ᠲᠡᠷᠢᠭᠦᠨ ᠨᠢᠭᠤᠷ>ᠬᠦᠮᠦᠨ ᠨᠡᠢᠭᠡᠮ>ᠬᠦᠮᠦᠨ ᠵᠣᠨ

2020-07-05 10:07:53

ᠵᠣᠬᠢᠶᠠᠭ᠍ᠴᠢ᠄ ᠬᠡᠰᠢᠭᠪᠥᠶᠠᠨ ᠣᠩᠱᠢᠭ᠍ᠰᠠᠨ ᠣᠳᠠᠭ᠎ᠠ᠄ 3

︽ ᠨᠢᠳᠤᠨᠤᠨ ᠮᠠᠯᠵᠢᠯ᠎ᠤᠨ ᠲᠠᠯᠠᠪᠠᠢ᠎ᠡᠴᠠ ᠪᠢᠳᠡᠨ᠎ᠳ᠋ᠤ 6 ᠡᠮ᠎ᠠ ︿᠎ᠲᠠᠢ ᠬᠤ ᠬᠤᠨᠢ ﹀ ᠬᠤᠪᠢᠶᠠᠵᠦ ᠦᠭᠬᠦᠭᠰᠡᠨ ᠂ ᠬᠠᠪᠤᠷ᠎ᠤᠨ ᠲᠦᠯ᠎ᠡᠴᠠ 6000 ᠲᠦᠭᠦᠷᠢᠭ᠎ᠤᠨ ᠤᠷᠤᠯᠭ᠎ᠠ ᠤᠯᠵᠦ ᠂ ᠬᠡᠤᠬᠡᠤᠨ᠎ᠤᠨ ᠦᠨᠳᠦᠷ ᠲᠤᠮᠳᠠᠳᠤ᠎ᠳ᠋ᠤ ᠪᠢᠴᠢᠭ ᠦᠵᠡᠬᠦ ᠰᠤᠷᠤᠯᠭ᠎ᠠ᠎ᠶᠢᠨ ᠰᠦᠢᠳᠬᠡᠯ᠎ᠳ᠋ᠤ ᠬᠡᠷᠡᠭᠯᠡᠭᠰᠡᠨ ᠂ ᠤᠳᠤ ᠪᠠᠰᠠ 6 ᠲᠦᠯ ᠲᠤᠰᠤᠭᠠᠳ ᠪᠤᠢ ︾ ᠭᠡᠵᠤ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ᠎ᠳ᠋ᠤ ᠪᠠᠢᠷᠢᠯᠠᠵᠦ ᠪᠠᠢᠭ᠎ᠠ ᠬᠢᠩᠭᠠᠨ ᠠᠳᠠᠷ ᠬᠠᠭᠠᠯᠪᠦᠷᠢᠯᠠᠯᠳᠠ᠎ᠶᠢᠨ ᠪᠦᠯᠦᠭᠯᠠᠯ᠎ᠤᠨ ᠬᠦᠩ ᠵᠦ ᠯᠢᠩ ᠮᠠᠯᠵᠢᠯ᠎ᠤᠨ ᠲᠠᠯᠠᠪᠠᠢ᠎ᠶᠢᠨ ᠯᠢᠦ ᠭᠦᠢ ᠬᠤᠧᠨ ᠰᠤᠷᠪᠤᠯᠵᠢᠯᠠᠭᠴᠢ᠎ᠳ᠋ᠤ ᠪᠠᠶᠠᠷᠯᠠᠨ ᠶᠠᠷᠢᠨ᠎ᠠ ᠃  

QQ截图20200705100626.jpg

