ᠲᠡᠷᠢᠭᠦᠨ ᠨᠢᠭᠤᠷ>ᠬᠦᠮᠦᠨ ᠨᠡᠢᠭᠡᠮ>ᠬᠦᠮᠦᠨ ᠵᠣᠨ

2020-10-12 14:52:00

ᠵᠣᠬᠢᠶᠠᠭ᠍ᠴᠢ᠄ ᠡᠷᠳᠡᠨᠢᠵᠢᠷᠭᠠᠯ ᠥᠣᠰᠢᠨ ᠬᠣᠰᠢᠭᠣᠨ᠎ᠤ ᠬᠠᠮ ᠵᠠᠭᠣᠴᠢᠯᠠᠭᠣᠷ᠎ᠤᠨ ᠰᠣᠷᠪᠣᠯᠵᠢᠯᠠᠬᠴᠢ ᠪᠠᠶᠠᠨᠳᠠᠯᠠᠢ ᠨᠤᠮᠢᠨ ᠣᠩᠱᠢᠭ᠍ᠰᠠᠨ ᠣᠳᠠᠭ᠎ᠠ᠄ 3

ᠤᠯᠠᠮᠵᠢᠯᠠᠯᠳᠤ ᠤᠷᠠᠨ ᠬᠠᠤᠡᠬᠤᠮᠠᠯ ᠂ ᠢᠰᠡᠭᠡᠢ ᠤᠷᠠᠯᠠᠯ ᠂ ᠴᠠᠭᠠᠨ ᠢᠳᠡᠭᠡᠨ ᠪᠤᠯᠪᠠᠰᠤᠷᠠᠭᠤᠯᠬᠤ ᠤᠷᠠᠯᠠᠯ ᠵᠡᠷᠭᠡ ᠤᠯᠠᠮᠵᠢᠯᠠᠯᠳᠤ ᠰᠤᠶᠤᠯ᠎ᠢᠶᠡᠨ ᠨᠠᠨᠳᠢᠩᠨᠠᠨ ᠵᠠᠯᠭᠠᠮᠵᠢᠯᠠᠵᠤ ᠂ ᠰᠢᠨ᠎ᠡ ᠴᠠᠭ ᠦᠶ᠎ᠡ᠎ᠶᠢᠨ ᠰᠤᠳᠤᠨ ᠡᠮᠡᠭᠳᠡᠶᠢᠴᠤᠳ᠎ᠤᠨ ᠡᠩᠨᠡᠭᠡ᠎ᠶᠢ ᠬᠦᠮᠤᠵᠢᠭᠦᠯᠤᠨ ᠪᠤᠵᠠᠭᠠᠶᠢᠷᠠᠭᠤᠯᠬᠤ᠎ᠶᠢᠨ ᠲᠤᠰᠠᠳᠠ ᠂ ᠥᠣᠰᠢᠨ ᠬᠣᠰᠢᠭᠣᠨ᠎ᠤ ᠰᠦᠯᠳᠡ ᠰᠤᠮᠤᠨ᠎ᠤ ᠰᠢᠨ᠎ᠡ ᠴᠠᠭ ᠦᠶ᠎ᠡ᠎ᠶᠢᠨ ᠪᠤᠯᠪᠠᠰᠤᠨ᠎ᠢ ᠦᠢᠯᠡᠳᠦᠯᠭᠡᠵᠢᠭᠦᠯᠬᠦ ᠰᠠᠯᠪᠤᠷᠢ ᠪᠤᠯᠤᠨ ᠡᠮᠡᠭᠳᠡᠶᠢᠴᠤᠳ᠎ᠤᠨ ᠬᠤᠯᠪᠤᠭᠠᠳᠤ ᠬᠤᠷᠠᠯ᠎ᠤᠨ᠎ᠬᠢᠨ ︽ ᠲᠤᠯᠠᠭᠠᠨ ᠪᠦᠰᠡᠭᠦᠢ ︾ ᠰᠠᠶᠢᠨ ᠲᠤᠷᠠᠴᠤᠳ᠎ᠤᠨ ᠡᠩᠨᠡᠭᠡ᠎ᠶᠢ ᠵᠤᠬᠢᠶᠠᠨ ᠪᠠᠶᠢᠭᠤᠯᠤᠨ ᠂ ᠰᠢᠨ᠎ᠡ ᠴᠠᠭ ᠦᠶ᠎ᠡ᠎ᠶᠢᠨ ᠪᠤᠯᠪᠠᠰᠤᠨ᠎ᠢ ᠦᠨᠳᠤᠰᠤᠨ ᠱᠠᠳᠤᠨ᠎ᠳ᠋ᠤ ᠰᠤᠷᠳᠠᠯᠴᠢᠯᠠᠨ ᠦᠢᠯᠡᠳᠦᠯᠭᠡᠵᠢᠭᠦᠯᠵᠤ ᠂ ᠶᠡᠷᠤᠩᠬᠡᠶᠢᠯᠡᠭᠰᠡᠨ ᠬᠡᠪ ᠰᠤᠷᠳᠠᠯ ᠂ ᠠᠵᠢᠯ ᠮᠡᠷᠭᠡᠵᠢᠯ᠎ᠤᠨ ᠲᠦᠪᠰᠢᠨ᠎ᠢᠶᠡᠨ ᠴᠢᠷᠮᠠᠶᠢᠨ ᠲᠡᠭᠡᠭᠰᠢᠯᠡᠭᠦᠯᠵᠤ ᠪᠤᠢ ᠃

ᠤᠯᠠᠮᠵᠢᠯᠠᠯᠳᠤ ᠴᠠᠭᠠᠨ ᠢᠳᠡᠭᠡᠨ᠎ᠤ ᠰᠤᠶᠤᠯ᠎ᠢᠶᠡᠨ ᠲᠡᠭᠡᠳᠤᠯᠡᠨ ᠬᠦᠭᠵᠢᠭᠦᠯᠵᠤ ᠂ ᠵᠠᠬ᠎ᠠ ᠲᠡᠯᠭᠡᠭᠦᠷ᠎ᠤᠨ ᠤᠯᠠᠨ ᠶᠠᠩᠵᠤ᠎ᠶᠢᠨ ᠬᠡᠷᠡᠭᠴᠡᠭᠡ ᠱᠠᠭᠠᠷᠳᠠᠯᠭ᠎ᠠ᠎ᠲᠠᠢ ᠤᠶᠠᠯᠳᠤᠭᠤᠯᠤᠨ ᠂ ᠮᠠᠯᠵᠢᠬᠤ ᠤᠷᠤᠯᠭ᠎ᠠ᠎ᠪᠠᠨ ᠨᠡᠮᠡᠭᠳᠡᠬᠦᠯᠬᠦ᠎ᠶᠢᠨ ᠲᠤᠰᠠᠳᠠ ᠂ ᠴᠠᠭᠠᠨ ᠢᠳᠡᠭᠡᠨ᠎ᠤ ᠤᠷᠠᠯᠠᠯ ᠪᠤᠯᠪᠠᠰᠤᠷᠠᠯ᠎ᠤᠨ ᠠᠩᠬᠢ᠎ᠶᠢ ᠵᠤᠬᠢᠶᠠᠨ ᠪᠠᠶᠢᠭᠤᠯᠤᠭᠰᠠᠨ ᠪᠠᠶᠢᠨ᠎ᠠ ᠃ ᠦᠩᠭᠡᠷᠡᠭᠰᠡᠨ᠎ᠳ᠋ᠤ ᠴᠦᠷᠮ᠎ᠡ ᠂ ᠲᠤᠰᠤ ᠂ ᠦᠷᠤᠮ᠎ᠡ ᠂ ᠵᠦᠭᠡᠬᠡᠢ ᠬᠡᠬᠦ ᠮᠡᠳᠤ᠎ᠶᠢᠨ ᠴᠠᠭᠠᠨ ᠢᠳᠡᠭᠡᠨ᠎ᠤ ᠲᠦᠷᠤᠯ ᠵᠦᠢᠯ ᠴᠦᠭᠡᠨ ᠪᠠᠶᠢᠭᠰᠠᠨ ᠂ ᠮᠠᠯᠴᠢᠨ ᠪᠦᠰᠡᠬᠦᠢᠢᠴᠦᠳ ᠪᠤᠯᠪᠠᠰᠤᠷᠠᠯ᠎ᠢᠶᠠᠷ ᠲᠠᠮᠵᠢᠨ ᠰᠦ᠎ᠶᠢᠨ ᠰᠢᠬᠢᠷ ᠂ ᠰᠢᠷ᠎ᠠ ᠤᠰᠤᠨ ᠰᠢᠬᠢᠷ ᠂ ᠦᠷᠤᠮᠡᠨ ᠬᠠᠶᠢᠯᠤᠮᠠᠭ ᠂ ᠰᠦ᠎ᠪᠠᠷ ᠬᠢᠭᠰᠡᠨ ᠦᠨᠳᠡᠭᠡᠳᠤ ᠪᠤᠤᠪᠤ᠋ ᠬᠡᠬᠦ ᠮᠡᠳᠤ᠎ᠶᠢᠨ ᠠᠷᠪᠢᠨ ᠵᠦᠢᠯ᠎ᠤᠨ ᠰᠦ ᠴᠠᠭᠠᠨ ᠢᠳᠡᠭᠡᠨ᠎ᠤ ᠪᠦᠳᠦᠭᠡᠭᠳᠡᠭᠦᠨ᠎ᠢ ᠨᠠᠷᠢᠯᠢᠭ ᠪᠤᠯᠪᠠᠰᠤᠷᠠᠭᠤᠯᠬᠤ ᠤᠷ᠎ᠠ ᠮᠡᠷᠭᠡᠵᠢᠯ᠎ᠢ ᠡᠵᠡᠮᠰᠢᠭᠰᠡᠨ ᠪᠠᠶᠢᠨ᠎ᠠ ᠃

ᠰᠦᠯᠳᠡ ᠰᠤᠮᠤᠨ᠎ᠤ ᠴᠤᠤᠳᠠᠢ ᠭᠠᠴᠠᠭᠠᠨ᠎ᠤ ᠮᠠᠯᠴᠢᠨ ᠪᠦᠰᠡᠭᠦᠢ ᠤᠶᠤᠩᠭᠤᠸ᠎ᠠ ᠪᠤᠯ ᠶᠠᠭᠤ ᠨᠢᠭᠡ᠎ᠶᠢ ᠰᠡᠳᠬᠢᠵᠤ ᠪᠦᠳᠦᠭᠡᠬᠦ᠎ᠪᠠᠷ ᠤᠷᠤᠯᠳᠤᠵᠤ ᠶᠠᠪᠤᠳᠠᠭ ᠤᠷᠠᠨ ᠪᠦᠰᠡᠭᠦᠢ᠎ᠶᠢᠨ ᠨᠢᠭᠡᠨ ᠪᠢᠯᠡ ᠃ ᠤᠷᠴᠢᠮ᠎ᠤᠨ ᠵᠢᠯ᠎ᠡᠴᠠ ᠲᠡᠳᠡᠨ᠎ᠤ᠎ᠬᠢᠨ ᠭᠠᠴᠠᠭᠠᠨ᠎ᠤ ᠮᠠᠯ ᠲᠠᠷᠢᠶᠠᠯᠠᠩ᠎ᠤᠨ ᠲᠤᠰᠬᠠᠢ ᠬᠤᠷᠰᠢᠶ᠎ᠡ᠎ᠳ᠋ᠤ ᠪᠡᠯᠴᠢᠭᠡᠷ ᠨᠤᠳᠤᠭ᠎ᠢᠶᠡᠨ ᠲᠠᠭᠠᠭᠠᠴᠢᠯᠠᠭᠤᠯᠤᠨ ᠡᠵᠡᠡᠭᠨᠡᠭᠦᠯᠦᠭᠰᠡᠨ᠎ᠡᠴᠠ ᠲᠡᠷᠡ ᠨᠦᠬᠦᠷ᠎ᠲᠠᠢ᠎ᠪᠠᠨ ᠬᠤᠶᠠᠭᠤᠯᠠ᠎ᠪᠠᠨ ᠨᠤᠳᠤᠭ᠎ᠢᠶᠡᠨ ᠰᠠᠬᠢᠨ ᠤᠶᠢᠵᠢᠭᠤᠯᠤᠯᠳᠠ ᠨᠤᠭᠤᠭᠠᠷᠠᠭᠤᠯᠤᠯᠳᠠ ᠬᠢᠵᠤ ᠂ ᠵᠠᠪ ᠴᠢᠯᠦᠭᠡ᠎ᠪᠠᠷ᠎ᠢᠶᠡᠨ ᠲᠤᠷ᠎ᠠ ᠪᠠᠭ᠋ᠠᠳᠠᠢ ᠵᠦᠢᠯᠡᠰ᠎ᠢᠶᠡᠨ ᠤᠷᠤᠯᠳᠤᠨ ᠠᠮᠢᠳᠤᠷᠠᠯ᠎ᠢᠶᠡᠨ ᠤᠯᠠᠮ ᠤᠳᠬ᠎ᠠ ᠠᠭᠤᠯᠭ᠎ᠠ᠎ᠲᠠᠢ ᠦᠩᠭᠡᠷᠡᠭᠦᠯᠳᠡᠭ ᠪᠤᠯᠵᠠᠢ ᠃ ᠬᠠᠷᠠᠬᠠᠨ ᠪᠠᠭ᠎ᠠ᠎ᠡᠴᠠ᠎ᠪᠠᠨ ᠭᠠᠷ ᠤᠷᠠᠯᠠᠯ ᠂ ᠬᠠᠳᠬᠤᠮᠠᠯ ᠤᠶᠤᠳᠠᠯ᠎ᠳ᠋ᠤ ᠪᠠᠭ᠋ᠠᠳᠠᠢ ᠤᠶᠤᠩᠭᠤᠸ᠎ᠠ ᠠᠵᠢᠯ᠎ᠤᠨ ᠴᠢᠯᠤᠭᠡᠨ᠎ᠳ᠋ᠡᠭᠡᠨ ᠢᠰᠡᠭᠡᠢ ᠤᠷᠠᠯᠠᠯ ᠬᠢᠬᠦ ᠮᠡᠷᠭᠡᠵᠢᠯ᠎ᠢ ᠰᠤᠷᠤᠯᠴᠠᠨ ᠂ ᠤᠷᠢᠳ ᠬᠤᠵᠢᠳ ᠬᠤᠰᠢᠭᠤ ᠂ ᠬᠤᠳᠠ ᠂ ᠤᠷᠤᠨ᠎ᠤ ᠬᠡᠪᠴᠢᠶᠡᠨ᠎ᠳ᠋ᠠᠬᠢ ᠶᠡᠭᠡ ᠪᠠᠭ᠎ᠠ ᠲᠤᠰᠬᠠᠢ ᠮᠡᠷᠭᠡᠵᠢᠯ᠎ᠤᠨ ᠪᠤᠯᠪᠠᠰᠤᠷᠠᠯ᠎ᠳ᠋ᠤ ᠤᠷᠤᠯᠴᠠᠵᠤ ᠂ ᠴᠢᠯᠤᠭᠡ ᠯᠠ ᠤᠯᠳᠠᠪᠠᠯ ᠬᠢᠵᠤ ᠪᠤᠯᠪᠠᠰᠤᠷᠠᠭᠰᠠᠭᠠᠷ ᠪᠠᠶᠢᠭᠠᠳ ᠤᠷᠠᠯᠠᠯ ᠪᠦᠳᠤᠭᠡᠯ᠎ᠨᠢ ᠤᠯᠠᠮ ᠨᠠᠷᠢᠯᠢᠭ ᠭᠤᠶᠤ ᠪᠤᠯᠤᠭᠰᠠᠨ ᠪᠦᠭᠡᠳ ᠤᠷᠢᠳ ᠬᠤᠵᠢᠳ ᠢᠰᠡᠭᠡᠢ ᠤᠷᠠᠯᠠᠯ᠎ᠤᠨ ᠤᠷᠤᠯᠳᠤᠭᠠᠨ ᠰᠤᠷᠢᠭᠠᠨ᠎ᠳ᠋ᠤ ᠴᠤ ᠰᠤᠳᠤᠨ ᠪᠦᠳᠤᠭᠡᠯ᠎ᠢᠶᠠᠷ᠎ᠢᠶᠡᠨ ᠴᠤᠯᠭᠤᠷᠠᠵᠤ ᠲᠡᠷᠢᠭᠦᠨ᠎ᠳ᠋ᠤ ᠲᠤᠳᠤᠷᠠᠵᠤ ᠶᠠᠪᠤᠭᠰᠠᠨ ᠤᠳᠠᠭ᠎ᠠ᠎ᠲᠠᠢ ᠃ ︽ ᠲᠠᠪᠳᠠᠵᠤ ᠲᠠᠪᠳᠠᠵᠤ ᠲᠠᠷᠬᠠᠨ ᠪᠤᠯᠳᠠᠭ ︾ ᠬᠡᠳᠡᠭᠴᠢᠯᠡᠨ ᠤᠶᠤᠩᠭᠤᠸ᠎ᠠ ᠡᠨᠡ ᠬᠦ ᠮᠡᠷᠭᠡᠵᠢᠯ᠎ᠢᠶᠡᠨ ᠤᠯᠠᠮ ᠲᠡᠭᠡᠭᠰᠢᠯᠡᠬᠦᠯᠵᠤ ᠂ ᠤᠯᠠᠨ ᠲᠦᠮᠡᠨ᠎ᠳ᠋ᠡᠭᠡᠨ ᠤᠯᠠᠮᠵᠢᠯᠠᠨ ᠵᠠᠯᠭᠠᠮᠵᠢᠯᠠᠬᠤ᠎ᠶᠢᠨ ᠲᠦᠯᠦᠭᠡ ᠰᠤᠮᠤᠨ᠎ᠤ ᠡᠮᠡᠭᠳᠡᠶᠢᠴᠤᠳ᠎ᠤᠨ ᠬᠤᠯᠪᠤᠭ᠎ᠡ᠎ᠶᠢᠨ ᠲᠡᠮᠵᠢᠯᠭᠡ ᠲᠤᠤᠷ᠎ᠠ ᠠᠩᠬᠠᠳᠤᠭᠠᠷ ᠤᠳᠠᠭᠠᠨ᠎ᠤ ᠢᠰᠡᠭᠡᠢ ᠤᠷᠠᠯᠠᠯ᠎ᠤᠨ ᠪᠤᠯᠪᠠᠰᠤᠷᠠᠯ᠎ᠤᠨ ᠠᠩᠬᠢ᠎ᠪᠠᠨ ᠠᠮᠵᠢᠯᠳᠠ᠎ᠲᠠᠢ ᠡᠷᠬᠢᠯᠡᠵᠤ ᠂ ᠰᠤᠮᠤᠨ᠎ᠤ ᠡᠯ᠎ᠡ ᠭᠠᠴᠠᠭ᠎ᠠ ᠲᠤᠰᠬᠤᠨ᠎ᠤ ᠤᠷᠠᠯᠠᠯ᠎ᠳ᠋ᠤ ᠲᠤᠷ᠎ᠠ ᠪᠠᠭ᠋ᠠᠳᠠᠢ ᠬᠤᠷᠢᠭᠠᠳ ᠡᠮᠡᠭᠳᠡᠶᠢᠴᠤᠳ ᠲᠠᠪᠤᠨ ᠡᠳᠤᠷ᠎ᠤᠨ ᠪᠤᠯᠪᠠᠰᠤᠷᠠᠯ᠎ᠤᠨ ᠬᠤᠭᠤᠴᠠᠭᠠᠨ᠎ᠳ᠋ᠤ ᠤᠯᠠᠨ ᠠᠷᠪᠢᠨ ᠪᠦᠳᠤᠭᠡᠯ ᠤᠷᠠᠯᠠᠵᠤ ᠭᠠᠨᠵᠤᠭ᠎ᠠ ᠲᠦᠭᠦᠷᠡᠩ ᠪᠤᠴᠠᠵᠠᠭᠠᠭᠰᠠᠨ ᠪᠢᠯᠡ ᠃

ᠤᠷᠠᠨ ᠬᠠᠤᠡᠬᠤᠮᠠᠯ᠎ᠨᠢ ᠮᠦᠨ ᠴᠤ ᠮᠤᠩᠭᠤᠯ ᠬᠤᠪᠴᠠᠰᠤ ᠵᠠᠰᠠᠯ᠎ᠤᠨ ᠰᠤᠶᠤᠯ᠎ᠤᠨ ᠨᠢᠭᠡᠨ ᠭᠠᠶᠢᠬᠠᠮᠰᠢᠭ ᠪᠤᠯᠤᠨ᠎ᠠ ᠃ ᠰᠦᠯᠳᠡ ᠰᠤᠮᠤ᠎ᠨᠢ ᠤᠷᠴᠢᠮ᠎ᠤᠨ ᠵᠢᠯ᠎ᠤᠨ ᠲᠤᠷᠰᠢ ᠡᠨᠡᠬᠦ ᠰᠤᠶᠤᠯ ᠤᠷᠠᠯᠠᠯ᠎ᠢᠶᠡᠨ ᠵᠠᠯᠭᠠᠮᠵᠢᠯᠠᠨ ᠤᠯᠠᠮᠵᠢᠯᠠᠵᠤ ᠂ ︽ ᠤᠷᠠᠨ ᠲᠠᠬᠢᠨᠢ ︾ ᠨᠡᠶᠢᠬᠡᠮᠯᠢᠭ ᠬᠡᠬᠦ ᠮᠡᠳᠤ᠎ᠶᠢᠨ ᠠᠷᠠᠳ᠎ᠤᠨ ᠲᠤᠮᠳᠠᠬᠢ ᠬᠠᠤᠡᠬᠤᠮᠠᠯ ᠤᠷᠠᠯᠠᠯ᠎ᠤᠨ ᠵᠤᠬᠢᠶᠠᠨ ᠪᠠᠶᠢᠭᠤᠯᠤᠯᠳᠠ ᠲᠠᠰᠤᠷᠠᠯᠳᠠ ᠦᠭᠡᠢ ᠪᠠᠶᠢᠭᠤᠯᠤᠭᠳᠠᠵᠤ ᠂ ᠦᠨᠳᠤᠰᠤᠳᠡᠨ᠎ᠤ ᠰᠤᠩᠭᠤᠳᠠᠭ ᠰᠤᠶᠤᠯ᠎ᠢᠶᠡᠨ ᠤᠯᠠᠮᠵᠢᠯᠠᠨ ᠲᠡᠯᠭᠡᠷᠡᠭᠦᠯᠬᠦ ᠪᠤᠯᠤᠭᠰᠠᠨ ᠪᠠᠶᠢᠨ᠎ᠠ ᠃

