ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-01-11 11:32:10

ᠵᠣᠬᠢᠶᠠᠭ᠍ᠴᠢ᠄ ᠪᠢᠯᠢᠭᠪᠡᠭᠠᠳᠤᠷ ᠣᠩᠱᠢᠭ᠍ᠰᠠᠨ ᠣᠳᠠᠭ᠎ᠠ᠄ 3

ᠬᠦᠰᠡᠯ ᠴᠢᠷᠮᠠᠢᠯᠭ᠎ᠠ᠎ᠶᠢᠨ᠎ᠢᠶᠡᠨ ᠲᠦᠯᠦᠭᠡ ᠬᠦᠳᠡᠯᠮᠦᠷᠢᠯᠡᠵᠦ ᠴᠢᠷᠮᠠᠢᠭᠰᠠᠨ ᠬᠦᠮᠦᠨ᠎ᠳ᠋ᠤ ᠠᠮᠵᠢᠯᠳᠠ ᠤᠢᠷᠠᠬᠠᠨ ᠪᠠᠢᠳᠠᠭ ᠂ ᠡᠭᠦᠨ᠎ᠤ ᠨᠢᠭᠡ ᠵᠢᠱᠢᠶ᠎ᠡ ᠪᠤᠯ ᠲᠦᠷᠦᠯᠬᠢ ᠵᠢᠷᠦᠬᠡᠨ ᠡᠪᠡᠳᠴᠢᠨ᠎ᠢᠶᠠᠷ ᠬᠠᠷᠠᠭᠠᠨ᠎ᠤ ᠠᠷᠬᠠᠭ᠎ᠤᠨ ᠲᠦᠷᠪᠡᠳᠤᠭᠡᠷ ᠲᠡᠰ᠎ᠤᠨ ᠵᠡᠮᠳᠡᠭ ᠪᠤᠯᠤᠭᠰᠠᠨ ᠰᠢᠯᠢ᠎ᠶᠢᠨ ᠭᠣᠣᠯ ᠠᠶᠢᠮᠠᠭ᠎ᠤᠨ ᠬᠥᠪᠡᠭᠡᠲᠦ ᠰᠢᠷ᠎ᠠ ᠬᠣᠰᠢᠭᠤᠨ᠎ᠤ ᠪᠠᠶᠠᠨᠲᠠᠯ᠎ᠠ ᠪᠠᠯᠭᠠᠰᠤᠨ᠎ᠤ ᠬᠠᠳᠠᠠᠬᠤᠰᠢᠭᠤ ᠭᠠᠴᠠᠭᠠᠨ᠎ᠤ ᠮᠠᠯᠴᠢᠨ ᠬᠠᠰᠮᠡᠷᠭᠡᠨ᠎ᠤ ᠬᠦᠰᠡᠯ ᠬᠦᠬᠡᠬᠡᠴᠡᠯᠳᠦᠯ ᠪᠤᠯᠤᠨ᠎ᠠ ᠃ ᠤᠢᠷ᠎ᠠ᠎ᠳ᠋ᠤ ᠪᠢᠳᠡ ᠲᠠᠭᠦᠨ᠎ᠲᠠᠢ ᠤᠴᠠᠷᠠᠨ ᠰᠤᠷᠪᠤᠯᠵᠢᠯᠠᠵᠤ ᠪᠢᠯᠡ ᠃

ᠡᠪᠦᠯ᠎ᠤᠨ ᠠᠭᠤᠷ ᠤᠷᠤᠵᠤ ᠬᠦᠢᠳᠡᠨ᠎ᠤ ᠡᠷᠴᠢ ᠨᠠᠭᠠᠰᠢᠯᠠᠬᠤ᠎ᠳ᠋ᠤ ᠤᠯᠠᠡᠭᠭᠢ ᠮᠠᠯᠴᠢᠳ ᠡᠪᠦᠯᠵᠢᠶᠡᠨ᠎ᠤ ᠪᠡᠯᠡᠳᠭᠡᠯ᠎ᠢᠶᠡᠨ ᠲᠦᠪᠬᠢᠨᠡᠭᠦᠯᠤᠭᠡᠳ ᠶᠠᠭᠠᠷᠠᠯᠳᠤᠨ᠎ᠠ ᠃ ᠬᠠᠰᠮᠡᠷᠭᠡᠨ ᠴᠤ ᠢᠷᠡᠬᠦ ᠵᠢᠯ᠎ᠤᠨ ᠬᠠᠷ᠎ᠠ ᠮᠦᠭᠦ ᠲᠠᠷᠢᠬᠤ ᠲᠤᠬᠠᠢ ᠪᠡᠯᠡᠳᠭᠡᠯ ᠠᠵᠢᠯ᠎ᠢᠶᠡᠨ ᠬᠢᠭᠡᠳ ᠲᠤᠡᠭ ᠴᠤ ᠶᠠᠭᠠᠷᠠᠤ ᠪᠠᠢᠯ᠎ᠠ ᠃

ᠡᠬᠡᠯ ᠵᠢᠷ᠎ᠤᠨ ᠬᠦᠳᠡᠭᠡ᠎ᠶᠢᠨ ᠮᠠᠯᠴᠢᠨ ᠠᠢᠯ᠎ᠳ᠋ᠤ ᠲᠦᠷᠤᠵᠤ ᠦᠰᠦᠭᠰᠡᠨ ᠬᠠᠰᠮᠡᠷᠭᠡᠨ ᠲᠥᠷᠥᠯᠬᠢ ᠵᠢᠷᠦᠬᠡᠨ ᠡᠪᠡᠳᠴᠢᠨ᠎ᠲᠠᠢ ᠪᠤᠯᠬᠤᠷ ᠤᠯᠠᠨ ᠵᠢᠯ᠎ᠤᠨ ᠲᠤᠷᠰᠢ ᠭᠡᠷ᠎ᠤᠨ ᠬᠦᠮᠦᠰ᠎ᠤᠨ᠎ᠢᠶᠡᠨ ᠰᠡᠳᠬᠢᠯ᠎ᠤᠨ ᠵᠤᠪᠠᠯᠠᠡᠭ ᠪᠤᠯᠤᠭᠰᠠᠨ ᠪᠦᠬᠡᠳ ᠠᠵᠤ ᠠᠬᠤᠢ᠎ᠶᠢᠨ ᠲᠠᠯ᠎ᠠ᠎ᠪᠠᠷ ᠴᠤ ᠮᠠᠰᠢ ᠶᠡᠬᠡ ᠦᠷᠢ ᠰᠢᠷᠢ᠎ᠳ᠋ᠤ ᠤᠷᠤᠵᠠᠢ ᠃ ᠮᠠᠯ᠎ᠢᠶᠡᠨ ᠬᠤᠳᠠᠯᠳᠤᠵᠤ ᠲᠠᠭᠤᠰᠤᠭᠰᠠᠨ ᠪᠤᠯᠬᠤᠷ ᠨᠢᠭᠡ ᠭᠡᠷ᠎ᠤᠨ ᠬᠡᠳᠦᠭᠦᠯᠡ᠎ᠪᠠᠨ ᠬᠦᠯᠦᠰᠦᠨ ᠠᠵᠢᠯ ᠬᠢᠵᠦ ᠠᠮᠢᠳᠤᠷᠠᠯ᠎ᠢᠶᠡᠨ ᠠᠷᠭᠠᠴᠠᠭᠠᠬᠤ᠎ᠶᠢᠨ ᠬᠠᠮᠳᠤ ᠦᠷᠢ᠎ᠪᠠᠨ ᠲᠦᠯᠦᠭᠰᠡᠭᠡᠷ 2012 ᠤᠨ ᠪᠤᠯᠬᠤ᠎ᠳ᠋ᠤ ᠲᠦᠡᠭᠭᠡᠵᠢ ᠦᠷᠢ᠎ᠡᠴᠠ᠎ᠪᠠᠨ ᠰᠠᠯᠪᠠ ᠂ ᠭᠡᠪᠡᠴᠤ ᠬᠠᠳᠠᠭᠠᠯᠠᠮᠵᠢ ᠬᠦᠷᠦᠡᠭᠭᠡ ᠭᠡᠵᠦ ᠦᠭᠡᠢ ᠪᠤᠯᠬᠤᠷ ᠠᠮᠢᠳᠤᠷᠠᠯ᠎ᠨᠢ ᠮᠦᠨ ᠬᠦᠴᠢᠷᠳᠡᠯᠳᠡᠢ ᠪᠠᠢᠪᠠ ᠃ ᠶᠠᠳᠠᠭᠤ᠎ᠡᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠠᠵᠢᠯ ᠡᠬᠢᠯᠡᠭᠰᠡᠨ᠎ᠤ ᠲᠠᠷᠠᠭ᠎ᠠ ᠂ ᠬᠠᠰᠮᠡᠷᠭᠡᠨ᠎ᠤ᠎ᠬᠢᠨ ᠲᠠᠩᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠲᠡᠢ ᠡᠷᠦᠬᠡ᠎ᠪᠠᠷ ᠲᠤᠭᠳᠠᠭᠠᠭᠳᠠᠪᠠ ᠃

2015 ᠣᠨ᠎ᠳ᠋ᠤ ᠂ ᠬᠠᠰᠮᠡᠷᠭᠡᠨ ᠵᠢᠭᠡᠯᠡᠯᠭᠡ᠎ᠪᠠᠷ ᠮᠠᠯ ᠠᠪᠴᠤ ᠮᠠᠯᠵᠢᠵᠤ ᠡᠬᠢᠯᠡᠭᠰᠡᠨ ᠪᠣᠯᠪᠠᠴᠤ ᠤᠯᠠᠨ ᠵᠥᠢᠯ᠎ᠤᠨ ᠰᠢᠯᠳᠠᠭᠠᠨ᠎ᠡᠴᠠ ᠪᠤᠯᠵᠤ ᠪᠦᠲᠦᠭᠰᠡᠨ ᠦᠭᠡᠢ ᠃ ᠪᠤᠰᠤᠳ᠎ᠲᠤ ᠬᠦᠯᠦᠰᠤᠨ ᠠᠵᠢᠯ ᠬᠢᠵᠦ ᠦᠭᠭᠦ ᠵᠠᠭᠤᠷ᠎ᠠ ᠬᠠᠷ᠎ᠠ ᠮᠦᠬᠦ ᠲᠠᠷᠢᠬᠤ ᠪᠤᠳᠤᠯ ᠴᠤᠬᠤᠯᠵᠠᠭᠰᠠᠨ ᠬᠡᠬᠦ ᠶᠤᠮ ᠃ ᠲᠡᠷᠡ ᠲᠠᠯ᠎ᠠ ᠨᠤᠲᠤᠭ᠎ᠤᠨ ᠬᠠᠷ᠎ᠠ ᠮᠥᠭᠥ᠎ᠶᠢᠨ ᠦᠨᠦᠷ ᠠᠮᠲᠠ ᠰᠠᠢᠬᠠᠨ ᠂ ᠰᠢᠮ᠎ᠡ ᠲᠡᠵᠢᠭᠡᠯ ᠦᠨᠳᠤᠷ ᠪᠤᠯᠬᠤᠷ ᠪᠤᠷᠤᠯᠠᠭᠤᠯᠭ᠎ᠠ᠎ᠶᠢᠨ ᠲᠠᠯ᠎ᠠ᠎ᠪᠠᠷ ᠵᠦᠭᠡᠷ ᠬᠡᠰᠡᠨ᠎ᠢ ᠤᠢᠯᠠᠭᠠᠵᠤ ᠠᠪᠤᠭᠰᠠᠨ᠎ᠤ ᠲᠠᠷᠠᠭ᠎ᠠ ᠬᠠᠷ᠎ᠡ ᠮᠦᠬᠦ ᠲᠠᠷᠢᠬᠤ᠎ᠪᠠᠷ ᠵᠤᠷᠢᠭ ᠰᠢᠭᠤᠳᠤᠭᠰᠠᠨ ᠪᠠᠢᠯ᠎ᠠ ᠃ ᠢᠡᠭᠭᠢᠭᠡᠳ ᠬᠥᠪᠡᠭᠡᠲᠦ ᠰᠢᠷ᠎ᠠ ᠬᠣᠰᠢᠭᠤᠨ᠎ᠤ ᠠᠵᠢᠯ ᠣᠯᠭᠣᠯᠲᠠ᠎ᠶᠢᠨ ᠲᠣᠪᠴᠢᠶ᠎ᠠ᠎ᠶᠢᠨ ᠬᠠᠪᠰᠤᠷᠤᠯᠭ᠎ᠠ ᠳᠣᠤᠷ᠎ᠠ ᠂ ᠬᠠᠰᠮᠡᠷᠭᠡᠨ ᠲᠠᠯ᠎ᠠ ᠨᠤᠲᠤᠭ᠎ᠤᠨ ᠬᠠᠷ᠎ᠠ ᠮᠥᠭᠥ᠎ᠶᠢ ᠣᠷᠣᠭᠤᠯᠤᠨ ᠳᠠᠷᠢᠬᠤ᠎ᠪᠠᠷ ᠪᠤᠯᠵᠤ ᠂ ᠰᠢᠯᠢᠩᠬᠣᠲᠠ᠎ᠶᠢᠨ ᠪᠠᠶᠠᠨᠰᠢᠯᠢ ᠮᠠᠯᠵᠢᠯ᠎ᠤᠨ ᠲᠠᠯᠠᠪᠠᠶ᠎ᠯᠤᠭ᠎ᠠ ᠣᠷᠳᠣ ᠬᠤᠭᠤᠴᠠᠭᠠᠨ᠎ᠤ ᠬᠠᠮᠲᠤᠷᠠᠯᠴᠠᠭᠠᠨ᠎ᠤ ᠬᠡᠯᠡᠯᠴᠡᠭᠡᠷ ᠲᠣᠭᠲᠠᠪᠠ ᠃ ᠲᠡᠷᠡ ᠠᠡᠭᠬᠠᠨ᠎ᠤ ᠠᠯᠬᠤᠮ᠎ᠳ᠋ᠤ 5 ᠲᠦᠮᠡᠨ ᠲᠥᠭᠥᠷᠢᠭ ᠵᠢᠭᠡᠯᠡᠵᠦ ᠲᠤᠷᠰᠢᠨ ᠲᠠᠷᠢᠭᠠᠳ ᠂ ᠪᠠᠺᠲ᠋ᠧᠷᠢ᠎ᠶᠢᠨ ᠲᠦᠷᠦᠯ᠎ᠢᠶᠡᠨ ᠮᠠᠰᠢ ᠢᠯᠭᠤᠮᠬᠠᠨ᠎ᠢᠶᠠᠷ ᠲᠤᠯᠠᠭᠠᠨ ᠬᠦᠯᠡᠮᠵᠢ᠎ᠳ᠋ᠡᠭᠡᠨ ᠪᠤᠢᠵᠢᠭᠤᠯᠵᠤ ᠴᠢᠳᠠᠵᠠᠢ ᠃ ᠢᠡᠭᠭᠢᠭᠡᠳ ᠬᠥᠪᠡᠭᠡᠲᠦ ᠰᠢᠷ᠎ᠠ ᠬᠣᠰᠢᠭᠤᠨ᠎ᠤ ᠦᠨᠳᠦᠰᠦᠲᠡᠨ ᠱᠠᠰᠢᠨ ᠰᠤᠷᠲᠠᠬᠤᠨ᠎ᠤ ᠬᠡᠷᠡᠭ ᠡᠷᠬᠢᠯᠡᠬᠦ ᠲᠣᠪᠴᠢᠶ᠎ᠠ᠎ᠡᠴᠠ ᠬᠠᠰᠮᠡᠷᠭᠡᠨ᠎ᠳ᠋ᠤ 20 ᠲᠦᠮᠡᠨ ᠲᠦᠭᠦᠷᠢᠭ᠎ᠤᠨ ᠲᠡᠳᠬᠦᠮᠵᠢ᠎ᠶᠢᠨ ᠪᠡᠯᠡ ᠮᠥᠩᠭᠥ ᠬᠠᠩᠭᠠᠵᠤ ᠂ ᠲᠡᠭᠦᠨ᠎ᠢ ᠬᠠᠪᠰᠤᠷᠤᠨ ᠲᠥᠷᠥᠯ ᠵᠦᠢᠯ᠎ᠢᠶᠡᠨ ᠦᠷᠭᠦᠯᠵᠢᠯᠡᠨ ᠬᠥᠭᠵᠢᠭᠦᠯᠬᠦ᠎ᠳ᠋ᠤ ᠲᠤᠰᠠᠯᠠᠪᠠ ᠃

︽ ᠦᠢᠯᠡᠰ ᠪᠤᠰᠬᠠᠬᠤ ᠶᠠᠪᠤᠴᠠ᠎ᠳ᠋ᠤ ᠪᠢ ᠬᠡᠳᠦᠨ ᠤᠳᠠᠭ᠎ᠠ ᠢᠯᠠᠭᠳᠠᠯ᠎ᠳ᠋ᠤ ᠤᠴᠠᠷᠠᠭᠰᠠᠨ ᠪᠣᠯᠪᠠᠴᠤ ᠤᠬᠤᠷᠢᠬᠤ ᠪᠤᠳᠤᠯ ᠤᠷᠤᠭᠰᠠᠨ ᠦᠭᠡᠢ ᠂ ᠮᠦᠬᠦ ᠲᠠᠷᠢᠬᠤ ᠴᠤ ᠪᠠᠰᠠ ᠤᠷᠮᠠᠳᠠᠢ ᠠᠵᠢᠯ ᠰᠢᠤ ︾ ᠭᠡᠵᠦ ᠬᠠᠰᠮᠡᠷᠭᠡᠨ ᠪᠠᠬᠠᠳᠤᠯᠳᠠᠢ ᠶᠠᠷᠢᠨ᠎ᠠ ᠃

2017 ᠣᠨ᠎ᠳ᠋ᠤ ᠂ ᠬᠠᠰᠮᠡᠷᠭᠡᠨ᠎ᠤ ᠮᠦᠭᠦ ᠲᠠᠷᠢᠬᠤ ᠵᠢᠱᠢᠶ᠎ᠡ ᠦᠵᠡᠭᠦᠯᠬᠦ ᠠᠵᠢᠯ ᠡᠬᠢᠯᠡᠵᠦ ᠂ ᠲᠠᠷᠠᠭ᠎ᠠ ᠵᠢᠯ᠎ᠨᠢ ︽ ᠰᠦᠷᠦᠭ ᠲᠠᠷᠢᠮᠠᠯ᠎ᠤᠨ ᠬᠢᠵᠠᠭᠠᠷᠲᠤ ᠺᠣᠮᠫᠠᠨᠢ ︾᠎ᠪᠠᠨ ᠪᠠᠶᠢᠭᠤᠯᠵᠤ ᠂ 200 ᠲᠡᠭᠰᠢ ᠳᠥᠷᠪᠡᠯᠵᠢᠨ ᠮᠧᠲ᠋ᠷ᠎ᠤᠨ ᠮᠥᠭᠥ ᠭᠠᠷᠭᠠᠬᠤ ᠲᠠᠯᠠᠪᠤᠷ ᠪᠠᠶᠢᠭᠤᠯᠪᠠ ᠃ ᠬᠥᠪᠡᠭᠡᠲᠦ ᠰᠢᠷ᠎ᠠ ᠬᠣᠰᠢᠭᠤᠨ᠎ᠤ ᠵᠡᠮᠳᠡᠭᠴᠦᠳ᠎ᠤᠨ ᠬᠣᠯᠪᠣᠭ᠎ᠠ ᠲᠡᠭᠦᠨ᠎ᠢ ᠬᠠᠪᠰᠤᠷᠤᠨ ᠴᠡᠪᠡᠷ ᠬᠣᠭᠣᠰᠣᠨ᠎ᠳ᠋ᠤ ᠪᠤᠭᠤᠳᠠᠯᠯᠠᠬᠤ ᠮᠠᠰᠢᠨ ᠂ ᠬᠠᠭᠰᠠᠭᠠᠬᠤ ᠮᠠᠰᠢᠨ ᠵᠡᠷᠭᠡ ᠮᠠᠰᠢᠨ ᠲᠥᠬᠥᠭᠡᠷᠦᠮᠵᠢ ᠬᠤᠳᠠᠯᠳᠤᠨ ᠠᠪᠴᠤ ᠦᠭᠭᠦ᠎ᠶᠢᠨ ᠬᠠᠮᠳᠤ ᠂ ᠦᠨ᠎ᠡ ᠲᠥᠯᠥᠪᠦᠷᠢ ᠦᠭᠡᠶ᠎ᠪᠠᠷ ᠲᠡᠭᠦᠨ᠎ᠳ᠋ᠤ ᠮᠦᠬᠦ ᠪᠣᠷᠣᠯᠠᠭᠤᠯᠬᠤ ᠲᠠᠯᠠᠪᠤᠷ ᠬᠠᠡᠭᠭᠠᠭᠰᠠᠨ᠎ᠡᠴᠠ ᠺᠣᠮᠫᠠᠨᠢ ᠪᠠᠶᠢᠭᠤᠯᠤᠭᠳᠠᠭᠰᠠᠨ ᠠᠩᠬᠠᠨ᠎ᠤ ᠵᠢᠯ᠎ᠤᠨ ᠴᠡᠪᠡᠷ ᠣᠷᠣᠯᠭ᠎ᠠ᠎ᠨᠢ 12 ᠲᠦᠮᠡᠨ ᠲᠥᠭᠥᠷᠢᠭ᠎ᠲᠤ ᠬᠦᠷᠴᠡᠶ ᠃ ᠬᠠᠷᠠᠬᠠᠨ ᠪᠠᠭ᠎ᠠ᠎ᠡᠴᠠ᠎ᠪᠠᠨ ᠭᠡᠷ᠎ᠤᠨ ᠠᠮᠢᠳᠤᠷᠠᠯ᠎ᠨᠢ ᠶᠠᠳᠠᠭᠤ ᠬᠦᠴᠢᠷᠲᠡᠯᠳᠡᠢ ᠪᠠᠶᠢᠭᠰᠠᠨ ᠬᠠᠰᠮᠡᠷᠭᠡᠨ ᠢᠡᠭᠭᠢᠭᠡᠳ ᠶᠠᠳᠠᠭᠤ ᠮᠠᠯᠠᠭᠠᠶ᠎ᠪᠠᠨ ᠲᠠᠶᠠᠭᠳᠠᠵᠤ ᠠᠵᠤ ᠠᠮᠢᠳᠤᠷᠠᠯ᠎ᠢᠶᠡᠨ ᠦᠭᠡᠳᠡᠯᠡᠭᠦᠯᠵᠦ ᠡᠬᠢᠯᠡᠪᠡ ᠃

︽ ᠮᠢᠨᠤ ᠦᠨᠦᠳᠦᠷ᠎ᠤᠨ ᠮᠡᠳᠤ ᠶᠠᠳᠠᠭᠤ᠎ᠡᠴᠠ᠎ᠪᠠᠨ ᠠᠡᠭᠭᠢᠵᠢᠷᠠᠨ ᠲᠡᠭᠵᠢᠷᠡᠭᠰᠡᠨ ᠮᠠᠨᠢ ᠬᠠᠮᠢᠶ᠎ᠠ ᠪᠦᠬᠦᠢ ᠰᠠᠯᠠᠭ᠎ᠠ ᠮᠥᠴᠢᠷ ᠪᠣᠯᠤᠨ ᠬᠠᠯᠠᠭᠤᠨ ᠭᠠᠷ᠎ᠢᠶᠡᠨ ᠰᠤᠡᠭᠭᠠᠭᠰᠠᠨ ᠬᠥᠮᠦᠰ᠎ᠤᠨ ᠦᠨᠡᠨᠴᠢ ᠳᠡᠮᠵᠢᠯᠭᠡ᠎ᠡᠴᠠ ᠰᠠᠯᠵᠤ ᠴᠢᠳᠠᠬᠤ ᠦᠭᠡᠶ ᠶᠤᠮ ᠂ ᠲᠡᠢᠮᠤ᠎ᠡᠴᠠ ᠪᠢ ᠪᠤᠰᠤᠳ ᠶᠠᠳᠠᠭᠤ ᠬᠦᠴᠢᠷᠳᠡᠯᠳᠡᠢ ᠵᠡᠮᠳᠡᠭ ᠬᠦᠮᠦᠰ᠎ᠢᠶᠡᠨ ᠴᠢᠳᠠᠯ᠎ᠤᠨ᠎ᠢᠶᠡᠨ ᠬᠢᠷᠢ᠎ᠪᠠᠷ ᠬᠠᠪᠰᠤᠷᠤᠨ ᠲᠡᠮᠵᠢᠨ᠎ᠡ ︾ ᠭᠡᠵᠦ ᠬᠠᠰᠮᠡᠷᠭᠡᠨ ᠶᠠᠷᠢᠵᠤ ᠪᠠᠢᠪᠠ ᠃ ᠤᠳᠤ ᠲᠡᠭᠦᠨ᠎ᠤ ᠺᠤᠮᠫᠠᠨᠢ᠎ᠶᠢᠨ ᠮᠥᠭᠥ᠎ᠶᠢᠨ ᠭᠠᠷᠤᠯᠲᠠ ᠲᠣᠭᠲᠠᠭᠤᠨ᠎ᠢᠶᠠᠷ ᠨᠡᠮᠡᠭᠳᠡᠵᠤ ᠂ ᠪᠣᠷᠣᠯᠠᠭᠤᠯᠬᠤ ᠵᠠᠮ ᠴᠤ ᠰᠠᠭᠠᠳ ᠦᠭᠡᠢ ᠨᠡᠪᠲᠡᠷᠡᠵᠦ ᠂ ᠲᠡᠷᠡ ᠤᠢᠷ᠎ᠠ ᠤᠷᠴᠢᠮ᠎ᠤᠨ᠎ᠢᠶᠡᠨ ᠰᠤᠮᠤ ᠪᠠᠯᠭᠠᠰᠤᠨ᠎ᠤ ᠶᠠᠳᠠᠭᠤ ᠬᠦᠴᠢᠷᠳᠡᠯᠲᠡᠢ ᠡᠷᠦᠬᠡ ᠂ ᠵᠡᠮᠳᠡᠭᠴᠦᠳ᠎ᠢ ᠬᠥᠯᠥᠰᠥᠯᠡᠨ ᠺᠣᠮᠫᠠᠨᠢ᠎ᠳᠠᠭᠠᠨ ᠠᠵᠢᠯ ᠣᠯᠭᠣᠵᠤ ᠣᠷᠣᠯᠭ᠎ᠠ᠎ᠶᠢ᠎ᠨᠢ ᠨᠡᠮᠡᠭᠳᠡᠭᠦᠯᠵᠤ ᠪᠠᠢᠨ᠎ᠡ ᠃

2019 ᠤᠨ᠎ᠳ᠋ᠤ ᠂ ᠬᠠᠰᠮᠡᠷᠭᠡᠨ᠎ᠤ ᠺᠣᠮᠫᠠᠨᠢ ︽ ᠠᠵᠢᠯ ᠣᠯᠭᠣᠯᠲᠠ᠎ᠪᠠᠷ ᠶᠠᠳᠠᠭᠤ᠎ᠶᠢ ᠲᠡᠳᠬᠦᠬᠦ ᠰᠠᠭᠤᠷᠢᠨ ︾ ᠂ ︽ ᠥᠪᠥᠷ ᠮᠣᠩᠭᠣᠯ᠎ᠤᠨ ᠮᠠᠯ ᠠᠵᠤ ᠠᠬᠤᠢ ᠲᠠᠷᠢᠶᠠᠯᠡᠡᠭ᠎ᠤᠨ ᠰᠤᠳᠤᠯᠭᠠᠨ᠎ᠤ ᠬᠦᠷᠢᠶᠡᠯᠡᠩ᠎ᠤᠨ ᠰᠠᠭᠤᠷᠢᠨ ︾ ᠪᠠ ︽ ᠪᠤᠬᠢᠷᠳᠤᠯ᠎ᠢ ᠪᠦᠲᠦᠮᠵᠢᠳᠡᠢ ᠠᠰᠢᠬᠯᠠᠬᠤ ᠵᠢᠱᠢᠶ᠎ᠡ ᠦᠵᠡᠭᠦᠯᠬᠦ ᠰᠠᠭᠤᠷᠢᠨ ︾᠎ᠢᠶᠠᠷ ᠲᠣᠭᠳᠠᠭᠠᠭᠳᠠᠵᠤ ᠂ ᠪᠠᠰᠠ ᠲᠤᠰᠬᠠᠶ ᠮᠡᠷᠭᠡᠵᠢᠯᠳᠡᠨ᠎ᠤ ᠵᠢᠯᠤᠭᠤᠳᠤᠯᠭ᠎ᠠ ᠲᠤᠤᠷ᠎ᠠ ᠴᠢᠭᠢᠭ᠎ᠤᠨ ᠤᠯᠠᠭᠠᠨ ᠬᠣᠷᠣᠬᠠᠶ᠎ᠲᠠᠢ ᠮᠠᠯ᠎ᠤᠨ ᠢᠯᠭᠠᠳᠠᠰᠤ᠎ᠪᠠᠷ ᠮᠥᠭᠥ ᠳᠠᠷᠢᠬᠤ ᠬᠥᠷᠥᠰᠥ ᠰᠢᠷᠣᠶ᠎ᠶᠢ ᠤᠷᠤᠯᠠᠭᠤᠯᠬᠤ᠎ᠶᠢᠨ ᠵᠡᠷᠭᠡ᠎ᠪᠠᠷ ᠴᠢᠭᠢᠭ᠎ᠤᠨ ᠤᠯᠠᠭᠠᠨ ᠬᠣᠷᠣᠬᠠᠢ᠎ᠪᠠᠷ ᠳᠠᠬᠢᠶ᠎ᠠ ᠲᠡᠵᠢᠭᠡᠬᠦ ᠲᠥᠷᠥᠯ ᠵᠦᠢᠯ᠎ᠢ ᠰᠢᠨ᠎ᠡ᠎ᠪᠠᠷ ᠨᠡᠮᠡᠵᠦ ᠨᠡᠭᠡᠭᠡᠵᠡᠢ ᠃ ︽ ᠪᠢᠳᠡ ᠶᠠᠳᠠᠭᠤ᠎ᠶᠢ ᠲᠡᠳᠬᠦᠬᠦ ᠦᠶᠯᠡᠳᠪᠦᠷᠢ᠎ᠶᠢᠨ ᠲᠠᠰᠤᠭ ᠪᠠᠶᠢᠭᠤᠯᠵᠤ ᠂ ᠲᠠᠷᠢᠮᠠᠯ᠎ᠤᠨ ᠬᠡᠪᠴᠢᠶ᠎ᠡ᠎ᠪᠠᠨ ᠦᠷᠭᠡᠳᠬᠡᠵᠥ ᠪᠤᠢ ᠃ ᠪᠠᠰᠠ ᠡᠷᠬᠢᠨ ᠲᠣᠭᠣᠷᠢᠨ᠎ᠤ ᠶᠠᠳᠠᠭᠤ ᠬᠦᠴᠢᠷᠳᠡᠯᠲᠡᠶ ᠵᠡᠮᠳᠡᠭᠴᠦᠳ᠎ᠢᠶᠡᠨ ᠳᠠᠶᠢᠴᠢᠯᠠᠨ ᠮᠥᠭᠥ ᠳᠠᠷᠢᠬᠤ ᠠᠵᠤ ᠦᠶᠯᠡᠰ᠎ᠤᠨ ᠬᠣᠷᠰᠢᠶ᠎ᠠ ᠪᠠᠢᠭᠤᠯᠤᠨ ᠭᠡᠰᠢᠭᠦᠳ᠎ᠲᠡᠭᠡᠨ ᠰᠦᠶᠳᠬᠡᠯ ᠬᠤᠷᠢᠶᠠᠬᠤ ᠥᠬᠡᠶ᠎ᠪᠠᠷ ᠮᠡᠷᠭᠡᠵᠢᠯ᠎ᠤᠨ ᠵᠢᠯᠤᠭᠤᠳᠤᠯᠭ᠎ᠠ ᠬᠠᠡᠭᠭᠠᠬᠤ ᠪᠤᠶᠤ ᠪᠤᠯᠪᠠᠰᠤᠷᠠᠯ ᠬᠦᠷᠳᠡᠭᠡᠵᠦ ᠪᠠᠢᠨ᠎ᠠ ︾ ᠭᠡᠵᠦ ᠬᠠᠰᠮᠡᠷᠭᠡᠨ ᠪᠢᠳᠡᠨ᠎ᠳ᠋ᠤ ᠲᠠᠨᠢᠯᠴᠠᠭᠤᠯᠪᠠ ᠃

ᠤᠳᠤ ᠬᠠᠰᠮᠡᠷᠭᠡᠨ᠎ᠤ ᠺᠣᠮᠫᠠᠨᠢ᠎ᠶᠢᠨ ᠮᠥᠭᠥ ᠲᠠᠷᠢᠬᠤ ᠲᠠᠯᠠᠪᠠᠢ 800 ᠭᠠᠷᠤᠢ ᠲᠡᠭᠰᠢ ᠳᠥᠷᠪᠡᠯᠵᠢᠨ ᠮᠧᠲ᠋ᠷ᠎ᠲᠤ ᠬᠦᠷᠴᠦ ᠂ ᠵᠢᠯ᠎ᠳ᠋ᠤ ᠪᠠᠷᠤᠭ 5 ᠲᠦᠮᠡᠨ ᠵᠢᠩ ᠮᠥᠭᠥ ᠬᠤᠷᠢᠶᠠᠵᠤ ᠂ ᠰᠢᠨ᠎ᠡ ᠮᠥᠭᠥ ᠂ ᠬᠠᠭᠤᠷᠠᠶ ᠮᠥᠭᠥ ᠪᠣᠷᠣᠯᠠᠭᠤᠯᠬᠤ᠎ᠡᠴᠠ ᠭᠠᠳᠠᠨ᠎ᠠ ᠂ ᠪᠠᠰᠠ ᠮᠥᠭᠥ᠎ᠶᠢᠨ ᠵᠢᠶᠠᠩ ᠵᠡᠷᠭᠡ ᠦᠢᠯᠡᠳᠬᠦᠨ᠎ᠢᠶᠡᠨ ᠮᠠᠨ᠎ᠤ ᠤᠷᠤᠨ᠎ᠤ ᠡᠯ᠎ᠡ ᠠᠶᠢᠮᠠᠭ ᠬᠣᠲᠠ᠎ᠳ᠋ᠤ ᠪᠣᠷᠣᠯᠠᠭᠤᠯᠵᠤ ᠡᠬᠢᠯᠠᠵᠠᠢ ᠃ 21 ᠵᠡᠮᠳᠡᠭ ᠬᠦᠮᠦᠰ ᠂ 14 ᠨᠡᠭᠦᠯᠭᠡᠨ ᠲᠦᠪᠬᠢᠨᠡᠭᠦᠯᠦᠭᠰᠡᠨ ᠶᠠᠳᠠᠭᠤ ᠬᠦᠴᠢᠷᠳᠡᠯᠲᠡᠢ ᠡᠷᠦᠬᠡ ᠂ 8 ᠶᠠᠳᠠᠭᠤ ᠬᠦᠴᠢᠷᠳᠡᠯᠲᠡᠢ ᠡᠷᠦᠬᠡ᠎ᠶᠢᠨ ᠬᠦᠮᠦᠠ ᠠᠮᠠ᠎ᠶᠢ ᠺᠤᠮᠫᠠᠨᠢ᠎ᠳᠠᠭᠠᠨ ᠠᠵᠢᠯ ᠤᠯᠭᠤᠵᠤ ᠲᠡᠳᠡᠨ᠎ᠤ ᠲᠤᠰᠠᠯᠠᠬᠤ ᠤᠷᠤᠯᠭ᠎ᠠ᠎ᠶᠢ ᠨᠡᠮᠡᠭᠳᠡᠭᠦᠯᠦᠭᠰᠡᠨ᠎ᠢᠶᠠᠷ ᠬᠠᠰᠮᠡᠷᠭᠡᠨ ᠤᠳᠤ ︽ ᠪᠦᠬᠦ ᠠᠶᠢᠮᠠᠭ᠎ᠤᠨ ᠶᠠᠳᠠᠭᠤ᠎ᠡᠴᠠ ᠠᠩᠭᠢᠵᠢᠷᠠᠨ ᠪᠠᠶᠠᠵᠢᠨ ᠴᠢᠨᠡᠭᠡᠯᠢᠭᠵᠢᠭᠰᠡᠨ ᠳᠠᠭᠠᠭᠤᠯᠤᠭᠴᠢ ︾᠎ᠢᠶᠠᠷ ᠴᠤᠯᠠᠯᠠᠭᠳᠠᠪᠠ ᠃

ᠬᠠᠰᠮᠡᠷᠭᠡᠨ ᠄ ︽ ᠮᠢᠨᠤ ᠦᠨᠦᠳᠦᠷ᠎ᠤᠨ ᠠᠮᠵᠢᠯᠳᠠ ᠪᠤᠯ ᠨᠡᠢᠭᠡᠮ ᠨᠡᠢᠳᠡ ᠭᠡᠭᠦ ᠡᠨᠡ ᠬᠦ ᠲᠤᠮᠤ ᠭᠡᠷ ᠪᠦᠯᠢ᠎ᠶᠢᠨ ᠠᠴᠢ ᠬᠠᠷᠠᠭᠠᠯᠵᠠᠯ᠎ᠤᠨ ᠬᠦᠴᠦᠨ᠎ᠳ᠋ᠤ ᠶᠤᠮ ᠂ ᠲᠡᠭᠡᠬᠦᠯᠡᠷ ᠪᠢ ᠨᠠᠳᠠ᠎ᠲᠠᠢ ᠠᠳᠠᠯᠢᠬᠠᠨ ᠠᠵᠢᠯᠴᠢ ᠬᠤᠶᠠᠷ ᠭᠠᠷ᠎ᠲᠠᠭᠠᠨ ᠲᠦᠰᠢᠵᠤ ᠴᠢᠷᠮᠠᠢᠭᠰᠠᠳ᠎ᠢᠶᠡᠨ ᠬᠠᠪᠰᠤᠷᠤᠨ ᠨᠡᠢᠭᠡᠮ ᠨᠡᠢᠳᠡ᠎ᠶᠢᠨ ᠠᠴᠢ ᠲᠤᠰᠠ᠎ᠶᠢ ᠬᠠᠷᠢᠭᠤᠯᠤᠨ᠎ᠠ ︾ ᠭᠡᠵᠦ ᠶᠠᠷᠢᠨ᠎ᠡ ᠪᠢᠯᠡ ᠃

ᠵᠤᠪᠠᠯᠡᠡᠭ ᠲᠤᠭᠤᠯᠤᠭᠰᠠᠨ ᠬᠦᠮᠦᠨ ᠵᠢᠷᠭᠠᠯ᠎ᠤᠨ ᠠᠮᠳᠠ᠎ᠶᠢ ᠮᠡᠳᠡᠨ᠎ᠡ ᠭᠡᠭᠴᠢ᠎ᠪᠠᠷ ᠡᠭᠡᠯ ᠵᠢᠷ᠎ᠤᠨ ᠮᠠᠯᠴᠢᠨ ᠵᠠᠯᠠᠭᠤ ᠬᠠᠰᠮᠡᠷᠭᠡᠨ ᠡᠢᠨ ᠬᠦ ᠨᠤᠭᠤᠷᠠᠯ ᠪᠦᠳᠤᠷᠢᠯ᠎ᠢ ᠲᠤᠯᠵᠤ ᠪᠤᠰᠤᠭᠰᠠᠨ᠎ᠢᠶᠠᠷ ᠪᠠᠷᠠᠬᠤ ᠦᠭᠡᠢ ᠨᠡᠡᠭ ᠤᠯᠠᠨ ᠲᠡᠭᠦᠨ᠎ᠲᠠᠢ ᠠᠳᠠᠯᠢ ᠬᠤᠪᠢ ᠵᠠᠶᠠᠭᠠᠲᠠᠢ ᠬᠦᠮᠤᠰ᠎ᠢ ᠲᠡᠳᠬᠦᠨ ᠲᠡᠡᠭᠭᠡᠷᠡᠭᠦᠯᠵᠦ ᠶᠠᠪᠤᠭ᠎ᠠ᠎ᠨᠢ ᠦᠨᠡᠭᠡᠷ ᠰᠠᠢᠰᠢᠶᠠᠯᠳᠠᠢ ︕

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面