ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-01-04 09:51:47

ᠵᠣᠬᠢᠶᠠᠭ᠍ᠴᠢ᠄ ᠰᠤᠳᠦᠪᠢᠯᠢᠭ ᠣᠩᠱᠢᠭ᠍ᠰᠠᠨ ᠣᠳᠠᠭ᠎ᠠ᠄ 3

ᠵᠡᠭᠦᠨ ᠦᠵᠦᠮᠦᠴᠢᠨ ᠬᠤᠰᠢᠭᠤᠨ᠎ᠤ ᠮᠠᠨᠲᠤᠬᠤᠪᠤᠯᠠᠭ ᠪᠠᠯᠭᠠᠰᠤᠨ᠎ᠤ ᠮᠠᠨᠳᠤᠬᠤᠪᠤᠯᠠᠭ ᠭᠠᠴᠠᠭᠠᠨ᠎ᠤ ᠮᠠᠯᠴᠢᠨ ᠪᠦᠰᠡᠭᠦᠢ ᠮᠦᠩᠦᠨᠴᠡᠴᠡᠭ᠎ᠤᠨ ᠤᠷᠴᠢᠮ᠎ᠤᠨ ᠤᠶᠤᠳᠠᠯ ᠦᠢᠯᠡ᠎ᠶᠢᠨ ᠠᠵᠢᠯ᠎ᠨᠢ ᠤᠯᠠᠮ ᠶᠠᠭᠠᠷᠠᠤ ᠪᠤᠯᠵᠦ ᠂ ᠬᠤᠷᠢᠭᠠᠳᠬᠠᠨ ᠬᠤᠨᠤᠭ᠎ᠲᠤ ᠵᠠᠬᠢᠶᠠᠯᠠᠭ᠎ᠠ᠎ᠶᠢᠨ 9 ᠦᠩᠭᠡ ᠳᠡᠪᠡᠯ ︵ ᠤᠲᠤᠮᠠᠯ ᠠᠷᠠᠰᠦᠨ ᠲᠡᠪᠡᠯ ︶ ᠤᠶᠤᠵᠦ ᠭᠠᠷᠭᠠᠵᠠᠢ ᠃

ᠦᠩᠭᠡ ᠲᠡᠪᠡᠯ᠎ᠢ ᠡᠯᠳᠡᠭᠰᠡᠨ ᠬᠤᠨᠢᠨ ᠠᠷᠠᠰᠦ᠎ᠶᠢ ᠠᠷᠭᠠᠯ᠎ᠤᠨ ᠤᠲᠤᠭ᠎ᠠ᠎ᠪᠠᠷ ᠤᠲᠤᠵᠦ ᠦᠩᠭᠡ ᠤᠷᠤᠭᠤᠯᠤᠬᠰᠡᠨ ᠬᠤᠢᠨ᠎ᠡ ᠡᠰᠭᠡᠵᠦ ᠵᠤᠢᠵᠦ ᠤᠶᠤᠳᠠᠭ ᠃ ᠭᠡᠬᠦ᠎ᠳ᠋ᠡᠭᠡᠨ ᠠᠷᠠᠰᠦ᠎ᠶᠢ ᠡᠰᠭᠡᠬᠦ ᠂ ᠤᠶᠤᠬᠤ᠎ᠨᠢ ᠪᠦᠷ ᠭᠠᠷ ᠤᠶᠤᠳᠠᠯ᠎ᠳ᠋ᠤ ᠲᠦᠰᠢᠭᠯᠡᠳᠡᠭ ᠪᠤᠯᠬᠤ᠎ᠪᠠᠷ ᠨᠢᠭᠡ ᠦᠩᠭᠡ ᠳᠡᠪᠡᠯ᠎ᠢ ᠤᠶᠤᠵᠦ ᠭᠠᠷᠭᠠᠨ᠎ᠡ ᠭᠡᠳᠡᠭ ᠲᠡᠢᠮᠦ ᠴᠦ ᠬᠢᠯᠪᠠᠷ ᠠᠵᠢᠯ ᠪᠢᠰᠢ ᠶᠤᠮ ᠃ ᠦᠩᠭᠡ ᠳᠡᠪᠡᠯ᠎ᠢ ᠤᠶᠤᠬᠤ᠎ᠳ᠋ᠤ ᠠᠷᠠᠰᠦᠨ᠎ᠤ ᠦᠩᠭᠡ᠎ᠶᠢ ᠵᠤᠬᠢᠴᠠᠭᠤᠯᠵᠦ ᠲᠠᠭᠠᠷᠠᠭᠤᠯᠬᠤ ᠂ ᠦᠰᠦᠨ᠎ᠤ ᠨᠢᠮᠬᠡᠨ ᠵᠤᠵᠠᠭᠠᠨ᠎ᠢ᠎ᠨᠢ ᠲᠠᠭᠠᠷᠠᠭᠤᠯᠬᠤ ᠂ ᠡᠰᠭᠡᠬᠦ ᠂ ᠳᠠᠯᠤᠮᠵᠢ ᠭᠠᠷᠭᠠᠬᠤ ᠂ ᠨᠡᠪᠳᠡᠭᠴᠢᠵᠦ ᠤᠶᠤᠬᠤ ᠵᠡᠷᠭᠡ᠎ᠨᠢ ᠪᠦᠷ ᠶᠡᠭᠡ ᠤᠷ ‍᠎ᠡ ᠮᠡᠷᠭᠡᠵᠢᠯ᠎ᠢ ᠱᠠᠭᠠᠷᠳᠠᠳᠠᠭ ᠃



