ᠲᠡᠷᠢᠭᠦᠨ ᠨᠢᠭᠤᠷ>ᠬᠦᠮᠦᠨ ᠨᠡᠢᠭᠡᠮ>ᠬᠦᠮᠦᠨ ᠵᠣᠨ

2021-05-24 10:21:15

ᠵᠣᠬᠢᠶᠠᠭ᠍ᠴᠢ᠄ ᠬᠠᠰᠬᠥᠥ ᠣᠩᠱᠢᠭ᠍ᠰᠠᠨ ᠣᠳᠠᠭ᠎ᠠ᠄ 3

ᠴᠠᠬᠠᠷ ᠪᠥᠰᠡᠬᠥᠢᠢᠴᠤᠤᠯ᠎ᠤᠨ ᠠᠵᠢᠯ᠎ᠳ᠋ᠤ ᠡᠪᠲᠡᠢ ᠂ ᠬᠥᠲᠡᠯᠮᠥᠷᠢ᠎ᠳ᠋ᠤ ᠲᠠᠳᠮᠠᠭᠠᠢ ᠂ ᠰᠤᠷᠴᠥ ᠡᠵᠡᠮᠰᠢᠬᠥ᠎ᠳ᠋ᠤ ᠲᠥᠷᠭᠡᠨ ᠤᠨᠴᠠᠯᠢᠭ ᠬᠠᠰᠲᠤᠶᠠᠭ᠎ᠠ᠎ᠶᠢᠨ ᠪᠡᠶ᠎ᠠ ᠲᠡᠭᠡᠷ᠎ᠠ ᠪᠥᠷᠢᠨ ᠢᠯᠡᠷᠡᠨ᠎ᠠ ᠃ ᠬᠠᠰᠲᠤᠶᠠᠭ᠎ᠠ ᠬᠥᠪᠡᠭᠡᠲᠥ ᠰᠢᠷ᠎ᠠ ᠬᠤᠰᠢᠭᠤᠨ᠎ᠤ ᠨᠠᠷᠠᠠᠠᠠᠭᠤᠯᠠ ᠰᠤᠮᠤ᠎ᠶᠢᠨ ᠬᠠᠲᠠᠨᠬᠤᠰᠢᠭᠤ ᠭᠠᠴᠠᠭ᠎ᠠ᠎ᠡᠴᠠ ᠰᠢᠯᠢᠩᠬᠤᠲᠠ᠎ᠳ᠋ᠤ ᠢᠷᠡᠵᠥ ᠂ ᠠᠩᠬ᠎ᠠ ᠠᠢᠯ ᠪᠤᠯᠬᠤ᠎ᠳ᠋ᠤ ᠠᠮᠢᠲᠤᠷᠠᠯ᠎ᠤᠨ ᠰᠠᠭᠤᠷᠢ ᠨᠢᠮᠭᠡᠨ ᠪᠠᠢᠭᠰᠠᠨ ᠴᠥ ᠨᠥᠬᠥᠷ᠎ᠲᠠᠢ ᠬᠤᠶᠠᠭᠤᠯᠠ᠎ᠪᠠᠨ ᠬᠠᠯᠠᠮᠵᠢ ᠬᠠᠢᠷ᠎ᠠ᠎ᠪᠠᠷ ᠲᠥᠰᠢᠯᠴᠡᠵᠥ ᠂ ᠢᠳᠡᠭᠡᠯ ᠵᠤᠷᠢᠭ ᠲᠦᠭᠦᠷᠡᠩ᠎ᠢᠶᠠᠷ ᠴᠢᠷᠮᠠᠢᠨ ᠠᠵᠢᠯᠯᠠᠬᠰᠡᠨ᠎ᠢᠶᠠᠷ ᠭᠤᠷᠪᠠᠨ ᠵᠢᠯ᠎ᠤᠨ ᠲᠠᠷᠠᠭ᠎ᠠ 100 ᠭᠠᠷᠤᠢ ᠬᠤᠨᠢ᠎ᠲᠠᠢ ᠂ ᠲᠥᠴᠢ ᠲᠠᠪᠢᠭᠠᠳ ᠥᠭᠡᠷ᠎ᠲᠠᠢ ᠪᠤᠯᠵᠥ ᠬᠥᠯᠵᠢᠭᠰᠡᠨ ᠪᠠᠢᠨ᠎ᠡ ᠃


3985387_lity_1621408371430_m.jpg


2007 ᠤᠨ᠎ᠳ᠋ᠤ ᠰᠡᠳᠬᠢᠯ ᠰᠠᠨᠠᠭ᠎ᠠ ᠨᠢᠭᠡᠲᠡᠢ ᠠᠮᠠᠷᠠᠭ ᠬᠤᠤᠰ ᠴᠠᠭᠠᠨ ᠢᠲᠡᠭᠡᠨ᠎ᠤ ᠥᠢᠯᠡᠰ ᠡᠷᠬᠢᠯᠡᠬᠦ᠎ᠪᠠᠷ ᠵᠤᠷᠢᠭ ᠰᠢᠭᠤᠳᠴᠦ ᠂ ᠠᠢᠯ᠎ᠤᠨ ᠬᠤᠶᠠᠷ ᠲᠡᠷᠭᠡᠨ ᠬᠥᠮᠥᠷᠭᠡ᠎ᠶᠢ ᠵᠢᠯ᠎ᠤᠨ 15000 ᠲᠥᠭᠥᠷᠢᠭ᠎ᠢᠶᠠᠷ ᠲᠥᠷᠢᠶᠡᠰᠥᠯᠡᠵᠦ ᠠᠪᠤᠭᠠᠳ ︽ ᠪᠠᠶᠠᠯᠢᠭ ︾ ᠴᠠᠭᠠᠨ ᠢᠳᠡᠭᠡᠨ᠎ᠤ ᠳᠡᠯᠭᠡᠭᠦᠷ᠎ᠢᠶᠡᠨ ᠨᠡᠬᠡᠭᠡᠵᠡᠢ ᠃ ᠴᠠᠭᠠᠨ ᠰᠥᠨ᠎ᠤ ᠮᠢᠯᠢᠶᠠᠯᠭ᠎ᠠ᠎ᠲᠠᠢ᠎ᠪᠠᠷ ᠥᠢᠯᠡᠳᠪᠤᠷᠢᠯᠡᠯ ᠪᠤᠷᠤᠯᠠᠭᠤᠯᠭ᠎ᠠ ᠠᠯᠢ ᠨᠢᠭᠡ ᠶᠠᠪᠤᠴᠠ ᠴᠥ ᠲᠤᠡᠭ ᠤᠷᠤᠭᠰᠢᠲᠠᠢ ᠪᠠᠢᠯ᠎ᠡ ᠂ 2020 ᠤᠨ᠎ᠤ 5 ᠰᠠᠷ᠎ᠡ᠎ᠳ᠋ᠤ ᠲᠡᠳᠡ ᠤᠲᠤ᠎ᠶᠢᠨ ᠲᠤᠬᠢᠯᠢᠭ ᠡᠪᠯᠢᠭᠭᠡᠨ ᠬᠤᠶᠠᠷ ᠲᠠᠪᠬᠤᠷ ᠠᠰᠠᠷ᠎ᠢ ᠵᠢᠯ᠎ᠤᠨ 3 ᠳᠦᠮᠡᠨ ᠳᠦᠬᠦᠷᠢᠭ᠎ᠢᠶᠠᠷ ᠳᠦᠷᠢᠶᠡᠰᠦᠯᠡᠵᠤ ᠂ ᠡᠵᠡᠩᠨᠡᠯᠲᠡ᠎ᠶᠢᠨ ᠬᠡᠪᠴᠢᠶ᠎ᠡ᠎ᠪᠠᠨ ᠴᠢᠨᠠᠬᠰᠢᠳᠠ ᠦᠷᠭᠡᠳᠭᠡᠭᠰᠡᠨ ᠪᠢᠯᠡ ᠃ ᠤᠲᠤᠬᠠᠨ᠎ᠳ᠋ᠤ ᠬᠠᠰᠲᠤᠶᠠᠭ᠎ᠠ ᠡᠲᠥᠷ ᠪᠥᠷᠢ ᠬᠡᠲᠥᠨ ᠵᠠᠭᠤᠨ ᠵᠢᠡᠭ ᠰᠥ᠋ ᠪᠤᠯᠪᠠᠰᠤᠷᠠᠭᠤᠯᠵᠥ ᠂ ᠬᠤᠷᠤᠳ ᠂ ᠴᠤᠷ᠎ᠠ ᠂ ᠪᠢᠰᠢᠯᠠᠭ ᠂ ᠠᠭᠠᠷᠴᠠ ᠂ ᠰᠢᠷ᠎ᠠ ᠲᠤᠰᠤ ᠂ ᠴᠥᠴᠥᠭᠡᠢ ᠂ ᠰᠢᠷᠠᠰᠤᠨ ᠰᠢᠬᠢᠷ ᠵᠡᠷᠭᠡ ᠲᠥᠷᠥᠯ ᠵᠥᠢᠯ᠎ᠤᠨ ᠴᠠᠭᠠᠨ ᠢᠲᠡᠭᠡᠨ᠎ᠢ ᠨᠠᠷᠢᠯᠢᠭ ᠴᠢᠨᠠᠷᠵᠢᠭᠤᠨ ᠬᠢᠬᠥ᠎ᠶᠢᠨ ᠲᠠᠭᠠᠥ ᠬᠥᠮᠥᠰ᠎ᠤᠨ ᠡᠷᠡᠬᠥᠯ ᠬᠤᠭᠤᠯᠠᠯᠠᠬᠤ᠎ᠳ᠋ᠤ ᠵᠤᠬᠢᠴᠠᠭᠤᠯᠤᠭᠰᠠᠨ ᠠᠮᠲᠠ ᠰᠢᠮ᠎ᠡ ᠲᠡᠩᠴᠡᠬᠥᠭᠡᠨ ᠰᠠᠢᠬᠠᠨ ᠮᠤᠩᠭᠤᠯ ᠪᠤᠤᠪᠤ᠋ ᠬᠠᠭᠠᠷᠢᠵᠥ ᠂ ᠰᠢᠯᠢᠩᠬᠤᠲᠠ᠎ᠶᠢᠨ ᠬᠡᠪᠴᠢᠶᠡᠨ᠎ᠳ᠋ᠤ ᠪᠤᠷᠤᠯᠠᠭᠤᠯᠬᠤ᠎ᠡᠴᠠ ᠭᠠᠲᠠᠨ᠎ᠠ ᠵᠢᠷᠬᠢᠶ᠎ᠠ ᠂ ᠴᠤᠤᠷᠢᠶ᠎ᠠ᠎ᠪᠠᠷ ᠰᠠᠢᠨ ᠤᠬᠠᠭᠤᠯᠤᠬᠰᠡᠨ᠎ᠡᠴᠠ ᠤᠬᠤᠷᠬᠠᠨ ᠬᠤᠭᠤᠴᠠᠭᠠᠨ᠎ᠳ᠋ᠤ ᠤᠷᠲᠤᠰ ᠂ ᠪᠤᠭᠤᠲᠤ ᠂ ᠬᠥᠭᠡᠬᠤᠲᠠ ᠂ ᠰᠥᠵᠸᠥ ᠂ ᠾᠸᠪᠸᠢ ᠵᠡᠷᠭᠡ ᠭᠠᠵᠠᠷ᠎ᠤᠨ ᠬᠡᠷᠡᠭᠯᠡᠭᠴᠢᠳ᠎ᠲᠠᠢ ᠪᠤᠯᠵᠥ ᠂ ᠬᠦᠮᠤᠰ ︽ ᠴᠢᠷᠠᠢᠯᠢᠭ ᠮᠤᠩᠭᠤᠯ ᠪᠥᠰᠡᠬᠥᠢ᠎ᠶᠢᠨ ᠬᠢᠭᠰᠡᠨ ᠰᠢᠮ᠎ᠠ᠎ᠲᠠᠢ ᠮᠤᠩᠭᠤᠯ ᠢᠲᠡᠭᠡᠨ ︾ ᠬᠡᠮᠡᠨ ᠠᠪᠬᠤ ᠪᠤᠯᠵᠠᠭᠠᠵᠠᠢ ᠃

ᠬᠠᠰᠲᠤᠶᠠᠭ᠎ᠠ ᠵᠠᠪ ᠴᠢᠯᠥᠭᠡ᠎ᠪᠠᠷ᠎ᠢᠶᠡᠨ ᠰᠤᠨᠢᠨ ᠰᠡᠳᠬᠥᠯ ᠤᠩᠰᠢᠵᠥ ᠂ ᠴᠠᠭ ᠨᠡᠢᠭᠡᠮ᠎ᠤᠨ ᠬᠥᠭᠵᠢᠯᠲᠡ ᠬᠤᠪᠢᠷᠠᠯᠲᠠ᠎ᠶᠢ ᠠᠩᠬᠠᠷᠴᠥ ᠬᠠᠯᠠᠮᠵᠢᠯᠠᠲᠠᠭ ᠪᠠᠰᠠ ᠨᠢᠭᠡᠨ ᠰᠠᠢᠬᠠᠨ ᠲᠠᠳᠬᠠᠯ᠎ᠲᠠᠢ ᠃ ︽ ᠤᠢᠷ᠎ᠠ᠎ᠶᠢᠨ ᠵᠢᠯ᠎ᠳ᠋ᠤ ᠥᠪᠡᠷᠲᠡᠭᠡᠨ ᠵᠠᠰᠠᠬᠤ ᠤᠷᠤᠨ᠎ᠡᠴᠠ ᠥᠨᠲᠤᠰᠤᠲᠡᠨ᠎ᠤ ᠤᠯᠠᠮᠵᠢᠯᠠᠯᠲᠤ ᠰᠥ᠋ ᠰᠠᠭᠠᠯᠢ᠎ᠶᠢᠨ ᠥᠢᠯᠡᠰ᠎ᠢ ᠪᠥᠬᠥ ᠲᠠᠯ᠎ᠠ᠎ᠪᠠᠷ ᠬᠥᠭᠵᠢᠬᠥᠯᠬᠥ ᠭᠡᠵᠥ ᠪᠠᠢᠬᠤ᠎ᠶᠢ ᠰᠤᠨᠢᠨ ᠰᠡᠳᠬᠥᠯ᠎ᠡᠴᠠ ᠬᠠᠷᠠᠵᠥ ᠤᠢᠯᠠᠭᠠᠯ᠎ᠠ ᠃ ᠡᠨᠡ ᠰᠠᠢᠬᠠᠨ ᠲᠤᠬᠢᠶᠠᠯ᠎ᠳ᠋ᠤ ᠲᠠᠭᠠᠷᠠᠭᠤᠯᠤᠨ ᠪᠢ ᠰᠢᠯᠢᠩᠬᠤᠳᠠ᠎ᠶᠢᠨ ᠴᠠᠭᠠᠨ ᠢᠲᠡᠭᠡᠨ᠎ᠤ ᠨᠡᠢᠭᠡᠮᠯᠢᠭ᠎ᠲᠤ ᠤᠷᠤᠭᠰᠠᠨ ᠪᠦᠭᠡᠳ ᠨᠠᠢᠭᠡᠮᠯᠢᠭ᠎ᠡᠴᠠ ᠡᠷᠬᠢᠯᠡᠭᠰᠡᠨ ᠪᠤᠯᠪᠠᠰᠤᠷᠠᠯ᠎ᠳ᠋ᠤ ᠪᠠᠰᠠ ᠤᠷᠤᠯᠴᠠᠵᠤ᠂ ᠤᠷ᠎ᠡ ᠮᠡᠷᠭᠡᠵᠢᠯ᠎ᠢᠶᠡᠨ ᠳᠡᠭᠡᠭᠰᠢᠯᠡᠬᠦᠯᠦᠭᠰᠡᠨ ᠶᠤᠮ ︾ ᠭᠡᠵᠥ ᠬᠠᠰᠲᠤᠶᠠᠭ᠎ᠠ ᠤᠷᠮᠠᠲᠠᠢᠬᠠᠨ ᠶᠠᠷᠢᠨ᠎ᠠ ᠃

︽ ᠬᠥᠮᠥᠨ᠎ᠤ ᠰᠠᠢᠬᠠᠨ ᠬᠦᠰᠡᠯ᠎ᠳ᠋ᠤ᠎ᠪᠠᠨ᠂ ᠬᠦᠰᠡᠯ᠎ᠤᠨ ᠰᠠᠢᠬᠠᠨ ᠢᠳᠡᠬᠡᠯ᠎ᠳ᠋ᠤ᠎ᠪᠠᠨ ︾ ᠭᠡᠭᠴᠢ᠎ᠪᠠᠷ ᠬᠠᠰᠳᠤᠶᠠᠭ᠎ᠠ ᠬᠠᠷ᠎ᠠ ᠪᠠᠭ᠎ᠠ᠎ᠡᠴᠠ ᠠᠮᠢᠲᠤᠷᠠᠯ᠎ᠤᠨ ᠬᠠᠲᠠᠭᠤ ᠪᠡᠷᠭᠡ᠎ᠶᠢ ᠠᠮᠰᠠᠵᠥ ᠢᠷᠡᠭᠰᠡᠨ ᠴᠥ ᠠᠮᠢᠲᠤᠷᠠᠯ᠎ᠳ᠋ᠤ ᠶᠡᠷᠥ᠎ᠡᠴᠠ ᠭᠤᠮᠤᠲᠠᠭ᠎ᠠ ᠥᠭᠡᠢ ᠂ ᠬᠠᠷᠢᠨ ᠥᠩᠭᠡᠷᠡᠬᠥᠯᠵᠥ ᠢᠷᠡᠭᠰᠡᠨ ᠲᠡᠷᠡ ᠪᠥᠬᠥᠲᠡ᠎ᠶᠢ ᠬᠢᠴᠢᠶᠡᠯ ᠰᠤᠷᠭᠠᠮᠵᠢ ᠪᠤᠯᠭᠠᠨ ᠂ ᠥᠪᠡᠷ᠎ᠲᠤ᠎ᠪᠠᠨ ᠢᠲᠡᠭᠡᠯ᠎ᠲᠠᠢ᠂ ᠬᠥᠰᠡᠯ᠎ᠲᠠᠢ᠂ ᠵᠤᠷᠢᠭ᠎ᠲᠠᠢ ᠬᠠᠨᠲᠤᠵᠥ ᠢᠷᠡᠭᠰᠡᠨ᠎ᠢᠶᠠᠷ ᠠᠮᠢᠲᠤᠷᠠᠯ ᠴᠥ ᠰᠠᠢᠬᠠᠨ ᠪᠥᠬᠥᠨ᠎ᠢ ᠬᠠᠷᠢᠭᠤ ᠪᠡᠯᠡᠭᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面