2020-05-06 15:27:39
ᠪᠤᠷᠢᠶᠠᠳ ᠮᠤᠩᠭᠤᠯ ᠪᠤᠯ ᠮᠤᠩᠭᠤᠯ ᠤᠬᠰᠠᠭᠠᠲᠠᠨᠤ ᠨᠢᠭᠡᠨ ᠶᠠᠰᠤᠲᠠᠨ ᠮᠦᠨ ᠃ ᠪᠤᠷᠢᠶᠠᠳᠴᠤᠳ 10 ᠳ᠋ᠤᠭᠠᠷ ᠵᠠᠭᠤᠨ᠎ᠡᠴᠠ 13 ᠳ᠋ᠤᠭᠠᠷ ᠵᠠᠭᠤᠨ ᠪᠤᠯᠳᠠᠯ᠎ᠠ ᠪᠠᠢᠭᠠᠯ ᠨᠠᠭᠤᠷ᠎ᠤᠨ ᠬᠤᠢᠲᠤ ᠲᠠᠯ᠎ᠠ ᠬᠢᠯᠤᠭᠤ ᠂ ᠯᠧᠨᠠ ᠭᠤᠤᠯ᠎ᠤᠨ ᠤᠷᠴᠢᠮ ᠨᠤᠲᠤᠬᠯᠠᠵᠤ ᠂ ᠠᠩ ᠠᠪᠠᠯᠠᠬᠤ ᠪᠠ ᠵᠢᠭᠠᠰᠤ ᠪᠠᠷᠢᠵᠤ ᠠᠮᠢᠳᠤᠷᠠᠬᠤ᠎ᠡᠴᠠ ᠭᠠᠳᠠᠨ᠎ᠠ ᠂ ᠬᠤᠳᠤᠷᠢᠶᠢᠨ ᠲᠠᠯ᠎ᠠ ᠪᠤᠯᠤᠨ ᠰᠡᠯᠡᠩᠭᠡ ᠭᠤᠤᠯ᠎ᠢᠶᠠᠷ ᠲᠠᠷᠬᠠᠨ ᠰᠠᠭᠤᠷᠢᠰᠢᠵᠤ ᠂ ᠪᠠᠷᠭᠤ᠎ᠵᠢᠨ ᠲᠦᠭᠦᠮ ᠂ ᠪᠠᠢᠭᠠᠯ ᠨᠠᠭᠤᠷ᠎ᠤᠨ ᠡᠮᠦᠨ᠎ᠡ ᠠᠮᠤᠷ ᠮᠦᠷᠡᠨ ᠬᠦᠯᠦᠨ ᠪᠤᠢᠷ ᠬᠦᠷᠳᠡᠯᠡᠬᠢ ᠨᠤᠳᠤᠭ᠎ᠢᠶᠠᠷ ᠮᠠᠯ ᠮᠠᠯᠵᠢᠵᠤ ᠨᠡᠭᠦᠳᠡᠯᠯᠡᠨ ᠠᠮᠢᠳᠤᠷᠠᠵᠤ ᠪᠠᠢᠵᠠᠢ ᠃ ᠬᠤᠷᠢᠳᠤᠭᠠᠷ ᠵᠠᠭᠤᠨ᠎ᠤ ᠡᠬᠢ᠎ᠪᠠᠷ ᠬᠦᠯᠦᠨ ᠪᠤᠢᠷ᠎ᠤᠨ ᠲᠠᠯ᠎ᠠ ᠨᠤᠳᠤᠭ᠎ᠤᠨ ᠪᠠᠷᠠᠭᠤᠨ ᠬᠡᠰᠡᠭ᠎ᠤᠨ ᠰᠢᠨ᠎ᠡ ᠪᠠᠷᠭᠤ ᠪᠠᠷᠠᠭᠤᠨ ᠬᠤᠰᠢᠭᠤᠨ᠎ᠤ ᠬᠢᠯᠢᠳ᠋ᠠᠬᠢ ᠬᠡᠷᠦᠯᠦᠨ ᠭᠤᠤᠯ᠎ᠤᠨ ᠲᠤᠤᠷᠠᠳᠤ ᠤᠷᠤᠰᠬᠠᠯ ᠂ ᠬᠦᠯᠦᠨ ᠨᠠᠭᠤᠷ ᠂ ᠬᠠᠢᠯᠠᠷ ᠨᠠᠭᠤᠷ᠎ᠤᠨ ᠲᠤᠤᠷᠠᠳᠤ ᠤᠷᠤᠰᠬᠠᠯ ᠲᠠᠭᠠᠤ ᠨᠡᠬᠦᠳᠡᠯᠯᠡᠵᠦ ᠢᠷᠡᠵᠡᠢ ᠃ ᠡᠨᠡᠬᠦ ᠤᠷᠳᠤ ᠤᠳᠠᠭᠠᠨ ᠲᠡᠦᠭᠡᠨ ᠠᠶᠠᠨ᠎ᠳ᠋ᠤ ᠪᠤᠷᠢᠶᠠᠳᠴᠤᠳ ᠦᠪᠡᠷᠮᠢᠴᠡ ᠰᠤᠶᠤᠯ ᠤᠷᠠᠯᠢᠭ᠎ᠢ ᠪᠦᠷᠢᠯᠳᠦᠬᠦᠯᠦᠭᠰᠡᠨ ᠶᠤᠮ ᠃ ᠰᠤᠷᠪᠤᠯᠵᠢᠯᠠᠭᠴᠢ ᠂ ᠬᠦᠯᠦᠨ ᠪᠤᠢᠷ᠎ᠤᠨ ᠲᠠᠯ᠎ᠠ ᠨᠤᠲᠤᠬ᠎ᠢᠶᠠᠷ ᠰᠤᠷᠪᠤᠯᠵᠢᠯᠠᠵᠤ ᠶᠠᠪᠤᠬᠤ᠎ᠳᠠᠭᠠᠨ ᠪᠤᠷᠢᠶᠠᠳ ᠬᠤᠪᠴᠠᠰᠤ ᠵᠠᠰᠠᠯ ᠪᠠ ᠭᠠᠷ ᠤᠷᠠᠯᠠᠯ᠎ᠤᠨ ᠰᠤᠶᠤᠯ᠎ᠢᠶᠡᠨ ᠲᠡᠭᠡᠳᠦᠯᠡᠵᠦ ᠂ ᠠᠵᠠ ᠵᠢᠷᠭᠠᠯᠳᠤ ᠠᠮᠢᠳᠤᠷᠠᠯ᠎ᠢᠶᠡᠨ ᠴᠤᠬᠴᠠᠯᠠᠵᠤ ᠶᠠᠪᠤᠭ᠎ᠠ ᠪᠤᠷᠢᠶᠠᠳ ᠪᠦᠰᠡᠭᠦᠢ᠎ᠲᠠᠢ ᠲᠠᠭᠠᠷᠠᠯᠳᠤᠵᠤ ᠲᠡᠬᠦᠨ᠎ᠤ ᠦᠢᠯᠡᠰ᠎ᠤᠨ ᠰᠠᠢᠬᠠᠨ ᠬᠦᠰᠡᠯ ᠲᠡᠮᠡᠦᠯᠦᠯ᠎ᠡᠴᠠ ᠤᠢᠯᠠᠭᠠᠵᠤ ᠪᠢᠯᠡ ᠃

ᠬᠦᠯᠦᠨ ᠪᠤᠢᠷ ᠬᠤᠳᠠ᠎ᠶᠢᠨ ᠡᠸᠠᠩᠬᠢ ᠦᠨᠳᠦᠰᠦᠳᠡᠨ᠎ᠤ ᠦᠪᠡᠷᠳᠡᠭᠡᠨ ᠵᠠᠰᠠᠬᠤ ᠬᠤᠰᠢᠭᠤᠨ᠎ᠤ ᠲᠦᠪ ᠪᠠᠶᠠᠨᠳᠤᠬᠤᠢ ᠪᠠᠯᠭᠠᠰᠤᠨ᠎ᠳ᠋ᠤ ᠬᠦᠷᠪᠡᠯ ᠂ ᠦᠪᠡᠷᠮᠢᠴᠡ ᠬᠤᠪᠴᠠᠰᠤ ᠵᠠᠰᠠᠯ᠎ᠢᠶᠠᠷ᠎ᠢᠶᠡᠨ ᠭᠤᠶᠤᠭᠰᠠᠨ ᠪᠤᠷᠢᠶᠠᠳᠴᠤᠳ ᠡᠨᠡ ᠨᠤᠳᠤᠭ᠎ᠤᠨ ᠦᠪᠡᠷᠮᠢᠴᠡ ᠤᠨᠴᠠᠯᠢᠭ᠎ᠢ ᠭᠠᠢᠬᠠᠭᠤᠯᠤᠨ᠎ᠠ ᠪᠢᠯᠠ ᠃ ᠪᠠᠶᠠᠨᠳᠤᠬᠤᠢ ᠪᠠᠯᠭᠠᠰᠤᠨ᠎ᠤ ᠪᠠᠷᠠᠭᠤᠨ ᠬᠤᠢᠨ᠎ᠠ ᠪᠠᠢᠷᠢᠯᠠᠭᠰᠠᠨ ᠡᠸᠠᠩᠬᠢ ᠦᠨᠳᠦᠰᠦᠳᠡᠨ᠎ᠤ ᠦᠪᠡᠷᠳᠡᠭᠡᠨ ᠵᠠᠰᠠᠬᠤ ᠬᠤᠰᠢᠭᠤᠨ᠎ᠤ ᠰᠤᠶᠤᠯ᠎ᠤᠨ ᠦᠢᠯᠡᠰ ᠪᠤᠰᠬᠠᠬᠤ ᠬᠦᠷᠢᠶᠡᠯᠡᠩ᠎ᠳ᠋ᠤ ᠪᠤᠷᠢᠶᠡᠳ ᠬᠤᠪᠴᠠᠰᠤ ᠵᠠᠰᠠᠯ᠎ᠤᠨ ᠠᠵᠢᠯᠯᠠᠬᠤ ᠦᠷᠦᠭᠡ ᠬᠡᠬᠦ ᠫᠠᠢᠰᠠ ᠢᠯᠡ ᠬᠠᠷᠠᠭᠳᠠᠵᠤ ᠬᠠᠷᠠᠭ᠎ᠠ᠎ᠶᠢ ᠪᠤᠯᠢᠶᠠᠨ᠎ᠠ ᠃
ᠠᠵᠢᠯᠯᠠᠬᠤ ᠦᠷᠦᠭᠡ᠎ᠳ᠋ᠤ ᠤᠷᠤᠵᠤ ᠤᠴᠢᠪᠠᠯ ᠂ ᠦᠨᠳᠦᠰᠦᠳᠡᠨ᠎ᠤ ᠤᠨᠴᠠᠯᠢᠬ ᠢᠯᠭᠤᠮ ᠲᠤᠳᠤ ᠦᠩᠭᠡ ᠢᠯᠭᠠᠷᠠᠭᠰᠠᠨ ᠪᠤᠷᠢᠶᠠᠳ ᠬᠤᠪᠴᠠᠰᠤ ᠵᠠᠰᠠᠯ ᠲᠦᠬᠦᠷᠡᠩ ᠡᠯᠬᠦᠭᠡᠰᠦᠳᠡᠢ ᠪᠠᠢᠵᠤ ᠂ ᠬᠡᠷ᠎ᠤᠨ ᠡᠵᠡᠭᠳᠡᠢ᠎ᠶᠢᠨ ᠤᠷᠠᠨ ᠰᠠᠨᠠᠭ᠎ᠠ ᠨᠠᠷᠢᠨ ᠤᠶᠤᠳᠠᠯ᠎ᠨᠢ ᠮᠡᠳᠡᠷᠡᠭᠳᠡᠨ᠎ᠠ ᠃
︽ ᠪᠤᠷᠢᠶᠠᠳ ᠮᠤᠩᠭᠤᠯᠴᠤᠳ᠎ᠤᠨ ᠬᠤᠪᠴᠠᠰᠤ ᠵᠠᠰᠠᠯ ᠪᠤᠯ ᠦᠨᠢ ᠤᠳᠠᠭᠠᠨ ᠲᠡᠤᠬᠡ᠎ᠲᠠᠢ ᠶᠤᠮ ᠃ ᠪᠤᠷᠢᠶᠠᠳᠴᠤᠳ ᠡᠷᠳᠡ ᠤᠵᠤᠭᠤᠷ᠎ᠡᠴᠠ ᠡᠮᠡᠭᠲᠡᠢᠴᠤᠳᠢ ᠤᠶᠤᠳᠠᠯ᠎ᠳ᠋ᠤ ᠰᠤᠷᠭᠠᠬᠤ᠎ᠶᠢ ᠡᠷᠬᠢᠮᠯᠡᠳᠡᠭ ᠵᠠᠩᠰᠢᠯ᠎ᠲᠠᠢ ᠪᠦᠬᠡᠳ ᠡᠮᠦᠰᠬᠡᠯ ᠵᠠᠰᠠᠯ᠎ᠢᠶᠡᠨ ᠪᠦᠬᠦᠨ᠎ᠢ ᠦᠪᠡᠷᠰᠡᠳ᠎ᠢᠶᠡᠨ ᠤᠶᠤᠳᠠᠬ ︾ ᠬᠡᠵᠦ ᠬᠡᠷ᠎ᠤᠨ ᠡᠵᠡᠭᠳᠡᠢ ᠠ᠊ · ᠲᠤᠶᠠᠭ᠎ᠠ ᠪᠢᠳᠡᠨ᠎ᠳ᠋ᠤ ᠲᠠᠨᠢᠯᠴᠠᠭᠤᠯᠤᠯ᠎ᠠ ᠃
ᠡᠸᠡᠩᠬᠢ ᠬᠤᠰᠢᠭᠤᠨ᠎ᠤ ᠰᠢᠨᠡᠭᠡᠨ ᠵᠡᠭᠦᠨ ᠰᠤᠮᠤᠨ᠎ᠤ ᠪᠦᠷᠢᠲᠤ ᠭᠠᠴᠠᠭ᠎ᠠ᠎ᠪᠠᠷ ᠨᠤᠲᠤᠬ᠎ᠲᠠᠢ ᠪᠤᠷᠢᠶᠠᠳ ᠪᠦᠰᠡᠭᠦᠢ ᠠ᠊ · ᠲᠤᠶᠠᠭ᠎ᠠ ᠬᠠᠷᠠᠬᠠᠨ ᠪᠠᠭ᠎ᠠ᠎ᠡᠴᠠ᠎ᠪᠠᠨ ᠤᠶᠤᠳᠠᠯ᠎ᠳ᠋ᠤ ᠪᠠᠬᠠᠲᠠᠢ ᠪᠠᠢᠵᠤ ᠂ 16 ᠨᠠᠰᠤᠨ᠎ᠡᠴᠠ᠎ᠪᠠᠨ ᠡᠬᠢᠯᠡᠨ ᠡᠮᠡᠭᠡ ᠡᠵᠢ ᠪᠤᠯᠤᠨ ᠨᠠᠭᠠᠴᠤ ᠡᠵᠢᠡᠴᠠᠪᠠᠨ ᠪᠤᠷᠢᠶᠠᠳ ᠬᠤᠪᠴᠠᠰᠤ ᠡᠰᠭᠡᠵᠦ ᠤᠶᠤᠬᠤ᠎ᠶᠢ ᠰᠤᠷᠴᠠᠢ ᠃ ᠤᠳᠤ ᠪᠤᠯᠬᠤ᠎ᠳ᠋ᠤ ᠲᠡᠷᠡ ᠪᠤᠷᠢᠶᠠᠳ ᠬᠤᠪᠴᠠᠰᠤ ᠤᠶᠤᠭᠠᠳ 30 ᠭᠠᠷᠤᠢ ᠵᠢᠯ᠎ᠤᠨ ᠨᠢᠭᠤᠷ ᠦᠵᠡᠵᠦ ᠪᠠᠢᠭ᠎ᠠ ᠪᠦᠬᠡᠳ ᠤᠯᠤᠰ᠎ᠤᠨ ᠲᠤᠳᠤᠭᠠᠳᠤ ᠭᠠᠳᠠᠭᠠᠳᠤ᠎ᠶᠢᠨ ᠤᠷᠤᠯᠳᠤᠭᠠᠨ᠎ᠳ᠋ᠤ ᠤᠯᠠᠨᠲᠠ ᠤᠷᠤᠯᠴᠠᠵᠤ ᠂ ᠠᠯᠳᠠ ᠮᠦᠩᠭᠦᠨ ᠮᠧᠳᠠᠯ᠎ᠢᠶᠠᠷ ᠤᠯᠠᠨ ᠤᠳᠠᠭ᠎ᠠ ᠡᠩᠬᠡᠷ᠎ᠢᠶᠡᠨ ᠮᠢᠯᠢᠶᠠᠯᠭᠠᠵᠦ ᠶᠠᠪᠤᠵᠠᠢ ᠃ ᠠᠵᠢᠯᠯᠠᠬᠤ ᠦᠷᠦᠭᠡ᠎ᠶᠢᠨ ᠲᠠᠯ᠎ᠠ ᠬᠡᠷᠡᠮ᠎ᠢᠶᠠᠷ ᠲᠦᠬᠦᠷᠡᠩ ᠡᠯᠬᠦᠬᠡᠰᠦᠳᠡᠢ ᠱᠠᠩᠨᠠᠯ᠎ᠤᠨ ᠲᠡᠮᠳᠡᠭ᠎ᠤᠳ᠎ᠨᠢ ᠲᠡᠬᠦᠨ᠎ᠤ ᠬᠡᠳᠦᠨ ᠠᠷᠪᠠᠨ ᠵᠢᠯ᠎ᠤᠨ ᠲᠤᠷᠰᠢᠬᠢ ᠤᠢᠭ᠎ᠠ ᠦᠭᠡᠢ ᠴᠢᠷᠮᠠᠢᠯᠭ᠎ᠠ ᠪᠤᠯᠤᠨ ᠠᠮᠵᠢᠯᠳᠠ ᠪᠦᠳᠦᠮᠵᠢ᠎ᠶᠢ ᠬᠠᠷᠠᠭᠤᠯ᠎ᠤᠨ ᠪᠠᠢᠯ᠎ᠠ ᠃