QQ图片20210104094010.png



ᠤᠢᠯᠡ ᠤᠶᠤᠳᠠᠯ᠎ᠳ᠋ᠤ ᠲᠤᠷ᠎ᠠ ᠪᠠᠬ᠎ᠠ᠎ᠲᠠᠢ ᠮᠦᠩᠭᠦᠨᠴᠡᠴᠡᠭ ᠨᠠᠮᠦᠷ᠎ᠤᠨ ᠰᠡᠭᠦᠯᠴᠢ᠎ᠡᠴᠠ ᠤᠶᠤᠳᠠᠯ ᠤᠢᠯᠡ᠎ᠶᠢᠨ ᠠᠵᠢᠯ ᠡᠬᠢᠯᠡᠭᠦᠯᠵᠦ ᠂ ᠤᠯᠠᠩᠭᠢ᠎ᠳᠠᠭᠠᠨ ᠦᠩᠭᠡ ᠳᠡᠪᠡᠯ ᠂ ᠨᠡᠬᠡᠢ ᠦᠮᠦᠳᠦ ᠤᠶᠤᠳᠠᠭ ᠃ ᠨᠢᠭᠡ ᠦᠩᠭᠡ ᠲᠡᠪᠡᠯ᠎ᠨᠢ 4500  5500 ᠲᠦᠭᠦᠷᠢᠭ᠎ᠲᠤ ᠬᠦᠷᠳᠡᠭ ᠃ ᠬᠡᠷᠡᠭᠯᠡᠭᠴᠢ ᠬᠡᠷᠪᠡ ᠠᠷᠠᠰᠦ ᠂ ᠡᠮᠵᠢᠶᠡᠷᠢ ᠵᠡᠷᠭᠡ᠎ᠪᠠᠨ ᠪᠦᠬᠦᠨ᠎ᠢ ᠦᠪᠡᠰᠦᠪᠡᠨ ᠠᠪᠴᠢᠷᠠᠵᠦ ᠤᠶᠤᠭᠤᠯᠪᠠᠯ ᠭᠠᠷ᠎ᠤᠨ ᠬᠦᠯᠦᠰᠦ᠎ᠨᠢ 1500 ᠲᠦᠭᠦᠷᠢᠭ᠎ᠡᠴᠠ 2000 ᠲᠦᠭᠦᠷᠢᠭ ᠠᠪᠳᠠᠭ ᠃

ᠮᠦᠩᠭᠦᠨᠴᠡᠴᠡᠭ᠎ᠢᠶᠠᠷ ᠦᠩᠭᠡ ᠳᠡᠪᠡᠯ ᠤᠶᠤᠭᠤᠯᠬᠤ ᠵᠠᠬᠢᠶᠠᠯᠠᠭ᠎ᠠ ᠪᠦᠬᠦ ᠠᠢᠮᠠᠭ᠎ᠤᠨ ᠡᠯ᠎ᠡ ᠭᠠᠵᠠᠷ᠎ᠡᠴᠠ ᠠᠷᠪᠢᠨ ᠢᠷᠡᠳᠡᠭ᠎ᠡᠴᠠ ᠲᠡᠷᠡ ᠵᠢᠯ᠎ᠳ᠋ᠡᠭᠡᠨ ᠤᠢᠷ᠎ᠠ ᠬᠠᠪᠢ᠎ᠶᠢᠨ ᠠᠢᠯ ᠰᠠᠬᠠᠭᠠᠯᠲᠠ᠎ᠶᠢᠨ᠎ᠢᠶᠡᠨ ᠢᠳᠡᠰᠢᠨ᠎ᠤ ᠬᠤᠨᠢᠨ᠎ᠤ ᠠᠷᠠᠰᠦ᠎ᠶᠢ ᠴᠤᠬᠯᠠᠭᠤᠯᠤᠨ ᠂ ᠡᠳ᠋ᠯᠡᠭᠦᠯᠵᠦ ᠤᠲᠤᠭᠤᠯᠤᠭᠠᠳ ᠪᠡᠯᠡᠳᠭᠡᠳᠡᠭ ᠃ ᠮᠦᠩᠭᠦᠨᠴᠡᠴᠡᠭ ᠤᠶᠤᠳᠠᠯ᠎ᠢᠶᠡᠨ ᠰᠤᠨᠵᠢᠷᠠᠭᠤᠯᠬᠤ ᠲᠤᠷ᠎ᠠ ᠦᠭᠡᠢ ᠪᠠᠢᠳᠠᠭ ᠪᠤᠯᠬᠤᠷ ᠬᠠᠮᠤᠭ ᠬᠤᠷᠳᠦᠨ᠎ᠳᠠᠭᠠᠨ ᠬᠤᠶᠠᠷ ᠡᠳᠦᠷ᠎ᠲᠤ ᠨᠢᠭᠡ ᠦᠩᠭᠡ ᠳᠡᠪᠡᠯ ᠤᠶᠤᠵᠦ ᠪᠠᠢᠬᠰᠡᠨ ᠤᠲᠠᠭ᠎ᠠ᠎ᠲᠠᠢ ᠃

