ᠳᠠᠭᠠᠨ ᠳᠡᠮᠡᠭᠡ ᠬᠠᠷᠢᠭᠤᠯᠵᠣ ᠶᠠᠪᠣᠬᠤ᠎ᠳᠠᠭᠠᠨ ᠴᠠᠬᠢᠯᠳᠠᠭ ᠂ ᠬᠠᠷᠭᠠᠨ᠎ᠠ᠎ᠶᠢᠨ ᠬᠠᠯᠢᠰᠣ ᠂ ᠰᠣᠯᠢ᠎ᠶᠢ ᠳᠠᠮᠣᠵᠣ ᠲᠣᠮᠣᠴᠣᠳᠡᠴᠠ ᠨᠢᠭᠤᠵᠣ ᠰᠣᠷᠴᠣ ᠪᠠᠶᠢᠭᠰᠠᠨ ᠃ ᠮᠥᠨ ᠴᠦ ᠣᠳᠣ᠎ᠶᠢᠨ ᠬᠢᠵᠣ ᠪᠠᠶᠢᠭ᠎ᠠ ᠰᠢᠷᠢᠳᠡᠭ᠎ᠤᠨ ᠭᠡ ᠣᠭᠠᠯᠵᠠ᠎ᠶᠢ ᠪᠠᠭ᠎ᠠ᠎ᠳᠠᠭᠠᠨ ᠦᠵᠡᠵᠣ ᠬᠠᠷᠠᠵᠣ ᠪᠠᠶᠢᠭᠰᠠᠨ ᠳᠦᠷᠰᠣ ᠶᠠᠩᠵᠣ᠎ᠪᠠᠷ ᠣᠶᠣᠵᠣ ᠪᠠᠶᠢᠨ᠎ᠠ ᠃ ᠣᠳᠣ᠎ᠶᠢᠨ ᠬᠢᠵᠣ ᠪᠦᠳᠦᠭᠡᠵᠣ ᠪᠠᠶᠢᠭ᠎ᠠ ᠵᠦᠢᠯᠡᠰ᠎ᠨᠢ ᠪᠦᠷ ᠮᠢᠨᠣ ᠪᠠᠭ᠎ᠠ ᠨᠠᠰᠣᠨ᠎ᠤ ᠴᠡᠭᠡᠵᠢᠨ᠎ᠳ᠋ᠤ ᠬᠠᠳᠠᠭᠠᠯᠠᠭᠰᠠᠨ ᠵᠦᠢᠯ ᠵᠢᠴᠢ ᠮᠠᠯᠵᠢᠬᠤ ᠠᠮᠢᠳᠣᠷᠠᠯ᠎ᠤᠨ ᠮᠢᠨᠢ ᠦᠢᠯᠡ ᠳᠣᠷᠰᠢᠯᠭ᠎ᠠ ᠪᠠᠶᠢᠭ᠎ᠠ ᠶᠤᠮ ︾ ᠭᠡᠵᠣ ᠲᠡᠷᠡ ᠶᠠᠷᠢᠨ᠎ᠠ ᠃
ᠳᠡᠷᠡ ᠬᠠᠮᠤᠭ ᠠᠩᠬᠠᠨ᠎ᠤ ᠨᠢᠭᠡ ᠣᠯᠣᠩ᠎ᠢᠶᠡᠨ 30 ᠳᠦᠬᠦᠷᠢᠭ᠎ᠢᠶᠠᠷ ᠬᠤᠳᠠᠯᠳᠤᠬᠰᠠᠨ ᠬᠡᠳᠡᠭ ᠂ ᠠᠭᠠᠵᠢᠮ᠎ᠳᠠᠭᠠᠨ 200 ᠳᠦᠬᠦᠷᠢᠭ᠎ᠲᠤ ᠬᠦᠷᠴᠦ ᠂ ᠣᠳᠣ ᠪᠣᠯᠬᠤ᠎ᠳ᠋ᠤ ᠨᠢᠭᠡ ᠣᠯᠣᠩ᠎ᠨᠢ 500 ᠳᠦᠬᠦᠷᠢᠭ᠎ᠲᠤ ᠬᠦᠷᠴᠦ ᠪᠠᠶᠢᠨ᠎ᠠ ᠃ ᠪᠡᠯᠳᠡᠷᠭᠡ ᠭᠤᠸᠠᠢ᠎ᠶᠢᠨ ᠠᠷᠠᠯᠵᠢᠶ᠎ᠠ ᠮᠠᠶᠢᠮᠠᠢ᠎ᠨᠢ ᠵᠠᠷᠢᠮ ᠡᠳ᠋ᠯᠡᠯ ᠭᠡᠷᠡᠭᠰᠡᠯ᠎ᠢᠶᠡᠨ ᠬᠢᠵᠣ ᠴᠢᠳᠠᠬᠤ ᠦᠭᠡᠢ ᠪᠣᠯᠣᠭᠰᠠᠨ ᠮᠠᠯᠴᠢᠳ᠎ᠤᠨ ᠭᠡᠷᠡᠭᠴᠡᠭᠡ ᠱᠠᠭᠠᠷᠳᠠᠯᠭ᠎ᠠ᠎ᠶᠢ ᠬᠠᠩᠭᠠᠨ ᠂ ᠮᠠᠯᠵᠢᠬᠤ ᠠᠮᠢᠳᠣᠷᠠᠯ᠎ᠤᠨ ᠡᠳ᠋ᠯᠡᠯ ᠭᠡᠷᠡᠭᠰᠡᠯ᠎ᠤᠨ ᠦᠨ᠎ᠡ ᠦᠷᠳᠡᠭ᠎ᠢ ᠬᠠᠷᠠᠭᠤᠯᠵᠦ ᠴᠢᠳᠠᠭᠰᠠᠨ᠎ᠢᠶᠠᠷ ᠪᠠᠷᠠᠬᠤ ᠦᠭᠡᠢ ᠦᠪᠡᠷ᠎ᠤᠨ ᠣᠷᠣᠯᠭ᠎ᠠ᠎ᠪᠠᠨ ᠨᠡᠮᠡᠭᠳᠡᠬᠦᠯᠬᠦ ᠨᠢᠭᠡᠨ ᠠᠷᠭ᠎ᠠ ᠪᠠᠷᠢᠯ ᠪᠤᠯᠤᠭᠰᠠᠨ ᠪᠠᠶᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