ᠲᠡᠷᠢᠭᠦᠨ ᠨᠢᠭᠤᠷ>ᠬᠦᠮᠦᠨ ᠨᠡᠢᠭᠡᠮ>ᠮᠣᠩᠭᠤᠯ ᠬᠡᠯᠡᠳᠡᠳ

2021-07-25 11:51:40

ᠵᠣᠬᠢᠶᠠᠭ᠍ᠴᠢ᠄ ᠰᠠᠶᠢᠬᠠᠨ᠎ᠠ ᠣᠩᠱᠢᠭ᠍ᠰᠠᠨ ᠣᠳᠠᠭ᠎ᠠ᠄ 3

ᠬᠡᠦᠬᠡᠳ ᠨᠠᠰᠤᠨ᠎ᠡᠴᠠ᠎ᠪᠠᠨ ᠠᠪᠤᠭᠠᠳ ᠦᠳᠡᠯᠦᠬᠡ ᠨᠠᠰᠤ ᠪᠤᠯᠳᠠᠯ᠎ᠠ᠎ᠪᠠᠨ ᠬᠦᠳᠡᠭᠡ ᠨᠤᠲᠤᠭ᠎ᠤᠨ᠎ᠢᠶᠡᠨ ᠴᠡᠩᠬᠡᠭ ᠠᠭᠠᠷ᠎ᠢᠶᠠᠷ ᠠᠮᠢᠰᠬᠤᠯᠯᠠᠵᠦ ᠂ ᠮᠠᠯ ᠰᠦᠷᠦᠭ᠎ᠢᠶᠡᠨ ᠦᠨᠢᠷ ᠦᠰᠬᠡᠭᠰᠡᠨ᠎ᠢᠶᠠᠷ ᠤᠷᠤᠨ ᠨᠤᠲᠤᠭ᠎ᠡᠴᠠ᠎ᠪᠠᠨ ᠭᠠᠷᠮᠠᠭᠠᠢ ᠰᠠᠶᠢᠨ ᠮᠠᠯᠴᠢᠨ᠎ᠤ ᠢᠷᠠᠭᠤ ᠠᠯᠳᠠᠷ᠎ᠢ ᠳᠤᠰᠣᠭᠰᠠᠨ ᠳᠡᠳᠦᠢ ᠦᠬᠡᠢ ᠪᠦᠬᠦ ᠠᠶᠢᠮᠠᠭ᠎ᠤᠨ ᠭᠠᠮᠰᠢᠭ᠎ᠲᠠᠢ ᠳᠡᠮᠡᠴᠡᠵᠦ ᠮᠠᠯ᠎ᠢᠶᠡᠨ ᠬᠠᠮᠠᠭᠠᠯᠠᠭᠰᠠᠨ ᠳᠡᠷᠢᠬᠦᠨ᠎ᠤ ᠬᠤᠪᠢ ᠬᠦᠮᠦᠨ᠎ᠢᠶᠠᠷ ᠰᠠᠶᠢᠰᠢᠶᠠᠭᠳᠠᠵᠦ ᠂ ᠨᠢᠬᠡᠨ ᠦᠶ᠎ᠡ 1000 ᠭᠠᠷᠤᠢ ᠬᠤᠨᠢ ᠂ 500 ᠭᠠᠷᠤᠢ ᠦᠬᠡᠷ ᠂ 200 ᠭᠠᠷᠤᠢ ᠠᠳᠤᠭᠤ᠎ᠪᠠᠨ ᠳᠠᠯ᠎ᠠ ᠳᠦᠬᠦᠷᠡᠩ ᠪᠡᠯᠴᠢᠬᠡᠵᠦ ᠂ ᠬᠦᠳᠡᠯᠮᠤᠷᠢ ᠬᠦᠴᠦ ᠂ ᠰᠢᠨᠳᠠᠷᠠᠰᠢ ᠦᠬᠡᠢ ᠵᠤᠷᠢᠭ᠎ᠢᠶᠠᠷ᠎ᠢᠶᠡᠨ ᠳᠦᠮᠡᠨ ᠤᠯᠠᠨ᠎ᠳᠠᠭᠠᠨ ᠳᠠᠨᠢᠭᠳᠠᠭᠰᠠᠨ ᠨᠢᠬᠡᠨ ᠰᠠᠶᠢᠨ ᠮᠠᠯᠴᠢᠨ ᠪᠤᠯ ᠰᠢᠯᠢ᠎ᠶᠢᠨ ᠭᠤᠤᠯ ᠠᠢᠮᠠᠭ᠎ᠤᠨ ᠬᠦᠪᠡᠭᠡᠲᠦ ᠰᠢᠷ᠎ᠠ ᠬᠤᠰᠢᠭᠤᠨ᠎ᠤ ᠤᠩᠭᠤᠨ ᠠᠭᠤᠯᠠ ᠰᠤᠮᠤᠨ᠎ᠤ ᠤᠯᠠᠭᠠᠨ ᠨᠠᠭᠤᠷ ᠭᠠᠴᠠᠭ᠎ᠠ᠎ᠪᠠᠷ ᠨᠤᠲᠤᠭᠳᠠᠢ ᠳᠡᠮᠦᠷ᠎ᠡ ᠪᠤᠯᠤᠨ᠎ᠠ ᠃


