2021-02-08 11:36:27

ᠲᠠᠨᠠᠨ ᠴᠠᠭᠠᠨ ᠮᠣᠩᠭᠤᠯ ᠭᠡᠷ ᠂ ᠤᠷᠭ᠎ᠠ ᠪᠠᠷᠢᠭᠰᠠᠨ ᠠᠳᠤᠭᠤᠴᠢᠨ ᠂ ᠮᠠᠭᠰᠢᠨ ᠲᠠᠪᠢᠬᠦ ᠬᠦᠴᠦᠳᠦ ᠪᠦᠬᠡ ᠂ ᠬᠤᠨᠢ ᠮᠠᠯ᠎ᠤᠨ ᠰᠦᠷᠦᠭ ᠂ ᠠᠭᠤᠳᠠᠮ ᠨᠤᠳᠤᠭ᠎ᠤᠨ ᠠᠭᠤᠯᠠ ᠤᠰᠤ ᠁ ᠨᠡᠬᠦᠳᠡᠯ ᠮᠠᠯᠵᠢᠯ᠎ᠤᠨ ᠠᠮᠢᠳᠣᠷᠠᠯ᠎ᠤᠨ ᠡᠯᠧᠮᠧᠨ᠋ᠲ ᠪᠦᠬᠦᠨ ᠪᠤᠯ ᠨᠠᠴᠢᠨᠤ ᠵᠢᠷᠤᠭ ᠤᠷᠠᠯᠠᠯ᠎ᠤᠨ ᠬᠢᠨᠢ ᠰᠦᠭ ᠰᠦᠨᠡᠰᠦ ᠠᠵᠢ ᠃ ᠨᠡᠬᠦᠳᠡᠯ ᠠᠮᠢᠳᠤᠷᠠᠯ ᠰᠤᠶᠤᠯᠡᠴᠠᠪᠠᠨ ᠪᠦᠳᠦᠭᠡᠯᠴᠢ᠎ᠪᠠᠷ ᠰᠡᠳᠬᠢᠮᠵᠢ ᠮᠡᠳᠡᠷᠡᠮᠵᠢ ᠠᠪᠴᠣ ᠮᠦᠩᠭᠦᠨ ᠵᠠᠰᠠᠯ ᠴᠢᠮᠡᠭᠯᠡᠯ᠎ᠤᠨ ᠵᠢᠷᠤᠭ ᠲᠦᠰᠦᠪᠯᠡᠯ ᠬᠢᠵᠣ ᠶᠠᠪᠣᠭ᠎ᠠ ᠨᠠᠴᠢᠨ ︽ ᠮᠣᠩᠭᠤᠯ ᠪᠦᠭᠡ ︾᠎ᠪᠠᠷ ᠬᠠᠳᠠᠭᠤ ᠪᠡᠷᠭᠡ᠎ᠶᠢ ᠢᠯᠠᠨ ᠳᠠᠪᠠᠵᠣ ᠡᠷᠡᠯᠬᠡᠭᠯᠡᠨ ᠣᠷᠣᠭᠰᠢᠯᠠᠬᠤ ᠵᠣᠷᠢᠭ ᠰᠠᠨᠠᠭ᠎ᠠ᠎ᠶᠢ ᠢᠯᠡᠷᠬᠡᠶᠢᠯᠡᠬᠦ ᠂ ︽ ᠳᠠᠪᠣᠨ ᠮᠦᠰᠣ ︾᠎ᠪᠠᠷ ᠨᠥᠬᠦᠷᠯᠡᠯ ᠬᠢᠬᠡᠳ ᠵᠣᠷᠢᠭᠲᠠᠢ᠎ᠪᠠᠷ ᠨᠡᠭᠡᠭᠡᠯᠲᠡ ᠬᠢᠬᠦ᠎ᠶᠢ ᠪᠡᠯᠬᠡᠳᠡᠬᠦ ᠁ ᠣᠯᠠᠨ ᠦᠯᠢᠭᠡᠷ ᠣᠳᠬ᠎ᠠ᠎ᠲᠠᠢ ᠮᠦᠩᠭᠦᠨ ᠵᠠᠰᠠᠯ ᠴᠢᠮᠡᠭᠯᠡᠯ᠎ᠤᠨ ᠰᠢᠨ᠎ᠡ ᠰᠢᠨ᠎ᠡ ᠪᠦᠳᠦᠭᠡᠭᠳᠡᠬᠦᠨ᠎ᠢ ᠤᠷᠠᠯᠠᠵᠦ ᠭᠠᠷᠭᠠᠬᠰᠠᠨᠢᠶᠠᠷᠢᠶᠡᠨ ᠤᠯᠠᠨ᠎ᠤ ᠠᠩᠬᠠᠷᠤᠯ᠎ᠢ ᠲᠠᠳᠠᠵᠦ ᠪᠠᠶᠢᠭ᠎ᠠ ᠶᠤᠮ ᠃
ᠨᠠᠴᠢᠨ ᠪᠣᠯ ᠠᠯᠠᠱᠠ ᠪᠠᠷᠠᠭᠤᠨ ᠬᠤᠰᠢᠭᠤᠨ᠎ᠤ ᠤᠤᠭᠠᠯ ᠃ ᠪᠠᠭ᠎ᠠ᠎ᠡᠴᠠ᠎ᠪᠠᠨ ᠬᠦᠳᠡᠭᠡ ᠨᠣᠳᠤᠭ᠎ᠲᠤ ᠦᠰᠴᠣ ᠪᠤᠢᠵᠢᠭᠠ ᠦᠭᠡᠢ ᠪᠣᠯᠪᠠᠴᠣ ᠮᠠᠯᠵᠢᠬᠤ ᠠᠮᠢᠳᠣᠷᠠᠯ᠎ᠲᠠᠢ ᠪᠠᠶᠢᠩᠭᠤ ᠤᠶᠢᠷᠠᠬᠠᠨ ᠪᠠᠶᠢᠭᠰᠠᠨ ᠂ ᠭᠡᠳᠦ᠋ᠢᠪᠡᠷ ᠮᠣᠩᠭᠤᠯ ᠦᠰᠦᠭ᠎ᠢᠶᠡᠨ ᠪᠢᠴᠢᠵᠣ ᠴᠢᠳᠠᠬᠤ ᠦᠭᠡᠢ ᠪᠣᠯᠪᠠᠴᠣ ᠮᠣᠩᠭᠤᠯ ᠦᠭᠡ᠎ᠪᠠᠨ ᠣᠷᠣᠰᠣᠮ᠎ᠠ ᠰᠠᠶᠢᠬᠠᠨ ᠶᠠᠷᠢᠴᠢᠬᠠᠳᠠᠭ ᠵᠠᠯᠠᠭᠤ ᠃ ᠭᠡᠴᠢᠨᠠᠨ ᠵᠢᠯ ᠳᠡᠷᠡ᠎ᠪᠠᠷ ᠬᠢᠳᠠᠳ ᠰᠣᠷᠭᠠᠭᠤᠯᠢ᠎ᠳ᠋ᠤ ᠰᠠᠭᠤᠵᠤ ᠡᠷᠳᠡᠮ ᠰᠤᠶᠤᠯ᠎ᠤᠨ ᠮᠦᠷ᠎ᠢ ᠬᠦᠭᠡᠭᠡᠵᠦ ᠶᠠᠪᠤᠪᠠ ᠃ ᠶᠡᠭᠡ ᠰᠤᠷᠭᠠᠭᠤᠯᠢ᠎ᠳ᠋ᠤ ᠪᠠᠢᠬᠤ᠎ᠳᠠᠭᠠᠨ ᠪᠠᠭᠰᠢ᠎ᠶᠢᠨ᠎ᠢᠶᠡᠨ ᠨᠦᠯᠦᠭᠡ᠎ᠪᠠᠷ ᠦᠨᠳᠦᠰᠦᠳᠡᠨ᠎ᠤ ᠲᠡᠦᠭᠡ ᠰᠤᠶᠤᠯ᠎ᠢ ᠠᠩᠬᠠᠷᠤᠯ᠎ᠳᠠᠭᠠᠨ ᠠᠪᠬᠤ ᠪᠤᠯᠤᠭᠰᠠᠨ ᠪᠦᠭᠡᠳ ᠮᠣᠩᠭᠤᠯ ᠭᠡᠯᠡᠨ᠎ᠤ ᠪᠠᠭᠰᠢ ᠵᠠᠯᠠᠵᠣ ᠮᠣᠩᠭᠤᠯ ᠦᠰᠦᠭ ᠪᠢᠴᠢᠭ᠎ᠢᠶᠡᠨ ᠴᠦ ᠰᠣᠷᠴᠣ ᠡᠬᠢᠯᠡᠭᠰᠡᠨ ᠪᠠᠶᠢᠨ᠎ᠠ ᠃ ᠡᠨᠡ᠎ᠨᠢ ᠳᠡᠬᠦᠨ᠎ᠤ ᠠᠵᠢᠯ ᠣᠶᠢᠯᠡᠰ᠎ᠤᠨ ᠬᠢᠨᠢ ᠠᠯᠳᠠᠨ ᠲᠦᠷᠦᠬᠡ ᠪᠤᠯᠤᠭᠰᠠᠨ ᠭᠡᠯᠳᠡᠢ ᠃
ᠨᠠᠴᠢᠨ ᠠᠷᠠᠰᠣᠨ ᠰᠡᠶᠢᠯᠣᠮᠡᠯ᠎ᠳ᠋ᠤ ᠴᠦ ᠳᠣᠷ᠎ᠠ ᠪᠠᠬᠠᠲᠠᠢ ᠂ ᠳᠡᠷᠡ᠎ᠪᠠᠷ ᠶᠡᠭᠡ ᠰᠣᠷᠭᠠᠭᠤᠯᠢ᠎ᠶᠢᠨ᠎ᠢᠶᠡᠨ ᠰᠣᠩᠭᠤᠨ ᠰᠣᠷᠬᠤ ᠬᠢᠴᠢᠶᠡᠯᠡᠴᠠᠤᠷᠮᠠ ᠲᠦᠷᠦᠵᠦ ᠂ ᠰᠦᠯᠵᠢᠶᠡᠨ ᠲᠡᠭᠡᠷ᠎ᠡ ᠦᠪᠡᠷ᠎ᠢᠶᠡᠨ ᠰᠣᠷᠬᠤ ᠂ ᠳᠣᠰᠬᠠᠢ ᠨᠠᠨᠵᠢᠩ᠎ᠳ᠋ᠤ ᠬᠦᠷᠴᠣ ᠬᠠᠭᠠᠰ ᠰᠠᠷ᠎ᠠ᠎ᠶᠢᠨ ᠬᠤᠭᠤᠴᠠᠭ᠎ᠠ᠎ᠪᠠᠷ ᠰᠣᠷᠴᠣ ᠪᠠᠶᠢᠭᠰᠠᠨ ᠦᠩᠭᠡᠷᠡᠯᠳᠡ᠎ᠲᠠᠢ ᠃ 2013 ᠣᠨ᠎ᠳ᠋ᠤ ᠦᠪᠦᠷ ᠮᠣᠩᠭᠤᠯ᠎ᠤᠨ ᠪᠠᠭᠰᠢ᠎ᠶᠢᠨ ᠶᠡᠭᠡ ᠰᠣᠷᠭᠠᠭᠤᠯᠢ᠎ᠡᠴᠠ ᠳᠡᠬᠦᠰᠦᠭᠰᠡᠨᠤ ᠳᠠᠷᠠᠭ᠎ᠠ ᠨᠠᠴᠢᠨ ᠣᠶᠢᠯᠡᠰ ᠪᠤᠰᠬᠠᠬᠤ ᠵᠠᠮ᠎ᠢᠶᠡᠨ ᠡᠷᠢᠯᠬᠢᠯᠡᠭᠰᠡᠨ ᠪᠠᠶᠢᠵᠡᠢ ᠃ ᠨᠠᠴᠢᠨ ᠠᠷᠠᠰᠣᠨ ᠰᠠᠶᠢᠯᠣᠮᠠᠯ ᠂ ᠮᠦᠩᠭᠦᠨ ᠡᠳ᠋ᠯᠡᠯ ᠂ ᠱᠠᠭᠠᠵᠠᠩ ᠰᠠᠪᠠ᠎ᠶᠢ ᠭᠡᠷᠡᠭᠯᠡᠭᠴᠢᠳ᠎ᠢᠶᠠᠷ ᠪᠡᠶᠡᠴᠢᠯᠡᠨ ᠬᠢᠯᠭᠡᠬᠦ ᠳᠣᠰᠬᠠᠢ ᠳᠡᠯᠭᠡᠬᠦᠷ ᠭᠠᠷᠭᠠᠵᠣ ᠪᠠᠶᠢᠭᠰᠠᠨ ᠂ ᠡᠬᠦᠨ᠎ᠡᠴᠠ᠎ᠪᠠᠨ ︽ ᠨᠠᠴᠢᠨᠤ ᠠᠵᠢᠯᠯᠠᠬᠤ ᠦᠷᠦᠭᠡ ︾᠎ᠪᠠᠨ ᠭᠠᠷᠭᠠᠵᠣ ᠂ ᠠᠷᠠᠰᠣᠨ ᠰᠠᠶᠢᠯᠣᠮᠠᠯ᠎ᠤᠨ ᠪᠦᠳᠦᠭᠡᠭᠳᠡᠬᠦᠨ ᠬᠢᠵᠣ ᠬᠤᠳᠠᠯᠳᠣᠳᠠᠭ ᠪᠤᠯᠤᠯ᠎ᠠ ᠃ ᠣᠳᠣ ᠳᠡᠷᠡ ᠬᠦᠬᠡᠬᠤᠳᠠ᠎ᠳ᠋ᠤ ᠦᠪᠦᠷ ᠮᠣᠩᠭᠤᠯ᠎ᠤᠨ ᠯᠠᠨ ᠰᠠ ᠰᠣᠶᠣᠯ ᠵᠠᠭᠤᠴᠢᠯᠠᠭᠤᠷ᠎ᠤᠨ ᠬᠢᠵᠠᠭᠠᠷᠲᠤ ᠺᠣᠮᠫᠠᠨᠢ ᠪᠠᠢᠭᠤᠯᠵᠤ ᠂ ᠳᠣᠰᠬᠠᠢ ᠵᠢᠷᠤᠭ ᠲᠦᠰᠦᠪᠯᠡᠯ᠎ᠤᠨ ᠠᠵᠢᠯ᠎ᠢ ᠭᠠᠷᠳᠠᠨ ᠬᠢᠵᠣ ᠂ ᠺᠣᠮᠫᠠᠨᠢ᠎ᠶᠢᠨ ᠪᠦᠳᠦᠭᠡᠭᠳᠡᠬᠦᠨ ᠵᠢᠴᠢ ᠣᠯᠠᠨ ᠳᠦᠷᠦᠯ᠎ᠤᠨ ᠵᠢᠷᠤᠭ ᠳᠦᠰᠦᠪᠯᠡᠭᠡ ᠬᠢᠵᠣ ᠂ ᠳᠡᠯᠭᠡᠨ ᠦᠵᠡᠬᠦᠯᠭᠡ᠎ᠶᠢᠨ ᠲᠦᠰᠤᠪ ᠂ ᠰᠣᠶᠣᠯ ᠣᠷᠠᠯᠢᠭ᠎ᠤᠨ ᠰᠣᠯᠢᠯᠴᠠᠭᠠᠨ᠎ᠤ ᠠᠵᠢᠯᠯᠠᠭ᠎ᠠ᠎ᠶᠢᠨ ᠤᠬᠠᠭᠤᠯᠭ᠎ᠠ ᠂ ᠠᠵᠣ ᠠᠬᠤᠶᠢᠯᠠᠯ᠎ᠤᠨ ᠪᠣᠷᠣᠯᠠᠭᠤᠯᠬᠤ ᠳᠦᠰᠦᠪ ᠂ ᠵᠠᠷ ᠮᠡᠳᠡᠭᠡ ᠵᠢᠷᠣᠭᠯᠠᠨ ᠳᠦᠰᠦᠪᠯᠡᠬᠦ ᠂ ᠺᠣᠮᠫᠢᠦ᠋ᠲ᠋ᠧᠷ᠎ᠢᠶᠠᠷ ᠦᠰᠦᠭ ᠵᠢᠷᠤᠭ ᠳᠦᠰᠦᠪᠯᠡᠨ ᠬᠢᠬᠦ ᠂ ᠰᠡᠬᠦᠳᠡᠷᠯᠡᠬᠦ ᠦᠢᠯᠡᠴᠢᠯᠡᠭᠡ ᠂ ᠠᠷᠠᠰᠣᠨ ᠪᠦᠳᠦᠭᠡᠭᠳᠡᠬᠦᠨ ᠬᠢᠬᠦ ᠂ ᠰᠦᠯᠵᠢᠶᠡᠨ ᠳᠡᠭᠡᠷ᠎ᠡ ᠲᠠᠸᠠᠷ ᠪᠣᠷᠣᠯᠠᠭᠤᠯᠬᠤ ᠵᠡᠷᠭᠡ ᠵᠦᠢᠯ᠎ᠢ ᠡᠵᠡᠩᠨᠡᠬᠦ᠎ᠶᠢᠨ ᠬᠠᠮᠳᠤ ᠂ ︽ ᠳᠠᠯ᠎ᠠ᠎ᠶᠢᠨ ᠴᠢᠮᠡᠭ ︾ ᠬᠡᠮᠡᠬᠦ ᠣᠮᠠᠷᠠᠳᠣ᠎ᠶᠢᠨ ᠨᠡᠭᠦᠳᠡᠯ ᠰᠣᠶᠣᠯ᠎ᠤᠨ ᠬᠡᠪ ᠨᠠᠮᠪᠠ ᠪᠦᠬᠦᠢ ᠮᠥᠩᠭᠦᠨ ᠵᠠᠰᠠᠯ ᠴᠢᠮᠡᠭᠯᠡᠯ᠎ᠤᠨ ᠨᠡᠷᠡᠳᠣ ᠲᠡᠮᠳᠡᠭ᠎ᠢ ᠡᠬᠦᠳᠪᠡ ᠃
ᠠᠩᠬ᠎ᠠ ᠡᠬᠢᠨᠳ᠋ᠡᠭᠡᠨ ᠶᠠᠭᠤ ᠴᠦ ᠣᠶᠢᠯᠠᠭᠠᠬᠤ ᠦᠭᠡᠢ ᠪᠠᠶᠢᠭᠰᠠᠨ᠎ᠡᠴᠠ᠎ᠪᠠᠨ ᠨᠢᠭᠡ ᠨᠢᠭᠡ᠎ᠪᠠᠷ ᠠᠰᠠᠭᠤᠨ ᠰᠣᠷᠠᠭᠯᠠᠵᠣ ᠯᠠᠪᠳᠠᠭᠤᠨ ᠬᠢᠵᠣ ᠶᠠᠪᠣᠭᠰᠠᠨ᠎ᠡᠴᠠ ᠣᠳᠣ ᠪᠣᠯᠬᠤ᠎ᠳ᠋ᠤ ᠨᠠᠴᠢᠨ ᠠᠵᠢᠯ᠎ᠳᠠᠭᠠᠨ ᠭᠠᠷᠮᠠᠭᠠᠢ ᠪᠣᠯᠵᠣ ᠂ ᠣᠶᠢᠯᠡᠰ᠎ᠨᠢ ᠡᠳᠣᠷ᠎ᠡᠴᠠ ᠡᠳᠣᠷ ᠦᠭᠡᠳᠡᠯᠡᠨ ᠂ ᠵᠢᠷᠤᠭ ᠲᠦᠰᠦᠪᠯᠡᠯ᠎ᠨᠢ ᠤᠯᠠᠨ ᠱᠠᠩᠨᠠᠯ᠎ᠢᠶᠠᠷ ᠮᠢᠯᠢᠶᠠᠯᠭᠠᠵᠤ ᠶᠠᠪᠤᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