ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-01-15 10:58:46

ᠵᠣᠬᠢᠶᠠᠭ᠍ᠴᠢ᠄ ᠳ᠋ᠠ᠊ ᠲᠠᠯᠠᠢ ᠷᠠ᠊ ᠤᠶᠤᠨᠪᠢᠯᠢᠭ᠌ ᠣᠩᠱᠢᠭ᠍ᠰᠠᠨ ᠣᠳᠠᠭ᠎ᠠ᠄ 3

ᠪᠠᠳᠮᠠᠵᠠᠪ ᠪᠣᠯ ᠰᠢᠯᠤᠭᠤᠨ ᠬᠦᠪᠡᠬᠡᠳᠦ ᠴᠠᠭᠠᠨ ᠬᠤᠰᠢᠭᠤᠨ᠎ᠤ ᠮᠢᠩᠭᠠᠳᠦ ᠪᠠᠯᠭᠠᠰᠤᠨ᠎ᠤ ᠲᠠᠯ᠎ᠠ᠎ᠶᠢᠨ ᠠᠶᠢᠯ ᠭᠠᠴᠠᠭᠠᠨ᠎ᠤ ᠠᠬᠠᠮᠠᠳ ᠮᠠᠯᠴᠢᠨ ᠂ ᠠᠷᠠᠳ᠎ᠤᠨ ᠣᠷᠠᠯᠢᠭᠴᠢᠨ ᠶᠤᠮ ᠃ ᠵᠢᠷᠠ᠎ᠶᠢᠨ ᠲᠠᠪᠠᠭ᠎ᠠ᠎ᠶᠢ ᠥᠭᠰᠥᠵᠦ ᠶᠠᠪᠤᠭ᠎ᠠ ᠲᠡᠷᠡ ᠮᠠᠨᠢ ᠲᠦᠷᠥᠯᠬᠢ᠎ᠶᠢᠨ ᠤᠳᠤᠮ ᠲᠠᠭᠠᠭᠰᠠᠨ ᠨᠢᠳᠥᠨ᠎ᠤ ᠴᠠᠭᠠᠨ ᠴᠡᠴᠡᠬᠡᠢ᠎ᠶᠢᠨ ᠡᠪᠡᠳᠴᠢᠨ᠎ᠡᠴᠠ ᠪᠤᠯᠵᠤ ᠂ ᠪᠠᠭ᠎ᠠ᠎ᠳᠠᠭᠠᠨ ᠵᠢᠭᠠᠬᠠᠨ ᠮᠦᠷ᠎ᠲᠠᠢ ᠪᠠᠶᠢᠭᠰᠠᠨ᠎ᠢᠶᠡᠨ ᠨᠠᠰᠦ ᠨᠡᠮᠡᠭᠳᠡᠬᠦ᠎ᠶᠢ ᠲᠠᠭᠠᠯᠳᠤᠨ ᠨᠢᠳᠥᠨ ᠬᠠᠷᠠᠭ᠎ᠠ᠎ᠪᠠᠨ ᠨᠢᠬᠡᠮᠥᠰᠥᠨ ᠠᠯᠳᠠᠵᠦ ᠬᠠᠷᠠᠩᠭᠤᠢ ᠶᠢᠷᠳᠢᠨᠴᠦ᠎ᠳ᠋ᠤ ᠠᠮᠢᠳᠤᠷᠠᠬᠤ ᠪᠤᠯᠤᠭᠰᠠᠨ ᠶᠤᠮ ᠃ ᠡᠨᠡ ᠰᠠᠶᠢᠬᠠᠨ ᠨᠡᠶᠢᠬᠡᠮ᠎ᠳ᠋ᠤ ᠤᠯᠵᠦ ᠬᠠᠷᠠᠬᠤ ᠶᠠᠭᠤᠮ᠎ᠠ ᠦᠬᠡᠢ ᠂ ᠨᠢᠳᠦ ᠦᠬᠡᠢ ᠠᠮᠢᠳᠤᠷᠠᠨ᠎ᠠ ᠬᠡᠳᠡᠭ ᠬᠡᠨ᠎ᠳ᠋ᠤ ᠠᠪᠴᠦ ᠬᠡᠯᠡᠭᠰᠡᠨ ᠴᠦ ᠶᠠᠷᠢᠬᠤ᠎ᠶᠢᠨ ᠠᠷᠭ᠎ᠠ ᠦᠬᠡᠢ ᠵᠤᠪᠠᠯᠠᠩ ᠪᠢᠯᠡ ᠃ ᠬᠡᠳᠡᠯ᠎ᠡ ᠪᠠᠳᠮᠠᠵᠠᠪ ᠭᠤᠸᠠᠢ ᠠᠮᠢᠳᠤᠷᠠᠯ᠎ᠤᠨ ᠢᠳᠡᠬᠡᠯ᠎ᠢᠶᠡᠨ ᠠᠯᠳᠠᠭᠰᠠᠨ ᠦᠬᠡᠢ ᠂ ︽ ᠵᠤᠷᠢᠭ ᠪᠠᠶᠢᠪᠠᠯ ᠵᠤᠷᠢᠭᠰᠠᠨ᠎ᠳᠠᠭᠠᠨ ᠬᠦᠷᠥᠨ᠎ᠡ ︾ ᠬᠡᠵᠦ ᠬᠠᠳᠠᠭᠤᠬᠠᠨ ᠪᠤᠳᠤᠵᠦ ᠂ ᠰᠤᠨᠤᠷ ᠂ ᠭᠠᠷ ᠬᠦᠯ᠎ᠤᠨ ᠲᠡᠮ ᠲᠤᠮᠵᠢᠶ᠎ᠠ᠎ᠳᠠᠭᠠᠨ ᠲᠦᠰᠢᠭᠯᠡᠨ ᠂ ᠡᠷᠡᠬᠦᠯ ᠬᠦᠮᠥᠨ᠎ᠤ ᠬᠢᠵᠦ ᠴᠢᠳᠠᠬᠤ ᠵᠦ᠋ᠢᠯ᠎ᠢ ᠠᠯᠢ᠎ᠶᠢ᠎ᠨᠢ ᠴᠦ ᠤᠰᠤᠯᠳᠠᠯ ᠦᠬᠡᠢ ᠬᠢᠵᠦ ᠂ ᠠᠳᠠᠯ ᠠᠮᠢᠳᠤᠷᠠᠯ᠎ᠢᠶᠡᠨ ᠥᠬᠡᠳᠡ ᠡᠰᠡᠷᠡᠭ ᠠᠪᠴᠦ ᠶᠠᠪᠤᠬᠤ᠎ᠶᠢᠨ ᠲᠠᠭᠠᠤ ᠡᠪᠦᠭᠡ ᠲᠡᠬᠡᠳᠥᠰ᠎ᠡᠴᠠ᠎ᠪᠠᠨ ᠥᠪᠯᠡᠵᠦ ᠤᠯᠠᠮᠵᠢᠯᠠᠵᠦ ᠢᠷᠡᠭᠰᠡᠨ ᠲᠠᠭᠤᠤ ᠰᠢᠯᠥᠭ᠎ᠢᠶᠡᠨ ᠲᠠᠭᠤᠯᠠᠨ ᠤᠶᠠᠩᠭᠠᠯᠠᠬᠤ ᠂ ᠬᠤᠭᠤᠷ ᠱᠠᠨᠵᠠ᠎ᠪᠠᠨ ᠬᠤᠭᠤᠷᠳᠠᠨ ᠬᠦᠭᠵᠢᠮᠳᠡᠬᠦ ᠣᠷᠠᠯᠢᠭ ᠮᠡᠷᠬᠡᠵᠢᠯ᠎ᠢᠶᠡᠨ ᠤᠷᠬᠢᠵᠦ ᠬᠠᠶᠠᠭᠳᠠᠭᠤᠯᠤᠭᠰᠠᠨ ᠦᠬᠡᠢ᠎ᠶᠢᠨ ᠲᠡᠬᠡᠷ᠎ᠡ ᠤᠯᠠᠮ᠎ᠢᠶᠠᠷ ᠬᠦᠭᠵᠢᠬᠦᠯᠵᠦ ᠴᠡᠴᠡᠭᠯᠡᠬᠦᠯᠵᠦ ᠶᠠᠪᠤᠭ᠎ᠠ᠎ᠨᠢ ᠨᠡᠶᠢᠬᠡᠮ ᠨᠡᠶᠢᠳᠡ᠎ᠳ᠋ᠡᠭᠡᠨ ᠭᠠᠶᠢᠬᠠᠭᠳᠠᠨ ᠲᠠᠭᠠᠰᠢᠶᠠᠭᠳᠠᠨ᠎ᠠ ᠃