ᠡᠮᠡᠭᠡ ᠡᠵᠢ᠎ᠨᠢ ᠨᠡᠷᠡᠲᠡᠢ ᠡᠯᠳᠡᠬᠦᠷᠢᠴᠢᠨ ᠪᠠᠢᠵᠤ ᠂ ᠠᠪᠤ᠋᠎ᠨᠢ ᠨᠡᠷᠡᠳᠡᠢ ᠭᠠᠷ ᠤᠷᠠᠯᠠᠯᠴᠢᠨ ᠪᠠᠢᠭᠰᠠᠨ᠎ᠨᠢ ᠠ᠊ · ᠲᠤᠶᠠᠭ᠎ᠠ᠎ᠳ᠋ᠤ ᠮᠠᠰᠢ ᠬᠦᠨ ᠨᠦᠯᠦᠭᠡ ᠬᠦᠷᠳᠡᠭᠡᠭᠰᠡᠨ ᠪᠠᠢᠵᠠᠢ ᠃ ᠲᠡᠭᠡᠷ᠎ᠡ ᠵᠠᠭᠤᠨ᠎ᠤ ᠨᠠᠶᠠᠭᠠᠳ ᠤᠨ᠎ᠳ᠋ᠤ ᠂ ᠠᠢᠯ ᠰᠠᠭᠠᠬᠠᠯᠲᠠ᠎ᠶᠢᠨ ᠬᠢᠨᠢ ᠪᠤᠶᠤ ᠬᠦᠷᠰᠢ ᠰᠤᠮᠤᠨ᠎ᠤ ᠬᠦᠮᠦᠰ ᠬᠤᠷᠢᠮ᠎ᠤᠨ ᠬᠤᠪᠴᠠᠰᠤ ᠂ ᠲᠠᠢᠰᠠᠨ᠎ᠤ ᠬᠤᠪᠴᠠᠰᠤ ᠬᠢᠯᠬᠡᠬᠦ᠎ᠪᠠᠷ ᠪᠦᠰ ᠲᠤᠷᠭ᠎ᠠ᠎ᠪᠠᠨ ᠠᠪᠤᠭᠠᠳ ᠢᠷᠡᠬᠦ᠎ᠪᠠᠷ᠎ᠨᠢ ᠲᠡᠷᠡ ᠵᠠᠷᠤᠳᠠᠯ ᠮᠦᠩᠬᠦ ᠠᠪᠬᠤ ᠦᠭᠡᠢ᠎ᠪᠠᠷ ᠤᠶᠤᠵᠤ ᠦᠭᠳᠡᠭ ᠪᠠᠢᠬᠰᠠᠨ ᠬᠡᠨ᠎ᠡ ᠃ ᠲᠡᠭᠦᠨ᠎ᠤ ᠤᠶᠤᠬᠰᠠᠨ ᠲᠡᠪᠡᠯ᠎ᠨᠢ ᠲᠤᠬᠢᠷᠠᠮᠵᠢ ᠰᠠᠢᠳᠠᠢ ᠪᠠᠢᠳᠠᠬ᠎ᠢᠶᠠᠷ ᠤᠷᠠᠨ ᠤᠶᠤᠳᠠᠯᠴᠢᠨ ᠭᠡᠵᠦ ᠬᠤᠳᠠᠯᠠ ᠤᠯᠠᠨ᠎ᠳᠠᠭᠠᠨ ᠠᠯᠳᠠᠷᠰᠢᠵᠠᠢ ᠃ ᠡᠨᠡ᠎ᠨᠢ ᠮᠦᠨ ᠴᠤ ᠲᠡᠬᠦᠨ᠎ᠤ ᠦᠨᠳᠦᠰᠦᠳᠡᠨ᠎ᠤ ᠤᠯᠠᠮᠵᠢᠯᠠᠯᠳᠤ ᠬᠤᠪᠴᠠᠰᠤ ᠵᠠᠰᠠᠯ᠎ᠤᠨ ᠰᠤᠶᠤᠯ᠎ᠢᠶᠡᠨ ᠤᠯᠠᠮᠵᠢᠯᠠᠨ ᠬᠦᠭᠵᠢᠬᠦᠯᠬᠦ ᠤᠷᠮ᠎ᠠ ᠵᠤᠷᠢᠭ᠎ᠢ᠎ᠨᠢ ᠡᠷᠴᠢᠯᠡᠵᠠᠢ ᠃
ᠪᠤᠷᠢᠶᠡᠳᠴᠤᠳᠤᠨ ᠬᠤᠪᠴᠠᠰᠤ ᠵᠠᠰᠠᠯ᠎ᠨᠢ ᠪᠤᠰᠤᠳ ᠦᠨᠳᠦᠰᠦᠲᠡᠨ ᠤᠭᠰᠠᠭᠠᠳᠠᠨ᠎ᠡᠴᠠ ᠢᠯᠡᠳᠳᠡ ᠢᠯᠭᠠᠬᠳᠠᠳᠠᠬ ᠃ ᠬᠠᠪᠤᠷ ᠂ ᠵᠤᠨ ᠂ ᠨᠠᠮᠤᠷ ᠂ ᠡᠪᠦᠯ᠎ᠤᠨ ᠬᠤᠪᠴᠠᠰᠤ᠎ᠡᠴᠠ ᠲᠤᠳᠤᠷ ᠬᠤᠪᠴᠠᠰᠤ ᠬᠦᠷᠳᠡᠯ᠎ᠡ ᠪᠦᠷ ᠢᠯᠭᠠᠭ᠎ᠠ᠎ᠲᠠᠢ᠎ᠪᠠᠷ ᠪᠠᠷᠠᠬᠤ ᠦᠭᠡᠢ ᠂ ᠡᠷᠡᠭᠲᠡᠢ ᠂ ᠡᠮᠡᠭᠲᠡᠢ ᠂ ᠬᠦᠭᠰᠢᠨ ᠂ ᠵᠠᠯᠠᠭᠤ ᠂ ᠬᠡᠤᠬᠡᠳ ᠪᠠᠭᠠᠴᠤᠳ ᠂ ᠪᠠᠰᠠᠭᠠᠨ ︵ ᠦᠬᠢᠨ ︶ ᠂ ᠰᠠᠮᠠᠭᠠᠨ ︵ ᠪᠡᠷᠢ ︶᠎ᠤ ᠡᠮᠦᠰᠬᠦ ᠬᠤᠪᠴᠠᠰᠦ᠎ᠨᠢ ᠪᠦᠷ ᠠᠳᠠᠯᠢ ᠦᠭᠡᠢ ᠪᠠᠢᠳᠠᠬ ᠃ ᠲᠤᠬᠠᠢᠯᠠᠪᠠᠯ ᠂ ᠤᠷᠤᠭᠯᠠᠭᠰᠠᠨ ᠡᠷᠡᠭᠳᠡᠢ ᠡᠮᠡᠭᠳᠡᠢ ᠮᠦᠷᠦᠳ᠋ᠡᠭᠡᠨ ᠬᠤᠨᠢᠶᠠᠰᠤ᠎ᠲᠠᠢ ᠬᠤᠪᠴᠠᠰᠦ ᠡᠮᠦᠰᠴᠦ ᠂ ᠤᠷᠤᠭᠯᠠᠭ᠎ᠠ ᠦᠭᠡᠢ ᠪᠤᠯ ᠬᠤᠨᠢᠶᠠᠰᠤ ᠦᠭᠡᠢ᠎ᠶᠢ ᠡᠮᠦᠰᠳᠡᠭ ᠃ ᠮᠠᠯᠠᠭᠠᠢ ᠭᠤᠳᠤᠯ᠎ᠨᠢ ᠴᠤ ᠶᠦᠳᠡᠩ ᠮᠠᠯᠠᠭᠠᠢ ᠂ ᠲᠤᠭᠤᠷᠤᠪᠴᠢ ᠮᠠᠯᠠᠭᠠᠢ ᠂ ᠪᠤᠯᠢᠭᠠᠷᠢ ᠭᠤᠳᠤᠯ ᠂ ᠡᠷᠡᠭᠲᠡᠢ ᠭᠤᠳᠤᠯ ᠂ ᠶᠠᠪᠠᠭᠠᠨ ᠭᠤᠳᠤᠯ ᠭᠡᠳ ᠤᠯᠠᠨ ᠵᠦᠢᠯ᠎ᠤᠨ ᠪᠠᠢᠳᠠᠬ ᠭᠡᠵᠦ ᠠ᠊ · ᠲᠤᠶᠠᠭ᠎ᠠ ᠪᠢᠳᠡᠨ᠎ᠳ᠋ᠤ ᠲᠠᠨᠢᠯᠴᠠᠭᠤᠯᠵᠤ ᠪᠠᠢᠯ᠎ᠠ ᠃
ᠪᠤᠷᠢᠶᠠᠳ ᠬᠤᠪᠴᠠᠰᠤ ᠤᠨᠴᠠ ᠨᠠᠷᠢᠯᠢᠬ ᠬᠢᠴᠠ᠎ᠲᠠᠢ ᠂ ᠪᠦᠬᠦᠨ᠎ᠢ ᠭᠠᠷ᠎ᠢᠶᠠᠷ ᠤᠶᠤᠳᠠᠭ ᠪᠤᠯᠬᠤᠷ ᠭᠡᠷᠡᠭᠰᠡᠬᠦ ᠴᠠᠭ᠎ᠨᠢ ᠤᠷᠳᠤ ᠃ ᠲᠡᠭᠡᠭᠡᠳ 1996 ᠤᠨᠡᠴᠠ ᠠ᠊ · ᠲᠤᠶᠠᠭ᠎ᠠ ᠬᠤᠪᠴᠠᠰᠦ ᠤᠶᠤᠬᠤ᠎ᠳᠠᠭᠠᠨ ᠪᠠᠢᠳᠠᠯ᠎ᠢ᠎ᠨᠢ ᠦᠨᠳᠦᠰᠦᠯᠡᠨ ᠵᠤᠬᠢᠬᠤ ᠬᠦᠯᠦᠰᠦᠨ ᠮᠦᠩᠬᠦ ᠠᠪᠳᠠᠬ ᠪᠤᠯᠤᠬᠰᠠᠨ ᠪᠤᠯ ᠂ 2006 ᠤᠨ᠎ᠳ᠋ᠤ ᠬᠦᠳᠡᠭᠡ ᠨᠤᠲᠤᠬᠡᠴᠠᠪᠠᠨ ᠬᠤᠰᠢᠭᠤᠨ ᠲᠦᠪ᠎ᠲᠤ ᠢᠷᠡᠵᠤ ᠲᠤᠰᠬᠠᠢᠯᠠᠨ ᠬᠤᠪᠴᠠᠰᠤ ᠤᠶᠤᠵᠦ ᠡᠬᠢᠯᠡᠵᠡᠢ ᠃ ᠬᠡᠪᠡᠴᠤ ᠲᠤᠬᠠᠢ᠎ᠶᠢᠨ ᠦᠶᠡᠰ ᠦᠪᠡᠷ᠎ᠤᠨ ᠰᠠᠭᠤᠭᠠᠯᠢ ᠬᠡᠷ᠎ᠲᠡᠭᠡᠨ ᠤᠶᠤᠳᠠᠬ ᠪᠤᠯᠬᠤᠷ ᠲᠡᠬᠦᠨ᠎ᠢ ᠮᠡᠳᠡᠬᠦ ᠬᠦᠮᠦᠨ ᠬᠢᠵᠠᠭᠠᠷ᠎ᠲᠠᠢ ᠂ ᠪᠦᠲᠦᠭᠡᠭᠳᠡᠭᠦᠨ᠎ᠨᠢ ᠴᠤ ᠲᠠᠩ ᠴᠤᠯᠭᠤᠢ ᠪᠠᠢᠵᠤ ᠂ ᠤᠷᠤᠯᠭ᠎ᠠ ᠪᠠᠷᠤᠭᠳᠠᠢ ᠪᠠᠢᠯ᠎ᠠ ᠃
2010 ᠤᠨ᠎ᠳ᠋ᠤ ᠂ ᠮᠤᠩᠭᠤᠯ ᠤᠯᠤᠰ᠎ᠤᠨ ᠨᠡᠷᠡᠲᠤ ᠤᠷᠠᠨ ᠵᠢᠷᠤᠬᠴᠢᠨ ᠂ ᠤᠶᠤᠳᠠᠯᠴᠢᠨ ᠳ᠋ᠤᠯᠭᠠᠷᠮᠠ ᠪᠠᠬᠰᠢ ᠡᠸᠡᠩᠬᠢ ᠬᠤᠰᠢᠭᠤᠨ᠎ᠳ᠋ᠤ ᠢᠷᠡᠵᠦ ᠢᠰᠡᠬᠡᠢ ᠤᠷᠠᠯᠠᠯ ᠬᠢᠬᠦ᠎ᠶᠢ ᠵᠢᠭᠠᠬᠤ ᠲᠤᠬᠢᠶᠠᠯ ᠲᠠᠭᠠᠷᠠᠬᠰᠠᠨ᠎ᠢᠶᠠᠷ ᠲᠦᠷᠦᠯᠬᠢ ᠤᠶᠤᠵᠤ ᠬᠠᠳᠬᠤᠬᠤ ᠲᠤᠷᠠᠲᠠᠢ ᠠ᠊ · ᠲᠤᠶᠠᠭ᠎ᠠ ᠢᠰᠡᠬᠡᠢ ᠤᠷᠠᠯᠠᠯ᠎ᠢ ᠰᠤᠷᠴᠦ ᠡᠬᠢᠯᠡᠵᠡᠢ ᠃ ︽ ᠲᠤᠷ᠎ᠠ᠎ᠳ᠋ᠤ ᠰᠢᠷ᠎ᠠ ᠦᠭᠡᠢ ︾ ᠭᠡᠳᠡᠭ᠎ᠢᠶᠠᠷ ᠂ 2013 ᠤᠨ᠎ᠳ᠋ᠤ ᠲᠡᠷᠡ ᠦᠪᠡᠷ᠎ᠢᠶᠡᠨ ᠮᠤᠩᠭᠤᠯ ᠤᠯᠤᠰ᠎ᠲᠤ ᠤᠴᠢᠵᠤ ᠰᠸᠢᠰ᠎ᠤᠨ ᠪᠠᠬᠰᠢ᠎ᠡᠴᠠ ᠢᠰᠡᠭᠡᠢ ᠤᠷᠠᠯᠠᠯ᠎ᠤᠨ ᠮᠡᠷᠭᠡᠵᠢᠯ ᠰᠤᠷᠴᠤ ᠂ 2011 2012 ᠤᠨ᠎ᠤ ᠬᠤᠭᠤᠷᠤᠨᠳᠤ ᠡᠷᠭᠦᠨ᠎ᠡ᠎ᠶᠢᠨ ᠮᠤᠩᠭᠤᠯ ᠱᠢ ᠸᠸᠢ᠎ᠶᠢᠨ ᠵᠤᠭᠠᠴᠠᠯ᠎ᠤᠨ ᠭᠠᠵᠠᠷ᠎ᠲᠤ ᠮᠤᠩᠭᠤᠯ ᠬᠡᠷ᠎ᠤᠨ ᠪᠦᠷᠢᠶᠡᠰᠦ ᠂ ᠢᠰᠡᠬᠡᠢ ᠤᠷᠠᠯᠠᠯ ᠬᠢᠵᠦ ᠡᠬᠢᠯᠡᠵᠡᠢ ᠃ ᠲᠡᠭᠦᠨ᠎ᠡᠴᠠ ᠡᠬᠢᠯᠡᠨ ᠲᠡᠪᠢᠰᠭᠡᠷ ᠂ ᠬᠡᠷᠡᠮ᠎ᠤᠨ ᠵᠢᠷᠤᠬ ᠂ ᠬᠡᠪᠢᠰᠦ ᠵᠡᠷᠭᠡ ᠢᠰᠡᠭᠡᠢ ᠤᠷᠠᠯᠠᠯ ᠬᠢᠬᠦ ᠮᠡᠷᠭᠡᠵᠢᠯ᠎ᠢ ᠴᠦ ᠡᠷᠴᠢᠮᠲᠡᠢ ᠰᠠᠢᠨ ᠡᠵᠡᠮᠰᠢᠭᠰᠡᠨ ᠪᠠᠢᠯ᠎ᠠ ᠃
ᠶᠡᠷᠦ᠎ᠨᠢ ᠢᠰᠡᠬᠡᠢ ᠤᠷᠠᠯᠠᠯ ᠬᠢᠬᠦ᠎ᠳ᠋ᠤ ᠂ ᠲᠡᠮᠡᠬᠡᠨ ᠨᠤᠤᠰᠤ᠎ᠪᠠᠷ ᠤᠳᠠᠰᠤ ᠡᠬᠡᠷᠡᠬᠦ ᠂ ᠵᠤᠯᠠᠬᠤ ᠂ ᠰᠢᠷᠢᠬᠦ ᠬᠡᠬᠦ ᠵᠡᠷᠭᠡ ᠤᠯᠠᠨ ᠶᠠᠪᠤᠴᠠ᠎ᠶᠢ ᠦᠩᠭᠡᠷᠡᠭᠦᠯᠳᠡᠭ ᠃ ᠠ᠊ · ᠲᠤᠶᠠᠭ᠎ᠠ ᠡᠳᠡᠭᠡᠷ ᠶᠠᠪᠤᠴᠠ᠎ᠶᠢ ᠭᠠᠬᠴᠠᠭᠠᠷ᠎ᠢᠶᠡᠨ ᠬᠦᠢᠴᠡᠳᠭᠡᠳᠡᠭ ᠤᠷᠠᠨ ᠲᠡᠮ᠎ᠲᠠᠢ ᠬᠦᠮᠦᠨ ᠪᠠᠢᠯ᠎ᠠ ᠃ ᠰᠤᠶᠤᠯ᠎ᠤᠨ ᠤᠯᠠᠮᠵᠢᠯᠠᠯ ᠪᠠ ᠰᠢᠨᠡᠴᠢᠯᠡᠯᠢ ᠤᠶᠠᠯᠳᠤᠭᠤᠯᠬᠤ ᠪᠤᠯ ᠠ᠊ · ᠲᠤᠶᠠᠭ᠎ᠠ᠎ᠶᠢᠨ ᠭᠠᠷ ᠤᠷᠠᠯᠠᠯ᠎ᠤᠨ ᠪᠦᠲᠦᠭᠡᠭᠳᠡᠭᠦᠨ᠎ᠤ ᠭᠤᠤᠯ ᠤᠨᠴᠠᠯᠢᠬ ᠪᠤᠯᠤᠨ᠎ᠠ ᠃
ᠦᠵᠡ ᠳ᠋ᠠ ᠂ ᠡᠨᠡ ᠲᠠᠪᠢᠰᠭᠡᠷ ᠬᠤᠷᠢᠭᠠᠳ ᠵᠢᠯ ᠪᠤᠯᠵᠤ ᠪᠠᠢᠨ᠎ᠠ ᠃ 1998 ᠤᠨ᠎ᠳ᠋ᠤ ᠤᠨᠠᠭ᠎ᠠ᠎ᠶᠢᠨ ᠠᠷᠠᠰᠤ᠎ᠪᠠᠷ ᠬᠤᠶᠠᠷ ᠬᠦᠮᠦᠨ᠎ᠤ ᠲᠤᠮᠦ ᠲᠡᠪᠢᠰᠭᠡᠷ ᠬᠢᠭᠡᠳ ᠦᠯᠡᠳᠡᠭᠰᠡᠨ ᠰᠢᠯᠪᠢ᠎ᠶᠢᠨ ᠠᠷᠠᠰᠦ᠎ᠶᠢᠨ ᠦᠩᠭᠡ᠎ᠶᠢ᠎ᠨᠢ ᠲᠠᠭᠠᠷᠠᠭᠤᠯᠤᠨ ᠂ ᠦᠰᠦᠨ᠎ᠤ ᠬᠢᠨᠢ ᠰᠢᠷᠭᠡᠭᠢ ᠭᠤᠷᠪᠠᠨ ᠲᠡᠰᠢ ᠬᠠᠷᠠᠭᠤᠯ᠎ᠤᠨ ᠵᠦᠢᠵᠦ ᠤᠶᠤᠭᠠᠳ ᠨᠠᠷᠢᠨ ᠤᠷᠲᠤ ᠲᠦᠷᠪᠡᠯᠵᠢᠨ ᠲᠡᠪᠢᠰᠭᠡᠷ ᠬᠢᠵᠡᠢ ᠃
ᠡᠨᠡ᠎ᠨᠢ ᠮᠦᠨ ᠶᠡᠷᠡᠭᠡᠳ ᠤᠨ᠎ᠳ᠋ᠤ ᠬᠢᠭᠰᠡᠨ ᠡᠳ᠋ ᠂ ᠤᠳᠤ ᠪᠦᠷ ᠡᠯᠡᠭᠳᠡᠴᠢᠬᠡᠵᠡᠢ ︕ ᠬᠡᠳ ᠤᠷᠤ ᠲᠡᠭᠡᠷᠡᠬᠢ ᠴᠠᠭᠠᠨ ᠢᠰᠡᠭᠡᠢ ᠲᠡᠭᠡᠷ᠎ᠡ ᠨᠤᠭᠤᠭᠠᠨ ᠦᠩᠭᠡ᠎ᠶᠢᠨ ᠬᠡ ᠤᠭᠠᠯᠵᠠ ᠰᠢᠷᠢᠭᠰᠡᠨ ᠲᠡᠪᠢᠰᠬᠡᠷ᠎ᠢᠶᠡᠨ ᠵᠢᠭᠠᠨ᠎ᠠ ᠃
ᠦᠨᠳᠦᠰᠦᠳᠡᠨ᠎ᠤ ᠰᠢᠯᠢᠳᠡᠭ ᠤᠯᠠᠮᠵᠢᠯᠠᠯᠳᠤ ᠰᠤᠶᠤᠯ᠎ᠢ ᠤᠯᠠᠮᠵᠢᠯᠠᠨ ᠬᠦᠭᠵᠢᠬᠦᠯᠬᠦ ᠂ ᠰᠤᠶᠤᠯ᠎ᠤᠨ ᠠᠵᠤ ᠦᠢᠯᠡᠰᠵᠢᠯᠳᠡ᠎ᠶᠢ ᠠᠬᠢᠭᠤᠯᠬᠤ ᠤᠯᠤᠰ ᠤᠷᠤᠨ᠎ᠤ ᠬᠠᠮᠢᠶ᠎ᠠ ᠪᠦᠬᠦᠢ ᠲᠦᠷᠦ᠎ᠶᠢᠨ ᠪᠤᠳᠤᠯᠭ᠎ᠠ᠎ᠨᠢ ᠦᠨᠳᠦᠰᠦᠳᠡᠨ᠎ᠤ ᠰᠤᠶᠤᠯ᠎ᠢᠶᠡᠨ ᠤᠯᠠᠮᠵᠢᠯᠠᠨ ᠪᠦᠳᠦᠭᠡᠯᠴᠢ᠎ᠪᠠᠷ ᠬᠦᠭᠵᠢᠬᠦᠯᠬᠦ᠎ᠪᠠᠷ ᠮᠡᠷᠡᠢᠨ ᠵᠢᠳᠬᠦᠵᠦ ᠶᠠᠪᠤᠭ᠎ᠠ ᠠ᠊ · ᠲᠤᠶᠠᠭ᠎ᠠ ᠨᠠᠷ᠎ᠲᠤ ᠤᠯᠳᠠᠰᠢ ᠦᠭᠡᠢ ᠠᠵᠠ ᠲᠤᠬᠢᠶᠠᠯ᠎ᠢ ᠠᠪᠴᠢᠷᠠᠵᠤ ᠦᠭᠬᠦᠭᠰᠡᠨ ᠪᠠᠢᠵᠠᠢ ᠃ 2016 ᠤᠨ᠎ᠳ᠋ᠤ ᠠ᠊ · ᠲᠤᠶᠠᠭ᠎ᠠ ᠡᠸᠡᠩᠬᠢ ᠬᠤᠰᠢᠭᠤᠨ᠎ᠤ ᠵᠠᠰᠠᠬ᠎ᠤᠨ ᠤᠷᠳᠤᠨ᠎ᠤ ᠲᠡᠮᠵᠢᠯᠭᠡ᠎ᠶᠢ ᠬᠦᠷᠳᠡᠵᠦ ᠂ ᠰᠤᠶᠤᠯ᠎ᠤᠨ ᠦᠢᠯᠡᠰ ᠪᠤᠰᠬᠠᠬᠤ ᠬᠦᠷᠢᠶᠡᠯᠡᠩ᠎ᠳ᠋ᠤ ᠢᠷᠡᠵᠦ ᠂ ᠡᠨᠡ ᠬᠦ ᠪᠤᠷᠢᠶᠠᠳ ᠬᠤᠪᠴᠠᠰᠦ ᠵᠠᠰᠠᠯ᠎ᠤᠨ ᠠᠵᠢᠯᠯᠠᠬᠤ ᠦᠷᠦᠭᠡ᠎ᠪᠠᠨ ᠪᠠᠢᠭᠤᠯᠤᠨ ᠂ ᠪᠤᠷᠢᠶᠠᠳ ᠤᠯᠠᠮᠵᠢᠯᠠᠯᠳᠤ ᠬᠤᠪᠴᠠᠰᠤ ᠵᠠᠰᠠᠯ ᠂ ᠲᠠᠢᠰᠠᠨ᠎ᠤ ᠬᠤᠪᠴᠠᠰᠤ ᠵᠠᠰᠠᠯ ᠂ ᠬᠠᠨ᠎ᠠ᠎ᠶᠢᠨ ᠡᠯᠭᠦᠭᠡᠰᠦ ᠂ ᠲᠡᠪᠢᠰᠭᠡᠷ ᠵᠡᠷᠭᠡ ᠴᠤᠯ ᠭᠠᠷ ᠤᠷᠠᠯᠠᠯ᠎ᠤᠨ ᠪᠦᠲᠦᠭᠡᠭᠳᠡᠬᠦᠨ ᠬᠢᠳᠡᠭ ᠪᠤᠯᠵᠠᠢ ᠃ ᠲᠡᠭᠦᠨ᠎ᠤ ᠠᠵᠢᠯᠯᠠᠬᠤ ᠦᠷᠦᠭᠡ᠎ᠨᠢ ᠪᠤᠰᠤᠳᠤᠨᠬᠢᠲᠠᠢ ᠠᠳᠠᠯᠢ ᠦᠭᠡᠢ ᠂ ᠲᠡᠷᠡ ᠦᠪᠡᠷ᠎ᠢᠶᠡᠨ ᠪᠦᠰ ᠲᠤᠷᠭ᠎ᠠ ᠬᠡᠳ ᠮᠠᠲ᠋ᠧᠷᠢᠶᠠᠯ ᠬᠤᠳᠠᠯᠳᠤᠨ ᠠᠪᠳᠠᠬ ᠦᠭᠡᠢ ᠂ ᠬᠦᠮᠦᠰ ᠦᠪᠡᠰᠦᠪᠡᠨ ᠪᠦᠰ ᠲᠤᠷᠭ᠎ᠠ᠎ᠪᠠᠨ ᠠᠪᠴᠢᠷᠠᠵᠤ ᠬᠤᠪᠴᠠᠰᠦ ᠬᠢᠯᠭᠡᠳᠡᠭ ᠃ ︽ ᠡᠳᠡᠭᠡᠷ ᠴᠢᠨᠢ ᠪᠦᠷ ᠬᠦᠮᠦᠰ᠎ᠤᠨ ᠬᠢᠯᠭᠡᠭᠡᠳ ᠠᠪᠠᠴᠢᠭᠠᠳᠦᠢ ᠬᠤᠪᠴᠠᠰᠤ ᠪᠠᠢᠨ᠎ᠠ ︾ ᠬᠡᠳ ᠠ᠊ · ᠲᠤᠶᠠᠭ᠎ᠠ ᠡᠯᠬᠦᠬᠦᠷ ᠲᠦᠬᠦᠷᠡᠩ ᠬᠤᠪᠴᠠᠰᠤᠨᠤᠭᠤᠳᠢ ᠵᠢᠭᠠᠨ ᠶᠠᠷᠢᠵᠤ ᠪᠠᠢᠯ᠎ᠠ ᠃
ᠪᠤᠷᠢᠶᠠᠳ ᠮᠤᠩᠭᠤᠯᠴᠤᠳ᠎ᠤᠨ ᠮᠠᠯᠠᠭᠠᠢ᠎ᠳ᠋ᠤ ᠠᠷᠪᠠᠨ ᠨᠢᠬᠡᠨ ᠬᠦᠰᠢᠶᠡᠰᠦᠲᠠᠢ ᠂ ᠡᠨᠡ᠎ᠨᠢ ᠪᠤᠷᠢᠶᠠᠳ᠎ᠤᠨ ᠠᠷᠪᠠᠨ ᠨᠢᠭᠡᠨ ᠡᠴᠢᠭᠡ ︵ ᠤᠪᠤᠭ ᠂ ᠠᠢᠮᠠᠬ ︶᠎ᠶᠢ ᠲᠦᠯᠦᠭᠡᠯᠡᠳᠡᠭ ᠃ ᠮᠠᠯᠠᠭᠠᠢ᠎ᠶᠢᠨ ᠤᠷᠤᠢ ᠲᠡᠭᠡᠷᠡᠬᠢ ᠤᠯᠠᠭᠠᠨ ᠵᠢᠯᠠᠭ᠎ᠠ᠎ᠨᠢ ᠨᠠᠷᠠ᠎ᠶᠢ ᠲᠦᠯᠦᠭᠡᠯᠡᠬᠦ ᠪᠦᠭᠡᠳ ᠭᠠᠯ ᠭᠤᠯᠤᠮᠳᠠ ᠂ ᠬᠡᠢ ᠮᠤᠷᠢ᠎ᠶᠢ ᠪᠡᠯᠭᠡᠰᠢᠶᠡᠳᠡᠭ ᠃
