2021-03-15 16:57:37
ᠤᠶᠤᠩᠭᠤᠸ᠎ᠠ ᠪᠤᠯ ᠰᠢᠯᠤᠭᠤᠨ ᠬᠥᠪᠡᠭᠡᠲᠥ ᠴᠠᠭᠠᠨ ᠬᠤᠰᠢᠭᠤᠨ᠎ᠤ ᠪᠤᠯᠠᠭᠠᠨᠲᠤᠬᠤᠢ ᠰᠤᠮᠤ᠎ᠶᠢᠨ ᠲᠤᠯᠢᠨᠪᠤᠯᠠᠭ ᠭᠠᠴᠠᠭᠠᠨ᠎ᠤ ᠮᠠᠯᠴᠢᠨ ᠃ 2006 ᠤᠨ᠎ᠳ᠋ᠤ ᠬᠤᠲᠠ ᠤᠷᠤᠵᠥ ᠤᠨᠳᠤᠤ ᠠᠵᠤ ᠥᠢᠯᠡᠰ ᠡᠷᠬᠢᠯᠡᠵᠥ ᠥᠵᠡᠶᠠ ᠬᠡᠰᠡᠨ ᠪᠤᠲᠤᠯ᠎ᠢᠶᠠᠷ ᠨᠦᠬᠦᠷ ᠬᠦᠤ᠎ᠲᠠᠢ᠎ᠪᠠᠨ ᠭᠤᠷᠪᠠᠭᠤᠯᠠ ᠰᠢᠯᠢᠩᠬᠤᠳᠠ᠎ᠳ᠋ᠤ ᠢᠷᠡᠵᠡᠢ ᠃ ᠤᠶᠤᠩᠭᠤᠸ᠎ᠠ ᠨᠦᠬᠦᠷ ᠰᠤᠶᠤᠯᠲᠤᠲᠠᠢᠪᠠᠨ ᠬᠤᠶᠠᠭᠤᠯᠠ ᠵᠠᠬ᠎ᠠ ᠲᠡᠯᠭᠡᠭᠥᠷᠤᠨ ᠬᠥᠭᠵᠢᠯᠲᠡ᠎ᠶᠢᠨ ᠬᠠᠨᠲᠤᠰᠢ ᠂ ᠬᠤᠲᠠ᠎ᠶᠢᠨ ᠰᠠᠭᠤᠭᠠᠯᠢ ᠠᠷᠠᠳ᠎ᠤᠨ ᠢᠲᠡᠭᠡᠨ ᠤᠮᠲᠠᠭᠠᠨᠤ ᠬᠡᠷᠡᠭᠴᠡᠭᠡ ᠱᠠᠭᠠᠷᠲᠠᠯᠭ᠎ᠠ ᠵᠢᠴᠢ ᠥᠪᠡᠷ᠎ᠤᠨ ᠮᠡᠷᠭᠡᠵᠢᠯ ᠴᠢᠲᠠᠪᠤᠷᠢ ᠵᠡᠷᠭᠡ ᠤᠯᠠᠨ ᠲᠠᠯ᠎ᠠ᠎ᠡᠴᠠ ᠠᠵᠢᠬᠯᠠᠵᠤ ᠪᠤᠲᠤᠯᠬᠢᠯᠠᠭᠰᠠᠨᠤ ᠳ᠋ᠥᠡᠭ᠎ᠳ᠋ᠤ ᠮᠤᠩᠭᠤᠯ ᠪᠥᠰᠡᠬᠥᠢᠢᠴᠤᠤᠯᠳ᠋ᠤ ᠪᠡᠯᠡᠨ ᠪᠠᠢᠲᠠᠭ ᠴᠠᠭᠠᠨ ᠢᠲᠡᠭᠡᠨ ᠬᠢᠬᠥ ᠮᠡᠷᠭᠡᠵᠢᠯ᠎ᠢᠶᠠᠷ ᠥᠪᠡᠷᠰᠡᠳ᠎ᠤᠨ ᠤᠷᠤᠨ ᠵᠠᠢ᠎ᠪᠠᠨ ᠤᠯᠬᠤ᠎ᠪᠠᠷ ᠰᠢᠢᠳᠪᠠ ᠃