ᠬᠦᠩ ᠵᠦ ᠯᠢᠩ ᠮᠠᠯᠵᠢᠯ᠎ᠤᠨ ᠲᠠᠯᠠᠪᠠᠢ ᠲᠡᠬᠡᠳᠤ ᠱᠠᠳᠤᠨ᠎ᠤ ᠱᠠᠩᠨᠠᠵᠦ ᠨᠦᠬᠦᠪᠤᠷᠢᠯᠡᠭᠰᠡᠨ ᠪᠡᠯᠡ ᠮᠦᠩᠬᠦ᠎ᠪᠠᠷ 120 ︽᠎ᠲᠠᠢ ᠬᠤ ᠬᠤᠨᠢ ︾ ᠬᠤᠳᠠᠯᠳᠤᠨ ᠤᠷᠤᠭᠤᠯᠵᠤ ᠂ ᠲᠤᠰ ᠮᠠᠯᠵᠢᠯ᠎ᠤᠨ ᠲᠠᠯᠠᠪᠠᠢ᠎ᠶᠢᠨ᠎ᠢᠶᠡᠨ 20 ᠡᠷᠤᠬᠡ᠎ᠳ᠋ᠤ ᠬᠤᠪᠢᠶᠠᠵᠤ ᠦᠭᠬᠦᠭᠰᠡᠨ ᠪᠦᠬᠡᠳ ᠤᠳᠤ ᠡᠳᠡᠬᠡᠷ ᠡᠷᠦᠬᠡ᠎ᠶᠢᠨ᠎ᠬᠢᠨ ᠦᠷ᠎ᠠ ᠠᠰᠢᠭ ᠬᠦᠷᠳᠡᠵᠤ ᠡᠬᠢᠯᠡᠵᠡᠢ ᠃  

ᠤᠢᠷ᠎ᠠ᠎ᠶᠢᠨ ᠵᠢᠯ᠎ᠳ᠋ᠤ ᠂ ᠬᠦᠩ ᠵᠦ ᠯᠢᠩ ᠮᠠᠯᠵᠢᠯ᠎ᠤᠨ ᠲᠠᠯᠠᠪᠠᠢ ᠲᠡᠵᠢᠭᠡᠪᠤᠷᠢ᠎ᠶᠢᠨ ᠪᠦᠳᠦᠴᠡ᠎ᠳ᠋ᠡᠭᠡᠨ ᠲᠤᠬᠢᠷᠠᠭᠤᠯᠤᠯᠳᠠ ᠬᠢᠵᠦ ᠂ ᠤᠯᠠᠨ ᠲᠦᠮᠡᠨ᠎ᠢᠶᠡᠨ ᠲᠠᠭᠠᠭᠤᠯᠤᠨ ᠬᠦᠷᠢᠶ᠎ᠠ ᠬᠠᠰᠢᠶᠠᠨ᠎ᠤ ᠠᠵᠦ ᠠᠬᠤᠢ᠎ᠶᠢ ᠬᠦᠭᠵᠢᠬᠦᠯᠵᠦ ᠂ ᠤᠷᠤᠯᠭ᠎ᠠ ᠡᠬᠦᠳᠬᠦ ᠠᠷᠭ᠎ᠠ ᠵᠠᠮ᠎ᠢᠶᠡᠨ ᠦᠷᠬᠡᠳᠬᠡᠵᠦ ᠂ ᠪᠠᠶᠠᠵᠢᠯ᠎ᠤᠨ ᠵᠠᠮ᠎ᠢᠶᠠᠷ ᠵᠤᠷᠢᠭᠲᠠᠢ ᠵᠠᠮᠨᠠᠵᠠᠢ ᠃

ᠲᠤᠰ ᠲᠠᠯᠠᠪᠠᠢ ᠲᠡᠵᠢᠬᠡᠪᠦᠷᠢ᠎ᠶᠢᠨ ᠲᠤᠯᠭᠠᠭᠤᠷᠢ ᠠᠵᠦ ᠦᠢᠯᠡᠰ᠎ᠢ ᠭᠤᠤᠯᠳᠠᠯᠭ᠎ᠠ᠎ᠲᠠᠢ ᠪᠤᠢᠵᠢᠭᠤᠯᠵᠦ ᠂ ︽ ᠠᠵᠦ ᠠᠬᠤᠢᠯᠠᠯ + ᠨᠠᠮ᠎ᠤᠨ ᠡᠬᠦᠷ + ᠲᠡᠵᠢᠬᠡᠪᠦᠷᠢ᠎ᠶᠢᠨ ᠡᠷᠤᠬᠡ ︾᠎ᠶᠢᠨ ᠬᠡᠯᠪᠡᠷᠢ᠎ᠪᠠᠷ ᠳᠠᠮᠵᠢᠭᠤᠯᠤᠨ ᠂ ᠲᠤᠰᠬᠠᠢ ᠮᠡᠷᠬᠡᠵᠢᠯᠳᠡᠨ ᠬᠢᠴᠢᠶᠡᠯ ᠤᠷᠤᠬᠤ ᠂ ᠲᠤᠭᠤᠷᠢᠨ ᠦᠵᠡᠵᠦ ᠰᠤᠷᠤᠯᠴᠠᠬᠤ ᠂ ᠡᠬᠦᠳᠡᠨ᠎ᠳ᠋ᠤᠨᠢ ᠬᠦᠷᠴᠦ ᠮᠡᠷᠬᠡᠵᠢᠯ᠎ᠤᠨ ᠵᠢᠯᠤᠭᠤᠳᠤᠯᠭ᠎ᠡ ᠬᠠᠩᠭᠠᠬᠤ ᠵᠡᠷᠬᠡ ᠠᠷᠭ᠎ᠠ᠎ᠪᠠᠷ ᠠᠵᠢᠯᠳᠠᠳ᠎ᠤᠨ᠎ᠢᠶᠡᠨ ︽᠎ᠲᠠᠢ ᠬᠤ ᠬᠤᠨᠢ ︾ ᠲᠡᠵᠢᠬᠡᠬᠦ᠎ᠶᠢ ᠵᠤᠷᠢᠬᠵᠢᠭᠤᠯᠵᠤ ᠂ ᠤᠷᠤᠯᠭ᠎ᠠ᠎ᠶᠢ᠎ᠨᠢ ᠨᠡᠮᠡᠭᠳᠡᠬᠦᠯᠵᠠᠢ ᠃ ᠲᠤᠰ ᠲᠠᠯᠠᠪᠠᠢ᠎ᠶᠢᠨ ᠠᠵᠢᠯᠳᠠᠨ ᠵᠠᠩ ᠳ᠋ᠦ᠋ᠢᠩ ᠮᠧᠢ᠎ᠶᠢᠨ ᠬᠠᠰᠢᠶᠠᠨ᠎ᠳ᠋ᠤ ᠨᠢᠬᠡ ᠰᠦᠷᠦᠭ ︽᠎ᠲᠠᠢ ᠬᠤ ᠬᠤᠨᠢ ︾ ᠲᠠᠪᠠᠳᠠᠢ ᠢᠳᠡᠰᠢᠯᠡᠨ᠎ᠠ ᠃

ᠵᠠᠩ ᠳ᠋ᠦ᠋ᠢᠩ ᠮᠧᠢ ᠄ ︽ ᠪᠢ ᠨᠢᠬᠡᠳᠦᠬᠡᠷ ᠲᠤᠭᠤᠢᠯᠠᠡᠭ᠎ᠤᠨ᠎ᠬᠢᠨ᠎ᠤ ︿᠎ᠲᠠᠢ ᠬᠤ ᠬᠤᠨᠢ ﹀ ᠲᠡᠵᠢᠬᠡᠬᠡᠳ ᠲᠦᠢᠯ᠎ᠤᠨ ᠰᠠᠢᠨ ᠦᠷ᠎ᠠ ᠠᠰᠢᠭ ᠤᠯᠵᠦ ᠪᠠᠢᠬᠤ᠎ᠶᠢ ᠦᠵᠡᠬᠡᠳ ᠲᠦᠢᠯ᠎ᠢᠶᠠᠷ ᠪᠠᠬᠠᠷᠤᠭᠰᠠᠨ ᠃ ᠶᠠᠷᠤ᠎ᠶᠢᠨ ᠪᠠᠢᠳᠠᠯ᠎ᠳ᠋ᠤ ︿᠎ᠲᠠᠢ ᠬᠤ ᠬᠤᠨᠢ ﹀ ᠤᠳᠠᠭ᠎ᠠ ᠪᠦᠷᠢ ᠢᠬᠡᠷᠡᠯᠡᠳᠡᠭ ᠂ ᠶᠡᠷᠦ᠎ᠳ᠋ᠡᠭᠡᠨ ᠨᠢᠬᠡ ᠵᠢᠯ᠎ᠳ᠋ᠤ ᠬᠤᠶᠠᠷ ᠤᠳᠠᠭ᠎ᠠ ᠬᠡᠬᠡᠯᠳᠦᠨ᠎ᠠ ᠃ ︿᠎ᠲᠠᠢ ᠬᠤ ᠬᠤᠨᠢ ﹀ ᠲᠡᠵᠢᠬᠡᠬᠦ᠎ᠨᠢ ᠠᠵᠦ ᠠᠬᠤᠢ᠎ᠶᠢᠨ ᠦᠷ᠎ᠠ ᠠᠰᠢᠭ ᠦᠨᠳᠦᠷ᠎ᠢᠶᠠᠷ ᠪᠠᠷᠠᠬᠤ ᠦᠬᠡᠢ ᠪᠠᠰᠠ ᠬᠡᠷ᠎ᠲᠡᠭᠡᠨ ᠰᠠᠭᠤᠵᠤ ᠪᠠᠢᠭᠠᠳ ᠲᠡᠵᠢᠬᠡᠪᠦᠷᠢ᠎ᠶᠢᠨ ᠮᠡᠷᠬᠡᠵᠢᠯ᠎ᠤᠨ ᠦᠢᠯᠡᠴᠢᠯᠡᠬᠡ ᠬᠦᠷᠳᠡᠵᠥ ᠪᠤᠯᠳᠠᠭ ᠪᠤᠯᠬᠤᠷ ᠨᠠᠳᠠ᠎ᠳ᠋ᠤ ᠠᠪᠴᠤ ᠬᠡᠯᠡᠪᠡᠯ ᠮᠠᠰᠢ ᠰᠠᠢᠨ ᠶᠠᠪᠤᠳᠠᠯ ᠃ ᠡᠢᠨ ᠬᠦ ᠦᠪᠡᠷ᠎ᠢᠶᠡᠨ 40 ︿᠎ᠲᠠᠢ ᠬᠤ ᠬᠤᠨᠢ ﹀ ᠬᠤᠳᠠᠯᠳᠤᠨ ᠠᠪᠴᠦ ᠦᠷᠡᠵᠢᠬᠦᠯᠦᠬᠡᠳ ᠡᠨᠡ ᠬᠠᠪᠤᠷ 70 ᠭᠠᠷᠤᠢ ᠬᠤᠷᠠᠭ᠎ᠠ ᠬᠤᠳᠠᠯᠳᠤᠵᠦ ᠂ 6 ᠲᠦᠮᠡᠨ ᠲᠦᠭᠦᠷᠢᠭ᠎ᠤᠨ ᠤᠷᠤᠯᠭ᠎ᠠ ᠤᠯᠵᠠᠢ ︾ ᠭᠡᠵᠤ ᠲᠠᠨᠢᠯᠴᠠᠭᠤᠯᠤᠯ᠎ᠠ ᠃

ᠤᠳᠤᠬᠠᠨ ᠪᠤᠯᠳᠠᠯ᠎ᠠ ᠂ ᠬᠦᠩ ᠵᠦ ᠯᠢᠩ ᠮᠠᠯᠵᠢᠯ᠎ᠤᠨ ᠲᠠᠯᠠᠪᠠᠢ 6 ᠤᠳᠠᠭ᠎ᠠ ︽᠎ᠲᠠᠢ ᠬᠤ ᠬᠤᠨᠢ ︾ ᠲᠡᠵᠢᠬᠡᠬᠦ ᠮᠡᠷᠬᠡᠵᠢᠯ᠎ᠢ ᠵᠤᠬᠢᠶᠠᠨ ᠪᠠᠢᠭᠤᠯᠤᠨ ᠰᠤᠷᠤᠯᠴᠠᠭᠤᠯᠵᠦ ᠂ ᠲᠤᠰᠬᠠᠢ ᠮᠡᠷᠬᠡᠵᠢᠯᠳᠡᠨ᠎ᠢ ᠵᠤᠬᠢᠶᠠᠨ ᠪᠠᠢᠭᠤᠯᠤᠨ 4 ᠤᠳᠠᠭ᠎ᠠ ᠬᠢᠴᠢᠶᠡᠯ ᠤᠷᠤᠵᠦ ᠂ 10 ᠭᠠᠷᠤᠢ ᠤᠳᠠᠭ᠎ᠠ ᠡᠬᠦᠳᠡᠨ᠎ᠳ᠋ᠤᠨᠢ ᠬᠦᠷᠴᠦ ᠦᠢᠯᠡᠴᠢᠯᠡᠬᠡ ᠬᠠᠩᠭᠠᠨ ᠂ 5 ᠲᠤᠭᠤᠢᠯᠠᠡᠭ᠎ᠤᠨ 30 ᠡᠷᠤᠬᠡ᠎ᠶᠢᠨ᠎ᠬᠢᠨ᠎ᠢ ᠲᠠᠢᠴᠢᠯᠠᠵᠦ ᠬᠦᠷᠢᠶ᠎ᠠ ᠬᠠᠰᠢᠶᠠᠨ᠎ᠳᠠᠭᠠᠨ ︽᠎ᠲᠠᠢ ᠬᠤ ᠬᠤᠨᠢ ︾ ᠲᠡᠵᠢᠬᠡᠬᠦ ᠦᠢᠯᠡᠰ᠎ᠢ ᠬᠦᠭᠵᠢᠬᠦᠯᠵᠠᠢ ᠃  