ᠰᠢᠨ᠎ᠡ ᠴᠠᠭ ᠦᠶ᠎ᠡ᠎ᠶᠢᠨ ᠪᠤᠯᠪᠠᠰᠤᠨ᠎ᠢ ᠦᠢᠯᠡᠳᠦᠯᠭᠡᠵᠢᠭᠦᠯᠬᠦ ᠰᠠᠯᠪᠤᠷᠢ᠎ᠶᠢᠨ ᠲᠠᠶᠢᠴᠢᠯᠠᠯᠳᠠ ᠲᠤᠤᠷ᠎ᠠ ᠰᠦᠯᠳᠡ ᠰᠤᠮᠤᠨ᠎ᠤ ︽ ᠲᠤᠯᠠᠭᠠᠨ ᠪᠦᠰᠡᠭᠦᠢ ︾ ᠰᠠᠶᠢᠨ ᠲᠤᠷᠠᠴᠤᠳ᠎ᠤᠨ ᠵᠤᠬᠢᠶᠠᠨ ᠪᠠᠶᠢᠭᠤᠯᠤᠯᠳᠠ᠎ᠨᠢ ᠡᠮᠡᠭᠳᠡᠶᠢᠴᠤᠳ᠎ᠢᠶᠡᠨ ᠢᠳᠡᠪᠬᠢᠳᠡᠢ ᠵᠤᠬᠢᠶᠠᠨ ᠪᠠᠶᠢᠭᠤᠯᠵᠤ ᠂ ᠠᠭᠤᠯᠭ᠎ᠠ ᠬᠡᠯᠪᠡᠷᠢ ᠪᠠᠶᠠᠯᠢᠭ ᠰᠤᠶᠤᠯ ᠤᠷᠠᠯᠢᠭ᠎ᠤᠨ ᠠᠵᠢᠯᠯᠠᠭᠠᠨ᠎ᠢ ᠦᠷᠨᠢᠭᠦᠯᠤᠨ ᠂ ᠡᠮᠡᠭᠳᠡᠶᠢᠴᠤᠳ᠎ᠤᠨ ᠬᠤᠭᠤᠷᠤᠨᠳᠤᠬᠢ ᠨᠠᠶᠢᠷᠰᠠᠭ ᠬᠠᠷᠢᠯᠴᠠᠭ᠎ᠠ ᠂ ᠰᠢᠨ᠎ᠡ ᠮᠡᠷᠭᠡᠵᠢᠯ᠎ᠢ ᠰᠤᠷᠴᠤ ᠡᠵᠡᠮᠰᠢᠬᠦ ᠂ ᠶᠤᠰᠤ ᠰᠤᠷᠳᠠᠬᠤᠨ ᠂ ᠰᠡᠤᠡᠬᠢᠴᠡ ᠵᠦᠢ᠎ᠶᠢᠨ ᠬᠦᠮᠤᠵᠢᠯ ᠵᠡᠷᠭᠡ ᠲᠠᠯ᠎ᠠ᠎ᠳ᠋ᠠᠬᠢ ᠬᠠᠮᠳᠤ᠎ᠶᠢᠨ ᠦᠵᠡᠯᠳᠡ ᠲᠠᠨᠢᠯᠳᠠ᠎ᠶᠢ ᠲᠡᠭᠡᠭᠰᠢᠯᠡᠭᠦᠯᠵᠤ ᠂ ᠬᠦᠳᠡᠭᠡ ᠲᠤᠰᠬᠤᠨ᠎ᠢ ᠬᠦᠭᠵᠢᠭᠦᠯᠤᠨ ᠮᠠᠨᠳᠤᠭᠤᠯᠬᠤ᠎ᠳ᠋ᠤ ᠭᠦᠴᠤᠨ ᠨᠡᠮᠡᠷᠢᠯᠡᠵᠥ ᠪᠠᠶᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面