ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-09-22 09:58:22

ᠵᠣᠬᠢᠶᠠᠭ᠍ᠴᠢ᠄ ᠪᠠᠢ ᠬᠠᠢ ᠱᠦᠨ ᠦᠷᠡᠴᠡᠴᠡᠭ ᠣᠩᠱᠢᠭ᠍ᠰᠠᠨ ᠣᠳᠠᠭ᠎ᠠ᠄ 3

ᠲᠦᠷᠦᠬᠦᠬᠡᠨ᠂ ᠬᠢᠩᠭᠠᠨ ᠠᠢᠮᠠᠬ᠎ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ᠎ᠤ ᠤᠯᠠᠭᠠᠨᠮᠤᠳᠤ ᠰᠤᠮᠤ᠎ᠶᠢᠨ ᠪᠠᠶᠠᠨᠵᠢᠷᠦᠬᠡ ᠭᠠᠴᠠᠭ᠎ᠠ᠎ᠪᠠᠷ ᠨᠤᠲᠤᠭᠲᠠᠢ ᠮᠠᠯᠴᠢᠨ ᠢᠷᠠᠭᠤ ᠨᠠᠶᠢᠷᠠᠭᠴᠢ ᠰ᠊ · ᠭᠠᠯᠰᠠᠩ ᠨᠤᠮ᠎ᠤᠨ ᠦᠷᠦᠭᠡ ᠮᠢᠯᠢᠶᠠᠬᠤ ᠨᠠᠢᠷ ᠬᠢᠵᠦ᠂ ︽ ᠨᠣᠭᠤᠭᠠᠨ ᠲᠠᠯ᠎ᠠ᠎ᠶᠢᠨ ᠨᠣᠮ᠎ᠤᠨ ᠥᠷᠦᠭᠡ︾᠎ᠶᠢᠨ᠎ᠢᠶᠡᠨ ᠡᠷᠦᠬᠡ᠎ᠶᠢ ᠰᠡᠬᠦᠯ᠎ᠡ᠃


QQ图片20210922095035.png


ᠰ᠊ · ᠭᠠᠯᠰᠠᠩ᠎ᠤᠨ᠎ᠬᠢᠨ ᠪᠣᠯ ᠲᠠᠪᠤᠨ ᠬᠤᠰᠢᠭᠤ ᠮᠠᠯ᠎ᠢᠶᠠᠷ ᠲᠠᠯ᠎ᠠ᠎ᠪᠠᠨ ᠴᠢᠮᠡᠵᠦ᠂ ᠲᠠᠩᠰᠤᠭ ᠨᠤᠮ᠎ᠤᠨ ᠬᠠᠭᠤᠳᠠᠰᠦ᠎ᠪᠠᠷ ᠭᠡᠷ᠎ᠢᠶᠡᠨ ᠴᠢᠮᠡᠭᠰᠡᠨ ᠲᠠᠯ᠎ᠠ᠎ᠶᠢᠨ ᠮᠤᠩᠭᠤᠯ ᠠᠶᠢᠯ ᠪᠠᠶᠢᠯ᠎ᠠ᠃ ᠲᠠᠨᠠᠨ ᠴᠠᠭᠠᠨ ᠮᠣᠩᠭᠤᠯ ᠭᠡᠷ᠎ᠤᠨ ᠬᠤᠶᠢᠮᠤᠷ᠎ᠲᠤᠨᠢ ᠤᠯᠠᠨ ᠠᠷᠪᠢᠨ ᠨᠤᠮ ᠲᠡᠪᠳᠡᠷ ᠪᠤᠯᠤᠨ ᠤᠷᠤᠯᠳᠤᠭᠠᠨ᠎ᠳ᠋ᠤ ᠤᠷᠤᠯᠴᠠᠬᠰᠡᠨ ᠱᠠᠩᠨᠠᠯ᠎ᠤᠨ ᠮᠧᠳᠡᠯ᠎ᠨᠤᠭᠤᠳ ᠲᠠᠯᠪᠢᠭᠠᠰᠤᠲᠠᠢ᠃

ᠰ᠊ · ᠭᠠᠯᠰᠠᠩ ᠭᠤᠸᠠᠢ 1989 ᠣᠨ᠎ᠳ᠋ᠤ ᠥᠨᠳᠦᠷ ᠲᠤᠮᠳᠠᠳᠤ᠎ᠪᠠᠨ ᠲᠡᠭᠦᠰᠭᠡᠵᠦ ᠨᠤᠲᠤᠭ᠎ᠲᠠᠭᠠᠨ ᠬᠠᠷᠢᠵᠦ ᠮᠠᠯ ᠮᠠᠯᠵᠢᠬᠰᠡᠨ ᠴᠦ ᠪᠢᠴᠢᠭ ᠰᠣᠶᠤᠯ᠎ᠢᠶᠡᠨ ᠲᠠᠶᠠᠬᠳᠠᠭ᠎ᠠ ᠦᠭᠡᠢ᠂ ᠠᠵᠢᠯ ᠠᠮᠢᠳᠤᠷᠠᠯ᠎ᠤᠨ ᠰᠡᠯᠡᠭᠦᠦ ᠵᠠᠢ᠎ᠪᠠᠷ᠎ᠢᠶᠡᠨ ᠰᠢᠯᠦᠭ ᠪᠢᠴᠢᠵᠦ ᠥᠭᠦᠯᠡᠯᠭᠡ ᠲᠤᠭᠤᠷᠪᠢᠨ᠂ ᠤᠷᠢᠳ ᠬᠤᠵᠢᠳ ︽ ᠬᠢᠩᠭᠠᠨ᠎ᠤ ᠡᠳᠤᠷ᠎ᠤᠨ ᠰᠣᠨᠢᠨ︾᠂ ︽ ᠠᠯᠳᠠᠨ ᠬᠢᠩᠭᠠᠨ︾ ᠰᠡᠳᠭᠦᠯ᠂ ︽ ᠪᠠᠶᠠᠨᠨᠠᠭᠤᠷ᠎ᠤᠨ ᠡᠳᠤᠷ᠎ᠤᠨ ᠰᠤᠨᠢᠨ︾᠂ ︽ ᠤᠯᠠᠭᠠᠨᠬᠠᠳᠠ᠎ᠶᠢᠨ ᠡᠳᠤᠷ᠎ᠤᠨ ᠰᠤᠨᠢᠨ︾᠂ ︽ ᠬᠦᠯᠦᠨ ᠪᠤᠶᠢᠷ᠎ᠤᠨ ᠡᠳᠤᠷ᠎ᠤᠨ ᠰᠤᠨᠢᠨ︾ ᠵᠡᠷᠭᠡ ᠤᠯᠠᠨ ᠰᠣᠨᠢᠨ ᠰᠡᠳᠭᠦᠯ᠎ᠳ᠋ᠤ ︽ ᠤᠯᠠᠭᠠᠨ ᠭᠤᠤᠯ᠎ᠤᠨ ᠵᠤᠰᠠᠯᠠᠩ︾᠂ ︽ ᠡᠬᠡ ᠤᠷᠤᠨ︾᠂ ︽ ᠲᠦᠷᠦᠭᠰᠡᠨ ᠨᠤᠲᠤᠭ ᠮᠢᠨᠢ︾ ᠂ ︽ ᠵᠤᠨ᠎ᠤ ᠴᠠᠰᠦ︾᠂ ︽ ᠮᠢᠨᠦ ᠲᠠᠨᠢᠭᠰᠠᠨ ᠲᠡᠯᠡᠭᠡᠢ︾᠂ ︽ ᠨᠠᠷᠠ︾᠂ ︽ ᠰᠠᠯᠬᠢ ᠰᠥᠷᠦᠭᠰᠡᠨ ᠪᠣᠳᠤᠯ︾ ᠵᠡᠷᠭᠡ ᠤᠯᠡᠨ ᠠᠷᠪᠢᠨ ᠰᠢᠯᠦᠭ ᠵᠤᠬᠢᠶᠠᠯ᠎ᠢᠶᠡᠨ ᠨᠡᠢᠲᠡᠯᠡᠭᠦᠯᠵᠦ ᠤᠩᠰᠢᠭᠴᠢ ᠲᠦᠮᠡᠨ᠎ᠤ᠎ᠪᠠᠨ ᠪᠢᠰᠢᠷᠡᠯ ᠪᠠᠭ᠋ᠠᠷᠬᠠᠯ᠎ᠢ ᠤᠯᠤᠬᠰᠠᠭᠠᠷ ᠢᠷᠡᠵᠡᠢ᠃


QQ图片20210922095048.png


QQ图片20210922095042.png


ᠰ᠊ · ᠭᠠᠯᠰᠠᠩ ᠤᠳᠤᠮ ᠲᠠᠮᠵᠢᠭᠰᠠᠨ ᠦᠪ ᠰᠤᠶᠤᠯ᠎ᠢᠶᠡᠨ ᠦᠶ᠎ᠡ᠎ᠶᠢᠨ ᠦᠶ᠎ᠡ᠎ᠳ᠋ᠡᠭᠡᠨ ᠮᠥᠩᠬᠡᠷᠡᠭᠦᠯᠵᠦ᠂ ᠣᠷᠤᠨ ᠨᠤᠲᠤᠭ᠎ᠤᠨ ᠤᠷᠠᠨ ᠵᠤᠬᠢᠶᠡᠯ᠎ᠤᠨ ᠬᠦᠷᠦᠰᠦ ᠰᠢᠷᠤᠢ᠎ᠶᠢ ᠰᠢᠮᠡᠵᠢᠭᠦᠯᠬᠦ᠎ᠳ᠋ᠤ ᠬᠦᠴᠦᠨ ᠨᠡᠮᠡᠷᠢᠯᠡᠬᠦ᠎ᠶᠢᠨ ᠲᠥᠯᠦᠭᠡ᠂ ᠤᠯᠠᠭᠠᠨᠮᠣᠳᠤ᠎ᠶᠢᠨ ᠲᠠᠯ᠎ᠠ ᠨᠤᠲᠤᠭ᠎ᠤᠨ ᠠᠷᠥ ᠪᠠᠷᠰ᠎ᠤᠨ ᠵᠢᠯᠠᠭ᠎ᠠ᠎ᠳ᠋ᠤ ᠲᠠᠪᠠᠳᠡᠢ ᠰᠠᠢᠬᠠᠨ ᠰᠠᠭᠤᠷᠢᠰᠢᠬᠰᠡᠨ ᠲᠠᠨᠠᠨ ᠴᠠᠭᠠᠨ ᠮᠣᠩᠭᠤᠯ ᠭᠡᠷ᠎ᠲᠡᠭᠡᠨ ︽ ᠨᠣᠭᠤᠭᠠᠨ ᠲᠠᠯ᠎ᠠ᠎ᠶᠢᠨ ᠨᠣᠮ᠎ᠤᠨ ᠥᠷᠦᠭᠡ︾ ᠪᠠᠢᠭᠤᠯᠵᠡᠢ᠃


QQ图片20210922095056.png


QQ图片20210922095103.png

ᠨᠤᠮ᠎ᠤᠨ ᠦᠷᠦᠬᠡ ᠮᠢᠯᠢᠶᠠᠬᠤ ᠨᠠᠢᠷ᠎ᠨᠢ ᠨᠤᠮ ᠪᠡᠯᠬᠡᠯᠡᠬᠦ᠂ ᠲᠤᠮᠤᠴᠤᠤᠯ ᠪᠠᠭᠠᠴᠤᠳ ᠤᠷᠠᠨ ᠤᠩᠰᠢᠬᠤ᠂ ᠤᠷᠡᠨ ᠰᠠᠢᠬᠠᠨ᠎ᠤ ᠲᠣᠭᠯᠠᠯᠲᠠ ᠭᠠᠷᠭᠠᠬᠤ ᠵᠡᠷᠭᠡ ᠪᠠᠶᠠᠯᠢᠭ ᠠᠭᠤᠯᠭ᠎ᠡ᠎ᠪᠠᠷ ᠶᠠᠪᠤᠬᠳᠠᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面