ᠨᠠᠮ ᠵᠠᠰᠠᠭ᠎ᠤᠨ ᠬᠠᠯᠠᠮᠵᠢ ᠲᠤᠤᠷ᠎ᠠ ᠂ ᠦᠪᠡᠷ᠎ᠤᠨ ᠰᠢᠷᠭᠠᠭᠤ ᠴᠢᠷᠮᠠᠶᠢᠯᠭ᠎ᠠ᠎ᠪᠠᠷ᠎ᠢᠶᠡᠨ ᠬᠠᠷᠠᠭ᠎ᠠ ᠬᠠᠷᠠᠩᠭᠤᠢ ᠴᠦ ᠬᠠᠯᠠᠭᠤᠨ ᠲᠤᠯᠠᠭᠠᠨ ᠠᠮᠢᠳᠤᠷᠠᠯ᠎ᠢᠶᠡᠨ ᠴᠤᠭᠴᠠᠯᠠᠵᠦ ᠶᠠᠪᠤᠬᠤ᠎ᠳᠠᠭᠠᠨ ᠪᠠᠳᠮᠠᠵᠠᠪ ᠭᠤᠸᠠᠢ ᠠᠳᠠᠯᠢᠬᠠᠨ ᠬᠤᠪᠢ ᠵᠠᠶᠠᠭ᠎ᠠ᠎ᠲᠠᠢ ᠵᠡᠮᠳᠡᠭ ᠪᠠᠭᠤᠷᠠᠢ ᠬᠦᠮᠥᠰ᠎ᠤᠨ ᠰᠡᠳᠬᠢᠯ᠎ᠤᠨ ᠲᠠᠮᠢᠷ᠎ᠢ ᠴᠢᠩᠭᠠᠯᠠᠨ ᠂ ᠤᠶᠤᠨ ᠰᠠᠨᠠᠭᠠᠨ᠎ᠳ᠋ᠤᠨᠢ ᠪᠠᠶᠠᠷ ᠴᠡᠩᠬᠡᠯ ᠤᠯᠭᠤᠵᠦ ᠶᠠᠪᠤᠶ᠎ᠠ ᠬᠡᠰᠡᠨ ᠪᠡᠶ᠎ᠡ ᠤᠷᠢᠶᠠᠭᠰᠠᠨ ᠬᠠᠷᠠᠭ᠎ᠠ᠎ᠲᠠᠢ ᠴᠦ ᠲᠠᠯ᠎ᠠ ᠲᠤᠭᠤᠷᠢᠬᠤ ᠪᠤᠳᠤᠯ᠎ᠢᠶᠠᠷ᠎ᠢᠶᠡᠨ 2017 ᠤᠨ᠎ᠳ᠋ᠤ ᠦᠪᠡᠷ᠎ᠤᠨ ᠥᠪᠯᠡᠵᠦ ᠵᠠᠯᠭᠠᠮᠵᠢᠯᠠᠭᠰᠠᠨ ᠬᠤᠭᠤᠷ ᠬᠦᠭᠵᠢᠮ᠎ᠢᠶᠡᠨ ᠲᠢᠭᠯᠡᠵᠦ ᠂ ᠬᠤᠶᠠᠷ ᠭᠤᠷᠪᠠᠨ ᠰᠢᠨ᠎ᠡ ᠬᠦᠭᠵᠢᠮ ᠨᠡᠮᠡᠷᠢᠯᠡᠬᠡᠳ ᠂ ᠬᠤᠳᠠ ᠤᠰᠤ ᠂ ᠬᠠᠪᠢ ᠲᠦᠰᠥᠷ᠎ᠤᠨ᠎ᠢᠶᠡᠨ 10 ᠵᠡᠮᠳᠡᠭ ᠬᠦᠮᠥᠨ᠎ᠢᠶᠠᠷ ᠪᠦᠷᠢᠯᠳᠥᠭᠰᠡᠨ ︽ ᠲᠠᠯ᠎ᠠ᠎ᠶᠢᠨ ᠠᠶᠢᠯ ︾ ᠣᠷᠠᠯᠢᠭ᠎ᠤᠨ ᠠᠩᠭᠢ᠎ᠶᠢ ᠪᠠᠶᠢᠭᠤᠯᠵᠦ ᠂ ᠦᠪᠡᠷ᠎ᠢᠶᠡᠨ ᠠᠷᠠᠳ᠎ᠤᠨ ᠲᠠᠭᠤᠴᠢᠨ ᠂ ᠠᠶᠠᠯᠭᠤ ᠬᠦᠭᠵᠢᠮ᠎ᠤᠨ ᠭᠤᠤᠯ ᠲᠤᠭᠯᠠᠭᠴᠢ ᠪᠤᠯᠵᠦ ᠂ ᠠᠵᠢᠯ᠎ᠤᠨ ᠴᠢᠯᠥᠬᠡ ᠵᠠᠢ᠎ᠪᠠᠨ ᠠᠮᠵᠢᠭᠤᠯᠤᠨ ᠪᠤᠯᠪᠠᠰᠤᠷᠠᠵᠦ ᠂ ᠪᠠᠶᠠᠷ ᠲᠤᠷᠠᠰᠬᠠᠯ᠎ᠤᠨ ᠡᠳᠥᠷ᠎ᠤᠳ᠎ᠢᠶᠠᠷ ᠬᠠᠪᠢ ᠲᠦᠰᠥᠷ ᠂ ᠭᠠᠴᠠᠭ᠎ᠠ ᠨᠤᠳᠤᠭ᠎ᠤᠨ ᠤᠯᠠᠨ ᠲᠦᠮᠡᠨ᠎ᠳ᠋ᠡᠭᠡᠨ ᠤᠶᠠᠩᠭ᠎ᠠ ᠲᠠᠭᠤᠤ ᠂ ᠤᠷᠠᠨ ᠪᠦᠵᠢᠭ᠎ᠢᠶᠡᠨ ᠰᠤᠨᠢᠷᠬᠠᠭᠤᠯᠵᠦ ᠂ ᠵᠡᠮᠳᠡᠭ ᠬᠦᠮᠥᠰ᠎ᠲᠡᠭᠡᠨ ᠰᠡᠳᠬᠢᠯ᠎ᠤᠨ ᠬᠡᠬᠡ ᠤᠯᠭᠤᠨ ᠂ ᠮᠠᠯᠴᠢᠨ ᠠᠷᠠᠳ᠎ᠤᠨ᠎ᠢᠶᠡᠨ ᠰᠤᠶᠤᠯ᠎ᠤᠨ ᠠᠮᠢᠳᠤᠷᠠᠯ᠎ᠢ ᠪᠠᠶᠠᠯᠢᠭᠵᠢᠭᠤᠯᠤᠭᠰᠠᠭᠠᠷ ᠢᠷᠡᠵᠡᠢ ᠃

ᠥᠨᠥᠳᠥᠷ ᠪᠤᠯᠵᠦ ᠢᠷᠡᠬᠦ᠎ᠳ᠋ᠤ ᠲᠤᠰ ᠣᠷᠠᠯᠢᠭ᠎ᠤᠨ ᠠᠩᠭᠢ᠎16 ᠲᠤᠭᠯᠠᠭᠴᠢ᠎ᠲᠠᠢ ᠪᠤᠯᠤᠨ ᠥᠷᠬᠡᠵᠢᠵᠤ ᠂ ᠤᠶᠠᠩᠭ᠎ᠠ ᠲᠠᠭᠤᠤ ᠂ ᠤᠷᠠᠨ ᠪᠦᠵᠢᠭ ᠂ ᠬᠦᠭᠵᠢᠮ ᠠᠶᠠᠯᠭᠤ ᠂ ᠬᠤᠱᠤᠩ ᠱᠤᠭ ᠵᠡᠷᠬᠡ ᠤᠯᠠᠨ ᠵᠦᠢᠯ᠎ᠤᠨ ᠲᠤᠭᠯᠠᠯᠳᠠ ᠭᠠᠷᠭᠠᠵᠦ ᠳᠡᠢᠯᠬᠦ ᠪᠤᠯᠵᠠᠢ ᠃ 2019 ᠤᠨ᠎ᠳ᠋ᠤ ᠲᠦᠪ ᠲᠧᠯᠸᠢᠰ᠎ᠤᠨ᠎ᠬᠢᠨ ᠲᠤᠰᠬᠠᠶᠢᠯᠠᠨ ᠢᠷᠡᠵᠦ ᠂ ᠲᠤᠰ ᠣᠷᠠᠯᠢᠭ᠎ᠤᠨ ᠠᠩᠭᠢ᠎ᠶᠢᠨ ︽ ᠬᠦᠯᠤ ᠴᠠᠭᠠᠨ ᠠᠰᠠᠷ ︾ ᠂ ︽ ᠬᠤᠮᠤ ᠽᠠᠨᠳᠠᠨ ᠡᠮᠡᠬᠡᠯ ︾ ᠬᠡᠬᠦ ᠬᠤᠶᠠᠷ ᠠᠶᠠᠯᠭᠤ᠎ᠶᠢ᠎ᠨᠢ ᠬᠦᠭᠵᠢᠮᠳᠡᠬᠦᠯᠥᠨ ᠰᠢᠩᠬᠡᠬᠡᠵᠦ ᠠᠪᠴᠠᠢ ᠃ ᠲᠤᠰ ᠵᠢᠯ᠎ᠳ᠋ᠤ ᠮᠢᠩᠭᠠᠳᠦ ᠪᠠᠯᠭᠠᠰᠤᠨ᠎ᠤ ᠨᠠᠮ᠎ᠤᠨ ᠬᠤᠷᠢᠶ᠎ᠠ ᠂ ᠵᠠᠰᠠᠭ᠎ᠤᠨ ᠤᠷᠳᠤᠨ ᠬᠦᠳᠡᠭᠡ ᠨᠤᠳᠤᠭ᠎ᠤᠨ᠎ᠢᠶᠡᠨ ᠰᠤᠶᠤᠯ᠎ᠤᠨ ᠠᠮᠢᠳᠤᠷᠠᠯ᠎ᠢ ᠪᠠᠶᠠᠯᠢᠭᠵᠢᠭᠤᠯᠤᠨ ᠂ ᠢᠵᠠᠭᠤᠷ ᠣᠷᠠᠯᠢᠭ᠎ᠢᠶᠡᠨ ᠥᠪᠯᠡᠵᠦ ᠶᠠᠪᠤᠭ᠎ᠠ ᠡᠨᠡᠬᠦ ᠣᠷᠠᠯᠢᠭ᠎ᠤᠨ ᠠᠩᠭᠢ᠎ᠶᠢᠨ᠎ᠬᠢᠨ᠎ᠳ᠋ᠤ 16 ᠲᠤᠰᠬᠠᠢ ᠲᠤᠭᠯᠠᠯᠳᠠ᠎ᠶᠢᠨ ᠲᠡᠷᠯᠢᠭ ᠬᠦᠷᠬᠡᠵᠦ ᠬᠠᠯᠠᠮᠵᠢᠯᠠᠨ ᠲᠡᠮᠵᠢᠭᠰᠡᠨ ᠪᠠᠶᠢᠨ᠎ᠠ ᠃ ᠪᠠᠤᠡᠮᠠᠵᠠᠪ ᠄ ︽ ᠨᠠᠮ ᠵᠠᠰᠠᠭ᠎ᠤᠨ ᠬᠠᠶᠢᠷ᠎ᠠ ᠬᠠᠯᠠᠮᠵᠢ᠎ᠳ᠋ᠤ ᠲᠠᠯᠠᠷᠬᠠᠵᠦ ᠪᠠᠶᠢᠨ᠎ᠠ ᠂ ᠠᠷᠠᠳ ᠲᠦᠮᠡᠨ᠎ᠤ᠎ᠪᠠᠨ ᠢᠳᠡᠬᠡᠯ ᠵᠤᠷᠢᠭᠵᠢᠭᠤᠯᠤᠯ᠎ᠳ᠋ᠤ ᠤᠮᠤᠭᠰᠢᠵᠦ ᠪᠠᠶᠢᠨ᠎ᠠ ᠃ ᠪᠡᠶ᠎ᠡ ᠵᠡᠮᠳᠡᠭ ᠴᠦ ᠪᠤᠰᠤᠭ᠎ᠠ ᠵᠤᠷᠢᠭ᠎ᠢ ᠡᠬᠦᠷᠢᠳᠡ ᠪᠠᠷᠢᠮᠳᠠᠯᠠᠵᠦ ᠂ ᠣᠷᠠᠯᠢᠭ᠎ᠤᠨ ᠠᠩᠭᠢ᠎ᠪᠠᠨ ᠤᠯᠠᠮ ᠰᠠᠶᠢᠬᠠᠨ ᠡᠷᠬᠢᠯᠡᠵᠦ ᠂ ᠠᠷᠠᠳ ᠲᠦᠮᠡᠨ᠎ᠳ᠋ᠡᠭᠡᠨ ᠡᠷᠡᠬᠦᠯ ᠰᠠᠷᠠᠭᠤᠯ ᠂ ᠭᠤᠴᠦ ᠲᠤᠭᠯᠠᠯᠳᠠ ᠰᠤᠨᠢᠷᠬᠠᠭᠤᠯᠵᠦ ᠶᠠᠪᠤᠨ᠎ᠠ ︾ ᠬᠡᠵᠦ ᠰᠡᠳᠬᠢᠯ ᠬᠠᠩᠬᠤᠯᠤᠭᠤᠨ ᠶᠠᠷᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面