QQ图片20210725113010.png


ᠡᠳᠦᠬᠡ 70 ᠨᠠᠰᠤ᠎ᠶᠢ ᠳᠦᠬᠦᠵᠦ ᠶᠠᠪᠤᠭ᠎ᠠ ᠳᠡᠬᠦᠨ᠎ᠤ ᠠᠮᠢᠳᠤᠷᠠᠯ ᠳᠡᠦᠬᠡ ᠪᠤᠯ ᠳᠡᠷᠡ ᠴᠢᠭ᠎ᠢᠶᠠᠷ᠎ᠢᠶᠡᠨ ᠯᠡ ᠳᠠᠯ᠎ᠠ ᠨᠤᠲᠤᠭ᠎ᠤᠨ ᠮᠠᠯᠴᠢᠨ ᠡᠵᠢ᠎ᠶᠢᠨ ᠠᠭᠤᠤ ᠬᠠᠶᠢᠷ᠎ᠠ᠎ᠶᠢᠨ ᠢᠷᠠᠭᠤ ᠳᠠᠭᠤᠯᠠᠯ ᠂ ᠦᠨᠳᠦᠰᠦᠳᠡᠨ᠎ᠤ ᠪᠦᠯᠬᠦᠮᠳᠡᠯ᠎ᠤᠨ ᠬᠡᠷᠡᠯᠳᠤ ᠬᠠᠭᠤᠳᠠᠰᠤ ᠪᠤᠯᠬᠤ ᠶᠤᠮ ᠃ ᠳᠡᠮᠦᠷ᠎ᠡ ᠪᠤᠯ ᠳᠡᠬᠡᠷ᠎ᠡ ᠵᠠᠭᠤᠨ᠎ᠤ ᠳᠠᠪᠢᠭᠠᠳ ᠤᠨ᠎ᠤ ᠰᠡᠬᠦᠯᠴᠢ ᠵᠢᠷᠠᠭᠠᠳ ᠤᠨ᠎ᠤ ᠡᠬᠢ᠎ᠪᠠᠷ ᠱᠠᠩᠬᠠᠢ᠎ᠡᠴᠠ ᠦᠪᠤᠷ ᠮᠤᠩᠭᠤᠯ᠎ᠳ᠋ᠤ ᠦᠷᠡᠴᠢᠯᠡᠭᠳᠡᠵᠦ ᠢᠷᠡᠭᠰᠡᠨ 3000 ᠭᠠᠷᠤᠢ ᠤᠯᠤᠰ᠎ᠤᠨ ᠬᠡᠦᠬᠡᠳ᠎ᠤᠨ ᠨᠢᠬᠡ᠎ᠨᠢ ᠪᠤᠯᠬᠤ ᠶᠤᠮ ᠃ 1960 ᠤᠨ ᠳᠡᠬᠦᠨ᠎ᠤ ᠨᠢᠬᠡ ᠨᠠᠰᠤᠨ᠎ᠳ᠋ᠠᠬᠢ ᠮᠠᠷᠳᠠᠭᠳᠠᠰᠢ ᠦᠬᠡᠢ ᠳᠤᠷᠠᠳᠬᠠᠯ ᠪᠤᠯᠵᠠᠢ ᠃ ᠳᠤᠬᠠᠢ᠎ᠶᠢᠨ ᠵᠢᠯ ᠳᠤᠯᠤᠭᠠᠬᠠᠨ ᠨᠠᠰᠤᠳᠠᠢ ᠬᠡᠦᠬᠡᠳ ᠪᠠᠶᠢᠭᠰᠠᠨ ᠳᠡᠷᠡ ᠦᠪᠡᠷ᠎ᠲᠠᠢ᠎ᠨᠢ ᠠᠳᠠᠯᠢ ᠠᠯᠢ ᠤᠯᠠᠨ ᠦᠨᠦᠴᠢᠨ ᠬᠡᠦᠬᠡᠳ᠎ᠲᠠᠢ ᠬᠠᠮᠳᠤ ᠭᠠᠯᠳᠤ ᠳᠡᠷᠬᠡᠨ᠎ᠳ᠋ᠤ ᠰᠠᠭᠤᠵᠦ ᠳᠦᠷᠦᠭᠰᠡᠨ ᠨᠤᠲᠤᠭ᠎ᠡᠴᠠ᠎ᠪᠠᠨ ᠰᠠᠯᠵᠦ ᠂ ᠠᠶᠠᠨ᠎ᠤ ᠬᠤᠯᠠ᠎ᠶᠢ ᠳᠤᠭᠤᠯᠵᠦ ᠂ ᠳᠠᠯ᠎ᠠ ᠨᠤᠲᠤᠭ᠎ᠲᠤ ᠬᠦᠯ ᠬᠢᠰᠬᠢᠵᠠᠢ ᠃ ᠳᠡᠬᠦᠨ᠎ᠢ ᠮᠤᠩᠭᠤᠯ ᠡᠵᠢ᠎ᠶᠢᠨ ᠠᠷᠢᠭᠤᠨ ᠬᠠᠶᠢᠷ᠎ᠠ᠎ᠪᠠᠷ ᠡᠩᠬᠦᠷᠡᠶᠢᠯᠡᠨ ᠠᠪᠤᠭᠰᠠᠨ ᠬᠦᠮᠦᠨ ᠪᠤᠯ ᠬᠦᠪᠡᠭᠡᠳᠦ ᠰᠢᠷ᠎ᠠ ᠬᠤᠰᠢᠭᠤᠨ᠎ᠤ ᠤᠩᠭᠤᠨ ᠠᠭᠤᠯᠠ ᠰᠤᠮᠤᠨ᠎ᠤ ᠤᠯᠠᠭᠠᠨ ᠨᠠᠭᠤᠷ ᠭᠠᠴᠠᠭ᠎ᠠ᠎ᠪᠠᠷ ᠨᠤᠲᠤᠭᠳᠠᠢ ᠭᠸᠢᠢᠮ᠎ᠠ ᠬᠡᠰᠡᠨ ᠬᠦᠮᠦᠨ ᠪᠤᠯᠤᠨ᠎ᠠ ᠃

︽ ᠤᠯᠤᠰ᠎ᠤᠨ ᠬᠡᠦᠬᠡᠳ ᠨᠢᠬᠡᠳᠦᠯ ᠳᠡᠬᠡᠷ᠎ᠡ ᠢᠷᠡᠯ᠎ᠡ ︾ ᠭᠡᠬᠦ ᠴᠢᠮᠡᠭᠡ᠎ᠪᠠᠷ ᠬᠡᠦᠬᠡᠳ ᠦᠬᠡᠢ ᠪᠠᠶᠢᠭᠰᠠᠨ ᠭᠸᠢᠢᠮ᠎ᠠ ᠦᠷ᠎ᠡ᠎ᠲᠠᠢ ᠪᠤᠯᠬᠤ ᠬᠦᠰᠡᠯ᠎ᠳ᠋ᠡᠭᠡᠨ ᠭᠦᠳᠦᠯᠦᠭᠳᠡᠨ ᠵᠤᠷᠢᠭ ᠰᠢᠭᠤᠳᠤᠭᠰᠠᠨ᠎ᠢᠶᠠᠷ ᠂ ᠦᠨᠦᠴᠢᠨ ᠬᠡᠦᠬᠡᠳ ᠡᠵᠢ᠎ᠲᠠᠢ ᠪᠤᠯᠵᠦ ᠂ ᠦᠰᠴᠦ ᠦᠨᠳᠡᠶᠢᠯᠬᠡᠭᠰᠡᠨ ᠡᠵᠢ᠎ᠳ᠋ᠡᠭᠡᠨ ᠤᠬᠤᠷᠬᠠᠨ ᠬᠤᠭᠤᠴᠠᠭᠠᠨ᠎ᠳ᠋ᠤ ᠳᠠᠰᠴᠦ ᠢᠷᠡᠵᠠᠢ ᠃ ᠡᠵᠢ᠎ᠨᠢ ᠬᠦᠦ᠎ᠳ᠋ᠡᠭᠡᠨ ᠨᠠᠰᠤᠨ ᠳᠤᠷᠰᠢᠳᠠ ᠪᠡᠶ᠎ᠡ ᠪᠦᠬᠡ ᠂ ᠰᠡᠳᠬᠢᠯ ᠴᠢᠩᠭ᠎ᠠ ᠂ ᠰᠦᠰᠦ ᠬᠠᠳᠠᠭᠤ ᠶᠠᠪᠤᠬᠤ᠎ᠶᠢ ᠪᠡᠯᠬᠡᠳᠡᠵᠦ ᠳᠡᠮᠦᠷ᠎ᠡ ᠬᠡᠰᠡᠨ ᠨᠡᠷ᠎ᠡ ᠬᠠᠶᠢᠷᠠᠯᠠᠭᠰᠠᠨ ᠬᠡᠳᠡᠭ ᠃ ᠡᠷᠭᠦᠭᠰᠡᠨ ᠡᠵᠢ᠎ᠨᠢ ᠳᠡᠬᠦᠨ᠎ᠢ ᠳᠦᠷᠦᠭᠰᠡᠨ ᠬᠡᠦᠬᠡᠳ᠎ᠢᠶᠡᠨ ᠰᠢᠭ ᠬᠠᠶᠢᠷᠠᠯᠠᠨ ᠬᠠᠯᠠᠮᠵᠢᠯᠠᠵᠦ ᠂ ᠰᠦ ᠰᠠᠭᠠᠯᠢ ᠂ ᠮᠦᠰᠦᠨ ᠰᠢᠬᠢᠷ ᠵᠡᠷᠬᠡ ᠠᠯᠢ ᠪᠠᠶᠢᠭᠰᠠᠨ᠎ᠢᠶᠡᠨ ᠬᠦᠦ᠎ᠳ᠋ᠡᠭᠡᠨ ᠦᠭᠴᠦ ᠂ ᠡᠵᠢ ᠬᠦᠮᠦᠨ᠎ᠤ ᠳᠤᠨᠳᠠᠷᠠᠰᠢ ᠦᠬᠡᠢ ᠬᠠᠶᠢᠷ᠎ᠠ᠎ᠪᠠᠷ ᠬᠦᠳᠡᠭᠡ᠎ᠶᠢᠨ ᠠᠮᠢᠳᠤᠷᠠᠯ ᠠᠬᠤᠢ᠎ᠳ᠋ᠤ ᠳᠠᠰᠬᠠᠵᠦ ᠬᠦᠮᠦᠵᠢᠬᠦᠯᠵᠠᠢ ᠃ ᠬᠡᠳᠡᠯ᠎ᠡ ᠡᠬᠡ ᠦᠷ᠎ᠡ ᠬᠤᠶᠠᠷ᠎ᠤᠨ ᠵᠤᠯ ᠵᠢᠷᠭᠠᠯᠳᠤ ᠠᠮᠢᠳᠤᠷᠠᠯ ᠳᠡᠳᠦᠢ ᠯᠡ ᠤᠳᠠᠭᠠᠨ ᠦᠷᠬᠦᠯᠵᠢᠯᠡᠭᠰᠡᠨ ᠦᠬᠡᠢ ᠂ ᠭᠸᠢᠢᠮ᠎ᠠ ᠡᠵᠢ ᠡᠪᠡᠳᠴᠢᠨ᠎ᠤ ᠰᠢᠯᠳᠠᠭ᠎ᠢᠶᠠᠷ ᠬᠡᠳᠦᠬᠡᠨ ᠰᠠᠷ᠎ᠠ᠎ᠶᠢᠨ ᠬᠢᠨᠢ ᠳᠠᠷᠠᠭ᠎ᠠ ᠪᠤᠷᠬᠠᠨ ᠪᠤᠯᠤᠭᠰᠠᠨ᠎ᠢᠶᠠᠷ ᠦᠨᠦᠴᠢᠨ ᠬᠡᠦᠬᠡᠳ ᠳᠠᠬᠢᠭᠠᠳ ᠯᠠ ᠦᠨᠦᠴᠢᠷᠡᠵᠦ ᠂ ᠡᠵᠢ᠎ᠶᠢᠨ᠎ᠢᠶᠡᠨ ᠠᠬ᠎ᠠ᠎ᠲᠠᠢ ᠠᠮᠢᠳᠤᠷᠠᠬᠤ ᠪᠤᠯᠵᠠᠢ ᠃ ᠨᠠᠭᠠᠴᠦ᠎ᠨᠢ ᠵᠠᠭᠠᠷ᠎ᠠ ᠬᠡᠳᠡᠭ ᠨᠡᠷ᠎ᠡ᠎ᠲᠠᠢ ᠯᠠᠮᠠ ᠬᠦᠮᠦᠨ ᠪᠠᠶᠢᠵᠠᠢ ᠃ ᠨᠠᠭᠠᠴᠦ᠎ᠶᠢᠨ᠎ᠢᠶᠡᠨ ᠭᠠᠷ ᠳᠡᠬᠡᠷ᠎ᠡ ᠳᠡᠮᠦᠷ᠎ᠡ ᠬᠤᠭᠤᠯᠠ ᠤᠮᠳᠠ ᠬᠢᠬᠦ ᠂ ᠮᠠᠯ ᠬᠠᠷᠢᠭᠤᠯᠬᠤ ᠵᠡᠷᠬᠡ ᠬᠡᠷ᠎ᠤᠨ ᠳᠤᠳᠤᠨ᠎ᠠ ᠭᠠᠳᠠᠨᠠᠬᠢ ᠠᠵᠢᠯ᠎ᠢ ᠬᠢᠵᠦ ᠰᠤᠷᠴᠦ ᠂ ᠠᠮᠢᠳᠤᠷᠠᠯ᠎ᠳ᠋ᠤ ᠬᠳᠠᠭᠤᠵᠢᠵᠦ ᠡᠬᠢᠯᠡᠭᠰᠡᠨ᠎ᠨᠢ ᠳᠡᠬᠦᠨ᠎ᠤ ᠬᠤᠵᠢᠮ ᠬᠤᠶᠢᠰᠢᠳᠠ᠎ᠶᠢᠨ ᠰᠠᠶᠢᠨ ᠮᠠᠯᠴᠢᠨ ᠪᠤᠯᠵᠦ ᠳᠠᠩᠰᠤᠭ ᠠᠮᠢᠳᠤᠷᠠᠯ᠎ᠲᠠᠢ ᠪᠤᠯᠬᠤ᠎ᠶᠢᠨ ᠰᠠᠭᠤᠷᠢ᠎ᠶᠢ ᠳᠠᠯᠪᠢᠵᠦ ᠦᠭᠴᠠᠢ ᠃ ᠦᠷᠡᠴᠢᠯᠡᠵᠦ ᠠᠪᠤᠭᠰᠠᠨ ᠡᠵᠢ᠎ᠶᠢᠨ᠎ᠢᠶᠡᠨ ᠭᠠᠷ ᠳᠡᠬᠡᠷ᠎ᠡ ᠡᠵᠢ ᠬᠦᠮᠦᠨ᠎ᠤ ᠡᠨᠡᠷᠢᠯ ᠬᠠᠶᠢᠷ᠎ᠠ᠎ᠶᠢ ᠮᠡᠳᠡᠷᠡᠵᠦ ᠡᠬᠢᠯᠡᠭᠰᠡᠨ ᠳᠡᠷᠡ ᠨᠠᠭᠠᠴᠦ᠎ᠲᠠᠢ᠎ᠪᠠᠨ ᠠᠮᠢᠳᠤᠷᠠᠵᠦ ᠪᠠᠶᠢᠬᠤ᠎ᠳᠠᠭᠠᠨ ᠬᠠᠷ᠎ᠠ ᠪᠤᠷᠤ ᠠᠵᠢᠯ᠎ᠳ᠋ᠤ ᠮᠡᠷᠬᠡᠰᠢᠵᠦ ᠂ ᠠᠮᠢᠳᠤᠷᠠᠯ᠎ᠤᠨ ᠠᠴᠢᠶ᠎ᠠ᠎ᠶᠢ ᠳᠠᠭᠠᠭᠠᠵᠦ ᠡᠬᠢᠯᠡᠵᠠᠢ ᠃

 ᠪᠢ ᠡᠵᠢ ᠬᠦᠮᠦᠨ᠎ᠤ ᠦᠭᠬᠢᠶᠡᠮᠦᠷ ᠰᠡᠳᠬᠢᠯ ᠂ ᠨᠠᠨᠳᠢᠨ ᠬᠠᠶᠢᠷ᠎ᠠ᠎ᠶᠢ ᠦᠷᠡᠴᠢᠯᠡᠵᠦ ᠠᠪᠤᠭᠰᠠᠨ ᠡᠵᠢ᠎ᠡᠴᠠ᠎ᠪᠠᠨ ᠯᠡ ᠮᠡᠳᠡᠷᠡᠭᠰᠡᠨ ᠂ ᠮᠠᠮᠠ᠎ᠶᠢᠨ ᠬᠠᠳᠠᠭᠤ ᠴᠢᠩᠭ᠎ᠠ ᠰᠤᠷᠭᠠᠯ᠎ᠢᠶᠠᠷ ᠠᠵᠢᠯ ᠬᠦᠳᠡᠯᠮᠤᠷᠢ᠎ᠳ᠋ᠤ ᠴᠠᠭᠠᠷᠠᠵᠦ ᠴᠢᠳᠠᠭᠰᠠᠨ ᠬᠡᠵᠦ ᠳᠡᠮᠦᠷ᠎ᠡ ᠭᠤᠸᠠᠢ ᠶᠠᠷᠢᠨ᠎ᠠ ᠃

ᠳᠡᠬᠦᠨ᠎ᠢ 14 ᠨᠠᠰᠤᠳᠠᠢ᠎ᠳ᠋ᠤᠨᠢ ᠨᠠᠭᠠᠴᠦ᠎ᠨᠢ ᠪᠤᠷᠬᠠᠨ᠎ᠤ ᠤᠷᠤᠨ᠎ᠢ ᠵᠤᠷᠢᠵᠠᠢ ᠃ ᠡᠶᠢᠨ ᠬᠦ ᠦᠷᠦᠬᠡᠯ᠎ᠤᠨ ᠨᠤᠲᠤᠭ᠎ᠲᠤ ᠡᠬᠡᠨᠡᠭᠰᠢᠵᠦ ᠳᠠᠰᠤᠭᠰᠠᠨ ᠬᠤᠶᠠᠷ ᠳᠤᠳᠤᠨᠤ ᠬᠦᠮᠦᠨ᠎ᠡᠴᠠ᠎ᠪᠠᠨ ᠠᠩᠬᠢᠵᠢᠷᠠᠭᠰᠠᠨ᠎ᠡᠴᠠ ᠬᠤᠶᠢᠰᠢ ᠳᠡᠬᠦᠨ᠎ᠤ ᠠᠮᠢᠳᠤᠷᠠᠯ ᠮᠠᠰᠢ ᠬᠦᠴᠢᠷᠳᠠᠢ ᠪᠤᠯᠪᠠ ᠃ ᠢᠳᠡᠵᠦ ᠡᠮᠦᠰᠬᠦ᠎ᠳ᠋ᠡᠭᠡᠨ ᠴᠤ ᠵᠦᠪ ᠦᠬᠡᠢ ᠂ ᠬᠠᠷᠠᠵᠦ ᠬᠠᠷᠠᠭᠠᠯᠵᠠᠬᠤ ᠴᠤ ᠬᠦᠮᠦᠨ ᠦᠬᠡᠢ ᠳᠡᠷᠡ ᠠᠷᠭ᠎ᠠ ᠪᠤᠰᠤ ᠨᠢᠬᠡᠳᠦᠯ᠎ᠤᠨ ᠬᠤᠨᠢ ᠬᠠᠷᠢᠭᠤᠯᠬᠤ ᠂ ᠦᠬᠡᠷ ᠬᠠᠷᠠᠬᠤ ᠂ ᠴᠢᠯᠠᠭᠤ ᠮᠠᠯᠳᠠᠬᠤ ᠂ ᠴᠢᠯᠠᠭᠤᠨ ᠬᠤᠷᠤᠭ᠎ᠠ ᠪᠠᠷᠢᠬᠤ ᠵᠡᠷᠬᠡ ᠨᠠᠰᠤᠨ᠎ᠡᠴᠠ᠎ᠪᠠᠨ ᠠᠬᠠᠳᠠᠭᠰᠠᠨ ᠠᠵᠢᠯ᠎ᠢ ᠭᠤᠯᠤᠯ ᠦᠬᠡᠢ ᠬᠢᠵᠦ ᠠᠮᠢᠳᠤᠷᠠᠯ᠎ᠢᠶᠡᠨ ᠠᠷᠭᠠᠴᠠᠵᠦ ᠪᠠᠶᠢᠵᠠᠢ ᠃ ᠬᠠᠷ᠎ᠠ ᠪᠠᠭ᠎ᠠ᠎ᠡᠴᠠ᠎ᠪᠠᠨ ᠬᠠᠯᠠ ᠦᠵᠡᠵᠦ ᠬᠠᠯᠠᠭᠤᠨ ᠴᠢᠯᠠᠭᠤ ᠳᠤᠯᠢᠶᠠᠭᠰᠠᠨ ᠳᠡᠷᠡ ᠠᠮᠢᠳᠤᠷᠠᠯ᠎ᠤᠨ ᠬᠠᠳᠠᠭᠤ ᠳᠠᠪᠠᠭ᠎ᠠ᠎ᠶᠢ ᠵᠤᠷᠢᠭᠳᠠᠢ ᠳᠤᠭᠤᠯᠵᠦ ᠂ ᠬᠢᠭᠰᠡᠨ ᠠᠵᠢᠯ᠎ᠳᠠᠭᠠᠨ ᠪᠡᠶ᠎ᠡ ᠰᠡᠳᠬᠢᠯ᠎ᠢᠶᠡᠨ ᠵᠤᠷᠢᠭᠤᠯᠵᠦ ᠂ ᠨᠢᠬᠡᠳᠦᠯ᠎ᠤᠨ ᠮᠠᠯ᠎ᠢ ᠬᠠᠷᠢᠭᠤᠯᠵᠦ ᠪᠠᠶᠢᠬᠤ᠎ᠳᠠᠭᠠᠨ ᠴᠢᠷᠮᠠᠶᠢᠨ ᠠᠵᠢᠯᠯᠠᠵᠦ ᠡᠬᠦᠷᠬᠡ᠎ᠪᠠᠨ ᠳᠠᠪᠠᠭᠤᠯᠤᠨ ᠪᠡᠶᠡᠯᠡᠬᠦᠯᠵᠦ ᠪᠠᠶᠢᠪᠠ ᠃ ᠡᠶᠢᠨ ᠬᠦ ᠂ 1976 ᠤᠨ᠎ᠤ ᠳᠡᠮᠦᠷ ᠵᠤᠳ᠎ᠲᠤ ᠬᠠᠮᠳᠤ᠎ᠶᠢᠨ ᠬᠤᠨᠢ 600 ᠭᠠᠷᠤᠢ᠎ᠶᠢ ᠬᠠᠷᠠᠵᠦ ᠪᠠᠶᠢᠭᠰᠠᠨ ᠳᠡᠷᠡ 400 ᠭᠠᠷᠤᠢ᠎ᠶᠢ᠎ᠨᠢ ᠮᠡᠨᠳᠦ ᠤᠨᠳᠤᠷᠤᠭᠤᠯᠵᠦ ᠰᠠᠶᠢᠴᠤᠤᠯ᠎ᠢᠶᠠᠷ ᠰᠠᠶᠢᠰᠢᠶᠠᠭᠳᠠᠵᠦ ᠪᠠᠶᠢᠵᠠᠢ ᠃ ᠮᠠᠯ ᠰᠦᠷᠦᠭ᠎ᠢᠶᠡᠨ ᠮᠡᠨᠳᠦ ᠦᠰᠬᠡᠬᠦ᠎ᠶᠢᠨ ᠳᠦᠯᠦᠬᠡ ᠂ ᠡᠳᠦᠷ ᠰᠦᠨᠢ ᠦᠬᠡᠢ ᠴᠢᠷᠮᠠᠶᠢᠨ ᠠᠵᠢᠯᠯᠠᠳᠠᠭ ᠲᠡᠷᠡᠪᠡᠷ ᠂ 1992 ᠤᠨ᠎ᠤ ᠪᠦᠬᠦ ᠠᠶᠢᠮᠠᠭ᠎ᠤᠨ ᠭᠠᠮᠰᠢᠭ᠎ᠲᠠᠢ ᠳᠡᠮᠡᠴᠡᠵᠦ ᠮᠠᠯ᠎ᠢᠶᠡᠨ ᠠᠪᠤᠷᠠᠭᠰᠠᠨ ᠮᠢᠩᠭᠠᠨ ᠰᠠᠶᠢᠴᠤᠤᠯ᠎ᠤᠨ ᠨᠢᠬᠡᠨ᠎ᠢᠶᠠᠷ ᠰᠢᠯᠭᠠᠷᠠᠵᠦ ᠳᠠᠪᠤᠨ ᠬᠤᠰᠢᠭᠤ ᠮᠠᠯ᠎ᠤᠨ ᠵᠢᠷᠤᠭ᠎ᠲᠠᠢ ᠳᠡᠮᠳᠡᠭ᠎ᠢᠶᠠᠷ ᠱᠠᠩᠨᠠᠭᠳᠠᠵᠦ ᠪᠠᠶᠢᠭᠰᠠᠨ ᠦᠩᠬᠡ ᠬᠡᠷᠡᠯᠳᠤ ᠳᠡᠦᠬᠡ᠎ᠲᠠᠢ ᠪᠢᠯᠡ ᠃ ᠠᠮᠢᠳᠤᠷᠠᠯ ᠬᠡᠵᠦ ᠶᠡᠷᠦᠨᠢ ᠬᠦᠴᠦ ᠬᠦᠳᠡᠯᠮᠤᠷᠢ᠎ᠪᠠᠨ ᠵᠤᠷᠢᠭᠤᠯᠵᠦ ᠂ ᠰᠦᠰᠦ ᠵᠤᠷᠢᠭ᠎ᠢᠶᠠᠷ᠎ᠢᠶᠡᠨ ᠠᠵᠢᠯ ᠦᠢᠯᠡᠰ᠎ᠢᠶᠡᠨ ᠡᠷᠴᠢᠯᠡᠵᠦ ᠶᠠᠪᠤᠳᠠᠭ ᠬᠦᠮᠦᠨ᠎ᠢ ᠠᠮᠵᠢᠯᠳᠠ ᠪᠦᠳᠦᠮᠵᠢ᠎ᠪᠠᠷ ᠱᠠᠩᠨᠠᠳᠠᠭ ᠤᠴᠢᠷᠳᠠᠢ ︕ ᠶᠡᠷᠡᠬᠡᠳ ᠤᠨ᠎ᠤ ᠡᠬᠢᠨ᠎ᠳ᠋ᠤ ᠳᠡᠮᠦᠷ᠎ᠡ᠎ᠶᠢᠨ᠎ᠬᠢ ᠬᠡᠵᠦ 1400 ᠭᠠᠷᠤᠢ ᠬᠤᠨᠢ ᠂ 500 ᠭᠠᠷᠤᠢ ᠦᠬᠡᠷ ᠂ 200 ᠭᠠᠷᠤᠢ ᠠᠳᠤᠭᠤ᠎ᠪᠠᠨ ᠳᠠᠯ᠎ᠠ ᠳᠦᠬᠦᠷᠡᠩ ᠪᠡᠯᠴᠢᠬᠡᠵᠦ ᠂ ᠪᠠᠶᠠᠨ ᠮᠠᠯᠴᠢᠨ᠎ᠢᠶᠠᠷ ᠳᠤᠳᠤᠷᠠᠵᠠᠢ ᠃ ᠡᠶᠢᠨ ᠬᠦ ᠂ ᠡᠮᠦᠨ᠎ᠡ ᠭᠠᠵᠠᠷ᠎ᠤᠨ ᠬᠦᠮᠦᠨ ᠠᠷᠤ ᠭᠠᠵᠠᠷ᠎ᠲᠤ ᠨᠤᠲᠤᠭᠰᠢᠵᠦ ᠰᠢᠯᠭᠠᠷᠠᠭᠰᠠᠨ ᠮᠠᠯᠴᠢᠨ ᠪᠤᠯᠵᠦ ᠂ ᠦᠨᠳᠦᠰᠦᠳᠡᠨ᠎ᠤ ᠪᠦᠯᠬᠦᠮᠳᠡᠯ ᠬᠠᠷᠢᠯᠴᠠᠭᠠᠨ᠎ᠳ᠋ᠤ ᠨᠢᠬᠡᠨ ᠬᠦᠢᠰ ᠴᠡᠴᠡᠭ ᠪᠤᠯᠵᠦ ᠰᠤᠯᠤᠩᠭᠠᠷᠠᠪᠠ ︕

 1972 ᠤᠨ᠎ᠳ᠋ᠤ ᠪᠢ ᠰᠤᠮᠤᠨ᠎ᠤ ᠡᠮᠡᠭᠳᠠᠶᠢᠴᠦᠳ᠎ᠤᠨ ᠬᠤᠯᠪᠤᠭᠠᠳᠤ ᠬᠤᠷᠠᠯ᠎ᠤᠨ ᠳᠡᠷᠢᠬᠦᠯᠡᠭᠴᠢ ᠳᠠᠵᠢᠳ ᠵᠡᠷᠬᠡ ᠬᠦᠮᠦᠰ᠎ᠤᠨ ᠰᠠᠶᠢᠬᠠᠨ ᠰᠠᠨᠠᠭᠠᠨ᠎ᠤ ᠳᠤᠰᠠ ᠳᠡᠮᠵᠢᠯᠬᠡ᠎ᠪᠠᠷ ᠠᠶᠢᠯ ᠡᠷᠦᠬᠡ᠎ᠪᠠᠨ ᠪᠤᠰᠬᠠᠵᠦ ᠂ ᠭᠤᠷᠪᠠᠨ ᠬᠡᠦᠬᠡᠳ᠎ᠤᠨ ᠠᠪᠤ᠋ ᠰᠠᠭᠤᠵᠦ ᠂ ᠬᠠᠯᠠᠭᠤᠨ ᠳᠤᠯᠠᠭᠠᠨ ᠬᠡᠷ ᠪᠦᠯᠢ᠎ᠲᠠᠢ ᠪᠤᠯᠤᠭᠰᠠᠨ ᠪᠢᠯᠡ ᠃ ᠨᠠᠮ᠎ᠠ᠎ᠶᠢ ᠬᠠᠪᠰᠤᠷᠴᠦ ᠳᠤᠰᠠᠯᠠᠵᠦ ᠶᠠᠪᠤᠭᠰᠠᠨ ᠬᠦᠮᠦᠰ᠎ᠢᠶᠡᠨ ᠪᠢ ᠨᠠᠰᠤᠨ ᠳᠤᠷᠰᠢᠳᠠ ᠠᠴᠢ ᠡᠨᠡᠷᠢᠯ᠎ᠢ᠎ᠨᠢ ᠳᠤᠷᠠᠰᠴᠦ ᠶᠠᠪᠤᠨ᠎ᠠ ᠬᠡᠵᠦ ᠦᠳᠡᠯᠦᠬᠡ ᠨᠠᠰᠤ᠎ᠪᠠᠨ ᠪᠠᠶᠠᠷ ᠵᠢᠷᠭᠠᠯ᠎ᠲᠠᠢ ᠦᠩᠬᠡᠷᠡᠬᠡᠵᠦ ᠶᠠᠪᠤᠭ᠎ᠠ ᠳᠡᠮᠦᠷ᠎ᠡ ᠭᠤᠸᠠᠢ ᠶᠠᠷᠢᠨ᠎ᠠ ᠃ ᠳᠡᠷᠡ ᠬᠡᠦᠬᠡᠳ᠎ᠤᠳ᠎ᠲᠡᠭᠡᠨ ᠦᠷᠬᠦᠯᠵᠢ ᠬᠦᠴᠢᠷ ᠵᠤᠪᠠᠯᠠᠩ᠎ᠲᠠᠢ ᠬᠦᠮᠦᠨ᠎ᠢ ᠳᠤᠰᠠᠯᠠᠵᠦ ᠦᠷᠦᠪᠳᠦᠵᠦ ᠶᠠᠪᠤ᠋ ᠂ ᠦᠷᠦ ᠵᠦᠬᠡᠯᠡᠨ ᠰᠠᠨᠠᠭ᠎ᠠ ᠴᠠᠶᠢᠯᠭᠠᠨ ᠶᠠᠪᠤᠬᠤ ᠯᠡ ᠴᠢᠬᠤᠯᠠ ᠬᠡᠵᠦ ᠵᠠᠬᠢᠳᠠᠭ ᠪᠠᠶᠢᠵᠠᠢ ᠃ ᠡᠳᠡᠬᠡᠷ ᠵᠢᠯ᠎ᠤᠨ ᠳᠤᠷᠰᠢ ᠳᠡᠷᠡ ᠤᠯᠠᠨ ᠳᠦᠷᠦᠯ᠎ᠤᠨ ᠬᠠᠶᠢᠷ᠎ᠠ᠎ᠪᠠᠨ ᠡᠷᠬᠦᠬᠦ ᠨᠡᠶᠢᠬᠡᠮᠯᠢᠭ᠎ᠲᠤ ᠤᠷᠤᠯᠴᠠᠵᠦ ᠂ ᠡᠪᠡᠳᠴᠢᠨ ᠵᠤᠪᠠᠯᠠᠩ᠎ᠲᠠᠢ ᠂ ᠬᠦᠴᠢᠷ ᠵᠤᠪᠠᠭᠤᠷᠢ᠎ᠲᠠᠢ ᠂ ᠵᠡᠮᠳᠡᠭ ᠪᠠᠭᠤᠷᠠᠢ ᠬᠦᠮᠦᠰ᠎ᠢ ᠰᠡᠳᠬᠢᠯ᠎ᠤᠨ ᠤᠭ᠎ᠡᠴᠠ᠎ᠪᠠᠨ ᠦᠷᠦᠪᠳᠦᠵᠦ ᠳᠤᠰᠠᠯᠠᠵᠦ ᠳᠡᠮᠵᠢᠭᠰᠡᠭᠡᠷ ᠢᠷᠡᠵᠠᠢ ᠃ ᠦᠬᠠᠨ᠎ᠤ ᠬᠢᠵᠢᠭ᠎ᠤᠨ ᠦᠶ᠎ᠡ᠎ᠳ᠋ᠤ ᠳᠡᠷᠡ ᠰᠠᠶᠢᠨ ᠳᠤᠷ᠎ᠠ᠎ᠡᠴᠠ᠎ᠪᠠᠨ ᠮᠦᠩᠬᠦ᠎ᠪᠠᠷ ᠳᠤᠰᠠᠯᠠᠵᠦ ᠂ ᠡᠵᠢ᠎ᠡᠴᠠ᠎ᠪᠠᠨ ᠵᠠᠯᠭᠠᠵᠦ ᠠᠪᠤᠭᠰᠠᠨ ᠦᠷᠦᠪᠴᠢ ᠨᠠᠨᠳᠢᠨ ᠰᠡᠳᠬᠢᠯ ᠂ ᠦᠭᠬᠢᠶᠡᠮᠦᠷᠴᠢ ᠠᠷᠢᠭᠤᠨ ᠬᠠᠶᠢᠷ᠎ᠠ᠎ᠪᠠᠷ᠎ᠢᠶᠡᠨ ᠦᠷᠦᠬᠡᠯ ᠪᠤᠰᠤᠳ᠎ᠤᠨ ᠰᠡᠳᠬᠢᠯ᠎ᠢ᠎ᠨᠢ ᠳᠤᠯᠠᠭᠠᠯᠠᠵᠦ ᠂ ᠢᠳᠡᠬᠡᠯ᠎ᠢ᠎ᠨᠢ ᠳᠡᠳᠬᠦᠵᠠᠢ ︕

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面