ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-01-19 10:45:04

ᠵᠣᠬᠢᠶᠠᠭ᠍ᠴᠢ᠄ ᠡᠷᠳᠡᠨᠢᠵᠢᠷᠭᠠᠯ ᠲᠠᠳᠣᠯᠭ᠎ᠠ᠎ᠶᠢᠨ ᠰᠣᠷᠣᠬᠴᠢ ᠰᠡᠷᠬᠥᠯᠡᠩ ᠣᠩᠱᠢᠭ᠍ᠰᠠᠨ ᠣᠳᠠᠭ᠎ᠠ᠄ 3

ᠬᠠᠩᠬᠢᠨ ᠬᠣᠰᠢᠭᠣᠨ᠎ᠤ ᠰᠢᠨᠡᠪᠠᠯᠭᠠᠰᠤ᠎ᠶᠢᠨ ᠰᠢᠨᠡᠪᠤᠯᠠᠭ ᠭᠠᠴᠠᠭᠠᠨ᠎ᠤ ᠮᠠᠯᠴᠢᠨ ᠣᠶᠠᠭᠠᠴᠢ ᠰᠠᠢᠨᠪᠠᠶᠠᠷ 400 ᠭᠠᠷᠣᠢ ᠱᠠᠩᠨᠠᠯ ᠳᠣᠰᠣᠬᠰᠠᠨ ᠥᠯᠢᠬᠡᠷ ᠣᠴᠢᠷ᠎ᠢ ᠰᠣᠨᠣᠰᠤᠭᠠᠳ ᠰᠣᠷᠪᠣᠯᠵᠢᠯᠠᠬᠴᠢ᠎ᠶᠢᠨ ᠰᠣᠨᠢᠷᠬᠠᠯ᠎ᠢ ᠲᠠᠳᠠᠬᠰᠠᠨ ᠪᠠᠶᠢᠯ᠎ᠠ ᠃

1 ᠰᠠᠷ᠎ᠠ᠎ᠶᠢᠨ ᠡᠬᠢᠨ᠎ᠤ ᠨᠢᠬᠡᠨ ᠬᠥᠢᠳᠡᠨ ᠡᠳᠣᠷ ᠪᠠᠢᠬᠰᠠᠨ ᠰᠠᠨ ᠃ ᠰᠣᠷᠪᠣᠯᠵᠢᠯᠠᠬᠴᠢ ᠬᠣᠰᠢᠭᠣᠨ ᠳᠥᠪ ᠰᠢᠨᠠᠪᠠᠯᠭᠠᠰᠣ᠎ᠡᠴᠠ ᠮᠣᠷᠳᠠᠵᠣ ᠂ ᠰᠢᠨᠠᠪᠣᠯᠠᠬ ᠭᠠᠴᠠᠭᠠᠨ᠎ᠤ ᠮᠠᠯᠴᠢᠨ ᠰᠠᠢᠨᠪᠠᠶᠠᠷ᠎ᠤᠨ ᠬᠡᠷ᠎ᠢ ᠴᠢᠭᠯᠡᠵᠣ ᠪᠢᠯᠡ ᠃ ᠪᠢᠳᠡ ᠰᠠᠶᠢᠨᠪᠠᠶᠠᠷ᠎ᠤᠨ ᠰᠠᠭᠤᠷᠢᠰᠢᠯ᠎ᠤᠨ ᠭᠠᠳᠠᠨ᠎ᠠ ᠬᠥᠷᠬᠥ᠎ᠳ᠋ᠤ ᠲᠡᠷᠡ ᠮᠠᠨᠤᠰ᠎ᠢ ᠤᠭᠲᠤᠨ ᠠᠪᠤᠯ᠎ᠠ ᠃ ᠬᠡᠷ᠎ᠲᠤᠨᠢ ᠣᠷᠣᠪᠠᠯ ᠬᠠᠨ᠎ᠠ ᠲᠠᠭᠠᠭᠣᠯᠣᠨ ᠡᠷᠢᠶᠡᠯᠵᠡᠲᠡᠯ᠎ᠡ ᠬᠠᠲᠠᠭᠰᠠᠨ ᠱᠠᠩᠨᠠᠯ᠎ᠤᠨ ᠫᠠᠶᠢᠰᠠ ᠥᠨᠡᠮᠯᠠᠯ᠎ᠤᠳ ᠶᠠᠭᠠᠬᠢᠬᠤ᠎ᠶᠢᠨ ᠠᠷᠭ᠎ᠠ ᠥᠬᠡᠢ ᠬᠠᠷᠠᠭ᠎ᠠ ᠪᠤᠯᠢᠶᠠᠨ᠎ᠠ ᠃

QQ图片20210119095242.png


2011 ᠤᠨ ᠪᠤᠯ ᠰᠠᠶᠢᠨᠪᠠᠶᠠᠷ᠎ᠤᠨ ᠠᠩᠬ᠎ᠠ ᠤᠲᠠᠭ᠎ᠠ ᠱᠠᠩᠨᠠᠯ ᠲᠤᠰᠤᠭᠰᠨᠨ ᠵᠢᠯ ᠪᠤᠯᠤᠨ᠎ᠠ ᠃ ᠲᠠᠬᠦᠨ᠎ᠡᠴᠠ ᠬᠤᠶᠢᠰᠢ ᠰᠠᠶᠢᠨᠪᠠᠶᠠᠷ᠎ᠤᠨ ᠱᠠᠩᠨᠠᠯ᠎ᠤᠨ ᠤᠭᠤᠲᠠᠨ ᠠᠮᠠᠰᠠᠷ ᠨᠡᠬᠡᠬᠡᠭᠲᠡᠭᠰᠡᠨ ᠬᠡᠮᠡᠷ ᠵᠢᠯ ᠪᠤᠯᠭᠠᠨ ᠬᠡᠲᠥᠨ ᠠᠷᠪᠠᠨ ᠲᠠᠯᠠᠪᠤᠷ ᠮᠤᠷᠢᠨ ᠤᠷᠤᠯᠲᠤᠭᠠᠨ᠎ᠳ᠋ᠤ ᠤᠷᠤᠯᠴᠠᠵᠤ ᠂ ᠤᠷᠤᠯᠴᠠᠬᠤ ᠪᠥᠷᠢ ᠡᠩᠬᠡᠷ ᠲᠥᠬᠦᠷᠡᠩ ᠱᠠᠩᠨᠠᠯ᠎ᠤᠨ ᠲᠡᠮᠲᠡᠭ ᠲᠤᠰᠤᠭᠰᠠᠭᠠᠷ ᠨᠢᠳᠤᠨᠤᠠ ᠪᠤᠯᠬᠤ᠎ᠳ᠋ᠤ ᠰᠠᠶᠢᠨᠪᠠᠶᠠᠷ᠎ᠤᠨ ᠤᠯᠠᠭᠠᠨ ᠬᠠᠪᠲᠠᠰᠤᠨ ᠱᠠᠩᠨᠠᠯ᠎ᠤᠨ ᠲᠡᠪᠲᠡᠷ ᠂ ᠰᠢᠯ ᠴᠤᠮᠤ ᠂ ᠲᠡᠮᠥᠷ ᠂ ᠵᠡᠰ ᠂ ᠲᠤᠭᠤᠯᠠᠭ᠎ᠠ ᠂ ᠭᠠᠤᠯᠢ ᠵᠡᠷᠬᠡ᠎ᠪᠠᠷ ᠬᠢᠭᠰᠡᠨ ᠱᠠᠩᠨᠠᠯ᠎ᠤᠨ ᠲᠡᠮᠲᠡᠭ᠎ᠤᠨ ᠲᠤᠭ᠎ᠠ 400᠎ᠶᠢ ᠲᠠᠪᠠᠵᠤ ᠂ ᠵᠤᠴᠢᠨ᠎ᠤ ᠥᠷᠥᠬᠡᠨ᠎ᠤ ᠬᠠᠨ᠎ᠠ᠎ᠡᠴᠠ ᠤᠨᠲᠠᠯᠭ᠎ᠠ᠎ᠶᠢᠨ ᠥᠷᠥᠬᠡᠨ᠎ᠤ ᠬᠠᠨ᠎ᠠ ᠂ ᠬᠤᠭᠤᠯᠠᠨ ᠲᠢᠩᠬᠢᠮ᠎ᠤᠨ ᠬᠠᠨ᠎ᠠ ᠬᠦᠷᠲᠡᠯ᠎ᠡ ᠲᠠᠯᠪᠢᠭᠰᠠᠨ ᠱᠠᠩᠨᠠᠯ᠎ᠤᠳ᠎ᠨᠢ ᠰᠠᠶᠢᠨᠪᠠᠶᠠᠷ᠎ᠤᠨ ᠬᠡᠷ ᠪᠠᠶᠢᠰᠢᠩ᠎ᠳ᠋ᠤ ᠥᠡᠭᠬᠡ ᠬᠡᠷᠡᠯ ᠨᠡᠮᠡᠷᠢᠯᠡᠨ᠎ᠠ ᠃

ᠰᠠᠶᠢᠨᠪᠠᠶᠠᠷ ᠬᠠᠷᠠᠬᠠᠨ ᠪᠠᠭ᠎ᠠ᠎ᠡᠴᠠ᠎ᠪᠠᠨ ᠮᠤᠷᠢ ᠤᠨᠤᠬᠤ ᠲᠤᠷᠠᠲᠠᠢ ᠂ ᠮᠤᠷᠢᠨ ᠨᠢᠷᠤᠭᠤᠨ ᠲᠡᠬᠡᠷ᠎ᠡ ᠲᠤᠭᠲᠠᠵᠤ ᠡᠬᠢᠯᠡᠭᠰᠡᠨ ᠲᠡᠷᠡ ᠴᠠᠭ᠎ᠡᠴᠠ ᠠᠶᠢᠯ ᠠᠶᠢᠮᠠᠭ᠎ᠤᠨ᠎ᠢᠶᠡᠨ ᠮᠤᠷᠢ᠎ᠶᠢ ᠤᠨᠤᠵᠤ ᠤᠨᠤᠭᠠᠴᠢᠨ ᠴᠤᠯᠠ ᠤᠯᠤᠭᠰᠠᠨ ᠶᠤᠮ ᠂ ᠰᠡᠬᠦᠯᠲᠡᠵᠤ ᠢᠷᠡᠬᠡᠳ ᠠᠶᠢᠯ ᠠᠶᠢᠮᠠᠭ᠎ᠬᠢᠨ᠎ᠨᠢ ︽ ᠮᠢᠨᠤ ᠮᠤᠷᠢ᠎ᠶᠢ ᠤᠨᠤᠭᠠᠳ ᠤᠪᠤᠭᠠᠨ ᠨᠠᠶᠢᠷ᠎ᠲᠤ ᠤᠷᠤᠯᠴᠠᠭᠠᠳ ᠥᠭᠬᠦᠨ᠎ᠠ ‍ᠤᠤ ︖ ︾ ᠭᠡᠰᠡᠨ ᠬᠦᠰᠡᠯ ᠭᠤᠶᠤᠯᠲᠠ᠎ᠪᠠᠷ ᠨᠠᠶᠢᠷ ᠨᠠᠭᠠᠲᠤᠮ᠎ᠢ ᠬᠥᠯᠢᠶᠡᠵᠤ ᠶᠠᠲᠠᠨ ᠰᠠᠭᠤᠲᠠᠭ ᠪᠤᠯᠵᠤ ᠂ ᠠᠶᠢᠯ᠎ᠤᠨ ᠮᠤᠷᠢ᠎ᠶᠢ ᠤᠨᠤᠵᠤ ᠬᠥᠮᠥᠨ᠎ᠤ ᠱᠠᠩᠨᠠᠯ᠎ᠢ ᠲᠤᠰᠴᠤ ᠪᠠᠭ᠎ᠠ ᠨᠠᠰᠤ᠎ᠪᠠᠨ ᠥᠡᠭᠬᠡᠷᠡᠬᠡᠭᠰᠡᠨ ᠲᠡᠣᠬᠡ᠎ᠲᠠᠢ ᠃ ᠬᠤᠷᠢᠭᠠᠳ ᠨᠠᠰᠤ ᠬᠥᠷᠬᠦ᠎ᠪᠠᠷ ᠥᠪᠡᠷ᠎ᠤᠨ ᠭᠡᠰᠡᠨ ᠮᠤᠷᠢ᠎ᠲᠠᠢ ᠪᠤᠯᠵᠤ ᠂ ᠢᠲᠡᠵᠤ ᠤᠤᠭᠤᠬᠤ᠎ᠪᠠᠨ ᠮᠠᠷᠲᠠᠵᠤ ᠂ ᠮᠤᠷᠢ᠎ᠲᠠᠢ᠎ᠪᠠᠨ ᠨᠤᠴᠤᠯᠳᠤᠵᠤ ᠶᠠᠪᠤᠬᠤ ᠪᠤᠯᠵᠡᠢ ᠃ ︽ ᠪᠢ ᠠᠩᠬ᠎ᠠ ᠡᠬᠢᠯᠡᠬᠡᠳ ᠬᠡᠳᠣᠨ ᠮᠣᠷᠢ᠎ᠲᠠᠢ ᠪᠠᠢᠬᠰᠠᠨ ᠂ ᠣᠯᠠᠨ ᠮᠣᠷᠢ᠎ᠲᠠᠢ ᠪᠣᠯ ᠣᠯᠠᠨ ᠱᠠᠩᠨᠠᠯ ᠠᠪᠣᠨ᠎ᠠ ᠬᠡᠵᠣ ᠪᠣᠳᠣᠭᠠᠳ ᠨᠢᠬᠡ ᠯᠡ ᠲᠡᠬᠡᠷ᠎ᠠ 11 ᠮᠤᠷᠢ ᠬᠤᠲᠠᠯᠲᠤᠨ ᠠᠪᠴᠤ ᠠᠷᠠᠴᠢᠯᠠᠨ ᠰᠤᠷᠭᠠᠵᠤ ᠡᠬᠢᠯᠡᠪᠠ ᠃ ᠬᠡᠪᠡᠴᠥ ᠪᠣᠳᠠᠳᠣ ᠣᠴᠢᠷ ᠬᠠᠷᠢᠨ ᠮᠢᠨᠥ ᠪᠣᠳᠣᠯ᠎ᠢᠶᠠᠷ ᠪᠣᠯᠣᠬᠰᠠᠨ ᠥᠬᠡᠢ ᠂ ᠲᠡᠬᠡᠬᠡᠳ ᠬᠡᠲᠥ ᠤᠲᠠᠭᠠᠨ᠎ᠤ ᠨᠠᠶᠢᠷ ᠨᠠᠭᠠᠲᠤᠮ᠎ᠢᠶᠠᠷ ᠲᠠᠮᠵᠢᠭᠠᠳ ᠡᠨᠡ ᠪᠣᠳᠣᠯ ᠮᠢᠨᠢ ᠬᠤᠪᠢᠷᠠᠵᠤ ᠂ ᠲᠤᠭ᠎ᠠ᠎ᠨᠢ ᠤᠯᠠᠨ ᠪᠠᠶᠢᠯ᠎ᠠ ᠴᠤ ᠴᠢᠨᠠᠷ᠎ᠨᠢ ᠠᠨᠠᠢ ᠪᠤᠯ ᠶᠠᠭᠤ ᠴᠤ ᠪᠢᠰᠢ ᠬᠡᠲᠡᠭ᠎ᠢ ᠤᠶᠢᠯᠠᠭᠠᠵᠤ ᠮᠡᠲᠡᠯ᠎ᠠ ︾ ᠬᠡᠵᠣ ᠰᠠᠢᠨᠪᠠᠶᠠᠷ ᠰᠣᠷᠪᠣᠯᠵᠢᠯᠠᠬᠴᠢ᠎ᠳ᠋ᠤ ᠮᠣᠷᠢ ᠠᠷᠠᠴᠢᠯᠠᠵᠣ ᠶᠠᠪᠣᠬᠰᠠᠨ ᠨᠣᠭᠣᠷᠠᠯ ᠪᠥᠳᠥᠷᠢᠯ᠎ᠢᠶᠡᠨ ᠲᠡᠯᠬᠡᠨ᠎ᠠ ᠃ ᠰᠡᠬᠥᠯᠡᠷ᠎ᠨᠢ ᠂ ᠲᠡᠷᠡ 11 ᠮᠤᠷᠢ᠎ᠪᠠᠨ ᠴᠥᠬᠡᠴᠢᠯᠡᠬᠡᠳ 6 ᠮᠤᠷᠢ ᠪᠤᠯᠭᠠᠵᠤ ᠂ ᠴᠢᠨᠠᠷ᠎ᠢ᠎ᠨᠢ ᠲᠡᠬᠡᠭᠰᠢᠯᠡᠬᠦᠯᠬᠦ ᠲᠡᠬᠡᠷ᠎ᠡ ᠬᠥᠴᠥ ᠲᠠᠯᠪᠢᠠ ᠂ ᠮᠤᠷᠢ᠎ᠪᠠᠨ ᠪᠤᠷᠲᠤᠵᠤ ᠲᠡᠵᠢᠬᠡᠬᠦ᠎ᠡᠴᠠ ᠡᠬᠢᠯᠡᠬᠡᠳ ᠰᠤᠷᠭᠠᠵᠤ ᠲᠤᠲᠤᠮᠲᠠᠬᠤ ᠬᠥᠷᠲᠡᠯ᠎ᠡ ᠥᠪᠡᠷ᠎ᠢᠶᠡᠨ ᠬᠥᠢᠴᠡᠳᠬᠡᠵᠤ ᠡᠬᠢᠯᠡᠪᠡ ᠃ ᠲᠡᠷᠡ ᠡᠨᠡ ᠬᠥ ᠬᠤᠭᠤᠴᠠᠭᠠᠨ᠎ᠳ᠋ᠤ ᠪᠤᠲᠠᠲᠤ ᠥᠢᠯᠡᠲᠥᠯᠬᠡ᠎ᠡᠴᠠ ᠲᠤᠷᠰᠢᠯᠭ᠎ᠠ ᠰᠤᠷᠭᠠᠮᠵᠢ ᠬᠤᠷᠠᠮᠲᠤᠭᠤᠯᠵᠤ ᠂ ᠬᠤᠵᠢᠮ᠎ᠤᠨ ᠨᠡᠷ᠎ᠡ ᠴᠤᠤ᠎ᠲᠠᠢ ᠤᠶᠠᠭᠠᠴᠢᠨ ᠪᠤᠯᠬᠤ᠎ᠳᠠᠭᠠᠨ ᠰᠠᠭᠤᠷᠢ ᠲᠠᠯᠪᠢᠵᠡᠢ ᠃

QQ图片20210119095253.png

ᠰᠠᠶᠢᠨᠪᠠᠶᠠᠷ ᠭᠤᠴᠢ ᠬᠥᠷᠬᠦ ᠨᠠᠰᠤᠨ᠎ᠳᠠᠭᠠᠨ ᠤᠶᠠᠭᠠᠴᠢ ᠴᠤᠯᠠ ᠬᠥᠷᠲᠡᠭᠰᠡᠨ᠎ᠡᠴᠠ ᠬᠤᠨᠢ ᠢᠮᠠᠭ᠎ᠠ᠎ᠪᠠᠨ ᠴᠥᠬᠡᠴᠢᠯᠡᠵᠤ ᠂ ᠲᠤᠰᠬᠠᠶᠢᠯᠠᠨ ᠮᠤᠷᠢ ᠠᠷᠠᠴᠢᠯᠠᠵᠤ ᠰᠤᠷᠭᠠᠬᠤ᠎ᠪᠠᠷ ᠭᠤᠤᠯᠳᠠᠭᠤᠯᠪᠠ ᠃ ᠢᠡᠭᠬᠢᠭᠰᠡᠨ᠎ᠡᠴᠠ ᠬᠤᠶᠢᠰᠢ ᠂ ᠰᠠᠶᠢᠨᠪᠠᠶᠠᠷ᠎ᠤᠨ ᠮᠤᠷᠢᠨ᠎ᠤ ᠨᠠᠶᠢᠷ ᠨᠠᠭᠠᠲᠤᠮ᠎ᠳ᠋ᠤ ᠤᠷᠤᠯᠴᠠᠬᠤ ᠪᠤᠯᠭᠠᠨ ᠱᠠᠩᠨᠠᠯ ᠲᠤᠰᠬᠤ ᠨᠤᠷᠮ᠎ᠠ᠎ᠨᠢ ᠲᠡᠬᠡᠭᠰᠢᠯᠡᠵᠤ ᠂ ᠰᠡᠬᠦᠯᠲᠡᠵᠤ ᠢᠷᠡᠬᠡᠳ ᠪᠠᠷᠤᠭ ᠮᠤᠷᠢ ᠪᠤᠯᠭᠠᠨ᠎ᠨᠢ ᠱᠠᠩᠨᠠᠯ ᠲᠤᠰᠳᠠᠭ ᠪᠤᠯᠵᠤ ᠂ ᠬᠤᠯᠠ ᠤᠶᠢᠷ᠎ᠠ᠎ᠳᠠᠭᠠᠨ ᠠᠯᠲᠠᠷᠰᠢᠵᠠᠢ ᠃ ᠡᠨᠡ ᠮᠡᠲᠥ᠎ᠪᠠᠷ ᠰᠤᠷᠭᠠᠵᠤ ᠲᠤᠲᠤᠮᠲᠠᠭᠰᠠᠨ ᠮᠤᠷᠢ᠎ᠨᠢ ᠰᠠᠶᠢᠪᠠᠶᠠᠷ᠎ᠲᠤ ᠵᠤᠷᠢᠭ ᠬᠥᠪᠴᠢᠯᠡᠵᠤ ᠂ ᠬᠡᠶᠢᠮᠤᠷᠢ ᠰᠡᠷᠬᠦᠬᠡᠭᠰᠡᠨ᠎ᠢᠶᠠᠷ ᠲᠡᠷᠡ ᠵᠡᠷᠬᠡᠯᠡᠲᠡᠭᠡ ᠬᠤᠰᠢᠭᠤ ᠬᠤᠲᠠ ᠪᠤᠶᠤ ᠤᠷᠤᠨ ᠠᠶᠢᠮᠠᠭ ᠠᠯᠤᠰᠯᠠᠭᠰᠠᠨ ᠨᠠᠶᠢᠷ ᠨᠠᠭᠠᠲᠤᠮ᠎ᠳ᠋ᠤ ᠤᠷᠤᠯᠴᠠᠬᠤ ᠵᠤᠷᠢᠭ ᠤᠷᠤᠵᠤ ᠪᠠᠷᠠᠭᠤᠨᠰᠢ ᠰᠥᠪᠸᠢ ᠂ ᠵᠡᠬᠦᠨᠰᠢ ᠲᠥᠡᠭᠯᠢᠶᠤᠤ ᠂ ᠡᠮᠥᠨᠡᠰᠢ ᠱᠠᠨ ᠰᠢ ᠂ ᠬᠤᠶᠢᠰᠢ ᠤᠷᠠᠳ᠎ᠤᠨ ᠬᠤᠶᠢᠲᠤ ᠬᠤᠰᠢᠭᠤᠨ᠎ᠳ᠋ᠤ ᠬᠥᠷᠴᠥ ᠂ ᠪᠥᠲᠥᠨ ᠵᠢᠯ᠎ᠢᠶᠠᠷ ᠮᠤᠷᠢᠨ ᠤᠷᠤᠯᠲᠤᠭᠠᠨ᠎ᠳ᠋ᠤ ᠤᠷᠤᠯᠴᠠᠵᠤ ᠂ ᠤᠷᠤᠯᠴᠠᠬᠤ ᠪᠥᠷᠢ ᠱᠠᠩᠨᠠᠯ᠎ᠢᠶᠠᠷ ᠡᠩᠬᠡᠷ᠎ᠢᠶᠡᠨ ᠮᠢᠯᠢᠶᠠᠯᠭᠠᠵᠤ ᠤᠶᠠᠭᠠᠴᠢ ᠨᠡᠷ᠎ᠡ᠎ᠪᠠᠨ ᠲᠠᠮᠠᠭᠠᠯᠠᠭᠤᠯᠵᠤ ᠶᠠᠪᠤᠯ᠎ᠠ ᠃ ᠣᠳᠣ ᠲᠡᠷᠡ ᠡᠳᠡᠬᠡᠷ ᠱᠠᠩᠨᠠᠯ᠎ᠢᠶᠡᠨ ᠪᠥᠬᠦᠲᠡ᠎ᠶᠢ ᠬᠠᠨ᠎ᠠ ᠲᠡᠬᠡᠷ᠎ᠡ᠎ᠪᠠᠨ ᠵᠡᠷᠬᠡᠴᠡᠬᠦᠯᠥᠨ ᠡᠯᠬᠦᠬᠡᠳ ᠭᠣᠶᠣ ᠰᠠᠢᠬᠠᠨ ᠬᠥᠳᠡᠬᠡ ᠳᠣᠰᠬᠣᠨ᠎ᠳ᠋ᠤ ᠥᠩᠬᠡ ᠬᠡᠷᠡᠯ ᠨᠡᠮᠡᠷᠢᠯᠡᠵᠥ ᠶᠠᠪᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面