ᠬᠤᠰᠢᠭᠤᠨ᠎ᠤ ᠵᠠᠰᠠᠬ᠎ᠤᠨ ᠤᠷᠳᠤᠨ᠎ᠡᠴᠠ ᠦᠢᠯᠡᠰ ᠪᠤᠰᠬᠠᠬᠤ ᠬᠦᠷᠢᠶᠡᠯᠡᠩ᠎ᠤᠨ ᠬᠤᠳᠠᠯᠳᠤᠭᠠᠨ᠎ᠤ ᠠᠰᠠᠷ᠎ᠢ ᠲᠦᠷᠢᠶᠡᠰᠦ ᠮᠦᠩᠬᠦ ᠦᠭᠡᠢ᠎ᠪᠠᠷ ᠬᠠᠩᠭᠠᠨ ᠦᠭᠴᠦ ᠂ ᠡᠮᠡᠭᠳᠡᠢᠴᠤᠳ᠎ᠤᠨ ᠬᠤᠯᠪᠤᠭ᠎ᠠ᠎ᠡᠴᠠ ᠬᠦᠦ ᠮᠦᠩᠬᠦ ᠦᠭᠡᠢ ᠵᠢᠭᠡᠯᠡᠯᠭᠡ ᠦᠭᠬᠦᠭᠰᠡᠨ ᠵᠡᠷᠬᠡ ᠤᠯᠠᠨ ᠲᠠᠯ᠎ᠠ᠎ᠶᠢᠨ ᠲᠡᠮᠵᠢᠯᠭᠡ᠎ᠪᠠᠷ ᠭᠤᠷᠪᠠᠨ ᠵᠢᠯ᠎ᠤᠨ ᠲᠤᠷᠰᠢ ᠤᠯᠠᠨ ᠬᠦᠮᠦᠰ᠎ᠲᠤ ᠲᠠᠨᠢᠬᠳᠠᠵᠤ ᠮᠡᠳᠡᠷᠡᠭᠳᠡᠨ ᠂ ᠵᠠᠬ᠎ᠠ ᠲᠡᠯᠭᠡᠭᠦᠷ ᠦᠷᠭᠡᠳᠴᠤ ᠤᠷᠤᠯᠭ᠎ᠠ ᠴᠤ ᠨᠡᠮᠡᠭᠳᠡᠵᠡᠢ ᠃ ᠮᠠᠨ᠎ᠤ ᠤᠯᠤᠰ᠎ᠤᠨ ᠭᠠᠳᠠᠷ ᠮᠤᠵᠢ ᠤᠷᠤᠨ ᠪᠤᠶᠤ ᠭᠠᠳᠠᠷ ᠤᠯᠤᠰ ᠤᠷᠤᠨ᠎ᠤ ᠵᠢᠭᠤᠯᠴᠢᠯᠠᠬᠰᠠᠳ ᠪᠤᠷᠢᠶᠠᠳ ᠭᠠᠷ ᠤᠷᠠᠯᠠᠯ ᠂ ᠬᠤᠪᠴᠠᠰᠤ ᠬᠤᠨᠠᠷ ᠪᠤᠯᠤᠨ ᠢᠰᠡᠭᠡᠢ ᠤᠷᠠᠯᠠᠯ᠎ᠤᠨ ᠪᠦᠲᠦᠭᠡᠭᠳᠡᠭᠦᠨ᠎ᠢ ᠶᠡᠬᠡᠳᠡ ᠰᠤᠨᠢᠷᠬᠠᠨ ᠵᠠᠬᠢᠶᠠᠯᠠᠳᠠᠭ ᠃ ᠤᠤᠯᠤᠨᠬᠢᠲᠠᠢ ᠬᠠᠷᠢᠴᠠᠭᠤᠯᠪᠠᠯ ᠪᠤᠷᠤᠯᠠᠭᠤᠯᠭ᠎ᠠ ᠨᠡᠯᠢᠶᠡᠳ ᠰᠠᠢᠵᠢᠷᠠᠵᠠᠢ ᠬᠡᠵᠦ ᠠ᠊ · ᠲᠤᠶᠠᠭ᠎ᠠ ᠬᠠᠨᠤᠮᠵᠢᠳᠠᠢ ᠶᠠᠷᠢᠨ᠎ᠠ ᠃
ᠲᠡᠬᠡᠷ᠎ᠠ ᠵᠠᠭᠤᠨ᠎ᠤ ᠶᠡᠷᠡᠭᠡᠳ ᠤᠨᠡᠴᠠ ᠠ᠊ · ᠲᠤᠶᠠᠭ᠎ᠠ ᠬᠤᠪᠴᠠᠰᠦ ᠵᠠᠰᠠᠯ᠎ᠤᠨ ᠤᠷᠤᠯᠳᠤᠭᠠᠨ᠎ᠳ᠋ᠤ ᠤᠷᠤᠯᠴᠠᠬᠤ ᠪᠤᠯᠵᠤ ᠂ ᠤᠳᠠᠭ᠎ᠠ ᠪᠤᠯᠭᠠᠨ ᠭᠠᠷ ᠬᠤᠭᠤᠰᠤᠨ ᠪᠤᠴᠠᠬᠰᠠᠨ ᠦᠬᠡᠢ ᠬᠡᠬᠦ᠎ᠳ᠋ᠤ ᠠᠬᠠᠳᠠᠬᠤ ᠦᠬᠡᠢ ᠃ 2012 ᠤᠨ᠎ᠳ᠋ᠤ ᠤᠷᠤᠰ᠎ᠲᠤ ᠪᠤᠯᠤᠬᠰᠠᠨ ᠤᠷᠤᠰ ᠂ ᠮᠤᠩᠭᠤᠯ ᠂ ᠲᠤᠮᠳᠠᠳᠤ ᠤᠯᠤᠰ᠎ᠤᠨ ᠤᠯᠠᠨ ᠤᠯᠤᠰ᠎ᠤᠨ ᠨᠠᠭᠠᠳᠤᠮ᠎ᠳ᠋ᠤ ᠢᠰᠡᠭᠡᠢ ᠲᠡᠪᠡᠯᠢᠶᠠᠷᠢᠶᠡᠨ ᠠᠯᠳᠠᠨ ᠮᠸᠳᠠᠯ ᠤᠯᠵᠦ ᠂ 2014 ᠤᠨ᠎ᠤ ᠵᠤᠨ ᠂ ᠮᠤᠩᠭᠤᠯ ᠤᠯᠤᠰ᠎ᠲᠤ ᠢᠰᠡᠬᠡᠢ ᠤᠷᠠᠯᠠᠯ᠎ᠢᠶᠠᠷ᠎ᠢᠶᠡᠨ ᠮᠦᠩᠭᠦᠨ ᠮᠸᠳᠠᠯ ᠤᠯᠵᠤ ᠂ ᠨᠢᠳᠤᠨᠤᠨ ᠤᠤᠮᠧᠨ᠎ᠳ᠋ᠤ ᠶᠠᠪᠤᠭᠳᠠᠭᠰᠠᠨ ︽ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠷᠠᠯᠢᠬ᠎ᠤᠨ ᠤᠷᠤᠯᠳᠤᠭᠠᠨ ︾᠎ᠳ᠋ᠤ ᠮᠦᠩᠭᠦᠨ ᠮᠧᠳᠠᠯ ᠭᠠᠷᠳᠠᠬᠰᠠᠨ ᠪᠠᠢᠨ᠎ᠠ ᠃ 2019 ᠤᠨ᠎ᠤ 9 ᠰᠠᠷ᠎ᠠ᠎ᠳ᠋ᠤ ᠂ ᠪᠡᠭᠡᠵᠢᠩ᠎ᠳ᠋ᠤ ᠶᠠᠪᠤᠭᠳᠠᠭᠰᠠᠨ ᠤᠯᠠᠨ ᠤᠯᠤᠰ᠎ᠤᠨ ᠵᠢᠷᠤᠵᠦ ᠲᠦᠯᠦᠪᠯᠡᠬᠦ ᠨᠠᠢᠷ ᠡᠧᠡᠩᠬᠢ ᠦᠨᠳᠦᠰᠦᠲᠡᠨ᠎ᠤ ᠪᠤᠳᠠᠰ᠎ᠤᠨ ᠪᠤᠰᠤ ᠰᠤᠶᠤᠯ᠎ᠤᠨ ᠦᠪ᠎ᠤᠨ ᠰᠢᠨ᠎ᠡ ᠤᠷᠤᠰᠬᠠᠯ᠎ᠤᠨ ᠵᠠᠬᠪᠤᠷ ᠨᠡᠢᠲᠡᠯᠡᠬᠦ ᠬᠤᠷᠠᠯ ᠵᠢᠴᠢ ᠪᠤᠳᠠᠰ᠎ᠤᠨ ᠪᠤᠰᠤ ᠰᠤᠶᠤᠯ᠎ᠤᠨ ᠦᠪ᠎ᠤᠨ ᠪᠦᠲᠦᠭᠡᠭᠳᠡᠭᠦᠨ᠎ᠤ ᠦᠵᠡᠭᠦᠯᠭᠡ᠎ᠳ᠋ᠤ ᠰᠢᠯᠢᠳᠡᠭ ᠱᠠᠩᠨᠠᠯ ᠬᠦᠷᠳᠡᠵᠦ ᠂ ᠪᠤᠷᠢᠶᠠᠳ ᠬᠤᠪᠴᠠᠰᠤ ᠵᠠᠰᠠᠯ ᠂ ᠭᠠᠷ ᠤᠷᠠᠯᠠᠯ᠎ᠤᠨ ᠬᠡᠪ ᠨᠠᠮᠪᠠ ᠂ ᠭᠤᠸ᠎ᠠ ᠰᠠᠢᠬᠠᠨ ᠴᠢᠨᠠᠬᠰᠢᠯᠠᠪᠠᠯ ᠪᠤᠷᠢᠶᠠᠳ ᠲᠡᠤᠬᠡ ᠰᠤᠶᠤᠯ᠎ᠢ ᠲᠡᠯᠡᠬᠡᠢ᠎ᠳ᠋ᠤ ᠭᠠᠢᠬᠠᠭᠤᠯᠤᠭᠰᠠᠨ ᠪᠠᠢᠨ᠎ᠠ ᠃
ᠱᠠᠩᠨᠠᠯ᠎ᠢ ᠭᠠᠳᠠᠭᠤᠷ ᠭᠠᠷᠭᠠᠳᠠᠭ ᠦᠬᠡᠢ᠎ᠶᠢᠨ ᠨᠢᠭᠤᠴᠠ ᠵᠤᠷ ᠶᠠᠭᠤ ᠪᠠᠢᠨ᠎ᠠ ︖ ᠬᠡᠬᠦ᠎ᠳ᠋ᠤ ᠄ ︽ ᠮᠢᠨᠦ ᠬᠢᠵᠦ ᠪᠠᠢᠭ᠎ᠠ ᠶᠠᠭᠤᠮᠠᠰ ᠪᠤᠰᠤᠳᠤᠨᠬᠢᠲᠠᠢ ᠲᠠᠪᠬᠤᠴᠠᠳᠠᠬ ᠦᠭᠡᠢ ᠂ ᠲᠠᠩᠳᠠ ᠬᠠᠭᠤᠴᠢᠨ᠎ᠤ ᠤᠯᠠᠮᠵᠢᠯᠠᠯᠲᠤ ᠵᠦᠢᠯ᠎ᠢ ᠬᠢᠳᠡᠭ ᠂ ᠲᠠᠪᠤᠨ ᠬᠤᠰᠢᠭᠤ ᠮᠠᠯ᠎ᠤᠨ᠎ᠢᠶᠡᠨ ᠠᠰᠢᠬ ᠰᠢᠮ᠎ᠡ᠎ᠪᠠᠷ ᠯᠡ ᠬᠢᠳᠡᠭ ᠪᠤᠯᠬᠤᠷ ᠪᠤᠬᠢᠷᠳᠤᠯ ᠦᠭᠡᠢ ᠂ ᠴᠤᠯ ᠪᠠᠢᠭᠠᠯᠢᠯᠢᠬ ᠃ ᠬᠤᠨᠢᠨ ᠠᠷᠠᠰᠤ᠎ᠶᠢ ᠤᠳᠤᠵᠤ ᠪᠠᠢᠭᠠᠳ ᠲᠡᠭᠡᠷ᠎ᠡ᠎ᠨᠢ ᠬᠡ ᠭᠠᠷᠭᠠᠭᠠᠳ ᠪᠦᠲᠦᠭᠡᠭᠳᠡᠭᠦᠨ ᠪᠤᠯᠭᠠᠨ ᠤᠷᠤᠯᠳᠤᠭᠠᠨ᠎ᠳ᠋ᠤ ᠤᠷᠤᠯᠴᠠᠵᠤ ᠪᠠᠢᠬᠰᠠᠨ ᠃ ᠮᠦᠨ ᠲᠡᠷᠡ ᠲᠡᠪᠡᠯᠢᠶᠠᠷᠢᠶᠡᠨ 2006 ᠤᠨ᠎ᠳ᠋ᠤ ᠦᠪᠡᠷᠲᠡᠭᠡᠨ ᠵᠠᠰᠠᠬᠤ ᠤᠷᠤᠨ᠎ᠤ ᠭᠠᠷ ᠤᠷᠠᠯᠠᠯ ᠤᠷᠠᠨ ᠵᠢᠷᠤᠬ᠎ᠤᠨ ᠦᠵᠡᠭᠦᠯᠭᠡ᠎ᠶᠢᠨ ᠨᠢᠭᠡᠳᠦᠭᠡᠷ ᠲᠡᠰ᠎ᠤᠨ ᠱᠠᠩᠨᠠᠯ᠎ᠢ ᠭᠠᠷᠳᠠᠭᠰᠠᠨ ︾ ᠬᠡᠵᠦ ᠠ᠊ · ᠲᠤᠶᠠᠭ᠎ᠠ ᠪᠡᠶᠡᠷᠳᠡᠢ ᠢᠨᠢᠶᠡᠨᠠ ᠃
2019 ᠤᠨ᠎ᠳ᠋ᠤ ᠬᠤᠰᠢᠭᠤᠨ᠎ᠡᠴᠠ ᠰᠢᠨᠡᠭᠡᠨ ᠵᠡᠭᠦᠨ ᠰᠤᠮᠤᠨ᠎ᠤ ᠶᠠᠳᠠᠭᠤ᠎ᠡᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠲᠠᠢᠯᠠᠯᠳᠤᠭᠠᠨ᠎ᠤ ︽ ᠢᠳᠡᠭᠡᠯ ᠵᠤᠷᠢᠭ᠎ᠢᠶᠠᠷ ᠲᠡᠮᠵᠢᠬᠦ ︾ ᠰᠢᠷᠢᠰ ᠪᠤᠯᠪᠠᠰᠤᠷᠠᠯ᠎ᠤᠨ ᠤᠶᠤᠳᠠᠯ᠎ᠤᠨ ᠠᠩᠬᠢ ᠡᠷᠬᠢᠯᠡᠬᠦ᠎ᠳ᠋ᠤ ᠂ ᠠ᠊ · ᠲᠤᠶᠠᠭ᠎ᠠ ᠰᠤᠮᠤᠨ᠎ᠤ᠎ᠪᠠᠨ ᠶᠠᠳᠠᠭᠤ ᠬᠦᠴᠢᠷᠳᠡᠯᠲᠡᠢ ᠡᠷᠦᠭᠡ᠎ᠳ᠋ᠤ ᠬᠡᠳᠦ ᠤᠳᠠᠭ᠎ᠠ ᠬᠢᠴᠢᠶᠠᠯ ᠤᠷᠤᠵᠠᠢ ᠃ ᠨᠡᠩ ᠤᠯᠠᠨ ᠬᠦᠮᠦᠨ᠎ᠳ᠋ᠤ ᠪᠤᠷᠢᠶᠠᠳ ᠤᠯᠠᠮᠵᠢᠯᠠᠯᠳᠤ ᠭᠠᠷ ᠤᠷᠠᠯᠠᠯ᠎ᠢᠶᠡᠨ ᠤᠯᠠᠮᠵᠢᠯᠠᠬᠤ ᠂ ᠤᠯᠠᠮᠵᠢᠯᠠᠯᠳᠤ ᠭᠠᠷ ᠤᠷᠠᠯᠠᠯ᠎ᠢᠶᠡᠨ ᠦᠢᠯᠡᠳᠪᠦᠷᠢᠯᠡᠯ ᠠᠮᠢᠳᠤᠷᠠᠯ᠎ᠳ᠋ᠤ ᠠᠭᠤᠰᠤᠯᠴᠠᠭᠤᠯᠤᠨ ᠠᠮᠢᠯᠠᠭᠤᠯᠵᠤ ᠂ ᠰᠢᠨ᠎ᠡ ᠴᠠᠭ ᠦᠶ᠎ᠡ᠎ᠶᠢᠨ ᠦᠨ᠎ᠡ ᠦᠷᠳᠡᠭ᠎ᠢ᠎ᠨᠢ ᠨᠡᠮᠡᠭᠳᠡᠬᠦᠯᠬᠦ᠎ᠪᠠᠷ ᠲᠡᠷᠡ ᠲᠦᠯᠬᠢᠵᠦ ᠪᠤᠯᠤᠰᠢ ᠦᠭᠡᠢ ᠡᠬᠦᠷᠭᠡ ᠬᠠᠷᠢᠭᠤᠴᠠᠯᠭ᠎ᠠ᠎ᠪᠠᠨ ᠪᠤᠯᠭᠠᠨ᠎ᠠ ᠃ ᠡᠢᠨ ᠬᠦ ᠂ ᠲᠡᠷᠡ ᠪᠠᠰᠠ ᠬᠤᠰᠢᠭᠤᠨ᠎ᠤ ᠠᠵᠢᠯ ᠮᠡᠷᠭᠡᠵᠢᠯ᠎ᠤᠨ ᠲᠡᠬᠡᠳᠦ ᠰᠤᠷᠭᠠᠭᠤᠯᠢ ᠂ ᠨᠠᠮ᠎ᠤᠨ ᠰᠤᠷᠭᠠᠭᠤᠯᠢ᠎ᠳ᠋ᠤ ᠬᠤᠪᠴᠠᠰᠤ ᠤᠶᠤᠬᠤ ᠂ ᠢᠰᠡᠭᠡᠢ ᠤᠷᠠᠯᠠᠯ ᠬᠢᠬᠦ ᠮᠡᠷᠭᠡᠵᠢᠯ᠎ᠤᠨ ᠪᠤᠯᠪᠠᠰᠤᠷᠠᠯ ᠬᠢᠵᠦ ᠪᠤᠢ ᠃
ᠤᠳᠤ ᠨᠤᠤᠰᠤ ᠵᠤᠯᠠᠵᠤ ᠢᠰᠡᠭᠡᠢ ᠬᠢᠳᠡᠭ ᠬᠦᠮᠦᠨ ᠴᠦᠭᠡᠷᠡᠵᠡᠢ ᠃ ᠬᠡᠪᠡᠴᠤ ᠤᠢᠷ᠎ᠠ᠎ᠶᠢᠨ ᠵᠢᠯ᠎ᠳ᠋ᠤ ᠦᠨᠳᠦᠰᠦᠲᠡᠨ᠎ᠤ ᠬᠤᠪᠴᠠᠰᠤ ᠵᠠᠰᠠᠯ᠎ᠢᠶᠠᠷ᠎ᠢᠶᠡᠨ ᠭᠤᠶᠤᠯᠠᠬᠤ᠎ᠶᠢ ᠤᠯᠠᠮ᠎ᠢᠶᠠᠷ ᠴᠢᠬᠤᠯᠠᠴᠢᠯᠠᠬᠤ ᠪᠤᠯᠤᠭᠰᠠᠨ᠎ᠢᠶᠠᠷ ᠦᠨᠳᠦᠰᠦᠲᠡᠨ᠎ᠤ ᠬᠤᠪᠴᠠᠰᠤ ᠵᠠᠰᠠᠯ ᠤᠶᠤᠬᠤ ᠮᠡᠷᠭᠡᠵᠢᠯ ᠰᠤᠷᠬᠤ ᠬᠦᠮᠦᠰ ᠬᠠᠷᠢᠨ ᠤᠯᠠᠰᠢᠷᠠᠵᠤ ᠪᠠᠢᠨ᠎ᠠ ᠃ ᠡᠨᠡ᠎ᠨᠢ ᠪᠤᠷᠢᠶᠠᠳ ᠭᠠᠷ ᠤᠷᠠᠯᠠᠯ᠎ᠢᠶᠠᠷ ᠨᠠᠰᠤᠨ᠎ᠤ ᠦᠢᠯᠡᠰ᠎ᠢᠶᠡᠨ ᠪᠤᠯᠭᠠᠭᠰᠠᠨ ᠠ᠊ · ᠲᠤᠶᠠᠭ᠎ᠠ᠎ᠳ᠋ᠤ ᠠᠪᠴᠤ ᠭᠡᠯᠡᠪᠡᠯ ᠨᠢᠭᠡ ᠵᠦᠢᠯ᠎ᠤᠨ ᠲᠠᠢᠳᠬᠤᠷᠠᠭᠤᠯᠤᠯ ᠪᠤᠯᠬᠤ ᠶᠤᠮ ᠃
ᠤᠳᠤᠬᠠᠨ᠎ᠳ᠋ᠤ ᠂ ᠠ᠊ · ᠲᠤᠶᠠᠭ᠎ᠠ᠎ᠶᠢᠨ ᠪᠤᠷᠢᠶᠠᠳ ᠬᠤᠪᠴᠠᠰᠦ ᠵᠠᠰᠠᠯ᠎ᠤᠨ ᠠᠵᠢᠯᠯᠠᠬᠤ ᠦᠷᠦᠭᠡ᠎ᠨᠢ ︽ ᠬᠦᠯᠦᠨ ᠪᠤᠢᠷ ᠬᠤᠳᠠ᠎ᠶᠢᠨ ᠶᠠᠳᠠᠭᠤ᠎ᠡᠴᠠ ᠠᠩᠬᠢᠵᠢᠷᠠᠭᠤᠯᠬᠤ ᠭᠠᠷᠮᠠᠭᠠᠢ ᠡᠮᠡᠭᠳᠡᠢᠴᠤᠳ᠎ᠤᠨ ᠵᠢᠱᠢᠶ᠎ᠡ ᠦᠵᠡᠭᠦᠯᠬᠦ ᠰᠠᠭᠤᠷᠢᠨ ︾ ᠪᠤᠯᠵᠤ ᠂ ᠲᠡᠷᠡ ᠬᠦᠯᠦᠨ ᠪᠤᠢᠷ ᠬᠤᠳᠠ᠎ᠶᠢᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠷᠢᠶᠠᠳ ᠬᠤᠪᠴᠠᠰᠤ ᠵᠠᠰᠠᠯ᠎ᠤᠨ ᠲᠦᠯᠦᠭᠡᠯᠡᠬᠦ ᠴᠢᠨᠠᠷᠳᠠᠢ ᠦᠪᠯᠡᠨ ᠤᠯᠠᠮᠵᠢᠯᠠᠬᠴᠢ ᠂ ᠬᠦᠯᠦᠨ ᠪᠤᠢᠷ ᠬᠤᠳᠠ᠎ᠶᠢᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠮᠤᠩᠭᠤᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠦᠯᠦᠭᠡᠯᠡᠬᠦ ᠴᠢᠨᠠᠷᠳᠠᠢ ᠦᠪᠯᠡᠨ ᠤᠯᠠᠮᠵᠢᠯᠠᠬᠴᠢ ᠪᠤᠯᠵᠦ ᠬᠢᠯᠠᠷᠠᠭᠤᠯᠵᠤ ᠶᠠᠪᠤᠨ᠎ᠠ ᠃
ᠰᠤᠷᠪᠤᠯᠵᠢᠯᠠᠭ᠎ᠠ ᠦᠨᠳᠦᠷᠯᠡᠬᠦ ᠪᠤᠯᠤᠯ᠎ᠠ ᠃ ᠠ᠊ · ᠲᠤᠶᠠᠭ᠎ᠠ ᠄ ︽ ᠲᠠᠷᠠᠭᠠᠴᠢ᠎ᠪᠠᠷ ᠡᠷᠳᠡᠨ᠎ᠤ ᠪᠤᠷᠢᠶᠠᠳ ᠬᠤᠪᠴᠠᠰᠤ᠎ᠲᠠᠢ ᠬᠦᠮᠦᠨ᠎ᠢ ᠢᠰᠡᠭᠡᠢ ᠲᠡᠭᠡᠷ᠎ᠡ ᠰᠢᠷᠢᠵᠦ ᠤᠶᠤᠭᠠᠳ ᠤᠷᠤᠯᠳᠤᠭᠠᠨ᠎ᠳ᠋ᠤ ᠤᠷᠤᠯᠴᠠᠬᠤ᠎ᠪᠠᠷ ᠲᠦᠯᠦᠪᠯᠡᠵᠦ ᠪᠠᠢᠨ᠎ᠠ ︾ ᠭᠡᠵᠦ ᠪᠢᠳᠡᠨ᠎ᠳ᠋ᠤ ᠰᠠᠢᠬᠠᠨ᠎ᠤ ᠰᠤᠷᠠᠭ ᠲᠤᠭᠤᠯᠳᠠᠭᠤᠯᠤᠯᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠼᠠᠢ ᠬᠤᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