ᠲᠤᠰ ᠲᠠᠯᠠᠪᠠᠢ᠎ᠶᠢᠨ ᠡᠮᠡᠭᠳᠡᠢᠴᠤᠳ᠎ᠤᠨ ᠬᠤᠯᠪᠤᠭ᠎ᠠ ᠦᠨᠳᠤᠰᠦᠨ ᠱᠠᠳᠤᠨ᠎ᠤ ᠡᠮᠡᠭᠳᠡᠢᠴᠤᠳ᠎ᠤᠨ ᠬᠤᠯᠪᠤᠭ᠎ᠡ᠎ᠶᠢᠨ ᠦᠢᠯᠡᠳᠦᠯ᠎ᠢᠶᠡᠨ ᠬᠦᠢᠴᠡᠳ ᠪᠠᠳᠠᠷᠠᠭᠤᠯᠵᠦ ᠂ ᠦᠷᠬᠡᠨ ᠤᠯᠠᠨ ᠡᠮᠡᠭᠳᠡᠢᠴᠤᠳ᠎ᠢ ᠤᠬᠠᠭᠤᠯᠤᠨ ᠵᠤᠷᠢᠬᠵᠢᠭᠤᠯᠵᠦ ᠂ ᠬᠦᠷᠢᠶ᠎ᠠ ᠬᠠᠰᠢᠶᠠᠨ᠎ᠤ ᠠᠵᠦ ᠠᠬᠤᠢ᠎ᠶᠢ ᠬᠦᠭᠵᠢᠬᠦᠯᠥᠬᠡᠳ ᠤᠷᠤᠯᠭ᠎ᠡ᠎ᠶᠢ᠎ᠨᠢ ᠨᠡᠮᠡᠭᠳᠡᠬᠦᠯᠪᠡ ᠃ ᠬᠦᠩ ᠵᠦ ᠯᠢᠩ ᠮᠠᠯᠵᠢᠯ᠎ᠤᠨ ᠲᠠᠯᠠᠪᠠᠢ᠎ᠶᠢᠨ ᠲᠦᠷᠪᠡᠳᠦᠬᠡᠷ ᠲᠤᠭᠤᠢᠯᠠᠡᠭ᠎ᠤᠨ ᠡᠮᠡᠭᠳᠡᠢᠴᠤᠳ᠎ᠤᠨ ᠬᠤᠯᠪᠤᠭ᠎ᠠ᠎ᠶᠢᠨ ᠡᠷᠬᠢᠯᠡᠭᠴᠢ ᠴᠧᠨ ᠭᠤᠸ᠎ᠠ ᠲᠤᠭᠤᠰ ᠲᠡᠵᠢᠭᠡᠭᠰᠡᠨ ᠰᠠᠭᠤᠷᠢᠨ ᠲᠡᠬᠡᠷ᠎ᠠ᠎ᠪᠠᠨ ᠮᠠᠯ᠎ᠤᠨ ᠪᠡᠯᠴᠢᠬᠡᠷ᠎ᠡᠴᠠ ᠤᠢᠷ᠎ᠠ ᠰᠠᠭᠤᠵᠦ ᠪᠠᠢᠬᠤ ᠲᠠᠪᠠᠭᠤᠯᠢᠭ᠎ᠢᠶᠡᠨ ᠠᠰᠢᠬᠯᠠᠨ ᠂ ᠲᠡᠵᠢᠬᠡᠪᠦᠷᠢ᠎ᠶᠢᠨ ᠬᠡᠪᠴᠢᠶ᠎ᠠ᠎ᠪᠠᠨ ᠦᠷᠬᠡᠳᠬᠡᠵᠤ ᠂ 1000 ᠭᠠᠷᠤᠢ ᠵᠠᠬᠢᠶᠠᠯᠠᠭ᠎ᠠ᠎ᠶᠢᠨ ᠭᠠᠯᠠᠭᠤ ᠲᠡᠵᠢᠬᠡᠵᠦ ᠂ ᠨᠢᠬᠡ ᠭᠠᠯᠠᠭᠤ᠎ᠪᠠᠨ 