ᠤᠶᠤᠩᠭᠤᠸ᠎ᠠ ᠪᠠᠭ᠎ᠠ᠎ᠡᠴᠠ᠎ᠪᠠᠨ ᠬᠥᠲᠡᠭᠡ ᠥᠰᠥᠭᠰᠡᠨ ᠪᠤᠯᠬᠤᠷ ᠬᠤᠷᠤᠳ ᠂ ᠵᠥᠭᠡᠭᠡᠢ ᠂ ᠰᠢᠷ᠎ᠠ ᠲᠤᠰᠤ ᠂ ᠴᠤᠷ᠎ᠠ ᠂ ᠴᠥᠴᠥᠭᠡᠢ ᠮᠡᠲᠥ᠎ᠶᠢᠨ ᠬᠥᠮᠥᠰ᠎ᠤᠨ ᠡᠲᠥᠷ ᠲᠤᠲᠤᠮ ᠡᠳ᠋ᠯᠡᠲᠡᠭ ᠴᠠᠭᠠᠨ ᠢᠲᠡᠭᠡᠨ ᠬᠢᠬᠥ ᠮᠡᠷᠭᠡᠵᠢᠯ᠎ᠢ ᠡᠵᠢᠡᠴᠠᠪᠠᠨ ᠥᠪᠯᠡᠵᠥ ᠂ ᠰᠠᠢᠬᠠᠨ ᠴᠥ ᠬᠢᠵᠥ ᠴᠢᠲᠠᠲᠠᠭ ᠃ ᠡᠬᠢᠨ᠎ᠤ ᠬᠤᠭᠤᠴᠠᠭᠠᠨ᠎ᠳ᠋ᠤ ᠲᠡᠳᠡᠨ᠎ᠤ᠎ᠬᠢᠨ ᠡᠲᠥᠷ᠎ᠲᠤ 1000 ᠭᠠᠷᠤᠢ ᠵᠢᠡᠭ ᠰᠥ᠋ ᠪᠤᠯᠪᠠᠰᠤᠷᠠᠭᠤᠯᠵᠥ ᠂ ᠵᠠᠷᠢᠮ ᠡᠲᠥᠷ᠎ᠲᠤ 2000 ᠭᠠᠷᠤᠢ ᠵᠢᠡᠭ ᠰᠥ᠋ ᠪᠤᠯᠪᠠᠰᠤᠷᠠᠭᠤᠯᠵᠥ ᠂ ᠶᠤᠰᠤᠲᠠᠢ ᠥᠷᠯᠥᠭᠡ᠎ᠶᠢᠨ ᠨᠠᠷᠠ᠎ᠶᠢ ᠰᠥ᠋ᠪᠠᠷ ᠤᠭᠲᠤᠵᠥ ᠂ ᠰᠥ᠋ ᠬᠤᠷᠢᠶᠠᠨ ᠠᠪᠬᠤ ᠂ ᠶᠡᠬᠥᠯᠡᠬᠥ ᠂ ᠱᠥᠬᠥᠵᠥ ᠠᠷᠢᠭᠤᠳᠬᠠᠬᠤ ᠂ ᠡᠬᠡᠲᠡᠬᠥᠯᠬᠥ ᠂ ᠬᠤᠷᠤᠳ ᠨᠤᠬᠤᠬᠤ ᠵᠡᠷᠭᠡ ᠠᠵᠢᠯ᠎ᠢᠶᠡᠨ ᠡᠬᠢᠯᠡᠬᠥᠯᠵᠥ ᠂ ᠶᠠᠭᠠᠷᠠᠯᠳᠠᠢ ᠮᠥᠷᠲᠡᠭᠡᠨ ᠪᠠᠶᠠᠷᠲᠠᠢ ᠠᠵᠢᠯᠯᠠᠵᠥ ᠪᠠᠢᠯ᠎ᠠ ᠃
ᠴᠠᠭᠠᠨ ᠢᠲᠡᠭᠡᠨ᠎ᠤ ᠴᠢᠨᠠᠷ ᠂ ᠴᠡᠪᠡᠷ᠎ᠢ ᠪᠠᠲᠤᠯᠠᠵᠥ ᠂ ᠥᠨᠡᠨᠴᠢ ᠢᠲᠡᠭᠡᠯ᠎ᠲᠠᠢ ᠡᠵᠡᠩᠨᠡᠯᠳᠡ᠎ᠶᠢ ᠡᠷᠬᠢᠮᠯᠡᠵᠥ ᠢᠷᠡᠭᠰᠡᠨ ᠪᠤᠯᠬᠤᠷ ᠤᠶᠤᠩᠭᠤᠸᠠᠶᠢᠨᠬᠢᠨᠳ᠋ᠤ ᠡᠷᠬᠢᠵᠦ ᠢᠷᠡᠬᠦ ᠭᠡᠢᠴᠢᠨ ᠤᠯᠠᠰᠢᠷᠠᠬᠰᠡᠨᠢᠶᠠᠷ ᠪᠠᠷᠠᠬᠤ ᠦᠭᠡᠢ ᠲᠡᠳᠡᠨ᠎ᠤ ᠲᠠᠨᠢᠯᠴᠠᠭᠤᠯᠭ᠎ᠠ᠎ᠪᠠᠷ ᠳᠠᠮᠵᠢᠨ ᠢᠷᠡᠭᠰᠡᠨ ᠭᠠᠲᠠᠨ᠎ᠠ ᠭᠠᠵᠠᠷ᠎ᠤᠨ ᠬᠡᠷᠡᠭᠯᠡᠭᠴᠢ ᠴᠥ ᠠᠭᠠᠵᠢᠮ᠎ᠢᠶᠠᠷ ᠤᠯᠠᠰᠢᠷᠠᠵᠥ ᠂ ᠪᠥᠭᠡᠮ᠎ᠢᠶᠠᠷ ᠬᠤᠳᠠᠯᠳᠤᠨ ᠠᠪᠲᠠᠭ᠎ᠨᠢ ᠵᠦᠩᠳᠡᠭᠡᠨ ᠪᠤᠯᠵᠠᠢ ᠃ ᠪᠤᠷᠤᠯᠠᠭᠤᠯᠭ᠎ᠠ ᠨᠡᠮᠡᠭᠲᠡᠬᠥᠶᠢ ᠲᠠᠭᠠᠯᠲᠤᠨ ᠤᠶᠤᠩᠭᠤᠸᠠᠶᠢᠨᠬᠢᠨ ᠴᠠᠭᠠᠨ ᠢᠲᠡᠭᠡᠨ᠎ᠤ ᠠᠮᠲᠠ ᠴᠢᠨᠠᠷ ᠪᠤᠯᠤᠨ ᠲᠥᠷᠥᠯ ᠵᠥᠢᠯ᠎ᠢᠶᠡᠨ ᠤᠯᠠᠮ ᠠᠩᠬᠠᠷᠬᠤ ᠪᠤᠯᠵᠦ ᠂ ᠪᠦᠲᠦᠭᠡᠭᠳᠡᠭᠦᠨ᠎ᠤ᠎ᠪᠠᠨ ᠴᠢᠨᠠᠷ ᠴᠢᠨᠰᠠᠭ᠎ᠠ ᠂ ᠠᠷᠢᠭᠤᠨ ᠴᠡᠪᠡᠷ᠎ᠢ ᠢᠮᠠᠬᠲᠠ ᠪᠠᠲᠤᠯᠠᠬᠰᠠᠭᠠᠷ ᠢᠷᠡᠵᠡᠢ ᠃
︽ ᠤᠳᠤ ᠮᠠᠨᠠᠢᠬᠢᠨ ᠰᠢᠯᠢᠩᠬᠤᠳᠠ᠎ᠡᠴᠠ ᠭᠠᠳᠠᠨ᠎ᠡ ᠬᠦᠬᠡᠬᠤᠲᠠ ᠂ ᠬᠢᠩᠭᠠᠨ ᠠᠢᠮᠠᠭ ᠂ ᠬᠦᠯᠦᠨ ᠪᠤᠢᠷ ᠬᠤᠲᠠ ᠵᠡᠷᠭᠡ ᠭᠠᠵᠠᠷ᠎ᠤᠨ ᠬᠡᠷᠡᠭᠯᠡᠭᠴᠢᠳ᠎ᠤᠨ ᠵᠠᠬᠢᠶᠠᠯᠠᠭ᠎ᠠ᠎ᠶᠢ ᠲᠤᠰᠴᠦ ᠪᠤᠢ ᠃ ᠰᠠᠭᠠᠯᠢ᠎ᠶᠢᠨ ᠥᠨᠢᠶ᠎ᠠ ᠮᠠᠯᠵᠢᠬᠤ ᠡᠷᠥᠭᠡ ᠴᠦᠭᠡᠷᠡᠭᠰᠡᠨ ᠂ ᠴᠠᠭᠠᠨ ᠢᠲᠡᠭᠡᠨ ᠪᠤᠯᠪᠠᠰᠤᠷᠠᠭᠤᠯᠬᠤ ᠡᠷᠥᠭᠡ ᠨᠡᠮᠡᠭᠲᠡᠭᠰᠡᠨ ᠵᠢᠴᠢ ᠰᠦ᠎ᠶᠢᠨ ᠥᠨ᠎ᠠ ᠥᠰᠥᠭᠰᠡᠨ᠎ᠢᠶᠠᠷ ᠤᠲᠤ ᠡᠲᠥᠷ᠎ᠲᠤ 600 700 ᠵᠢᠡᠭ ᠰᠥ᠋ ᠪᠤᠯᠪᠠᠰᠤᠷᠠᠭᠤᠯᠵᠥ ᠂ ᠵᠢᠯ᠎ᠤᠨ ᠠᠷᠪᠠ ᠭᠠᠷᠤᠢ ᠲᠥᠮᠡᠨ ᠲᠥᠭᠥᠷᠢᠭ᠎ᠤᠨ ᠴᠡᠪᠡᠷ ᠤᠷᠤᠯᠭ᠎ᠠ ᠤᠯᠲᠠᠭ ︾ ᠭᠡᠵᠦ ᠤᠶᠤᠩᠭᠤᠸ᠎ᠠ ᠤᠳᠤᠬᠢ ᠪᠠᠢᠳᠠᠯ᠎ᠢᠶᠡᠨ ᠲᠠᠨᠢᠯᠴᠠᠭᠤᠯᠤᠨ᠎ᠡ ᠃
ᠠᠩᠬ᠎ᠠ ᠢᠷᠡᠬᠥ᠎ᠳ᠋ᠤ ᠰᠤᠷᠭᠠᠭᠤᠯᠢ᠎ᠳ᠋ᠤ ᠰᠠᠭᠤᠭ᠎ᠠ ᠬᠥᠥ᠎ᠪᠠᠨ ᠬᠠᠷᠠᠵᠥ ᠲᠤᠲᠤᠮᠲᠠᠬᠤᠳ᠋ᠤ ᠲᠥᠭᠥᠮᠢ ᠪᠤᠲᠤᠵᠥ ᠂ ᠰᠤᠷᠭᠠᠭᠤᠯᠢ᠎ᠶᠢᠨ ᠬᠠᠪᠢ᠎ᠳ᠋ᠤ ᠭᠡᠷ ᠲᠥᠷᠢᠶᠡᠰᠥᠯᠡᠨ ᠰᠠᠭᠤᠵᠥ ᠪᠠᠢᠭᠰᠠᠨ᠎ᠢᠶᠡᠨ ᠤᠲᠤ ᠥᠪᠡᠷᠰᠡᠳ᠎ᠢᠶᠡᠨ ᠠᠰᠠᠷ ᠰᠠᠭᠤᠴᠠ᠎ᠲᠠᠢ ᠪᠤᠯᠤᠭᠰᠠᠨ᠎ᠢᠶᠠᠷ ᠪᠠᠷᠠᠬᠤ ᠥᠭᠡᠢ ᠬᠦᠤᠳ᠋ᠡᠭᠡᠨ ᠴᠦ ᠤᠷᠤᠨ ᠰᠠᠭᠤᠴᠠ᠎ᠶᠢᠨ ᠠᠰᠠᠷ ᠠᠪᠤᠪᠠ ᠃ ᠡᠪ ᠨᠠᠢᠷᠲᠠᠢ ᠵᠤᠯ ᠵᠢᠷᠭᠠᠯᠲᠤ ᠠᠮᠢᠲᠤᠷᠠᠯ ᠢᠩᠭᠢᠵᠦ ᠲᠡᠳᠡᠨ᠎ᠤ ᠥᠪᠡᠷ᠎ᠤᠨ ᠬᠢᠨᠢ ᠠᠵᠢᠯᠴᠢ ᠬᠦᠳᠡᠯᠮᠦᠷᠢᠴᠢ ᠬᠤᠶᠠᠷ ᠭᠠᠷ᠎ᠢᠶᠠᠷ᠎ᠨᠢ ᠴᠤᠬᠴᠠᠯᠠᠬᠳᠠᠨᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