2020-07-24 10:00:47
ᠲᠡᠷᠭᠡᠯᠰᠢᠭᠰᠡᠨ ᠨᠤᠭᠤᠭᠠᠨ ᠵᠡᠭᠦᠳᠦ
ᠬᠦᠬᠡᠬᠤᠳᠠ᠎ᠶᠢᠨ ᠰᠠᠢᠬᠠᠨ ᠳᠤᠭᠤᠷᠢᠭ᠎ᠤᠨ ᠵᠡᠭᠦᠨ ᠭᠠᠬᠴᠠᠬᠠᠨ ᠬᠤᠳᠳᠤᠬ ᠲᠤᠰᠬᠤᠨ ᠪᠤᠯ ᠠᠭᠤᠯᠠ ᠲᠠᠯ᠎ᠠ᠎ᠨᠢ ᠬᠠᠯᠴᠠᠭᠠᠶᠢᠷᠠᠵᠤ ᠂ ᠤᠰᠤ ᠰᠢᠷᠤᠢ᠎ᠶᠢᠨ ᠢᠳᠡᠭᠳᠡᠯ ᠬᠡᠴᠡᠭᠦᠦ ᠨᠢᠭᠡᠨ ᠵᠢᠵᠢᠭ ᠲᠣᠰᠬᠣᠨ ᠪᠠᠶᠢᠵᠠᠶ ᠃ ᠸᠠᠩ ᠵᠢᠢ ᠶᠦᠨ ᠵᠡᠷᠭᠡ 19 ᠪᠦᠰᠡᠭᠦᠢ 37 ᠵᠢᠯ᠎ᠤᠨ ᠰᠢᠷᠭᠠᠭᠤ ᠴᠢᠷᠮᠠᠢᠯᠭ᠎ᠠ᠎ᠪᠠᠷ᠎ᠢᠶᠡᠨ ᠡᠨᠡ ᠬᠦ ᠲᠤᠰᠬᠤᠨ᠎ᠤ ᠤᠷᠭᠤᠮᠠᠯ᠎ᠤᠨ ᠪᠦᠷᠭᠦᠴᠠ ᠲᠠᠴᠢᠷ ᠨᠢᠮᠭᠡᠨ ᠪᠠᠢᠳᠠᠯ᠎ᠢ ᠦᠨᠳᠦᠰᠦᠨᠡᠴᠠᠨᠢ ᠬᠤᠪᠢᠷᠠᠭᠤᠯᠤᠬᠰᠡᠨ ᠪᠠᠢᠨ᠎ᠠ ᠃ ᠦᠨᠤ ᠵᠤᠨ ᠪᠤᠯᠤᠬᠰᠠᠭᠠᠷ ᠯᠡ ᠵᠡᠭᠦᠨ ᠭᠠᠬᠴᠠᠬᠠᠨ ᠬᠤᠳᠳᠤᠭ ᠲᠤᠰᠬᠤᠨ᠎ᠳ᠋ᠤ ᠡᠪᠡᠰᠦ ᠮᠣᠳᠣ ᠴᠡᠯᠡᠭᠡᠷᠡᠨ ᠨᠣᠭᠣᠭᠠᠷᠠᠵᠤ ᠂ ᠬᠤᠸᠠᠷ ᠴᠡᠴᠡᠭ ᠲᠡᠯᠭᠡᠷᠡᠵᠤ ᠂ ᠡᠷᠪᠡᠭᠡᠢ ᠪᠦᠵᠢᠭᠯᠡᠳᠡᠭ ᠪᠤᠯᠵᠠᠢ ᠃

ᠵᠡᠭᠦᠨ ᠭᠠᠬᠴᠠᠬᠠᠨ ᠬᠤᠳᠳᠤᠬ ᠲᠤᠰᠬᠤᠨ ᠳᠥᠷᠪᠡᠨ ᠲᠠᠯ᠎ᠠ᠎ᠪᠠᠷ᠎ᠢᠶᠡᠨ ᠠᠭᠤᠯᠠ᠎ᠪᠠᠷ ᠬᠦᠷᠢᠶᠡᠯᠡᠭᠳᠡᠵᠦ ᠂ ᠠᠭᠤᠯᠠᠷᠬᠠᠭ ᠭᠠᠵᠠᠷ᠎ᠤᠨ ᠲᠠᠯᠠᠪᠠᠢ᠎ᠨᠢ ᠲᠤᠰ ᠲᠤᠰᠬᠤᠨ᠎ᠤ ᠪᠦᠬᠦ ᠲᠠᠯᠠᠪᠠᠢ᠎ᠶᠢᠨ 2 \\3᠎ᠢ ᠡᠵᠡᠯᠡᠵᠦ ᠂ ᠡᠬᠢ ᠪᠠᠶᠠᠯᠢᠭ ᠬᠤᠮᠰᠠ ᠂ ᠰᠠᠯᠬᠢ ᠰᠢᠭᠤᠷᠭ᠎ᠠ᠎ᠲᠠᠢ ᠡᠳᠦᠷ᠎ᠨᠢ ᠤᠯᠡᠨ ᠪᠦᠭᠡᠳ ᠵᠠᠷᠢᠮ᠎ᠳᠠᠭᠠᠨ ᠰᠠᠯᠬᠢᠯᠠᠬᠤ᠎ᠡᠴᠠ ᠪᠤᠯᠵᠤ ᠂ ᠡᠳᠦᠷ᠎ᠢᠶᠠᠷ ᠴᠤ ᠳ᠋ᠧᠩ ᠠᠰᠠᠭᠠᠳᠠᠭ ᠪᠠᠢᠯ᠎ᠠ ᠃ ᠡᠨᠡ ᠪᠣᠯ ᠳᠠᠷᠤᠢ ᠳᠡᠭᠡᠷ᠎ᠡ ᠵᠠᠭᠤᠨ᠎ᠤ ᠨᠠᠶᠠᠭᠠᠳ ᠣᠨ᠎ᠤ ᠵᠡᠭᠦᠨ ᠭᠠᠬᠴᠠᠬᠠᠨ ᠬᠤᠳᠳᠤᠬ ᠲᠤᠰᠬᠤᠨ᠎ᠤ ᠠᠮᠢ ᠠᠬᠤᠢ᠎ᠶᠢᠨ ᠦᠨᠡᠨ ᠪᠣᠳᠠᠳᠠᠢ ᠵᠢᠷᠤᠭᠯᠠᠯ ᠪᠣᠯᠤᠨ᠎ᠠ ᠃
1983 ᠣᠨ᠎ᠤ ᠬᠠᠪᠤᠷ ᠂ ᠸᠠᠩ ᠵᠢᠢ ᠶᠦᠨ ᠵᠡᠭᠦᠨ ᠭᠠᠬᠴᠠᠬᠠᠨ ᠬᠤᠳᠳᠤᠬ ᠲᠤᠰᠬᠤᠨ᠎ᠤ ᠡᠮᠡᠭᠲᠡᠶᠢᠴᠦᠳ᠎ᠤᠨ ᠬᠣᠯᠪᠣᠭ᠎ᠠ᠎ᠶᠢᠨ ᠡᠷᠬᠢᠯᠡᠭᠴᠢ᠎ᠪᠠᠷ ᠰᠤᠩᠭᠤᠬᠳᠠᠪᠡ ᠃ ᠬᠤᠪᠠᠬᠠᠢᠷᠠᠵᠤ ᠲᠠᠴᠢᠷᠰᠢᠬᠰᠡᠨ ᠣᠷᠴᠢᠨ ᠲᠣᠭᠣᠷᠢᠨ᠎ᠢ ᠥᠭᠡᠷᠡᠴᠢᠯᠡᠬᠦ ᠭᠡᠪᠡᠯ ᠂ ᠮᠣᠳᠣ ᠲᠠᠷᠢᠵᠤ ᠣᠶᠢᠵᠢᠭᠤᠯᠤᠨ ᠂ ᠦᠷ᠎ᠡ ᠬᠣᠶᠢᠴᠢᠰ᠎ᠲᠠᠭᠠᠨ ︽ ᠨᠤᠭᠤᠭᠠᠨ ᠪᠠᠩᠬᠢ ︾ ᠦᠯᠡᠳᠡᠭᠡᠵᠦ ᠦᠭᠬᠦ ᠬᠡᠷᠡᠭᠲᠡᠢ ᠬᠡᠳᠡᠭ᠎ᠢ ᠲᠠᠨᠢᠵᠤ ᠤᠯᠤᠬᠰᠠᠨ ᠲᠡᠷᠡ᠎ᠪᠠᠷ ᠂ ᠲᠤᠰᠬᠤᠨ᠎ᠤ᠎ᠪᠠᠨ ᠪᠦᠰᠡᠭᠦᠢᠢᠴᠤᠳᠢ ᠤᠷᠢᠶᠠᠯᠡᠨ ᠲᠠᠢᠴᠢᠯᠡᠵᠤ ᠂ ᠡᠮᠡᠭᠳᠡᠢᠴᠤᠳ᠎ᠤᠨ ᠮᠤᠳᠤ ᠲᠠᠷᠢᠬᠤ ᠠᠩᠭᠢ ᠪᠠᠢᠭᠤᠯᠵᠤ ᠂ ︽ ᠤᠢᠵᠢᠭᠤᠯᠵᠤ ᠨᠤᠭᠤᠭᠠᠷᠠᠭᠤᠯᠬᠤ ︾ ᠤᠭ ᠰᠠᠨᠠᠭ᠎ᠠ᠎ᠪᠠᠨ ᠪᠠᠳᠤ ᠰᠠᠬᠢᠵᠤ ᠂ ᠡᠮᠡᠭᠲᠡᠶᠢᠴᠦᠳ᠎ᠤᠨ ᠮᠣᠳᠣ ᠲᠠᠷᠢᠬᠤ ᠠᠩᠭᠢ᠎ᠪᠠᠨ ᠳᠠᠭᠠᠭᠤᠯᠤᠨ ᠂ ᠮᠣᠳᠣ ᠲᠠᠷᠢᠵᠤ ᠣᠶᠢᠵᠢᠭᠤᠯᠬᠤ ᠠᠶᠠᠯᠠᠯ᠎ᠢᠶᠡᠨ ᠡᠬᠢᠯᠡᠭᠦᠯᠵᠤ ᠪᠢᠯᠡ ᠃
37 ᠵᠢᠯ᠎ᠤᠨ ᠮᠣᠳᠣ ᠲᠠᠷᠢᠭᠰᠠᠨ ᠥᠩᠭᠡᠷᠡᠯᠲᠡ᠎ᠪᠠᠨ ᠡᠷᠭᠢᠴᠡᠭᠦᠯᠭᠦ᠎ᠳ᠋ᠤ ᠂ ᠳᠠᠯ᠎ᠠ ᠭᠠᠷᠤᠭᠰᠠᠨ ᠸᠠᠩ ᠵᠢᠶ ᠶᠦᠨ ᠨᠠᠰᠤᠲᠠᠨ ᠦᠪᠡᠷ᠎ᠤᠨ ᠡᠷᠭᠡ ᠦᠭᠡᠢ ᠲᠤᠬᠳᠤᠯᠵᠤ ᠪᠠᠶᠢᠯ᠎ᠠ ᠃ ᠲᠡᠳᠠ ᠲᠡᠳᠡᠭᠡᠷ ᠵᠢᠯ᠎ᠤᠳ᠎ᠲᠤ ︽ ᠲᠡᠨᠡᠭ ᠡᠪᠦᠭᠡᠨ ᠠᠭᠤᠯᠠ ᠨᠡᠭᠦᠯᠭᠡᠭᠦ ︾ ᠵᠤᠷᠢᠭ ᠰᠠᠨᠠᠭ᠎ᠠ᠎ᠪᠠᠷ ᠂ ᠢᠯᠠᠬᠳᠠᠯ᠎ᠳ᠋ᠤ ᠵᠤᠷᠢᠭ ᠮᠢᠳᠠᠷᠠᠵᠤ ᠦᠵᠡᠭᠡ ᠦᠭᠡᠢ ᠂ ᠲᠠᠰᠤᠷᠠᠯᠲᠠ ᠦᠭᠡᠢ ᠰᠤᠷᠤᠯᠴᠠᠵᠤ ᠂ ᠠᠷᠭ᠎ᠠ ᠪᠦᠭᠦᠨ᠎ᠢ ᠰᠦᠪᠡᠭᠴᠢᠯᠡᠵᠤ ᠂ ᠬᠤᠪᠠᠬᠠᠢ ᠠᠭᠤᠯᠡᠠᠳ᠋ᠤ ᠨᠤᠭᠤᠭᠠᠨ ᠬᠦᠷᠮ᠎ᠠ ᠡᠮᠦᠰᠭᠡᠨᠠ ᠬᠡᠰᠡᠨ ᠬᠠᠳᠠᠭᠤ ᠪᠤᠳᠤᠯ ᠡᠪᠦᠷᠯᠡᠨ ᠴᠢᠷᠮᠠᠢᠨ ᠵᠢᠳᠭᠦᠯᠠ ᠃ ᠲᠦᠷᠦᠭᠦᠦ ᠵᠢᠯ᠎ᠤᠨ ᠲᠠᠷᠢᠬᠰᠡᠨ ᠮᠤᠳᠤᠨ᠎ᠤ ᠡᠳᠡᠭᠡᠷᠡᠯᠳᠠ᠎ᠶᠢᠨ ᠨᠤᠷᠮ᠎ᠠ 50%᠎ᠳ᠋ᠤ ᠴᠤ ᠬᠦᠷᠦᠭᠰᠡᠨ ᠦᠭᠡᠢ ᠪᠠᠢᠯ᠎ᠠ ᠃ ᠰᠤᠬᠤᠷ ᠪᠠᠯᠠᠢ᠎ᠪᠠᠷ ᠲᠠᠷᠢᠬᠤ᠎ᠶᠢᠨ ᠲᠦᠯᠦᠭᠡ ᠯᠡ ᠲᠠᠷᠢᠵᠤ ᠪᠤᠯᠬᠤ ᠦᠭᠡᠢ ᠭᠡᠳᠡᠭ᠎ᠢ ᠤᠬᠠᠬᠰᠠᠨᠤ ᠳᠠᠷᠠᠭ᠎ᠠ ᠂ ᠲᠡᠷᠡ ᠲᠤᠰᠬᠠᠢ ᠮᠡᠷᠭᠡᠵᠢᠯᠳᠠᠨ ᠵᠠᠯᠠᠵᠤ ᠪᠢᠯᠡ ᠃ ᠸᠠᠩ ᠵᠢᠢ ᠶᠦᠨ᠎ᠤ ᠡᠮᠡᠭᠳᠡᠢᠴᠤᠳ᠎ᠤᠨ ᠮᠣᠳᠣ ᠲᠠᠷᠢᠬᠤ ᠠᠩᠭᠢ᠎ᠨᠢ ᠬᠠᠮᠢᠶ᠎ᠠ ᠪᠦᠬᠦᠢ ᠨᠢᠭᠡᠴᠢ ᠪᠣᠯᠤᠨ ᠲᠤᠰᠬᠠᠶ ᠮᠡᠷᠭᠡᠵᠢᠯ᠎ᠤᠨ ᠠᠵᠢᠯᠲᠠᠨ᠎ᠤ ᠨᠠᠷᠢᠨ ᠬᠢᠨᠠᠮᠠᠭᠠᠶ ᠵᠢᠯᠣᠭᠣᠳᠤᠯᠭ᠎ᠠ ᠳᠣᠣᠷ᠎ᠠ ᠂ ᠲᠤᠬᠠᠶ᠎ᠶᠢᠨ ᠭᠠᠵᠠᠷ᠎ᠤᠨ ᠬᠥᠷᠥᠰᠥ ᠰᠢᠷᠣᠶ ᠪᠠ ᠭᠠᠵᠠᠷ᠎ᠤᠨ ᠪᠠᠢᠳᠠᠯ᠎ᠳ᠋ᠤ ᠲᠤᠬᠢᠷᠠᠭᠤᠯᠤᠨ ᠨᠦᠬᠡ ᠮᠠᠯᠲᠠᠬᠤ ᠂ ᠴᠢᠬᠢ ᠰᠠᠭᠤᠯᠭᠠᠬᠤ ᠂ ᠰᠢᠷᠣᠶ ᠤᠷᠤᠭᠤᠯᠬᠤ ᠂ ᠬᠠᠰᠢᠯᠭ᠎ᠠ ᠬᠠᠰᠢᠬᠤ ᠵᠡᠷᠭᠡ ᠦᠨᠳᠦᠰᠦᠨ ᠮᠡᠷᠭᠡᠵᠢᠯ᠎ᠢ ᠡᠵᠡᠮᠰᠢᠭᠰᠡᠨ ᠰᠠᠭᠤᠷᠢᠨ ᠳᠡᠭᠡᠷ᠎ᠠ ᠲᠠᠷᠢᠵᠤ ᠤᠷᠭᠤᠭᠤᠯᠵᠤ ᠡᠬᠢᠯᠡᠪᠡ ᠃


ᠮᠤᠳᠤ ᠲᠠᠷᠢᠬᠤ ᠠᠩᠭᠢ᠎ᠶᠢᠨ᠎ᠬᠢᠨ ᠰᠠᠭᠤᠯᠭ᠎ᠠ᠎ᠪᠠᠷ ᠤᠰᠤ ᠵᠦᠭᠡᠭᠡᠵᠤ ᠂ ᠲᠠᠮᠨᠠᠭᠤᠷ᠎ᠢᠶᠠᠷ ᠴᠢᠬᠢ ᠮᠤᠳᠤ ᠲᠠᠮᠨᠠᠨ ᠪᠠᠢᠵᠤ ᠲᠠᠷᠢᠵᠤ ᠤᠢᠵᠢᠭᠤᠯᠬᠰᠡᠨ ᠮᠤᠳᠤ᠎ᠨᠢ ᠨᠢᠭᠡᠨᠳᠠ 15000 ᠮᠦ ᠪᠤᠯᠵᠤ ᠨᠤᠭᠤᠭᠠᠷᠠᠯᠠ ᠃
ᠣᠶᠢᠵᠢᠭᠤᠯᠤᠯᠲᠠ᠎ᠨᠢ ᠠᠮᠢ ᠠᠬᠤᠶ᠎ᠶᠢ ᠬᠤᠪᠢᠷᠠᠭᠤᠯᠵᠤ ᠂ ᠲᠠᠷᠢᠮᠠᠯ᠎ᠨᠢ ᠠᠮᠢᠳᠤᠷᠠᠯ᠎ᠢ ᠬᠤᠪᠢᠷᠠᠭᠤᠯᠤᠯᠠ ᠃ 2019 ᠣᠨ᠎ᠳ᠋ᠤ ᠂ ᠵᠡᠭᠦᠨ ᠭᠠᠬᠴᠠᠬᠠᠨ ᠬᠤᠳᠳᠤᠬ ᠲᠤᠰᠬᠤᠨ ︽ ᠤᠯᠤᠰ᠎ᠤᠨ ᠤᠢ ᠰᠢᠭᠤᠢ᠎ᠶᠢᠨ ᠬᠥᠳᠡᠭᠡ ᠲᠣᠰᠬᠣᠨ ︾᠎ᠤ ᠢᠷᠠᠭᠤ ᠠᠯᠳᠠᠷ᠎ᠢ ᠬᠦᠷᠳᠡᠵᠦ ᠂ ᠲᠠᠷᠢᠮᠠᠯ᠎ᠤᠨ ᠠᠵᠤ ᠠᠬᠤᠢ᠎ᠶᠢᠨ ᠤᠢ᠎ᠨᠢ ᠠᠮᠢ ᠠᠬᠤᠢ᠎ᠶᠢᠨ ᠪᠦᠳᠦᠭᠡᠨ ᠪᠠᠶᠢᠭᠤᠯᠤᠯᠲᠠ᠎ᠳ᠋ᠤ ᠬᠦᠴᠦᠨ ᠨᠡᠮᠡᠷᠢᠯᠡᠵᠦ ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠪᠦᠷᠢ ᠢᠡᠶᠢ ᠬᠠᠩᠭᠢᠨᠠᠭᠤᠯᠪᠠ ᠃
ᠲᠠᠯ᠎ᠠ᠎ᠶᠢᠨ ᠲᠠᠪᠠᠭ᠎ᠠ᠎ᠶᠢ ᠲᠠᠪᠠᠬᠰᠡᠨ ᠸᠠᠩ ᠵᠢᠶ ᠶᠦᠨ ᠨᠠᠰᠤᠳᠠᠨ᠎ᠤ ᠪᠡᠶ᠎ᠡ᠎ᠨᠢ ᠮᠥᠨ ᠯᠡ ᠮᠠᠰᠢ ᠯᠠᠬᠱᠠᠨ ᠴᠢᠭᠢᠷᠠᠭ ᠪᠠᠢᠭᠰᠠᠭᠠᠷ ᠂ ᠲᠡᠷᠡ ᠰᠠᠨᠠᠭᠠᠴᠢᠯᠠᠭ᠎ᠠ᠎ᠡᠴᠠ᠎ᠪᠠᠨ ᠲᠤᠰᠬᠤᠨ᠎ᠤ᠎ᠪᠠᠨ ᠮᠣᠳᠣ ᠲᠠᠷᠢᠬᠤ ︽ ᠵᠥᠪᠯᠡᠭᠴᠢ ︾ ᠪᠤᠯᠵᠤ ᠂ ᠲᠠᠷᠢᠵᠤ ᠤᠢᠵᠢᠭᠤᠯᠬᠤ ᠲᠤᠬᠠᠢ᠎ᠶᠢᠨ ᠲᠠᠯᠠᠪᠠᠢ᠎ᠳ᠋ᠤ ᠲᠣᠰᠬᠣᠨ᠎ᠤ ᠠᠷᠠᠳ᠎ᠢᠶᠡᠨ ᠵᠢᠭᠠᠨ ᠵᠢᠯᠤᠭᠤᠳᠴᠤ ᠂ ᠤᠢᠵᠢᠭᠤᠯᠬᠤ ︽ ᠦᠢᠯᠡᠰ ︾᠎ᠢᠶᠡᠨ ᠦᠷᠭᠦᠯᠵᠢᠯᠡᠭᠦᠯᠦᠭᠰᠡᠭᠡᠷ ᠃ ᠵᠡᠭᠦᠨ ᠭᠠᠬᠴᠠᠬᠠᠨ ᠬᠤᠳᠳᠤᠬ ᠲᠤᠰᠬᠤᠨ ᠠᠵᠤ ᠦᠢᠯᠡᠰ᠎ᠤᠨ ᠪᠦᠲᠦᠴᠡᠳ᠋ᠡᠭᠡᠨ ᠲᠤᠬᠢᠷᠠᠭᠤᠯᠤᠯᠳᠠ ᠬᠢᠭᠦ᠎ᠶᠢᠨ ᠲᠤᠭᠤᠷᠢᠨ᠎ᠳ᠋ᠤ ᠂ ᠶᠠᠳᠠᠭᠤ ᠬᠦᠴᠢᠷᠳᠡᠯᠲᠡᠶ ᠡᠷᠦᠬᠡ᠎ᠶᠢᠨ ᠮᠤᠳᠤ ᠲᠠᠷᠢᠵᠤ ᠤᠢᠵᠢᠭᠤᠯᠬᠤ᠎ᠶᠢ ᠵᠤᠷᠢᠬᠵᠢᠭᠤᠯᠤᠨ ᠂ ᠠᠵᠤ ᠠᠬᠤᠶ᠎ᠶᠢᠨ ᠣᠶ ᠲᠠᠷᠢᠬᠤ ᠲᠠᠯᠠᠪᠠᠶ᠎ᠪᠠᠨ ᠨᠡᠮᠡᠭᠳᠡᠭᠦᠯᠭᠦ᠎ᠪᠠᠷ ᠲᠠᠮᠵᠢᠨ ᠶᠠᠳᠠᠭᠤ ᠬᠦᠴᠢᠷᠳᠡᠯᠲᠡᠶ ᠣᠯᠠᠨ ᠲᠦᠮᠡᠨ᠎ᠤ ᠤᠷᠤᠯᠭ᠎ᠠ᠎ᠶᠢ ᠨᠡᠮᠡᠭᠳᠡᠭᠦᠯᠭᠦ ᠪᠠ ᠠᠮᠢ ᠠᠬᠤᠢ ᠤᠷᠴᠢᠨ ᠲᠤᠭᠤᠷᠢᠨ᠎ᠢ ᠰᠠᠢᠵᠢᠷᠠᠭᠤᠯᠬᠤ ᠬᠤᠤᠰ ᠠᠰᠢᠭ ᠬᠦᠷᠳᠡᠵᠤ ᠪᠤᠢ ᠃
ᠲᠠᠴᠢᠷ ᠬᠤᠪᠠᠬᠠᠢ ᠪᠠᠢᠬᠰᠡᠨ ᠠᠭᠤᠯᠠᠨ ᠬᠥᠲᠥᠯ᠎ᠢᠶᠠᠷ ᠤᠳᠤ ᠡᠪᠡᠰᠤ ᠮᠤᠳᠤ ᠨᠤᠭᠤᠭᠠᠷᠠᠨ ᠂ ᠥᠩᠭᠡᠷᠡᠭᠰᠡᠨ᠎ᠤ ᠶᠠᠳᠠᠭᠤ ᠬᠦᠴᠢᠷᠳᠡᠯᠲᠡᠢ ᠲᠣᠰᠬᠣᠨ ᠦᠨᠤ ᠠᠮᠢᠵᠢᠷᠠᠯ᠎ᠤᠨ ᠬᠦᠴᠦᠨ᠎ᠢᠶᠠᠷ ᠪᠢᠯᠬᠠᠨ᠎ᠠ ᠃ ᠸᠠᠩ ᠵᠢᠶ ᠶᠦᠨ ᠳᠣᠯᠣᠨᠣ᠎ᠶᠢᠨ ᠮᠣᠳᠣ᠎ᠶᠢ ᠬᠠᠷᠠᠨ ᠄ ︽ ᠲᠤᠯᠤᠨᠤ ᠲᠠᠷᠠᠭ᠎ᠠ ᠵᠢᠯ ᠴᠤ ᠡᠯᠪᠡᠭ ᠬᠤᠷᠢᠶᠠᠯᠳᠠ ᠤᠯᠬᠤ᠎ᠨᠢ ᠡ ︾ ᠭᠡᠵᠤ ᠶᠠᠷᠢᠬᠰᠠᠭᠠᠷ ᠮᠣᠳᠣ ᠲᠠᠷᠢᠬᠤ ᠠᠩᠬᠢ᠎ᠶᠢᠨ ᠳᠠᠢᠴᠢᠨ ᠨᠥᠬᠥᠳ᠎ᠲᠠᠢ᠎ᠪᠠᠨ ᠂ ᠳᠠᠷᠠᠭ᠎ᠠ ᠵᠢᠯ ᠲᠣᠰᠬᠣᠨ᠎ᠤ ᠠᠷᠠᠳ᠎ᠲᠠᠢ᠎ᠪᠠᠨ ᠬᠠᠮᠲᠤ ᠳᠣᠯᠣᠨᠣ ᠲᠡᠭᠦᠬᠦ᠎ᠪᠠᠷ ᠪᠣᠯᠵᠣᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