2020-07-17 11:16:30
7 ᠰᠠᠷ᠎ᠠ᠎ᠶᠢᠨ 15᠎ᠤ ᠡᠳᠦᠷ ᠂ ᠠᠩᠬᠠᠳᠤᠭᠠᠷ ᠤᠳᠠᠭ᠎ᠠ᠎ᠶᠢᠨ ︽ ᠦᠪᠦᠷ ᠮᠤᠩᠭᠤᠯ᠎ᠤᠨ ᠲᠡᠮᠦᠷ ᠬᠡᠤᠬᠡᠨᠴᠤᠳ ︾᠎ᠤᠨ ᠵᠤᠯᠭᠠᠯᠲᠠ᠎ᠶᠢᠨ ᠨᠠᠢᠷ ᠤᠷᠤᠨ᠎ᠤ ᠲᠦᠪ ᠬᠦᠭᠡᠬᠤᠳᠠ᠎ᠳ᠋ᠤ ᠶᠠᠪᠤᠬᠳᠠᠵᠤ ᠂ ᠲᠡᠮᠤᠷ ᠬᠡᠦᠭᠡᠨᠴᠤᠳ ᠬᠠᠷᠢᠭᠤ ᠮᠡᠳᠡᠭᠦᠯᠦᠯᠲᠡ᠎ᠶᠢᠨ ᠲᠤᠬᠯᠠᠯᠲᠠ ᠭᠠᠷᠭᠠᠵᠤ ᠂ ᠵᠤᠯᠭᠠᠯᠲᠠ᠎ᠶᠢᠨ ᠨᠠᠢᠷ᠎ᠢᠶᠡᠨ ᠤᠳᠬ᠎ᠠ ᠲᠡᠭᠦᠯᠳᠡᠷ ᠲᠡᠮᠳᠡᠭᠯᠡᠯ᠎ᠠ ᠃
ᠠᠭᠤᠯᠵᠠᠯᠳᠠ᠎ᠶᠢᠨ ᠵᠢᠷᠭᠠᠯᠳ᠋ᠤ ᠰᠤᠬᠳᠤᠭᠤᠷᠠᠬᠰᠡᠨ ᠲᠡᠮᠤᠷ ᠬᠡᠤᠬᠡᠨᠴᠤᠳ ᠦᠩᠭᠡᠷᠡᠭᠰᠡᠨ᠎ᠢᠶᠡᠨ ᠡᠷᠬᠢᠴᠡᠭᠦᠯᠭᠦ᠎ᠲᠠᠢ ᠵᠡᠷᠭᠡ ᠦᠪᠡᠷ᠎ᠤᠨ ᠡᠷᠭᠡ ᠦᠭᠡᠢ ᠰᠡᠳᠬᠢᠯ ᠲᠤᠬᠳᠤᠯᠤᠨ ᠂ ᠵᠠᠷᠢᠮ᠎ᠨᠢ ᠪᠠᠶᠠᠷᠯᠠᠯ ᠲᠤᠬᠳᠤᠯᠤᠯ᠎ᠤᠨ ᠰᠡᠳᠬᠢᠯᠭᠡ᠎ᠪᠠᠨ ᠲᠠᠷᠤᠵᠤ ᠶᠠᠳᠠᠨ ᠰᠡᠮᠡᠭᠡᠷ ᠨᠢᠯᠪᠤᠰᠤ᠎ᠪᠠᠨ ᠠᠷᠴᠢᠨ᠎ᠠ ᠂ ᠵᠠᠷᠢᠮᠠᠳ᠎ᠨᠢ ᠭᠠᠷ ᠭᠠᠷ᠎ᠢᠶᠡᠨ ᠠᠳᠬᠤᠬᠰᠡᠨ ᠭᠡᠪᠢᠶᠠᠷᠢᠶᠡᠨ ᠶᠠᠭᠤ ᠶᠠᠷᠢᠬᠤ᠎ᠪᠠᠨ ᠤᠯᠵᠤ ᠶᠠᠳᠠᠨ ᠴᠢᠮᠡᠭᠡ ᠦᠭᠡᠢ ᠨᠢᠭᠡ ᠨᠢᠭᠡᠨ᠎ᠢᠶᠡᠨ ᠨᠠᠯᠠᠨ ᠰᠠᠭᠤᠨ᠎ᠠ ᠁ ᠃ ᠲᠡᠭᠡᠷ᠎ᠡ ᠵᠠᠭᠤᠨ᠎ᠤ ᠵᠢᠷᠠ ᠲᠠᠯᠠᠭᠠᠳ ᠤᠨ᠎ᠤ ᠦᠶ᠎ᠡ᠎ᠪᠠᠷ ᠂ ᠦᠪᠦᠷ ᠮᠤᠩᠭᠤᠯ᠎ᠤᠨ ᠲᠠᠯ᠎ᠠ ᠨᠤᠲᠤᠬ᠎ᠲᠤ ︽ ᠮᠠᠯᠴᠢᠨ ᠳ᠋ᠠᠵᠠᠢ᠎ᠡᠴᠠ ᠰᠤᠷᠤᠯᠴᠠᠬᠤ ︾ ᠦᠷᠨᠢᠯᠳᠠ ᠭᠠᠷᠴᠤ ᠂ ᠬᠤᠷᠢ ᠬᠥᠷᠥᠬᠡ ᠥᠬᠡᠢ ᠬᠡᠤᠬᠡᠨᠴᠤᠳ ᠵᠠᠯᠠᠭᠤ ᠽᠠᠨᠳᠠᠨ ᠨᠠᠰᠤᠨ᠎ᠤ ᠬᠠᠯᠠᠭᠤᠨ ᠰᠡᠳᠬᠢᠯ ᠬᠠᠳᠠᠨ ᠵᠤᠷᠢᠬ᠎ᠢᠶᠠᠷ ᠬᠠᠮᠲᠤ ᠨᠡᠢᠲᠡ᠎ᠶᠢᠨ ᠠᠵᠢᠯ᠎ᠳ᠋ᠤ ᠤᠷᠤᠯᠴᠠᠵᠤ ᠂ ᠪᠠᠷᠢᠭᠠᠳᠠ᠎ᠶᠢᠨ ᠬᠤᠨᠢ ᠮᠠᠯ᠎ᠢ ᠬᠠᠷᠢᠭᠤᠯᠬᠤ ᠂ ᠬᠤᠳᠳᠤᠬ ᠮᠠᠯᠳᠠᠬᠤ ᠂ ᠠᠭᠤᠯᠠ ᠲᠡᠯᠪᠡᠴᠢᠨ ᠴᠢᠯᠠᠭᠤ ᠭᠠᠷᠭᠠᠬᠤ ᠂ ᠭᠡᠷ ᠬᠤᠷᠤᠭ᠎ᠠ ᠪᠠᠷᠢᠬᠤ ᠂ ᠮᠤᠳᠤ ᠲᠠᠷᠢᠬᠤ ᠁ ᠬᠡᠬᠦ ᠮᠡᠲᠤ᠎ᠪᠠᠷ ᠬᠠᠮᠢᠭ᠎ᠠ ᠬᠦᠴᠢᠷᠳᠡᠯᠳᠡᠢ ᠪᠤᠯ ᠲᠡᠨᠳᠠ ᠤᠴᠢᠨ ᠂ ᠬᠠᠮᠢᠭ᠎ᠠ ᠬᠦᠳᠡᠯᠮᠦᠷᠢ ᠬᠦᠴᠦᠨ ᠲᠤᠳᠠᠬᠳᠠᠪᠠᠯ ᠲᠡᠨᠳᠡ ᠤᠴᠢᠵᠤ ᠂ ᠠᠴᠢ ᠬᠠᠷᠢᠭᠤᠯᠤᠯᠳᠠ ᠠᠰᠢᠬ ᠤᠷᠤᠯᠭ᠎ᠠ ᠬᠦᠰᠡᠬᠦ ᠦᠭᠡᠢ᠎ᠪᠠᠷ ᠭᠠᠪᠰᠢᠭᠠᠢᠯᠠᠨ ᠠᠵᠢᠯᠯᠠᠵᠤ ᠭᠠᠷᠮᠠᠭᠠᠢ ᠵᠢᠳᠭᠦᠯ ᠦᠵᠡᠭᠦᠯᠦᠭᠰᠡᠨ ᠦᠢᠯᠡ ᠠᠵᠢᠯᠯᠭ᠎ᠠ ᠂ ᠵᠤᠷᠢᠬ ᠰᠠᠨᠠᠭ᠎ᠠ᠎ᠨᠢ ᠤᠷᠤᠨ ᠳᠠᠶᠠᠭᠠᠷ ᠴᠢᠨᠠᠬᠰᠢᠯᠠᠨ ᠤᠯᠤᠰ ᠳᠠᠶᠠᠭᠠᠷ ᠤᠯᠠᠮᠵᠢᠯᠠᠬᠳᠠᠨ ᠳᠠᠷᠬᠠᠵᠤ ᠂ ︽ ᠲᠡᠮᠤᠷ ᠬᠡᠤᠬᠡᠨᠴᠤᠳ ︾ ᠬᠡᠮᠡᠨ ᠠᠯᠳᠠᠷᠰᠢᠬᠰᠠᠨ ᠪᠠᠢᠪᠠ ᠃
ᠲᠡᠮᠦᠷ ᠬᠡᠤᠬᠡᠨᠴᠤᠳ᠎ᠤᠨ ᠦᠢᠯᠠ ᠠᠵᠢᠯᠯᠠᠭ᠎ᠠ᠎ᠶᠢ ᠨᠡᠢᠬᠡᠮ ᠨᠡᠢᠲᠡ᠎ᠳ᠋ᠤ ᠮᠡᠳᠡᠭᠦᠯᠦᠨ ᠂ ᠬᠤᠢᠴᠢ ᠦᠶᠠᠶᠢᠨᠬᠢᠨᠳ᠋ᠡᠭᠡᠨ ᠲᠠᠳᠠ ᠨᠡᠷ᠎ᠤᠨ ᠦᠢᠯᠡ ᠠᠵᠢᠯᠯᠠᠭ᠎ᠠ ᠪᠠ ᠵᠤᠷᠢᠬ ᠰᠠᠨᠠᠭ᠎ᠠ᠎ᠶᠢ ᠤᠯᠠᠮᠵᠢᠯᠠᠵᠤ ᠲᠡᠯᠭᠡᠷᠡᠭᠦᠯᠬᠦ᠎ᠶᠢᠨ ᠵᠤᠷᠢᠯᠭ᠎ᠠ᠎ᠡᠴᠠ ᠂ ᠬᠦᠯᠦᠨ ᠪᠤᠢᠷ ᠬᠤᠳᠠ᠎ᠶᠢᠨ ᠰᠢᠨ᠎ᠡ ᠪᠠᠷᠭᠤ ᠵᠡᠬᠦᠨ ᠬᠤᠰᠢᠭᠤᠨ᠎ᠤ ᠰᠢᠨᠡᠪᠤᠯᠠᠭ ᠰᠤᠮᠤᠨ᠎ᠤ ᠮᠠᠯᠴᠢᠨ ᠂ ᠦᠪᠤᠷ ᠮᠤᠩᠭᠤᠯ ᠤᠷᠤᠨ᠎ᠤ ︽ ᠲᠡᠮᠤᠷ ᠬᠡᠤᠬᠡᠨᠴᠤᠳ᠎ᠤᠨ ᠬᠤᠯᠪᠤᠭ᠎ᠠ ︾᠎ᠶᠢᠨ ᠠᠬᠠᠯᠠᠬᠴᠢ ᠳᠤᠯᠭᠠᠷ ᠨᠠᠰᠤᠲᠠᠨ᠎ᠡᠴᠠ ᠡᠯ᠎ᠡ ᠠᠢᠮᠠᠭ ᠬᠤᠳᠠ᠎ᠶᠢᠨ ︽ ᠲᠡᠮᠤᠷ ᠬᠡᠤᠬᠡᠨ ︾ ᠵᠢᠷᠭᠢᠶ᠎ᠡ ᠬᠤᠯᠪᠤᠭᠠᠨ᠎ᠤ ᠠᠬᠠᠯᠠᠬᠴᠢ ᠨᠠᠷ᠎ᠲᠠᠢ᠎ᠪᠠᠨ ᠬᠠᠮᠳᠤᠷᠠᠨ ᠲᠤᠰ ᠤᠳᠠᠭ᠎ᠠ᠎ᠶᠢᠨ ᠠᠵᠢᠯᠯᠠᠭ᠎ᠠ᠎ᠶᠢ ᠵᠤᠬᠢᠶᠠᠨ ᠪᠠᠢᠭᠤᠯᠵᠦ ᠂ ᠬᠦᠯᠦᠨ ᠪᠤᠢᠷ ᠂ ᠤᠯᠠᠭᠠᠨᠬᠠᠳᠠ ᠂ ᠤᠷᠳᠤᠰ ᠂ ᠪᠠᠶᠠᠨᠨᠠᠭᠤᠷ ᠂ ᠰᠢᠯᠢ᠎ᠶᠢᠨ ᠭᠤᠤᠯ ᠵᠡᠷᠭᠡ ᠲᠠᠪᠤᠨ ᠠᠢᠮᠠᠬ ᠬᠤᠳᠠ᠎ᠡᠴᠠ ᠬᠦᠷᠦᠯᠴᠡᠨ ᠢᠷᠡᠭᠰᠡᠨ 140 ᠭᠠᠷᠤᠢ ᠲᠡᠮᠦᠷ ᠭᠡᠦᠭᠡᠨ ᠲᠤᠰ ᠤᠳᠠᠭᠠᠨ᠎ᠤ ᠵᠤᠯᠭᠠᠯᠲᠠ᠎ᠳ᠋ᠤ ᠤᠷᠤᠯᠴᠠᠬᠰᠠᠨ ᠪᠠᠢᠨ᠎ᠠ ᠃ ᠡᠭᠦᠨ᠎ᠳ᠋ᠤ ᠂ ᠨᠠᠶᠠ᠎ᠶᠢᠨ ᠲᠠᠪᠠᠭ᠎ᠠ᠎ᠶᠢ ᠲᠠᠪᠠᠬᠰᠠᠨ ᠦᠤᠰᠢᠨ ᠨᠤᠲᠤᠬ᠎ᠲᠠᠢ ᠰᠡᠴᠡᠩᠡᠷᠡᠯ ᠨᠠᠰᠤᠳᠠᠨ ᠂ ︽ ᠳᠠᠯ᠎ᠠ ᠨᠤᠲᠤᠭ᠎ᠤᠨ ᠪᠢᠴᠢᠬᠠᠨ ᠪᠠᠭᠠᠳᠤᠷ ᠡᠭᠡᠴᠢ ᠦᠬᠢᠨ ᠳᠡᠬᠦᠦ ︾᠎ᠶᠢᠨ ᠬᠡᠦᠭᠡᠨ ᠲᠡᠭᠦᠦ ᠢᠤᠢ ᠷᠦᠩ ᠴᠤ ᠬᠦᠷᠦᠯᠴᠡᠨ ᠢᠷᠡᠵᠤ ᠨᠠᠨᠳᠢᠨ ᠲᠤᠷᠠᠳᠬᠠᠯ ᠦᠯᠡᠳᠡᠭᠡᠭᠰᠡᠨ ᠪᠠᠢᠨ᠎ᠠ ᠃
ᠨᠠᠢᠷ᠎ᠤᠨ ᠠᠬᠤᠢ ᠲᠠᠯᠠᠪᠠᠢ᠎ᠳ᠋ᠤ ᠂ ᠬᠠᠭᠤᠴᠢᠨ ᠪᠠᠷᠭᠤ ᠬᠤᠰᠢᠭᠤᠨ᠎ᠤ ᠡᠸᠡᠩᠬᠢ ᠰᠤᠮᠦ᠎ᠪᠠᠷ ᠨᠤᠲᠤᠬ᠎ᠲᠠᠢ 67 ᠨᠠᠰᠤᠲᠠᠢ ᠲ᠊ · ᠳ᠋ᠠᠷᠢᠮ᠎ᠠ ᠡᠵᠢ ᠄ ︽ 1974 1976 ᠤᠨ᠎ᠳ᠋ᠤ ᠮᠠᠨ᠎ᠤ ᠡᠨᠳᠡ ︿ ᠲᠡᠮᠦᠷ ᠬᠡᠤᠬᠡᠨᠴᠤᠳ ﹀᠎ᠤᠨ ᠭᠠᠪᠰᠢᠭᠠᠢ ᠲᠤᠭᠤᠢᠯᠠᠩ ᠪᠠᠢᠭᠤᠯᠤᠬᠳᠠᠨ ᠂ ᠬᠤᠷᠢᠭᠠᠳ ᠨᠠᠰᠤᠲᠠᠢ ᠬᠡᠤᠬᠡᠨᠴᠤᠳ ᠬᠠᠳᠠ ᠴᠢᠯᠠᠭᠤ ᠲᠡᠯᠪᠡᠴᠢᠬᠦ ᠂ ᠴᠢᠯᠠᠭᠤᠨ ᠬᠡᠷᠡᠮ ᠪᠠᠷᠢᠬᠤ ᠂ ᠡᠪᠡᠰᠦ ᠪᠤᠷᠳᠤᠭ᠎ᠠ ᠬᠠᠳᠤᠬᠤ ᠬᠡᠳ ᠪᠠᠷᠢᠭᠠᠳᠠ᠎ᠶᠢᠨ ᠡᠯ᠎ᠡ ᠵᠦᠢᠯ᠎ᠤᠨ ᠠᠵᠢᠯ᠎ᠢ ᠬᠢᠳᠡᠭ ᠪᠠᠢᠬᠰᠠᠨ ᠃ ᠵᠠᠷᠢᠮ᠎ᠳᠠᠭᠠᠨ ᠬᠦᠴᠦ ᠴᠢᠳᠠᠯ ᠬᠦᠷᠦᠯᠴᠡᠬᠦ ᠦᠭᠡᠢ ᠪᠤᠯᠬᠤᠷ ᠬᠦᠯ ᠭᠠᠷ᠎ᠢᠶᠡᠨ ᠬᠡᠮᠳᠦᠭᠡᠵᠦ ᠂ ᠬᠦᠴᠢᠷᠳᠡᠯ᠎ᠳ᠋ᠤ ᠲᠤᠯᠭᠠᠷᠠᠵᠤ ᠪᠠᠢᠬᠰᠠᠨ ᠃ ᠬᠡᠪᠡᠴᠤ ᠠᠷᠠᠳ ᠲᠦᠮᠡᠨ᠎ᠤ ᠲᠦᠯᠦᠭᠡ ᠠᠵᠢᠯ ᠬᠢᠵᠦ ᠪᠠᠢᠨ᠎ᠠ ᠬᠡᠵᠦ ᠪᠤᠳᠤᠬᠤ᠎ᠳᠠᠭᠠᠨ ᠶᠡᠷᠦ᠎ᠨᠢ ᠬᠦᠴᠢᠷ ᠭᠡᠮᠡᠨ ᠪᠤᠳᠤᠳᠠᠬ ᠦᠭᠡᠢ ᠪᠠᠢᠵᠠᠢ ᠃ ᠦᠨᠦ ᠡᠷᠬᠢᠴᠡᠭᠦᠯᠦᠨ ᠪᠤᠳᠤᠬᠤ᠎ᠳ᠋ᠤ ᠮᠠᠰᠢ ᠰᠠᠢᠬᠠᠨ ᠰᠠᠨᠠᠬᠳᠠᠬᠤ ᠶᠤᠮ ᠃ ᠡᠨᠡ ᠤᠳᠠᠭᠠᠨ᠎ᠤ ᠴᠤᠬᠯᠠᠭᠠᠨ᠎ᠳ᠋ᠤ ᠤᠷᠤᠯᠴᠠᠭᠠᠳ ᠰᠡᠳᠬᠢᠯ ᠮᠠᠰᠢ ᠬᠠᠨᠤᠮᠵᠢᠳᠠᠢ ᠪᠠᠢᠨ᠎ᠠ ᠂ ᠪᠠᠶᠠᠷᠳᠠᠢ ᠪᠠᠢᠨ᠎ᠠ ᠂ ᠲᠡᠷᠡ ᠦᠶ᠎ᠡ᠎ᠶᠢᠨ ᠵᠢᠭᠠᠬᠠᠨ ᠬᠡᠤᠬᠡᠨᠴᠤᠳ ᠲᠦᠴᠢ ᠲᠠᠪᠢᠭᠠᠳ ᠵᠢᠯ᠎ᠤᠨ ᠲᠠᠷᠠᠭ᠎ᠠ ᠂ ᠵᠢᠷᠠ ᠲᠠᠯ᠎ᠠ ᠬᠦᠷᠦᠭᠡᠳ ᠲᠠᠬᠢᠭᠠᠳ ᠤᠴᠠᠷᠠᠨ ᠵᠤᠯᠭᠠᠨ᠎ᠠ ᠬᠡᠳᠡᠭ ᠠᠮᠠᠷ ᠦᠭᠡᠢ ᠶᠠᠪᠤᠳᠠᠯ ᠡ ︕ ︾ ᠬᠡᠵᠦ ᠰᠡᠳᠬᠢᠯ ᠲᠤᠬᠳᠤᠯᠤᠨ ᠶᠠᠷᠢᠬᠤ᠎ᠳ᠋ᠤ ᠂ ᠬᠦᠪᠡᠭᠡᠲᠤ ᠰᠢᠷ᠎ᠠ ᠬᠤᠰᠢᠭᠤᠨ᠎ᠤ ᠪᠤᠬᠳᠠ᠎ᠶᠢᠨ ᠭᠤᠤᠯ ᠰᠤᠮᠤᠨ᠎ᠤ ᠬᠤᠨᠢᠴᠢᠨ ᠬᠠᠰᠢᠶᠠᠲᠤ ᠭᠠᠴᠠᠭᠠᠨ᠎ᠤ ᠲᠡᠮᠦᠷ ᠬᠡᠤᠬᠡᠨ ᠰᠸᠫᠯᠮᠠ ᠨᠠᠰᠤᠲᠠᠨ 17 ᠨᠠᠰᠤᠲᠠᠢ᠎ᠳᠠᠭᠠᠨ ᠪᠠᠷᠢᠭᠠᠳᠠ᠎ᠶᠢᠨ ᠲᠦᠪ᠎ᠲᠤ ᠶᠢᠰᠦᠨ᠎ᠤ ᠬᠦᠢᠳᠡᠨ᠎ᠳ᠋ᠤ ᠬᠦᠮᠦᠨ᠎ᠤ ᠬᠦᠴᠦ᠎ᠪᠠᠷ ᠬᠤᠳᠳᠤᠬ ᠮᠠᠯᠳᠠᠨ ᠂ ᠱᠦᠢᠨᠢ ᠭᠠᠵᠠᠷ ᠲᠡᠭᠡᠷ᠎ᠡ ᠢᠰᠡᠭᠡᠢ ᠲᠡᠪᠢᠰᠴᠤ ᠤᠨᠳᠠᠨ ᠂ ᠦᠯᠦᠰᠴᠤ ᠲᠠᠭᠠᠷᠠᠵᠤ ᠶᠠᠪᠤᠵᠤ ᠪᠠᠢᠬᠰᠠᠨ ᠬᠠᠳᠠᠭᠤ ᠪᠡᠷᠭᠡᠰᠢᠶᠡᠯᠳᠦ ᠦᠶ᠎ᠠ᠎ᠶᠢᠨ ᠪᠠᠢᠳᠠᠯ᠎ᠢᠶᠡᠨ ᠡᠷᠬᠢᠴᠡᠭᠦᠯᠤᠨ ᠶᠠᠷᠢᠯ᠎ᠠ ᠃
ᠰᠤᠷᠪᠤᠯᠵᠢᠯᠠᠭ᠎ᠠ ᠦᠨᠳᠦᠷᠯᠡᠬᠦ᠎ᠶᠢᠨ ᠦᠶ᠎ᠡ᠎ᠪᠠᠷ ᠂ ᠲᠤᠯᠭᠠᠷ ᠨᠠᠰᠤᠲᠠᠨ᠎ᠡᠴᠠ ᠂ ᠳᠠᠷᠠᠭᠠᠴᠢ᠎ᠪᠠᠷ ᠦᠪᠦᠷ ᠮᠤᠩᠭᠤᠯ᠎ᠤᠨ ᠬᠡᠪᠴᠢᠶᠡᠨ᠎ᠤ ᠲᠡᠮᠦᠷ ᠬᠡᠤᠬᠡᠨᠴᠤᠳ᠎ᠤᠨ ᠶᠠᠪᠤᠵᠤ ᠢᠷᠡᠭᠰᠡᠨ ᠤᠯᠠ ᠮᠦᠷ ᠂ ᠨᠠᠮᠳᠠᠷ ᠲᠡᠤᠬᠡ᠎ᠶᠢ ᠬᠤᠷᠢᠶᠠᠨ ᠴᠤᠬᠯᠠᠭᠤᠯᠵᠤ ᠂ ᠠᠯᠪᠠᠨ ᠳ᠋ᠤᠭᠠᠷ᠎ᠲᠠᠢ ᠵᠢᠷᠤᠬᠲᠤ ᠲᠡᠪᠳᠡᠷ ᠭᠠᠷᠭᠠᠵᠤ ᠲᠤᠷᠠᠰᠬᠠᠨ ᠲᠡᠮᠳᠡᠭᠯᠡᠬᠦ᠎ᠪᠠᠷ ᠪᠠᠢᠭ᠎ᠠ ᠪᠠᠶᠡᠷ᠎ᠤᠨ ᠴᠢᠮᠡᠭᠡ᠎ᠪᠠᠨ ᠤᠯᠠᠨ᠎ᠳ᠋ᠤ ᠲᠠᠮᠵᠢᠭᠤᠯᠤᠯ᠎ᠠ ᠃
ᠠᠪᠤ᠋ ᠡᠵᠢ᠎ᠶᠢᠨ ᠠᠮᠢᠨ ᠡᠷᠳᠡᠨᠢ ᠪᠤᠯᠤᠨ ᠪᠦᠪᠡᠢᠯᠡᠭᠳᠡᠵᠦ ᠪᠠᠢᠬᠰᠡᠨ ᠭᠡᠦᠭᠡᠨᠴᠤᠳ ᠲᠤᠬᠠᠢ᠎ᠶᠢᠨ ᠦᠶ᠎ᠡ᠎ᠶᠢᠨ ︽ ᠲᠡᠮᠦᠷ ᠬᠡᠤᠬᠡᠨ ︾᠎ᠤ ᠤᠷᠬᠢᠯᠤᠮ᠎ᠠ ᠰᠡᠳᠭᠢᠯᠭᠡ ᠂ ᠠᠷᠢᠭᠤᠨ ᠬᠦᠳᠡᠯᠮᠦᠷᠢ᠎ᠪᠠᠷ᠎ᠢᠶᠡᠨ ᠲᠡᠦᠭᠡ᠎ᠶᠢᠨ ᠬᠠᠭᠤᠳᠠᠰᠤᠨ᠎ᠳ᠋ᠤ ᠲᠡᠮᠳᠡᠭᠯᠡᠭᠳᠡᠯᠠ ᠃ ᠨᠢᠭᠡᠨ ᠴᠠᠬ ᠦᠶ᠎ᠡ᠎ᠶᠢᠨ ᠪᠡᠯᠭᠡ ᠲᠡᠮᠳᠡᠭ ᠪᠤᠯᠤᠬᠰᠡᠨ ︽ ᠲᠡᠮᠤᠷ ᠬᠡᠦᠭᠡᠨ ︾᠎ᠤ ᠬᠦᠴᠢᠷ ᠪᠡᠷᠭᠡᠰᠢᠶᠡᠯ᠎ᠡᠴᠠ ᠠᠶᠤᠬᠤ ᠦᠭᠡᠢ ᠂ ᠦᠪᠡᠷ ᠪᠤᠰᠤᠳ ᠬᠡᠵᠦ ᠢᠯᠭᠠᠬᠤ ᠦᠭᠡᠢ᠎ᠪᠠᠷ ᠴᠢᠷᠮᠠᠢᠨ ᠠᠵᠢᠯᠯᠠᠵᠤ ᠦᠢᠯᠡᠴᠢᠯᠡᠵᠤ ᠪᠠᠢᠬᠰᠡᠨ ᠡᠷᠡᠰ ᠬᠠᠳᠠᠨ ᠵᠤᠷᠢᠬ ᠰᠠᠨᠠᠭ᠎ᠠ ᠪᠠ ᠡᠷᠬᠢᠮ ᠲᠡᠭᠡᠳᠦ ᠦᠵᠡᠯ ᠰᠠᠨᠠᠭ᠎ᠠ᠎ᠶᠢ ᠤᠯᠠᠮᠵᠢᠯᠠᠨ ᠪᠠᠳᠠᠷᠠᠭᠤᠯᠬᠤ ᠶᠤᠰᠤᠲᠠᠢ ᠃


- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