80  100 ᠲᠦᠭᠦᠷᠢᠭ᠎ᠢᠶᠠᠷ ᠬᠤᠳᠠᠯᠳᠤᠵᠦ ᠂ ᠨᠢᠬᠡ ᠭᠠᠯᠠᠭᠤ᠎ᠡᠴᠠ 60 ᠲᠦᠭᠦᠷᠢᠭ᠎ᠤᠨ ᠴᠡᠪᠡᠷ ᠤᠷᠤᠯᠭ᠎ᠠ ᠤᠯᠪᠡ ᠃ ᠡᠯ᠎ᠠ ᠲᠤᠭᠤᠢᠯᠠᠡᠭ᠎ᠤᠨ ᠭᠠᠯᠠᠭᠤ ᠲᠡᠵᠢᠭᠡᠨ ᠦᠷᠡᠵᠢᠬᠦᠯᠬᠦ ᠰᠠᠨᠠᠭ᠎ᠡ᠎ᠲᠠᠢ ᠡᠮᠡᠭᠳᠡᠢᠴᠤᠳ ᠲᠡᠳᠡᠨ ᠪ᠊᠎ᠬᠢᠨ᠎ᠳ᠋ᠤ ᠢᠷᠡᠵᠦ ᠲᠤᠭᠤᠷᠢᠨ ᠦᠵᠡᠵᠦ ᠰᠤᠷᠤᠯᠴᠠᠬᠤ᠎ᠳ᠋ᠤ ᠂ ᠴᠧᠨ ᠭᠤᠸ᠎ᠠ ᠲᠡᠳᠡ ᠨᠡᠷ᠎ᠲᠤ ᠲᠡᠵᠢᠬᠡᠪᠦᠷᠢ᠎ᠶᠢᠨ ᠮᠡᠷᠬᠡᠵᠢᠯ ᠂ ᠠᠩᠬᠠᠷᠬᠤ ᠵᠦᠢᠯ ᠵᠢᠴᠢ ᠵᠠᠬᠢᠶᠠᠯᠠᠭ᠎ᠠ᠎ᠶᠢᠨ ᠬᠠᠭᠤᠳᠠᠰᠤ᠎ᠶᠢᠨ ᠬᠤᠯᠪᠤᠬᠳᠠᠯ ᠪᠦᠬᠦᠢ ᠱᠠᠭᠠᠷᠳᠠᠯᠭ᠎ᠠ᠎ᠶᠢ ᠲᠠᠢᠯᠪᠦᠷᠢᠯᠠᠨ ᠦᠭᠴᠦ ᠂ ᠲᠡᠳᠡ ᠨᠡᠷ᠎ᠤᠨ ᠬᠦᠷᠢᠶ᠎ᠠ ᠬᠠᠰᠢᠶᠠᠨ᠎ᠤ ᠠᠵᠦ ᠠᠬᠤᠢ ᠬᠦᠭᠵᠢᠬᠦᠯᠬᠦ᠎ᠶᠢ ᠵᠤᠷᠢᠬᠵᠢᠭᠤᠯᠪᠠ ᠃ ᠴᠧᠨ ᠭᠤᠸ᠎ᠠ᠎ᠶᠢᠨ ᠲᠠᠭᠠᠭᠤᠯᠭ᠎ᠠ ᠲᠤᠤᠷ᠎ᠠ ᠪᠦᠬᠦ ᠲᠠᠯᠠᠪᠠᠢ᠎ᠶᠢᠨ 20 ᠭᠠᠷᠤᠢ ᠡᠮᠡᠭᠳᠡᠢᠴᠤᠳ ᠵᠠᠬᠢᠶᠠᠯᠠᠭ᠎ᠠ᠎ᠶᠢᠨ ᠭᠠᠯᠠᠭᠤ ᠲᠡᠵᠢᠬᠡᠵᠤ ᠪᠠᠶᠠᠵᠢᠯ᠎ᠤᠨ ᠬᠠᠷᠭᠤᠢ᠎ᠪᠠᠷ ᠵᠠᠮᠨᠠᠵᠤ ᠡᠬᠢᠯᠡᠵᠡᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面