QQ图片20210104093952.png

ᠮᠦᠩᠭᠦᠨᠴᠡᠴᠡᠭ᠎ᠤᠨ᠎ᠬᠢᠨ ᠪᠠᠰᠠ ᠠᠳᠤᠭᠤ ᠦᠬᠡᠷ ᠲᠤᠰᠬᠠᠢ ᠮᠠᠯᠵᠢᠳᠠᠭ ᠃ ᠲᠡᠷᠡ᠎ᠪᠠᠷ ᠵᠤᠨ ᠨᠠᠮᠤᠷ᠎ᠲᠠᠭᠠᠨ ᠪᠠᠯᠭᠠᠰᠤᠨ ᠲᠦᠪ᠎ᠢ ᠲᠤᠭᠤᠷᠢᠬᠰᠡᠨ 8000 ᠮᠦ ᠲᠦᠷᠢᠶᠡᠰᠦᠯᠡᠭᠰᠡᠨ ᠨᠤᠲᠤᠭ᠎ᠲᠠᠭᠠᠨ ᠢᠷᠡᠵᠦ ᠂ ᠮᠤᠩᠭᠤᠯ ᠭᠡᠷ ᠪᠤᠰᠬᠠᠨ ᠵᠢᠭᠤᠯᠴᠢᠯᠠᠯ ᠡᠷᠬᠢᠯᠡᠬᠦ ᠪᠤᠶᠤ ᠦᠨᠢᠶ᠎ᠡ ᠭᠡᠭᠦᠤ᠎ᠪᠠᠨ ᠰᠠᠭᠠᠵᠦ ᠂ ᠠᠰᠢᠭ ᠰᠢᠮ᠎ᠡ᠎ᠶᠢ᠎ᠨᠢ ᠪᠤᠷᠤᠯᠠᠭᠤᠯᠤᠭᠠᠳ ᠤᠷᠤᠯᠭ᠎ᠠ ᠡᠭᠦᠳᠦᠳᠡᠭ ᠃ ᠮᠤᠩᠭᠤᠯ ᠭᠡᠷ᠎ᠢ᠎ᠨᠢ ᠤᠢᠷ᠎ᠠ ᠬᠠᠪᠢ᠎ᠶᠢᠨ ᠮᠠᠯᠴᠢᠳ᠎ᠨᠢ ᠬᠤᠷᠢᠮ ᠨᠠᠢᠷ ᠵᠤᠬᠢᠶᠠᠨ ᠪᠠᠢᠭᠤᠯᠬᠤ ᠂ ᠡᠯ᠎ᠡ ᠵᠤᠢᠯ᠎ᠤᠨ ᠬᠤᠷᠠᠯ ᠴᠤᠬᠯᠠᠭᠠᠨ ᠵᠤᠬᠢᠶᠠᠨ ᠪᠠᠢᠭᠤᠯᠬᠤ᠎ᠳ᠋ᠤ ᠬᠡᠷᠡᠭᠯᠡᠳᠡᠭ ᠪᠠᠢᠯ ‍᠎ᠡ ᠃ ᠲᠡᠢᠨᠬᠦ ᠡᠳᠡᠨ᠎ᠤ᠎ᠬᠢᠨ᠎ᠤ ᠡᠳᠡᠭᠡᠷ ᠤᠷᠤᠯᠭ᠎ᠠ᠎ᠨᠢ ᠠᠷᠪᠠᠨ ᠲᠡᠪᠤᠨ ᠲᠦᠮᠡ ᠭᠠᠷᠤᠢ ᠲᠦᠭᠦᠷᠢᠭ᠎ᠲᠤ ᠬᠦᠷᠳᠡᠭ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面