2021-07-30 09:43:43
ᠲᠠᠯ᠎ᠠ᠎ᠶᠢᠨ ᠨᠤᠭᠤᠭᠠᠨ ᠳᠡᠨᠵᠢᠨᠳ᠋ᠠᠬᠢ ᠲᠠᠨᠠᠨ ᠴᠠᠭᠠᠨ ᠮᠣᠩᠭᠤᠯ ᠭᠡᠷ ᠰᠢᠨ᠎ᠡ ᠮᠠᠢᠭ᠎ᠤᠨ ᠡᠳ᠋ᠯᠡᠯ ᠬᠡᠷᠡᠭᠰᠡᠯ᠎ᠢᠶᠠᠷ ᠥᠪᠴᠢ ᠴᠢᠮᠡᠭᠯᠡᠭᠳᠡᠵᠦ᠂ ᠵᠠᠯᠠᠭᠤ ᠬᠤᠣᠰ᠎ᠤᠨ ᠰᠢᠨ᠎ᠡ ᠠᠮᠢᠳᠣᠷᠠᠯ ᠢᠨᠢᠶᠡᠳᠦ ᠪᠠᠶᠠᠷᠲᠠᠢ᠂ ᠢᠲᠡᠭᠡᠯ ᠳᠦᠭᠦᠷᠡᠩ ᠡᠬᠢᠯᠡᠵᠦ ᠪᠠᠢᠨ᠎ᠡ᠃

ᠪᠠᠷᠠᠭᠤᠨ ᠦᠵᠦᠮᠦᠴᠢᠨ ᠬᠤᠰᠢᠭᠤᠨ᠎ᠤ ᠪᠠᠶᠠᠨᠬᠤᠰᠢᠭᠤ ᠰᠣᠮᠣᠨ᠎ᠤ ᠴᠢᠯᠠᠭᠤᠲᠤ ᠭᠠᠴᠠᠭᠠᠨ᠎ᠤ ᠦᠨᠡᠨᠪᠠᠶᠠᠷ ᠭᠡᠷᠭᠡᠢ ᠬᠤᠪᠤᠷᠴᠡᠴᠡᠭᠲᠠᠢᠪᠠᠨ ᠬᠤᠶᠠᠭᠤᠯᠠ 2020 ᠤᠨ᠎ᠳ᠋ᠤ ᠬᠤᠷᠢᠮᠯᠠᠵᠤ᠂ ᠤᠰᠤ ᠴᠠᠬᠢᠯᠭᠠᠨ ᠠᠯᠢ ᠠᠯᠢ᠎ᠨᠢ ᠴᠤ ᠲᠤᠲᠠᠬᠤ ᠦᠭᠡᠢ᠂ ᠣᠳᠣᠬᠢ ᠮᠠᠢᠭ᠎ᠤᠨ ᠵᠠᠰᠠᠯ ᠴᠢᠮᠡᠭᠯᠡᠯ᠎ᠲᠠᠢ ᠮᠤᠩᠭᠤᠯ ᠭᠡᠷ ᠲᠥᠭᠦᠭᠡᠷᠴᠤ ᠠᠶᠢᠯ ᠡᠷᠥᠬᠡ ᠪᠤᠯᠵᠠᠢ᠃ ᠨᠢᠭᠡ᠎ᠨᠢ 50 ᠲᠡᠭᠰᠢ ᠳᠦᠷᠪᠡᠯᠵᠢᠨ ᠮᠧᠲ᠋ᠷ᠂ ᠨᠥᠭᠦᠭᠡ᠎ᠨᠢ 30 ᠲᠡᠭᠰᠢ ᠳᠦᠷᠪᠡᠯᠵᠢᠨ ᠮᠧᠲ᠋ᠷ᠎ᠤᠨ ᠡᠨᠡ ᠬᠦ ᠵᠡᠷᠭᠡᠴᠡᠭᠡ ᠬᠤᠶᠠᠷ ᠮᠤᠩᠭᠤᠯ ᠭᠡᠷ᠎ᠤᠨ ᠰᠢᠷᠡᠭᠡ ᠰᠠᠨᠳᠠᠯᠢ᠂ ᠠᠪᠳᠠᠷ᠎ᠠ ᠬᠤᠷᠭᠤ᠎ᠨᠢ ᠠᠰᠠᠷ ᠲᠠᠭᠲᠤ᠎ᠶᠢᠨ ᠡᠳ᠋ᠯᠡᠯ ᠬᠡᠷᠡᠭᠰᠡᠯ᠎ᠲᠠᠢ ᠠᠳᠠᠯᠢᠬᠠᠨ ᠶᠠᠩᠵᠤ ᠬᠡᠯᠪᠡᠷᠢ᠎ᠲᠠᠢ ᠪᠠᠶᠢᠵᠤ᠂ ᠵᠣᠴᠢᠨ᠎ᠤ ᠥᠷᠦᠭᠡ᠂ ᠬᠤᠭᠤᠯᠠ ᠤᠮᠳᠠ᠎ᠶᠢᠨ ᠭᠡᠷ ᠭᠡᠵᠦ ᠬᠤᠶᠠᠷ ᠳᠠᠰᠣᠯᠭ᠎ᠠ ᠬᠤᠪᠢᠶᠠᠨ᠂ ᠭᠡᠷ ᠳᠤᠲᠤᠷ᠎ᠠ᠎ᠪᠠᠨ ᠭᠠᠷ ᠬᠥᠷᠬᠦ ᠵᠠᠢ᠎ᠳ᠋ᠤ ᠤᠰᠤ ᠴᠠᠬᠢᠯᠭᠠᠨ ᠪᠦᠷᠢᠨ᠂ ᠪᠤᠳᠤᠭᠲᠤ ᠲᠧᠯᠸᠢᠰ᠂ ᠬᠥᠯᠳᠡᠭᠡᠭᠦᠷ ᠮᠠᠰᠢᠨ᠂ ᠬᠤᠪᠴᠠᠰᠤ ᠤᠭᠢᠶᠠᠬᠤ ᠮᠠᠰᠢᠨ᠂ ᠲᠤᠭᠤᠰᠤ ᠰᠤᠷᠤᠬᠤ ᠮᠠᠰᠢᠨ ᠵᠡᠷᠭᠡ ᠴᠠᠬᠢᠯᠭᠠᠨ ᠬᠡᠷᠡᠭᠰᠡᠯ᠎ᠢ ᠢᠵᠢ ᠪᠦᠷᠢᠳᠦᠭᠦᠯᠵᠦ᠂ ᠳᠤᠯᠠᠭᠠᠨ ᠲᠠᠭᠠᠯᠠᠮᠵᠢᠲᠠᠢ᠂ ᠲᠤᠬᠢᠯᠢᠭ ᠰᠠᠶᠢᠬᠠᠨ ᠠᠮᠢᠳᠤᠷᠠᠵᠤ ᠪᠠᠢᠯ᠎ᠠ ︕

ᠦᠨᠡᠨᠪᠠᠶᠠᠷ᠂ ᠬᠤᠪᠤᠷᠴᠡᠴᠡᠭ ᠬᠤᠶᠠᠭᠤᠯᠠ᠎ᠪᠠᠨ ᠶᠡᠷᠡᠭᠡᠳ ᠤᠨ᠎ᠳ᠋ᠤ ᠲᠥᠷᠦᠭᠰᠡᠨ ᠰᠢᠨ᠎ᠡ ᠴᠠᠭ ᠥᠶ᠎ᠡ᠎ᠶᠢᠨ ᠵᠠᠯᠠᠭᠤᠴᠤᠳ ᠭᠡᠯᠡ ᠴᠤ ᠤᠯᠠᠮᠵᠢᠯᠠᠯᠲᠤ ᠮᠣᠩᠭᠤᠯ ᠭᠡᠷ᠎ᠲᠡᠭᠡᠨ ᠠᠶᠢᠯ ᠡᠷᠦᠬᠡ᠎ᠪᠠᠨ ᠪᠣᠰᠬᠠᠵᠤ᠂ ᠮᠣᠷᠢ ᠤᠨᠤᠵᠤ᠂ ᠥᠨᠢᠶ᠎ᠡ ᠮᠠᠯ᠎ᠢᠶᠡᠨ ᠰᠠᠭᠠᠨ ᠤᠯᠠᠮᠵᠢᠯᠠᠯᠲᠤ ᠮᠠᠯᠵᠢᠬᠤ ᠠᠮᠢᠳᠣᠷᠠᠯ᠎ᠢᠶᠡᠨ ᠰᠢᠨ᠎ᠡ ᠴᠠᠭ ᠦᠶ᠎ᠡ᠎ᠳ᠋ᠤ ᠵᠣᠬᠢᠴᠠᠭᠤᠯᠤᠨ ᠬᠠᠭᠤᠴᠢᠨ᠎ᠢᠶᠡᠨ ᠤᠷᠬᠢᠯ ᠦᠭᠡᠢ᠂ ᠰᠢᠨ᠎ᠡ᠎ᠡᠴᠠ ᠬᠤᠴᠤᠷᠣᠯ ᠦᠭᠡᠢ ᠬᠦᠰᠡᠯ ᠳᠦᠭᠦᠷᠡᠩ᠂ ᠢᠲᠡᠭᠡᠯ ᠪᠠᠲᠤ ᠢᠷᠡᠬᠦ ᠮᠠᠷᠭᠠᠰᠢ᠎ᠪᠠᠨ ᠤᠭᠳᠤᠨ᠎ᠠ᠃

ᠦᠩᠭᠡᠷᠡᠭᠰᠡᠨ ᠵᠠᠭᠤᠨ᠎ᠳ᠋ᠤ ᠨᠢᠭᠡ ᠠᠶᠢᠯ ᠭᠡᠷ᠎ᠤᠨ ᠠᠷᠪᠠᠭᠠᠳ ᠠᠮᠠ ᠪᠥᠯᠢ ᠳᠥᠷᠪᠡ ᠲᠠᠪᠤᠬᠠᠨ ᠬᠠᠨ᠎ᠠ᠎ᠲᠠᠢ ᠮᠣᠩᠭᠤᠯ ᠭᠡᠷ᠎ᠲᠤ ᠥᠯᠦᠰᠭᠦᠯᠡᠩ ᠭᠠᠴᠢᠭᠢ ᠲᠤᠭᠤᠯᠵᠤ ᠪᠠᠶᠢᠭᠰᠠᠨ ᠪᠣᠯ᠂ ᠦᠭᠡᠷᠡᠴᠢᠯᠡᠯᠲᠡ ᠭᠥᠭᠵᠢᠯᠲᠡ᠎ᠶᠢ ᠦᠩᠭᠡᠷᠡᠭᠡᠭᠡᠳ ᠥᠨᠥᠳᠦᠷ ᠪᠣᠯᠬᠤ᠎ᠳ᠋ᠤ ᠮᠠᠯᠴᠢᠳ ᠡᠶᠢᠨ ᠬᠦ ᠮᠠᠰᠢᠨ ᠮᠧᠬᠠᠨᠢᠭᠴᠢᠯᠠᠭᠰᠠᠨ ᠤᠳᠤᠬᠢᠴᠢᠯᠠᠭᠰᠠᠨ ᠰᠢᠨ᠎ᠡ ᠠᠮᠢᠳᠣᠷᠠᠯ᠎ᠳ᠋ᠤ ᠬᠦᠴᠦ ᠤᠶᠤᠨ᠎ᠢᠶᠡᠨ ᠰᠣᠶᠢᠵᠤ᠂ ᠠᠮᠢᠳᠣᠷᠠᠯ ᠦᠢᠯᠡᠰ᠎ᠢᠶᠡᠨ ᠥᠭᠡᠳᠡ᠎ᠪᠠᠨ ᠲᠠᠲᠠᠵᠤ ᠶᠠᠪᠤᠨᠠᠮ ︕

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